ᠮᠠᠨ ᠤ ᠮᠤᠩᠭᠤᠯ ᠦᠨᠳᠦᠰᠦᠲᠡᠨ ᠤ ᠵᠠᠷᠢᠮ ᠡᠷᠳᠡᠮᠲᠡᠨ ᠪᠠ ᠲᠠᠷᠤᠭ᠎ᠠ ᠨᠠᠷ ᠶᠠᠭᠠᠬᠢᠭᠠᠳ ᠦᠪᠡᠷ ᠤᠨ ᠡᠯᠦᠨᠴᠡ | ᠬᠤᠯᠤᠨᠴᠠ ᠶᠢᠨ ᠦᠶ᠎ᠡ ᠠᠴᠠ ᠪᠠᠨ ᠤᠯᠠᠮᠵᠢᠯᠠᠵᠤ ᠢᠷᠡᠭᠰᠡᠨ ᠦᠪ ᠰᠤᠶᠤᠯ ᠳᠠᠭᠠᠨ ᠡᠯᠢᠭᠡᠰᠡᠭ ᠲᠤᠲᠤᠨᠤ ᠦᠭᠡᠢ | ᠪᠤᠢ︖ | ᠶᠠᠮᠠᠷ ᠴᠤ ᠦᠨᠳᠦᠰᠦᠲᠡᠨ ᠴᠤ ᠪᠤᠯᠤᠭ᠂ ᠲᠡᠷᠡ ᠦᠨᠳᠦᠰᠦᠲᠡᠨ ᠤ ᠦᠪᠡᠷ ᠤᠨ ᠬᠢᠨᠢ ᠰᠤᠶᠤᠯ ᠨᠢ ᠲᠡᠷᠠ | ᠦᠨᠳᠦᠰᠦᠲᠡᠨ ᠢᠶᠠᠨ ᠮᠠᠡᠳᠤᠨ ᠬᠦᠭᠵᠢᠭᠦᠯᠬᠦ ᠳᠤ ᠴᠢᠬᠤᠯᠠ ᠰᠢᠢᠳᠪᠦᠷᠢᠯᠡᠭᠴᠢ ᠦᠢᠯᠡᠳᠦᠯ ᠢ ᠦᠵᠡᠭᠦᠯᠳᠡᠭ ᠶᠤᠮ ᠡ︕ | ᠬᠡᠷᠪᠡ ᠦᠨᠳᠦᠰᠦᠲᠡᠨ ᠢᠶᠠᠨ ᠪᠤᠰᠤᠳ ᠲᠠᠪᠰᠢᠭᠰᠠᠨ ᠦᠨᠳᠦᠰᠦᠲᠡᠨ ᠲᠠᠢ ᠮᠦᠷᠦ ᠵᠡᠷᠭᠡᠴᠡᠭᠦᠯᠦᠨ ᠶᠠᠪᠤᠭᠤᠯᠤᠶ᠎ᠠ | ᠭᠡᠪᠡᠯ ᠡᠩ ᠲᠡᠷᠢᠭᠦᠨ ᠳᠤ ᠦᠪᠡᠷ ᠤᠨ ᠦᠨᠳᠦᠰᠦᠲᠡᠨ ᠤ ᠪᠠᠨ ᠦᠪ ᠰᠤᠶᠤᠯ ᠪᠤᠯᠬᠤ ᠮᠤᠩᠭᠤᠯ ᠬᠡᠯᠡ ᠪᠠᠨ ᠬᠡᠷᠡᠭᠯᠡᠬᠦ | ᠬᠡᠷᠡᠭᠲᠡᠢ᠃ | ᠤᠳᠤ ᠮᠠᠨ ᠤ ᠦᠪᠤᠷ ᠮᠤᠩᠭᠤᠯ ᠤᠷᠤᠨ ᠳᠤ ᠤᠷᠤᠨ ᠤ ᠲᠡᠰ ᠤᠨ ᠲᠠᠷᠤᠭ᠎ᠠ᠂ ᠬᠤᠲᠠ ᠶᠢᠨ ᠲᠡᠰ ᠤᠨ | ᠲᠠᠷᠤᠭ᠎ᠠ᠂ ᠡᠷᠳᠡᠮᠲᠡᠨ᠂ ᠫᠷᠤᠹᠧᠰᠰᠤᠷ ᠳ᠋ᠤᠺᠲ᠋ᠤᠷ ᠤᠳ ᠭᠠᠷᠴᠤ ᠯᠠ ᠪᠠᠶᠢᠨ᠎ᠠ᠃ ᠡᠳᠦᠷ ᠢᠷᠡᠬᠦᠶ᠎ᠠ ᠨᠡᠮᠡᠭᠲᠡᠵᠤ ᠯᠠ | ᠪᠠᠶᠢᠨ᠎ᠠ᠃ ᠵᠢᠱᠢᠶᠡᠯᠡᠪᠡᠯ᠂ ᠤᠷᠤᠨ ᠤ ᠲᠡᠰ ᠤᠨ ᠲᠡᠳ᠋ ᠲᠡᠷᠢᠭᠦᠯᠡᠭᠴᠢ᠂ ᠬᠤᠲᠠ ᠶᠢᠨ ᠲᠠᠷᠤᠭ᠎ᠠ᠂ ᠠᠶᠢᠮᠠᠭ ᠤᠨ | ᠲᠠᠷᠤᠭ᠎ᠠ᠂ ᠬᠤᠰᠢᠭᠤᠨ ᠲᠠᠷᠤᠭ᠎ᠠ᠂ ᠪᠢᠴᠢᠭ ᠤᠨ ᠡᠷᠲᠡᠮᠲᠡᠨ᠂ ᠬᠡᠯᠡᠨ ᠤ ᠡᠷᠲᠡᠮᠲᠡᠨ᠂ ᠰᠤᠶᠤᠯ ᠤᠨ ᠡᠷᠲᠡᠮᠲᠡᠨ᠂ | ᠲᠠᠤᠭᠡ ᠶᠢᠨ ᠡᠷᠲᠡᠮᠲᠡᠨ ᠵᠡᠷᠭᠡ ᠤᠷᠤᠨ ᠪᠠᠶᠢᠷᠢ ᠲᠠᠢ ᠡᠷᠲᠡᠮᠲᠡᠨ ᠲᠠᠷᠤᠭ᠎ᠠ ᠨᠠᠷ ᠴᠤᠯᠭᠤᠷᠠᠨ ᠭᠠᠷᠴᠤ ᠪᠠᠶᠢᠨ᠎ᠠ᠃ | ᠡᠨᠡ ᠨᠢ ᠦᠨᠡᠨ ᠳᠡᠭᠡᠨ ᠶᠡᠭᠡ ᠪᠠᠶᠠᠷᠯᠠᠭᠤᠰᠢᠲᠠᠢ ᠶᠠᠪᠤᠳᠠᠯ ᠪᠤᠯᠬᠤ ᠪᠦᠭᠡᠳ ᠦᠨᠳᠦᠰᠦᠲᠡᠨ ᠤ ᠮᠢᠨᠢ ᠶᠠᠰᠤ ᠴᠢᠮᠦᠭᠡ | ᠪᠤᠯᠵᠤ ᠪᠠᠶᠢᠬᠤ ᠳᠤ ᠪᠢᠳᠡ ᠰᠡᠳᠭᠢᠯ ᠤᠨ ᠤᠭ ᠠᠴᠠ ᠪᠠᠨ ᠬᠦᠨᠳᠦᠳᠭᠡᠨ ᠪᠢᠰᠢᠷᠡᠵᠦ ᠪᠠᠶᠢᠳᠠᠭ᠃ ᠭᠡᠲᠡᠯ᠎ᠡ ᠵᠠᠷᠢᠮ | ᠡᠷᠳᠡᠮᠲᠡᠨ ᠲᠠᠷᠤᠭ᠎ᠠ ᠶᠢᠨ ᠠᠮᠠᠨ ᠠᠴᠠ ᠬᠢᠳᠠᠳ ᠰᠤᠨᠢᠨ ᠦᠵᠡᠪᠡᠯ ᠪᠠᠶᠢᠳᠠᠯ ᠢ ᠤᠶᠢᠯᠠᠭᠠᠴᠢᠬᠠᠨᠠ᠃ ᠲᠧᠯᠸᠢᠰ | ᠱᠠᠭᠠᠶᠢᠪᠠᠯ ᠤᠯᠤᠰ ᠤᠨ ᠪᠠᠶᠢᠳᠠᠯ ᠢ ᠮᠡᠳᠡᠴᠢᠭᠡᠨ᠎ᠡ ᠭᠡᠳᠡᠭ ᠨᠢ ᠶᠠᠭ ᠯᠠ ︽ᠮᠡᠷᠭᠡᠨ ᠮᠡᠷᠭᠡᠨ ᠭᠡᠭᠦᠯᠡᠷ ᠮᠦᠭᠡᠷ ᠤᠨ | ᠨᠦᠭᠡ ᠶᠢ ᠲᠦᠷᠪᠠ ᠴᠤᠭᠤᠯᠬᠤ︾ ᠭᠡᠰᠡᠨ ᠲᠠᠢ ᠠᠳᠠᠯᠢ᠂ ᠮᠡᠷᠭᠡᠨ ᠨᠢ ᠬᠡᠳᠦᠷᠡᠪᠡᠯ ᠲᠡᠨᠡᠭ ᠦᠭᠡ ᠶᠠᠷᠢᠵᠤ ᠮᠡᠳᠡᠨ᠎ᠡ | ᠰᠢᠤ︕ ᠤᠳᠤ ᠶᠢᠨ ︽ᠦᠪᠤᠷ ᠮᠤᠩᠭᠤᠯ ᠤᠨ ᠰᠤᠨᠢᠨ︾ ᠪᠤᠯᠤᠨ ᠠᠶᠢᠮᠠᠭ ᠬᠤᠳᠠ ᠶᠢᠨ ᠰᠤᠨᠢᠨ ᠤᠯᠠᠨ | ᠲᠠᠯ᠎ᠠ ᠶᠢᠨ ᠠᠭᠤᠯᠭ᠎ᠠ ᠶᠢ ᠬᠠᠮᠤᠷᠴᠤ᠂ ᠠᠭᠤᠯᠭ᠎ᠠ ᠨᠢ ᠶᠠᠪᠤᠬᠤ ᠲᠤᠲᠤᠮ ᠰᠢᠨ᠎ᠠ ᠰᠤᠷᠭᠤᠭ ᠪᠤᠯᠵᠤ ᠪᠠᠶᠢᠬᠤ ᠪᠠᠷ | ᠪᠠᠷᠠᠬᠤ ᠦᠭᠡᠢ᠂ ᠴᠢᠨᠠᠷ ᠴᠢᠨᠰᠠᠭ᠎ᠠ ᠶᠢᠨ ᠲᠠᠯ᠎ᠠ ᠪᠠᠷ ᠴᠤ ᠰᠠᠶᠢᠵᠢᠷᠠᠵᠤ᠂ ᠬᠡᠪ ᠨᠢᠭᠤᠷ ᠨᠢ ᠨᠡᠮᠡᠭᠲᠡᠭᠡᠳ ᠶᠤᠰᠤᠲᠠᠢ | ᠮᠠᠨ ᠤ ᠡᠳᠦᠷ ᠲᠤᠲᠤᠮ ᠤᠨ ᠠᠮᠢᠳᠤᠷᠠᠯ ᠳᠤ ᠲᠤᠳᠠᠭᠳᠠᠵᠤ ᠪᠤᠯᠤᠰᠢ ᠦᠭᠡᠢ ᠭᠠᠷ ᠠᠪᠤᠯᠭ᠎ᠠ ᠪᠤᠯᠤᠭᠰᠠᠨ ᠪᠠᠶᠢᠨ᠎ᠠ᠃ | ᠤᠳᠤ ᠮᠠᠨ ᠤ ᠤᠯᠤᠰ ᠲᠤ ᠲᠠᠪᠢᠨ ᠵᠢᠷᠭᠤᠭᠠᠨ ᠴᠦᠭᠡᠨ ᠲᠤᠭᠠᠳᠤ ᠦᠨᠳᠦᠰᠦᠳᠡᠨ ᠵᠤᠯ ᠵᠢᠷᠭᠠᠯ ᠲᠠᠢ | ᠤᠷᠤᠰᠢᠨ ᠲᠤᠭᠲᠠᠨᠢᠵᠤ ᠠᠮᠢᠲᠤᠷᠠᠭᠰᠠᠭᠠᠷ ᠪᠤᠢ᠃ ᠡᠳᠡᠭᠡᠷ ᠲᠠᠪᠢᠨ ᠵᠢᠷᠭᠤᠭᠠᠨ ᠦᠨᠳᠦᠰᠦᠲᠡᠨ ᠢ ᠨᠢᠭᠡ ᠪᠤᠳᠠ | ᠴᠡᠴᠡᠭ ᠬᠤᠸᠠᠷ ᠭᠡᠵᠦ ᠦᠵᠡᠵᠦ ᠪᠤᠯᠬᠤ ᠶᠤᠮ᠃ ᠬᠢᠲᠠᠳ ᠦᠨᠳᠦᠰᠦᠲᠡᠨ ᠢ ᠭᠤᠤᠯ ᠴᠤᠭᠴᠠ ᠪᠠᠷ ᠪᠤᠳᠤᠪᠠᠯ | ᠲᠡᠳᠡᠭᠡᠷ ᠲᠠᠪᠢᠨ ᠵᠢᠷᠭᠤᠭᠠᠨ ᠰᠠᠯᠠᠭ᠎ᠠ ᠨᠠᠮᠠᠭ᠎ᠠ ᠨᠢ ᠲᠡᠯᠭᠡᠷᠡᠵᠦ ᠦᠷ᠎ᠡ ᠵᠢᠮᠢᠰ ᠰᠠᠭᠤᠬᠤ ᠶᠤᠮ᠃ ᠶᠠᠭ ᠡᠭᠦᠨ ᠲᠠᠢ | ᠠᠲᠠᠯᠢ ᠪᠠᠷ ᠪᠢᠲᠡ ᠮᠤᠩᠭᠤᠯ ᠬᠡᠯᠡ ᠪᠢᠴᠢᠭ ᠢᠶᠠᠨ ᠰᠤᠷᠬᠤ ᠦᠭᠡᠢ ᠬᠠᠶᠠᠴᠢᠬᠠᠪᠠᠯ ᠴᠢᠬᠤᠯᠠ ᠨᠢᠭᠡ ᠰᠠᠯᠠᠭ᠎ᠠ | ᠨᠠᠮᠠᠭ᠎ᠠ ᠨᠢ ᠬᠤᠪᠠᠭ᠋ᠠᠶᠢᠷᠠᠵᠤ ᠦᠵᠢᠷᠡᠭᠰᠡᠨ ᠲᠠᠢ ᠠᠳᠠᠯᠢ ᠪᠤᠯᠬᠤ ᠦᠭᠡᠢ ᠤᠤ︖ ᠮᠤᠩᠭᠤᠯ ᠬᠡᠯᠡ ᠪᠤᠯ ᠮᠠᠨ ᠤ | ᠦᠨᠳᠦᠰᠦᠲᠡᠨ ᠤ ᠰᠠᠨᠠᠯ ᠢᠶᠠᠨ ᠰᠤᠯᠢᠯᠴᠠᠬᠤ ᠬᠠᠷᠢᠯᠴᠠᠬᠤ ᠪᠠᠭᠠᠵᠢ ᠮᠦᠨ᠃ ᠡᠪᠡᠰᠦ ᠬᠠᠳᠤᠬᠤ ᠰᠠᠨᠳᠤᠤ ᠪᠤᠯ | ᠦᠢᠯᠡᠳᠪᠦᠷᠢᠯᠡᠯ ᠤᠨ ᠪᠠᠭᠠᠵᠢ ᠮᠦᠨ᠃ ᠰᠠᠨᠳᠤᠤ ᠶᠢ ᠪᠢᠯᠡᠭᠦᠳᠡᠬᠦ ᠲᠤᠳᠤᠮ ᠬᠤᠷᠴᠠ ᠢᠷ ᠭᠠᠷᠤᠨ᠎ᠠ᠃ ᠪᠢᠯᠡᠭᠦᠳᠡᠬᠦ | ᠦᠭᠡᠢ ᠬᠠᠶᠠᠴᠢᠬᠠᠪᠠᠯ ᠡᠳᠦᠷ ᠤᠳᠠᠭᠠᠨ ᠳᠤ ᠵᠢᠪᠡᠷᠡᠵᠤ ᠢᠷ ᠦᠭᠡᠢ ᠪᠤᠯᠤᠨ᠎ᠠ᠃ ᠦᠭᠡ ᠬᠡᠯᠡ ᠴᠤ ᠠᠳᠠᠯᠢ᠂ ᠦᠭᠡ | ᠬᠡᠯᠡ ᠪᠠᠨ ᠬᠡᠷᠡᠭᠯᠡᠬᠦ ᠲᠤᠳᠤᠮ ᠲᠡᠳᠦᠢ ᠪᠠᠶᠠᠨ ᠴᠢᠨᠡᠭᠡᠯᠢᠭ ᠦᠭᠡᠰ ᠤᠨ ᠰᠠᠩ ᠲᠠᠢ ᠪᠤᠯᠤᠨ᠎ᠠ᠃ | ᠢᠨᠵᠠᠨᠨᠠᠰᠢ᠄ ︽ᠦᠪᠡᠷ ᠤᠨ ᠦᠭᠡ ᠬᠡᠯᠡ ᠦᠰᠦᠭ ᠪᠢᠴᠢᠭ ᠴᠢᠨᠢ ᠤᠰᠠᠳᠪᠠᠯ ᠨᠢᠭᠡ ᠦᠨᠳᠦᠰᠦᠲᠡᠨ | ᠮᠦᠭᠦᠭᠰᠡᠨ ᠲᠠᠢ ᠠᠳᠠᠯᠢ ᠰᠢᠤ︕︾ ᠭᠡᠵᠤ ᠰᠤᠷᠭᠠᠮᠵᠢᠯᠠᠵᠤ ᠦᠡᠭᠭᠡᠷᠡᠭᠰᠡᠨ ᠪᠠᠶᠢᠨ᠎ᠠ᠃ | ᠮᠢᠨᠦ ᠦᠵᠡᠬᠦ ᠪᠠᠷ ᠦᠨᠳᠦᠷ ᠳᠤᠮᠳᠠᠳᠤ ᠶᠢᠨ ᠬᠡᠯᠡ ᠪᠢᠴᠢᠭ ᠤᠨ ᠭᠢᠴᠢᠶᠠᠯ ᠳᠤ ᠮᠠᠨᠵᠤ ᠦᠨᠳᠦᠰᠦᠲᠡᠨ | ᠦᠪᠡᠷ ᠤᠨ ᠬᠡᠯᠡ ᠪᠢᠴᠢᠭ ᠢᠶᠠᠨ ᠬᠠᠶᠠᠭᠰᠠᠨ ᠢᠶᠠᠷ ᠬᠡᠳᠦ᠋ᠢᠪᠡᠷ ᠳᠤᠮᠳᠠᠳᠤ ᠤᠯᠤᠰ ᠢ ᠭᠤᠷᠪᠠᠨ ᠵᠠᠭᠤᠨ ᠵᠢᠯ | ᠨᠤᠶᠠᠷᠬᠠᠭᠰᠠᠨ ᠲᠡᠤᠬᠡ ᠲᠠᠢ ᠪᠤᠯᠪᠠᠴᠤ᠂ ᠤᠳᠤ ᠦᠪᠡᠷ ᠤᠨ ᠦᠭᠡ ᠬᠡᠯᠡ ᠦᠰᠦᠭ ᠪᠢᠴᠢᠭ ᠭᠡᠬᠦ ᠶᠠᠭᠤᠮ᠎ᠠ ᠦᠭᠡᠢ | ᠪᠤᠯᠵᠠᠢ᠃ | ᠡᠶᠢᠮᠦ ᠠᠴᠠ ᠪᠢᠳᠡ ᠨᠢᠭᠡ ᠦᠨᠳᠤᠰᠦᠳᠡᠨ ᠤ ᠪᠠᠨ ᠰᠤᠶᠤᠯ ᠪᠤᠯᠪᠠᠰᠤᠨ ᠢᠶᠠᠨ ᠬᠦᠭᠵᠢᠭᠦᠯᠦᠶ᠎ᠡ ᠭᠡᠪᠡᠯ | ᠡᠷᠬᠡᠪᠰᠢ ᠡᠷᠳᠡᠮᠳᠡᠨ ᠲᠠᠷᠤᠭ᠎ᠠ ᠨᠠᠷ ᠦᠪᠡᠷ ᠤᠨ ᠪᠡᠶ᠎ᠡ ᠪᠠᠷ ᠢᠶᠠᠷ ᠬᠡᠪ ᠲᠦᠷᠢᠮ ᠪᠤᠯᠵᠤ ᠴᠢᠷᠮᠠᠶᠢᠬᠤ ᠠᠴᠠ ᠭᠠᠳᠠᠨ᠎ᠠ᠂ | ᠦᠷ᠎ᠡ ᠬᠡᠤᠬᠡᠳ ᠦᠷᠦᠭᠡᠯ ᠪᠤᠰᠤᠳ ᠢ ᠴᠤ ᠲᠠᠶᠢᠴᠢᠯᠠᠨ ︽ᠲᠤᠤᠭᠠᠷᠪᠠᠯ ᠲᠠᠭᠤ ᠨᠢᠭᠡᠲᠡᠢ᠂ ᠲᠤᠭᠲᠤᠷᠪᠠᠯ ᠬᠦᠴᠤ | ᠨᠢᠭᠡᠲᠡᠢ︾ ᠪᠠᠷ ᠬᠠᠮᠲᠤᠪᠡᠷ ᠢᠶᠠᠨ ᠴᠢᠷᠮᠠᠶᠢᠬᠤ ᠴᠢᠬᠤᠯᠠ ᠲᠠᠢ᠃ ᠭᠡᠲᠡᠯ᠎ᠡ ᠭᠠᠭᠴᠠ ᠨᠢᠭᠡ ᠯᠠ ᠡᠳᠦᠷ ᠤᠨ | ᠰᠤᠨᠢᠨ ᠢᠶᠠᠨ ᠵᠠᠬᠢᠶᠠᠯᠠᠬᠤ ᠲᠤᠷ᠎ᠠ ᠦᠭᠡᠢ ᠠᠯᠪᠠᠨ ᠪᠠᠶᠢᠭᠤᠯᠤᠯᠭ᠎ᠠ᠂ ᠰᠤᠷᠭᠠᠭᠤᠯᠢ ᠨᠢᠭᠡᠴᠠ ᠤᠷᠤᠰᠢᠵᠤ ᠪᠠᠶᠢᠬᠤ ᠶᠢ | ᠶᠠᠭᠤ ᠬᠡᠯᠠᠲᠠᠢ ᠪᠢᠯᠠ᠃ ᠰᠤᠨᠢᠨ ᠵᠠᠬᠢᠶᠠᠯᠠᠬᠤ ᠠᠰᠠᠭᠤᠳᠠᠯ ᠪᠤᠯ ᠨᠢᠭᠡ ᠠᠯᠪᠠᠨ ᠪᠠᠶᠢᠭᠤᠯᠤᠯᠭ᠎ᠠ ᠳᠤ ᠠᠪᠴᠤ ᠦᠵᠡᠪᠡᠯ | ᠲᠠᠷᠤᠭ᠎ᠠ ᠶᠢᠨ ᠠᠰᠠᠭᠤᠳᠠᠯ ᠪᠤᠯᠬᠤ ᠠᠴᠠ ᠪᠢᠰᠢ᠂ ᠰᠤᠨᠢᠨ ᠤᠡᠭᠰᠢᠬᠤ ᠤᠩᠰᠢᠬᠴᠢᠳ ᠤᠨ ᠠᠰᠠᠭᠤᠳᠠᠯ ᠪᠢᠰᠢ᠂ ᠡᠨᠡ | ᠠᠰᠠᠭᠤᠳᠠᠯ ᠢ ᠪᠢᠳᠡᠨ ᠦᠪᠡᠷ ᠢᠶᠠᠨ ᠰᠢᠢᠳᠪᠦᠷᠢᠯᠡᠬᠦ ᠠᠴᠠ ᠪᠢᠰᠢ ᠦᠭᠡᠷ᠎ᠡ ᠬᠦᠮᠦᠨ ᠮᠠᠨ ᠳᠤ ᠰᠢᠢᠳᠪᠦᠷᠢᠯᠡᠵᠤ ᠦᠭᠬᠦ | ᠦᠭᠡᠢ ᠶᠤᠮ᠃ᠮᠢᠨᠤ ᠤᠶᠢᠯᠠᠭᠠᠭᠰᠠᠨ ᠢᠶᠠᠷ᠂ ᠨᠤᠮ ᠤᠨ ᠰᠠᠩ ᠳᠤ ᠤᠴᠢᠵᠤ ᠰᠤᠨᠢᠨ ᠰᠡᠳᠭᠦᠯ ᠤᠡᠭᠰᠢᠵᠤ ᠪᠠᠶᠢᠭ᠎ᠠ | ᠤᠡᠭᠰᠢᠬᠴᠢᠳ ᠤᠨ ᠬᠠᠷᠢᠴᠠᠯ ᠢᠶᠠᠷ ᠦᠵᠡᠭᠰᠡᠨ ᠴᠤ ᠬᠢᠳᠠᠳ ᠤᠡᠭᠰᠢᠬᠴᠢᠳ ᠦᠷᠤᠭᠡ ᠲᠦᠭᠦᠷᠡᠩ ᠰᠠᠭᠤᠵᠤ | ᠪᠠᠶᠢᠬᠤ ᠳᠤ ᠮᠠᠨ ᠤ ᠮᠤᠩᠭᠤᠯ ᠤᠡᠭᠰᠢᠬᠴᠢᠳ ᠬᠠᠶᠠ ᠨᠢᠭᠡ ᠭᠡᠳᠤᠭᠦᠯᠡ ᠰᠠᠭᠤᠵᠤ ᠪᠠᠶᠢᠨ᠎ᠠ᠃ ᠡᠭᠦᠨ ᠠᠴᠠ | ᠦᠵᠡᠪᠡᠯ ᠮᠠᠨ ᠤ ᠮᠤᠩᠭᠤᠯᠴᠤᠳ ᠰᠤᠨᠢᠨ ᠰᠡᠳᠭᠦᠯ ᠤᠡᠭᠰᠢᠬᠤ ᠬᠦᠨᠲᠦ ᠴᠢᠬᠤᠯᠠ ᠠᠴᠢ ᠬᠤᠯᠪᠤᠭᠳᠠᠯ ᠢ ᠡᠳᠦᠢ | ᠪᠤᠯᠳᠠᠯ᠎ᠠ ᠪᠠᠰᠠ ᠤᠶᠢᠯᠠᠭᠠᠳᠤᠢ ᠪᠠᠶᠢᠬᠰᠠᠭᠠᠷ᠃ ᠮᠠᠨ ᠤ ᠦᠨᠳᠦᠰᠦᠲᠡᠨ ᠤ ᠬᠦᠮᠦᠨ ᠪᠦᠷᠢ ᠳᠤ ᠱᠠᠭᠠᠷᠲᠠᠭᠲᠠᠵᠤ | ᠪᠠᠶᠢᠬᠤ ᠵᠦᠢᠯ ᠭᠡᠪᠡᠯ ᠦᠨᠳᠦᠰᠦᠲᠡᠨ ᠤ ᠪᠠᠨ ᠦᠭᠡ ᠬᠡᠯᠡ ᠦᠰᠦᠭ ᠪᠢᠴᠢᠭ ᠢ ᠶᠠᠭᠠᠬᠢᠭᠰᠠᠨ ᠴᠤ ᠬᠠᠶᠠᠬᠤ | ᠦᠭᠡᠢ ᠪᠠᠷ ᠦᠶ᠎ᠡ ᠶᠢᠨ ᠦᠶ᠎ᠡ ᠳᠡᠭᠡᠨ ᠤᠯᠠᠮᠵᠢᠯᠠᠨ᠂ ᠦᠷ᠎ᠡ ᠶᠢᠨ ᠦᠷ᠎ᠡ ᠳᠡᠭᠡᠨ ᠵᠠᠯᠭᠠᠮᠵᠢᠯᠠᠬᠤ ᠶᠠᠪᠤᠳᠠᠯ ᠪᠤᠯᠤᠨ᠎ᠠ᠃ | ᠪᠢᠳᠠ ᠴᠢᠨᠢ ᠮᠤᠩᠭᠤᠯ ᠬᠡᠪᠡᠯᠢ ᠳᠤ ᠪᠤᠶᠢᠵᠢᠵᠤ᠂ ᠮᠤᠩᠭᠤᠯ ᠪᠤᠳᠠᠭ᠎ᠠ ᠢᠳᠡᠵᠤ ᠦᠰᠦᠭᠰᠡᠨ ᠬᠦᠮᠦᠰ᠂ ᠮᠤᠩᠭᠤᠯ | ᠦᠨᠳᠦᠰᠦᠲᠡᠨ ᠭᠡᠳᠡᠭ ᠨᠡᠷ᠎ᠡ ᠪᠠᠨ ᠪᠤᠤ ᠭᠤᠳᠤᠭᠠᠶᠠ᠂ ᠮᠤᠩᠭᠤᠯ ᠨᠡᠷ᠎ᠡ ᠪᠠᠨ ᠡᠷᠭᠦᠵᠤ ᠶᠠᠪᠤᠶ᠎ᠠ᠂ ᠮᠤᠩᠭᠤᠯ | ᠬᠡᠯᠡ ᠪᠠᠨ ᠪᠤᠤ ᠯᠠ ᠲᠠᠶᠠᠭᠲᠠᠶᠠ᠃ ᠮᠤᠩᠭᠤᠯ ᠰᠤᠨᠢᠨ ᠰᠡᠳᠭᠦᠯ᠂ ᠨᠤᠮ ᠪᠢᠴᠢᠭ ᠦᠭᠡᠷ᠎ᠠ ᠪᠠᠷ ᠬᠡᠯᠡᠪᠡᠯ | ᠦᠨᠳᠦᠰᠦᠳᠠᠨ ᠤ ᠮᠠᠨᠳᠤᠵᠤ ᠮᠦᠭᠦᠭᠦ ᠠᠰᠠᠭᠤᠳᠠᠯ ᠪᠤᠯ ᠰᠤᠶᠤᠯ ᠤᠨ ᠠᠵᠢᠯᠲᠠᠨ ᠤ ᠬᠡᠳᠦᠨ ᠬᠦᠮᠤᠨ ᠬᠢᠭᠡᠳ ᠯᠠ | ᠪᠤᠯᠬᠤ ᠪᠢᠰᠢ᠃ ᠬᠠᠷᠢᠨ ᠪᠦᠬᠦ ᠮᠤᠩᠭᠤᠯ ᠲᠤᠭᠠᠲᠠᠨ ᠤ ᠵᠠᠪᠠᠯ ᠬᠢᠬᠦ ᠠᠷᠢᠭᠤᠨ ᠡᠭᠦᠷᠭᠡ ᠲᠠᠷᠬᠠᠨ ᠬᠠᠷᠢᠭᠤᠴᠠᠯᠭ᠎ᠠ | ᠪᠤᠯᠬᠤ ᠭᠦᠨ ᠭᠦᠡᠵᠡᠭᠡᠢ ᠠᠴᠢ ᠬᠤᠯᠪᠤᠭᠳᠠᠯ ᠢ ᠤᠶᠢᠯᠠᠭᠠᠬᠤ ᠬᠡᠷᠡᠭᠲᠡᠢ᠃ ᠪᠢᠳᠡ ᠮᠤᠩᠭᠤᠯ ᠰᠤᠨᠢᠨ ᠰᠡᠳᠭᠦᠯ ᠢᠶᠠᠨ | ᠤᠡᠭᠰᠢᠵᠠᠭᠠᠶᠠ᠂ ᠮᠤᠩᠭᠤᠯ ᠠᠷᠠᠳ ᠤᠨ ᠲᠠᠭᠤᠤ ᠪᠠᠨ ᠲᠠᠭᠤᠯᠠᠵᠠᠭᠠᠶᠠ᠂ ᠮᠤᠩᠭᠤᠯ ᠪᠦᠵᠢᠭ ᠢᠶᠠᠨ ᠪᠦᠵᠢᠭᠯᠡᠵᠡᠭᠡᠶᠠ᠂ | ᠮᠤᠩᠭᠤᠯ ᠷᠠᠳᠢᠣ᠋ ᠪᠠᠨ ᠰᠤᠨᠤᠰᠤᠵᠠᠭᠠᠶᠠ᠃ ᠪᠢᠳᠡ ᠦᠷ᠎ᠡ ᠬᠡᠤᠬᠡᠳ ᠲᠡᠭᠡᠨ ᠡᠪᠦᠭᠡ ᠲᠡᠭᠡᠳᠦᠰ ᠠᠴᠠ ᠤᠯᠠᠮᠵᠢᠯᠠᠵᠤ | ᠦᠭᠭᠦᠭᠰᠡᠨ ᠦᠪ ᠬᠦᠷᠦᠩᠭᠡ ᠪᠤᠯᠬᠤ ᠮᠤᠩᠭᠤᠯ ᠰᠤᠶᠤᠯ ᠢᠶᠠᠨ ᠦᠨᠢ ᠡᠭᠦᠷᠢᠳᠠ ᠤᠯᠠᠮᠵᠢᠯᠠᠵᠤ ᠶᠠᠪᠤᠶ᠎ᠠ᠃ | | |