ᠤᠶᠤᠲᠡᠳ ᠤᠨ ᠬᠡᠷᠡᠭᠯᠡᠭᠡ ᠶᠠᠮᠡᠷ ᠪᠠᠶᠢᠭ᠎ᠠ ᠪᠤᠯ︖
ᠨᠡᠶᠢᠲᠡᠯᠡᠭᠰᠡᠨ ᠴᠠᠭ᠄
2018-11-07
     ᠲᠡᠭᠡᠲᠦ ᠵᠡᠷᠬᠡ ᠶᠢᠨ ᠰᠤᠷᠭᠠᠨ ᠬᠦᠮᠦᠵᠢᠯ ᠤᠨ ᠲᠦᠬᠡᠮᠡᠯᠵᠢᠬᠦᠯᠤᠯᠲᠡ ᠶᠢ ᠲᠠᠭᠠᠯᠲᠦᠨ᠂ ᠲᠡᠬᠡᠲᠦ ᠵᠡᠷᠬᠡ ᠶᠢᠨ ᠰᠤᠷᠭᠠᠨ ᠬᠦᠮᠦᠵᠢᠯ ᠤᠨ ᠵᠠᠬ᠎ᠠ ᠲᠡᠯᠬᠡᠬᠦᠷᠴᠢᠯᠡᠯᠲᠡ ᠶᠢᠨ ᠠᠵᠢᠯᠯᠠᠭ᠎ᠠ ᠡᠲᠦᠷ ᠢᠷᠡᠬᠦᠶ᠎ᠠ ᠢᠯᠡᠷᠬᠡᠢ ᠪᠤᠯᠵᠤ ᠪᠠᠶᠢᠭ᠎ᠠ ᠶᠤᠮ᠃ ᠤᠷᠴᠢᠮ ᠤᠨ ᠵᠢᠯ ᠳᠤ ᠶᠡᠭᠡ ᠲᠡᠬᠡᠲᠦ ᠰᠤᠷᠭᠠᠭᠤᠯᠢ ᠨᠤᠬᠤᠳ ᠰᠤᠷᠤᠬᠴᠢ ᠡᠯᠰᠡᠬᠦ ᠲᠤᠭ᠎ᠠ ᠪᠠᠨ ᠨᠡᠮᠡᠭᠲᠡᠬᠦᠯᠦᠭᠰᠡᠨ ᠨᠢ ᠰᠤᠷᠭᠠᠨ ᠬᠦᠮᠦᠵᠢᠯ ᠤᠨ ᠵᠠᠬ᠎ᠠ ᠲᠡᠯᠬᠡᠬᠦᠷ ᠢ ᠶᠡᠬᠡᠪᠡᠷ ᠨᠡᠬᠡᠬᠡᠵᠤ᠂ ᠤᠶᠤᠲᠡᠳ ᠤᠨ ᠬᠡᠷᠡᠭᠯᠡᠭᠡ ᠨᠢ ᠨᠢᠬᠡ ᠵᠦᠢᠯ ᠤᠨ ᠤᠮᠲᠤᠭᠠᠢᠢᠯᠡᠵᠤ ᠪᠤᠯᠤᠰᠢ ᠦᠬᠡᠢ ᠬᠦᠴᠤᠨ ᠵᠦᠢᠯ ᠪᠤᠯᠤᠬᠰᠠᠨ ᠪᠠᠶᠢᠨ᠎ᠠ᠃     ᠰᠦᠯᠵᠢᠶᠡᠨ ᠲᠡᠭᠡᠷᠡᠬᠢ ᠪᠠᠶᠢᠴᠠᠭᠠᠯᠲᠠ ᠠᠴᠠ ᠦᠢᠯᠠᠭᠠᠬᠰᠠᠨ ᠢᠶᠠᠷ᠂ ᠶᠡᠭᠡ ᠰᠤᠷᠭᠠᠭᠤᠯᠢ ᠶᠢᠨ ᠤᠶᠤᠲᠡᠳ ᠤᠨ ᠬᠡᠷᠡᠭᠯᠡᠭᠡ ᠬᠢᠵᠤ ᠪᠠᠶᠢᠭ᠎ᠠ ᠪᠠᠶᠢᠲᠠᠯ ᠲᠤᠤᠷᠡᠬᠢ ᠬᠡᠲᠦᠨ ᠲᠠᠯ᠎ᠠ ᠶᠢᠨ ᠤᠨᠴᠠᠯᠢᠬ ᠲᠠᠢ᠃ ᠨᠢᠬᠡ ᠳᠤ᠂ ᠬᠡᠷᠡᠭᠯᠡᠬᠡᠨ ᠤ ᠦᠢᠯᠠᠭᠠᠬᠲᠠᠬᠤᠨ ᠪᠤᠲᠤᠯᠢᠶᠡᠨᠲᠡᠢ᠂ ᠰᠠᠶᠢᠨ ᠲᠤᠷ᠎ᠠ ᠶᠢᠨ ᠭᠡᠷᠡᠭᠯᠡᠭᠡ ᠶᠡᠭᠡ ᠤᠷᠤᠨ ᠵᠡᠢ ᠡᠵᠡᠯᠡᠵᠤ ᠪᠠᠶᠢᠨ᠎ᠠ᠃ ᠶᠡᠭᠡ ᠰᠤᠷᠭᠠᠭᠤᠯᠢ ᠶᠢᠨ ᠰᠤᠷᠤᠬᠴᠢᠳ ᠠᠵᠤ ᠠᠬᠤᠢ ᠶᠢᠨ ᠤᠷᠤᠯᠭ᠎ᠠ ᠦᠬᠡᠢ᠂ ᠠᠵᠤ ᠠᠬᠤᠢ ᠶᠢᠨ ᠲᠠᠯ᠎ᠠ ᠪᠠᠷ ᠪᠠᠶ᠎ᠠ ᠪᠠᠨ ᠲᠠᠭᠠᠭᠠᠬᠤ ᠴᠢᠲᠠᠪᠤᠷᠢ ᠪᠠᠷ ᠠᠨᠠᠢ ᠪᠠᠶᠢᠲᠠᠬ ᠪᠤᠯᠬᠤᠷ ᠶᠠᠭᠤ ᠲᠤᠭᠤᠬᠰᠠᠨ ᠪᠤᠯ ᠶᠠᠭᠤ ᠪᠠᠨ ᠠᠪᠴᠤ ᠪᠠᠶ᠎ᠠ ᠪᠠᠨ ᠡᠵᠡᠮᠲᠡᠬᠦ ᠲᠡᠯ᠎ᠡ ᠪᠠᠷ ᠪᠠᠭᠤᠷᠠᠢ ᠪᠠᠶᠢᠲᠠᠬ︔ ᠬᠤᠶᠡᠷ ᠲᠤ᠂ ᠲᠦᠷᠦᠯ ᠲᠠᠮᠲᠡᠭ ᠢ ᠬᠦᠬᠡᠬᠡᠴᠡᠯᠲᠦᠬᠦ ᠰᠤᠷᠤᠬᠴᠢᠳ ᠤᠯᠡᠰᠢᠷᠡᠵᠤ ᠪᠤᠢ᠃ ᠲᠦᠷᠦᠯ ᠲᠡᠮᠲᠡᠭ ᠢ ᠨᠢᠬᠡᠲᠦᠬᠡᠷ ᠤᠲᠠᠭ᠎ᠠ ᠲᠤᠷᠰᠢᠨ ᠬᠡᠷᠡᠭᠯᠡᠭᠰᠡᠨ ᠦᠢᠯᠡᠲᠤᠯ ᠮᠡᠲᠡᠭᠲᠡᠮ᠎ᠠ ᠪᠠᠶᠢᠬᠰᠠᠨ᠂ ᠡᠰᠡᠬᠦᠯ᠎ᠠ ᠰᠠᠶᠢᠨ ᠲᠦᠷᠦᠭᠲᠡᠯ ᠤᠯᠭᠤᠬᠰᠠᠨ ᠪᠤᠯ ᠬᠤᠶᠢᠰᠢᠲᠡ ᠡᠨᠡᠬᠦ ᠲᠦᠷᠦᠯ ᠲᠡᠮᠲᠡᠭ ᠤᠨ ᠪᠦᠲᠦᠭᠡᠭᠲᠠᠬᠦᠨ ᠢᠶᠠᠨ ᠬᠡᠷᠡᠭᠯᠡᠨ ᠨᠠᠶᠢᠲᠠᠮᠠᠭᠠᠢ ᠪᠤᠯᠲᠠᠬ︔ ᠭᠤᠷᠪᠡ ᠳᠤ᠂ ᠬᠡᠷᠡᠭᠯᠡᠭᠡ ᠨᠢ ᠤᠯᠡᠨ ᠶᠡᠩᠵᠤᠯᠡᠬᠰᠡᠨ ᠬᠠᠨᠲᠦᠰᠢ ᠲᠠᠢ᠃ ᠨᠡᠶᠢᠬᠡᠮ ᠬᠦᠭᠵᠢᠬᠦ ᠶᠢ ᠲᠠᠭᠠᠯᠲᠤᠨ ᠬᠦᠮᠤᠰ ᠤᠨ ᠪᠤᠲᠠᠰ ᠰᠤᠶᠤᠯ ᠤᠨ ᠬᠡᠷᠡᠭᠯᠡᠬᠡᠨ ᠳᠠᠬᠢ ᠱᠠᠭᠠᠷᠲᠠᠯᠭ᠎ᠠ ᠤᠯᠡᠮ ᠨᠡᠮᠡᠭᠲᠡᠵᠤ ᠪᠠᠶᠢᠭ᠎ᠠ ᠪᠢᠯᠡ᠃ ᠤᠶᠤᠲᠡᠳ ᠬᠢᠴᠢᠶᠡᠯ ᠤᠨ ᠬᠡᠷ᠂ ᠨᠤᠮ ᠤᠨ ᠰᠠᠩ᠂ ᠪᠠᠶᠢᠷᠢ᠂ ᠲᠡᠮᠢᠷ ᠤᠨ ᠲᠡᠯᠡᠪᠤᠷ ᠠᠴᠠ ᠭᠠᠲᠠᠨ᠎ᠠ ᠪᠠᠰᠠ ᠪᠠᠶ᠎ᠠ ᠪᠤᠯᠪᠠᠰᠤᠷᠡᠬᠤ ᠭᠠᠵᠡᠷ᠂ ᠨᠡᠶᠢᠬᠡᠮᠯᠢᠭ᠂ ᠡᠯ᠎ᠠ ᠵᠦᠢᠯ ᠤᠨ ᠲᠤᠷ᠎ᠠ ᠰᠤᠨᠢᠷᠬᠠᠯᠲᠦ ᠠᠩᠬᠢ ᠪᠠᠷ ᠬᠦᠷᠴᠤ ᠰᠤᠷᠤᠯᠭ᠎ᠠ ᠠᠮᠢᠲᠦᠷᠡᠯ ᠢᠶᠠᠨ ᠪᠠᠶᠡᠯᠢᠬᠵᠢᠭᠤᠯᠲᠠᠬ᠃ ᠡᠬᠦᠨ ᠢ ᠲᠠᠭᠠᠯᠲᠤᠨ ᠪᠠᠰᠠ ᠲᠠᠮᠢᠷ ᠤᠨ ᠬᠤᠪᠴᠠᠰᠤ᠂ ᠱᠠᠬᠠᠢ᠂ ᠭᠠᠷ ᠤᠲᠠᠰᠤ᠂ ᠺᠤᠮᠫᠢᠦ᠋ᠲ᠋ᠧᠷ ᠵᠢᠴᠢ ᠰᠢᠨ᠎ᠠ ᠬᠡᠯᠪᠡᠷᠢ ᠶᠢᠨ IT ᠪᠦᠲᠦᠬᠡᠭᠲᠡᠬᠦᠨ ᠪᠦᠷ ᠤᠶᠤᠲᠡᠳ ᠤᠨ ᠬᠡᠷᠡᠭᠯᠡᠬᠡᠨ ᠤ ᠬᠠᠯᠠᠮᠰᠢᠯ ᠪᠤᠯᠵᠤ ᠪᠤᠢ᠃         ᠶᠡᠭᠡ ᠰᠤᠷᠭᠠᠭᠤᠯᠢ ᠳᠤ ᠰᠤᠷᠤᠯᠴᠠᠵᠤ ᠪᠠᠶᠢᠭ᠎ᠠ ᠮᠤᠩᠭᠤᠯ ᠤᠶᠤᠲᠡᠳ ᠤᠨ ᠲᠤᠮᠲᠡ ᠲᠠᠲᠠᠨᠤᠰ ᠤᠨ ᠰᠡᠷ᠎ᠠ ᠪᠦᠷᠢ ᠶᠢᠨ ᠠᠮᠢᠲᠦᠷᠡᠯ ᠤᠨ ᠰᠦᠢᠳᠬᠡᠯ ᠤᠨ ᠲᠤᠬᠠᠢ ᠲᠦᠬᠦᠮ ᠪᠠᠶᠢᠴᠠᠭᠠᠯᠲᠠ ᠬᠢᠭᠰᠡᠨ ᠢ ᠦᠨᠲᠦᠰᠦᠯᠡᠪᠡᠯ᠂ ᠰᠡᠷ᠎ᠠ ᠪᠦᠷᠢ ᠬᠠᠮᠤᠬ ᠤᠨ ᠪᠠᠭ᠎ᠠ ᠳᠠᠭᠠᠨ 1000 ᠲᠦᠬᠦᠷᠢᠭ᠂ ᠲᠠᠷᠡᠭᠠᠯᠡᠪᠡᠯ 1500 ― 2000 ᠲᠦᠬᠦᠷᠢᠭ᠂ ᠬᠠᠮᠤᠬ ᠤᠨ ᠦᠨᠲᠦᠷ ᠲᠡᠭᠡᠨ 3000 ᠲᠦᠬᠦᠷᠢᠭ ᠵᠠᠷᠤᠵᠤ ᠪᠠᠶᠢᠭ᠎ᠠ ᠪᠠᠶᠢᠲᠠᠯ ᠴᠤ ᠤᠷᠤᠰᠢᠵᠤ ᠪᠤᠢ᠃ ᠡᠬᠦᠨ ᠳᠤ ᠰᠤᠷᠤᠯᠭ᠎ᠠ ᠶᠢᠨ ᠰᠦᠢᠳᠬᠡᠯ᠂ ᠪᠠᠶᠢᠷᠢ ᠶᠢᠨ ᠰᠦᠢᠳᠬᠡᠯ᠂ ᠺᠤᠮᠫᠢᠦ᠋ᠲ᠋ᠧᠷ ᠭᠠᠷ ᠤᠲᠠᠰᠤ ᠬᠤᠲᠡᠯᠲᠤᠨ ᠠᠪᠬᠤ᠂ ᠡᠯ᠎ᠡ ᠵᠦᠢᠯ ᠤᠨ ᠲᠡᠪᠲᠠᠯᠭ᠎ᠠ ᠶᠢᠨ ᠠᠩᠬᠢ ᠳᠤ ᠤᠷᠤᠯᠴᠠᠬᠤ ᠰᠦᠢᠳᠬᠡᠯ ᠪᠠᠭᠲᠠᠬᠤ ᠦᠬᠡᠢ᠃ ᠵᠤᠭᠤᠰᠤᠨ ᠤ ᠢᠷᠡᠯᠲᠡ ᠬᠡᠪᠡᠯ᠂ ᠤᠯᠡᠩᠬᠢ ᠨᠢ ᠠᠪᠤ ᠡᠵᠢ ᠠᠴᠠ ᠪᠠᠨ ᠠᠪᠴᠤ᠂ ᠬᠡᠰᠡᠭ ᠪᠦᠯᠦᠭ ᠰᠤᠷᠤᠬᠴᠢᠳ ᠨᠢ ᠵᠢᠷᠬᠢᠶ᠎ᠠ ᠲᠡᠭᠡᠷ᠎ᠠ ᠪᠠᠷᠠᠭ᠎ᠠ ᠲᠠᠧᠡᠷ ᠬᠤᠲᠡᠯᠲᠤᠨ ᠠᠮᠢᠲᠦᠷᠡᠯ ᠳᠠᠭᠠᠨ ᠨᠦᠬᠦᠪᠤᠷᠢ ᠪᠤᠯᠭᠠᠵᠤ᠂ ᠪᠠᠰᠠ ᠵᠡᠷᠢᠮ ᠨᠢᠬᠡ ᠪᠦᠯᠦᠭ ᠠᠮᠢᠲᠦᠷᠡᠯ ᠬᠦᠴᠢᠷᠲᠡᠯᠲᠡᠢ ᠰᠤᠷᠤᠬᠴᠢᠳ ᠬᠦᠯᠤᠰᠤᠨ ᠠᠵᠢᠯ ᠬᠢᠵᠤ ᠠᠮᠢᠲᠦᠷᠡᠯ ᠤᠨ ᠵᠠᠷᠤᠲᠡᠯ ᠢᠶᠠᠨ ᠠᠷᠭᠠᠴᠠᠵᠤ ᠪᠠᠶᠢᠨ᠎ᠠ᠃      ᠤᠶᠤᠲᠡᠨ ᠶᠢᠨ ᠮᠧᠢ ᠶᠢᠨ ᠠᠷᠦ ᠬᠡᠷ ᠤᠨ ᠠᠮᠢᠲᠦᠷᠡᠯ ᠨᠢ ᠬᠦᠴᠢᠷᠲᠡᠯᠲᠡᠢ ᠪᠠᠶᠢᠳᠠᠬ ᠠᠴᠠ ᠪᠠᠷᠤᠬᠲᠠᠢ ᠳᠤ ᠬᠡᠷ ᠠᠴᠠ ᠪᠠᠨ ᠵᠤᠭᠤᠰ ᠮᠦᠡᠭᠬᠦ ᠬᠡᠵᠤ ᠠᠮᠠ ᠨᠡᠬᠡᠬᠡᠲᠡᠭ ᠦᠬᠡᠢ᠃ ᠬᠠᠷᠢᠨ ᠤᠬᠠᠭᠠᠨ ᠲᠤᠮᠤᠭ᠎ᠠ ᠲᠠᠢ ᠠᠪᠤ ᠡᠵᠢ ᠶᠢᠨ ᠢᠶᠠᠨ ᠲᠠᠷᠤᠭᠠᠰᠤ ᠶᠢ ᠬᠦᠡᠭᠬᠡᠯᠡᠬᠦ ᠬᠡᠵᠤ ᠰᠤᠷᠭᠠᠭᠤᠯᠢ ᠶᠢᠨ ᠢᠶᠠᠨ ᠬᠤᠭᠤᠯᠡᠨ ᠬᠡᠷ ᠲᠤ ᠠᠵᠢᠯᠯᠠᠵᠤ᠂ ᠰᠡᠷ᠎ᠠ ᠳᠤ 600 ᠲᠦᠬᠦᠷᠢᠭ ᠤᠨ ᠬᠦᠯᠤᠰᠤᠨ ᠮᠦᠡᠭᠬᠦ ᠤᠯᠤᠨ ᠪᠠᠶ᠎ᠠ ᠪᠠᠨ ᠲᠠᠭᠠᠭᠠᠵᠤ᠂ ᠠᠮᠢᠲᠦᠷᠡᠯ ᠢᠶᠠᠨ ᠠᠷᠭᠠᠴᠠᠲᠠᠬ᠃ ᠭᠠᠷᠠᠬ ᠤᠨ ᠨᠢᠬᠡᠨ ᠠᠴᠠ ᠲᠠᠪᠤᠨ ᠪᠤᠯᠲᠠᠯ᠎ᠠ ᠡᠲᠦᠷ ᠪᠤᠯᠭᠠᠨ ᠦᠷᠯᠤᠬᠡ ᠳᠡᠭᠡᠨ ᠡᠷᠲᠡᠯᠡᠨ᠂ ᠦᠲᠡ ᠤᠷᠤᠢ ᠳᠠᠭᠠᠨ ᠬᠢᠴᠢᠶᠡᠯ ᠢᠶᠠᠨ ᠪᠠᠭᠤᠮᠡᠬᠴᠡ ᠬᠤᠭᠤᠯᠡᠨ ᠬᠡᠷ ᠲᠤ ᠶᠠᠭᠠᠷᠡᠯᠲᠠᠶᠢᠬᠠᠨ ᠬᠦᠷᠴᠤ᠂ ᠠᠵᠢᠯ ᠤᠨ ᠬᠤᠪᠴᠡᠰᠦ ᠪᠠᠨ ᠡᠮᠤᠰᠴᠤ ᠠᠵᠢᠯ ᠢᠶᠠᠨ ᠡᠬᠢᠯᠡᠬᠦᠯᠲᠡᠭ᠃ ᠲᠡᠬᠦᠨ ᠤ ᠶᠠᠷᠢᠬᠤ ᠪᠠᠷ᠂ ᠰᠤᠷᠭᠠᠭᠤᠯᠢ ᠶᠢᠨ ᠬᠤᠭᠤᠯᠡᠨ ᠬᠡᠷ ᠲᠤ ᠠᠵᠢᠯᠯᠠᠬᠤ ᠨᠢ ᠪᠤᠰᠤᠳ ᠭᠠᠵᠡᠷ ᠲᠤ ᠠᠵᠢᠯᠯᠠᠬᠤ ᠶᠢ ᠪᠤᠲᠤᠪᠡᠯ ᠶᠠᠲᠠᠷᠡᠯ ᠵᠦᠲᠡᠷᠡᠯ ᠬᠠᠷᠢᠴᠡᠩᠭᠤᠢ ᠭᠠᠶᠢᠭᠤᠢ ᠮᠦᠷᠲᠡᠬᠡᠨ ᠪᠠᠶᠢᠷᠢ ᠠᠴᠠ ᠤᠢᠢᠷᠡᠬᠠᠨ ᠤᠴᠢᠷ ᠠᠴᠠ ᠶᠠᠪᠤᠵᠤ ᠰᠠᠭᠤᠬᠤ ᠳᠤ ᠴᠤ ᠲᠦᠬᠦᠮ ᠪᠠᠶᠢᠲᠠᠬ᠃ ᠲᠤᠲᠠᠬᠲᠠᠯ ᠲᠠᠢ ᠲᠠᠯ᠎ᠠ ᠬᠡᠪᠡᠯ᠂ ᠰᠤᠷᠭᠠᠭᠤᠯᠢ ᠶᠢᠨ ᠬᠤᠭᠤᠯᠡᠨ ᠬᠡᠷ ᠤᠨ ᠲᠡᠯᠡᠪᠡᠢ ᠪᠠᠭ᠎ᠠ ᠲᠤᠯᠡ ᠰᠡᠯᠬᠢ ᠨᠡᠪᠲᠡᠷᠡᠬᠦ ᠪᠠᠷ ᠪᠡᠷᠤᠬᠲᠠᠢ ᠪᠠᠶᠢᠲᠠᠬ ᠠᠴᠠ ᠬᠤᠪᠴᠡᠰᠤ ᠬᠤᠨᠡᠷ ᠲᠤ ᠵᠦᠢᠯ ᠪᠦᠷᠢ ᠶᠢᠨ ᠬᠤᠭᠤᠯᠡ ᠪᠤᠲᠠᠭᠠᠨ ᠤ ᠦᠨᠤᠷ ᠰᠢᠩᠬᠡᠵᠤ᠂ ᠪᠠᠶᠢᠷᠢ ᠳᠠᠭᠠᠨ ᠤᠴᠢᠩᠭᠤᠲᠡ ᠯᠡ ᠬᠤᠪᠴᠡᠰᠦ ᠪᠠᠨ ᠤᠬᠢᠶᠡᠬᠤ ᠪᠠᠷ ᠮᠤᠩᠭᠠᠨᠢᠲᠠᠬ ᠨᠢ ᠶᠠᠲᠡᠷᠡᠵᠤ ᠪᠠᠶᠢᠬᠰᠠᠨ ᠦᠶ᠎ᠠ ᠳᠤ ᠬᠡᠴᠡᠬᠦᠦ ᠰᠠᠨᠠᠬᠲᠠᠲᠠᠬ ᠪᠠᠶᠢᠵᠡᠢ᠃ ᠶᠠᠷᠦ ᠶᠢᠨ ᠦᠶ᠎ᠠ ᠳᠤ ᠬᠤᠪᠴᠡᠰᠦ ᠬᠤᠨᠡᠷ᠂ ᠠᠮᠢᠲᠦᠷᠡᠯ ᠬᠡᠷᠡᠭᠯᠡᠬᠡᠨ ᠤ ᠵᠦᠢᠯᠡᠰ ᠢᠶᠠᠨ ᠪᠦᠷ ᠯᠡ ᠰᠦᠯᠵᠢᠶᠡᠨ ᠲᠡᠭᠡᠷ᠎ᠠ ᠬᠦᠲᠡᠯᠬᠡᠬᠡᠨ ᠦᠷᠨᠢᠬᠦᠯᠵᠤ ᠪᠠᠶᠢᠭ᠎ᠠ ᠦᠶᠡᠰ ᠢᠶᠠᠷ ᠬᠤᠲᠡᠯᠲᠤᠨ ᠠᠪᠲᠠᠬ᠃ ᠪᠠᠰᠠ ᠡᠪᠤᠯ ᠤᠨ ᠤᠯᠡᠷᠢᠯ ᠤᠨ ᠬᠤᠪᠴᠡᠰᠦ ᠶᠢ ᠵᠤᠨ ᠠᠪᠬᠤ᠂ ᠵᠤᠨ ᠤ ᠤᠯᠡᠷᠢᠯ ᠤᠨ ᠬᠤᠪᠴᠠᠰᠤ ᠶᠢ ᠡᠪᠤᠯ ᠠᠪᠬᠤ ᠬᠡᠬᠦ ᠮᠡᠲᠤᠴᠢᠯᠡᠨ ᠤᠯᠡᠷᠢᠯ ᠰᠤᠯᠢᠬᠲᠠᠬᠤ ᠪᠠᠷ ᠬᠤᠲᠡᠯᠲᠤᠨ ᠠᠪᠤᠪᠡᠯ ᠦᠨ᠎ᠠ ᠬᠠᠨᠭ᠍ᠰᠢ ᠨᠢ ᠬᠢᠮᠲᠡ ᠪᠠᠶᠢᠲᠠᠬ᠃ ᠢᠡᠭᠬᠢᠬᠦ ᠨᠢ ᠲᠡᠬᠦᠨ ᠳᠤ ᠠᠪᠴᠤ ᠬᠡᠯᠡᠪᠡᠯ ᠵᠤᠭᠤᠰ ᠮᠦᠡᠭᠬᠦ ᠪᠠᠨ ᠠᠷᠪᠢᠯᠡᠵᠤ ᠴᠢᠲᠠᠬᠤ ᠪᠠᠷ ᠪᠠᠷᠡᠬᠤ ᠦᠬᠡᠢ ᠡᠪᠲᠡᠢ ᠰᠠᠶᠢᠬᠠᠨ ᠰᠠᠨᠠᠭᠠᠨ ᠳᠤ ᠨᠠᠶᠢᠴᠡᠭᠰᠡᠨ ᠬᠤᠪᠴᠠᠰᠤ ᠪᠠᠨ ᠴᠤ ᠡᠮᠤᠰᠴᠢᠬᠡᠲᠡᠭ᠃      ᠬᠡᠲᠦ᠋ᠢᠪᠡᠷ ᠶᠢᠨ ᠮᠧᠢ ᠶᠢᠨ ᠠᠷᠦ ᠬᠡᠷ ᠤᠨ ᠠᠮᠢᠲᠦᠷᠡᠯ ᠨᠢ ᠬᠦᠴᠢᠷᠲᠡᠯᠲᠡᠢ ᠪᠤᠯᠪᠠᠴᠤ ᠲᠡᠷᠡ ᠦᠪᠡᠷ ᠤᠨ ᠢᠶᠠᠨ ᠠᠵᠢᠯᠴᠢ ᠬᠤᠶᠡᠷ ᠭᠠᠷ ᠢᠶᠠᠷ ᠢᠶᠠᠨ ᠠᠮᠢ ᠪᠠᠨ ᠲᠡᠵᠢᠬᠡᠵᠤ᠂ ᠤᠯᠤᠬᠰᠠᠨ ᠮᠦᠡᠭᠬᠦ ᠪᠠᠷ ᠢᠶᠠᠨ ᠬᠡᠷᠡᠭᠴᠡᠭᠡ ᠲᠠᠢ ᠵᠦᠢᠯᠡᠰ ᠢᠶᠠᠨ ᠯᠡ ᠬᠤᠲᠡᠯᠲᠤᠨ ᠠᠪᠲᠠᠬ ᠤᠬᠠᠭᠠᠯᠢᠬ ᠬᠡᠤᠬᠡᠨ ᠪᠠᠶᠢᠯ᠎ᠠ᠃      ᠤᠶᠤᠲᠡᠨ ᠦᠨᠲᠦᠰᠤ ᠶᠢᠨ ᠰᠡᠷ᠎ᠡ ᠶᠢᠨ ᠵᠠᠷᠤᠲᠡᠯ ᠶᠢᠨ ᠮᠧᠢ ᠶᠢ ᠪᠤᠲᠤᠪᠡᠯ ᠬᠠᠷᠢᠴᠠᠩᠭᠤᠢ ᠪᠠᠷ ᠲᠤᠬᠲᠠᠪᠤᠷᠢ ᠦᠬᠡᠢ ᠪᠠᠶᠢᠲᠠᠬ᠂ ᠶᠠᠷᠤᠲᠡᠭᠡᠨ ᠰᠡᠷ᠎ᠠ ᠪᠦᠷᠢ 1000 ― 1200 ᠲᠦᠬᠦᠷᠢᠭ ᠢ ᠠᠮᠢᠲᠦᠷᠡᠯ ᠤᠨ ᠵᠡᠷᠤᠲᠡᠯ ᠬᠡᠷᠡᠭᠯᠡᠭᠡ ᠳᠡᠭᠡᠨ ᠵᠠᠷᠤᠴᠠᠭᠤᠯᠲᠠᠬ᠃ ᠵᠡᠷᠢᠮ ᠦᠶ᠎ᠠ ᠳᠡᠭᠡᠨ ᠠᠭᠠᠷ ᠠᠴᠠ ᠰᠡᠬᠦᠲᠡᠷᠯᠡᠬᠦ ᠮᠠᠰᠢᠨ ᠢᠶᠠᠷ ᠢᠶᠠᠨ ᠠᠵᠢᠯ ᠤᠯᠤᠨ ᠬᠢᠵᠤ᠂ ᠠᠮᠢᠲᠦᠷᠡᠯ ᠤᠨ ᠬᠡᠷᠡᠭᠯᠡᠬᠡᠨ ᠤ ᠮᠦᠡᠭᠬᠦ ᠪᠠᠨ ᠤᠯᠴᠢᠬᠠᠲᠠᠬ᠃      2016 ᠤᠨ ᠤ ᠨᠠᠮᠤᠷ ᠦᠨᠲᠦᠰᠦ ᠰᠦᠯᠵᠢᠶᠡᠨ ᠲᠡᠭᠡᠷ᠎ᠡ ᠠᠴᠠ ᠠᠭᠠᠷ ᠠᠴᠠ ᠰᠡᠬᠦᠲᠡᠷᠯᠡᠬᠦ ᠮᠠᠰᠢᠨ ᠤ ᠸᠢᠳᠢᠣ᠋ ᠶᠢ ᠦᠵᠡᠨ᠂ ᠲᠡᠬᠦᠨ ᠤ ᠬᠡᠷᠡᠯ ᠵᠢᠷᠤᠬ ᠢ ᠤᠨᠴᠠᠭᠠᠢ ᠬᠠᠷᠡᠭᠠᠰᠤ ᠠᠴᠠ ᠰᠡᠬᠦᠲᠡᠷᠯᠡᠬᠦ ᠴᠢᠲᠡᠪᠤᠷᠢ ᠶᠢ ᠪᠠᠭ᠋ᠠᠷᠬᠠᠵᠤ᠂ ᠤᠤᠭᠤᠵᠤ ᠢᠲᠡᠬᠦ ᠪᠠᠨ ᠭᠠᠮᠨᠠᠨ ᠰᠦᠯᠵᠢᠶᠡᠨ ᠠᠴᠠ ᠬᠤᠭᠤᠴᠠᠭᠠᠯᠠᠵᠤ ᠮᠦᠡᠭᠬᠦ ᠲᠦᠯᠦᠬᠦ ᠠᠷᠭ᠎ᠠ ᠪᠠᠷ ᠦᠪᠡᠷ ᠤᠨ ᠠᠩᠬᠠᠨ ᠤ ᠠᠭᠠᠷ ᠠᠴᠠ ᠰᠡᠬᠦᠲᠡᠷᠯᠡᠬᠦ ᠮᠠᠰᠢᠨ ᠢᠶᠠᠨ ᠬᠤᠲᠡᠯᠲᠤᠨ ᠠᠪᠤᠬᠰᠠᠨ ᠪᠠᠶᠢᠨ᠎ᠠ᠃ ᠡᠬᠢᠨ ᠳᠡᠭᠡᠨ ᠮᠠᠰᠢᠨ ᠢᠶᠠᠷ ᠰᠡᠬᠦᠲᠡᠷᠯᠡᠬᠦ ᠮᠡᠷᠬᠡᠵᠢᠯ ᠰᠤᠷᠴᠤ ᠪᠠᠶᠢᠬᠤ ᠳᠠᠭᠠᠨ ᠤᠯᠡᠨ ᠠᠷᠪᠢᠨ ᠰᠠᠨᠠᠭᠠᠨ ᠠᠴᠠ ᠭᠠᠲᠠᠭᠤᠷ ᠤᠴᠢᠷ ᠲᠤᠬᠢᠶᠡᠯᠲᠤᠵᠤ᠂ ᠰᠡᠬᠦᠲᠡᠷᠯᠡᠬᠦ ᠮᠠᠰᠢᠨ ᠢᠶᠠᠨ ᠬᠡᠲᠤᠷᠬᠡᠢ ᠦᠨᠲᠦᠷ ᠨᠢᠰᠭᠡᠵᠤ ᠪᠠᠶᠢᠭᠠᠳ ᠶᠡᠭᠡ ᠰᠠᠯᠬᠢᠨ ᠳᠤ ᠭᠤᠶᠡᠲᠠᠭᠤᠯᠤᠨ ᠡᠪᠲᠠᠯᠵᠤ ᠪᠠᠶᠢᠬᠰᠠᠨ᠂ ᠴᠡᠴᠡᠷᠯᠢᠭ ᠲᠤ ᠦᠵᠡᠮᠵᠢ ᠠᠪᠬᠤ ᠪᠠᠷ ᠨᠢᠰᠬᠡᠵᠤ ᠪᠠᠶᠢᠬᠤ ᠳᠠᠭᠠᠨ ᠪᠦᠵᠢᠭ ᠦᠰᠦᠷᠴᠤ ᠪᠠᠶᠢᠭ᠎ᠠ ᠨᠠᠰᠤᠲᠠᠶᠢᠴᠤᠳ ᠲᠤ ᠠᠭᠤᠷᠯᠠᠬᠲᠠᠵᠤ ᠪᠠᠶᠢᠬᠰᠠᠨ ᠬᠡᠬᠦ ᠮᠡᠲᠦ ᠶᠢᠨ ᠤᠯᠡᠨ ᠤᠴᠢᠷ ᠡᠬᠦᠰᠬᠡᠵᠤ ᠦᠡᠭᠬᠡᠷᠡᠵᠡᠢ᠃ ᠨᠢᠰᠬᠡᠵᠤ ᠰᠡᠬᠦᠲᠡᠷᠯᠡᠬᠦ ᠮᠠᠷᠬᠡᠵᠢᠯ ᠢᠶᠠᠨ ᠲᠠᠳᠮᠠᠭᠠᠢ ᠡᠵᠡᠮᠰᠢᠭᠰᠡᠨ ᠤ ᠲᠠᠷᠠᠭ᠎ᠠ ᠲᠡᠷᠡ ᠬᠢᠴᠢᠶᠡᠯ ᠰᠤᠷᠤᠯᠭ᠎ᠠ ᠶᠢᠨ ᠴᠢᠯᠤᠬᠡ ᠪᠠᠷ ᠢᠶᠠᠨ ᠺᠤᠮᠫᠠᠨᠢ ᠳᠤ ᠵᠢᠷᠤᠬ ᠰᠡᠬᠦᠲᠡᠷ ᠲᠠᠲᠠᠬᠤ᠂ ᠲᠡᠬᠦᠰᠬᠦ ᠤᠨ ᠤ ᠤᠶᠤᠲᠡᠳ ᠲᠤ ᠲᠤᠷᠡᠰᠬᠠᠯ ᠤᠨ ᠰᠡᠬᠦᠲᠡᠷ ᠲᠡᠲᠡᠵᠤ ᠦᠭᠬᠦ ᠵᠡᠷᠬᠡ ᠠᠵᠢᠯ ᠢ ᠲᠠᠭᠠᠭᠠᠴᠢᠯᠡᠨ ᠬᠢᠵᠤ᠂ ᠦᠪᠡᠷ ᠢᠶᠠᠨ ᠪᠠᠶ᠎ᠠ ᠪᠠᠨ ᠲᠠᠭᠠᠭᠠᠬᠰᠠᠨ ᠠᠵᠤ ᠠᠬᠤᠢ ᠶᠢᠨ ᠤᠷᠤᠯᠭ᠎ᠠ ᠲᠠᠢ ᠪᠤᠯᠵᠤ ᠰᠡᠷ᠎ᠠ ᠪᠦᠷᠢ ᠶᠢᠨ ᠠᠮᠢᠲᠦᠷᠡᠯ ᠤᠨ ᠬᠡᠷᠡᠭᠯᠡᠭᠡ ᠪᠠᠨ ᠬᠠᠨᠭ᠍ᠭᠠᠵᠤ ᠲᠠᠶᠢᠯᠬᠦ ᠪᠤᠯᠤᠬᠰᠠᠨ ᠪᠢᠯᠡ᠃      ᠡᠬᠦᠨ ᠠᠴᠠ ᠭᠠᠲᠠᠨ᠎ᠠ᠂ ᠵᠡᠷᠢᠮ ᠤᠶᠤᠲᠡᠳ ᠰᠦᠯᠵᠢᠶᠡᠨ ᠲᠡᠭᠡᠷ᠎ᠡ ᠠᠴᠠ ᠵᠢᠬᠡᠯᠡᠯᠬᠡ ᠠᠪᠴᠤ ᠲᠤᠬᠲᠠᠬᠰᠠᠨ ᠴᠠᠬ ᠲᠠᠭᠠᠨ ᠪᠤᠴᠠᠭᠠᠵᠤ ᠲᠠᠶᠢᠯᠬᠦ ᠦᠬᠡᠢ ᠠᠴᠠ ᠪᠤᠯᠵᠤ᠂ ᠰᠤᠷᠤᠯᠭ᠎ᠠ ᠪᠠᠨ ᠨᠦᠯᠤᠬᠡᠯᠡᠨ ᠬᠦᠯᠤᠰᠤᠨ ᠠᠵᠢᠯ ᠬᠢᠵᠤ ᠤᠷᠤᠭᠤᠲᠠᠵᠤ ᠪᠠᠶᠢᠭ᠎ᠠ ᠤᠴᠠᠷᠡᠯ ᠴᠤ ᠪᠤᠢ᠂ ᠪᠠᠰᠠ ᠵᠠᠷᠢᠮᠡᠳ ᠨᠢ ᠠᠮᠢᠲᠦᠷᠡᠯ ᠤᠨ ᠰᠦᠢᠳᠬᠡᠯ ᠢᠶᠠᠨ ᠭᠠᠮᠨᠠᠨ ᠭᠠᠲᠠᠬᠰᠢ ᠭᠠᠷᠴᠤ ᠵᠤᠭᠠᠴᠠᠨ ᠨᠢᠲᠦ ᠨᠡᠬᠡᠬᠡᠵᠤ ᠪᠠᠶᠢᠭ᠎ᠠ ᠨᠢ ᠴᠤ ᠪᠤᠢ᠃      ᠤᠲᠤᠬᠠᠨ ᠳᠤ ᠤᠶᠤᠲᠡᠳ ᠤᠨ ᠬᠡᠷᠡᠭᠯᠡᠭᠡ ᠳᠤ ᠵᠦᠪ ᠪᠤᠷᠤᠭᠤ ᠤᠯᠡᠨ ᠵᠦᠢᠯ ᠤᠨ ᠠᠰᠠᠭᠤᠲᠡᠯ ᠤᠷᠤᠰᠢᠵᠤ ᠪᠤᠢ᠃ ᠡᠬᠦᠨ ᠤ ᠰᠢᠯᠲᠠᠭᠠᠨ ᠬᠡᠪᠡᠯ᠂ ᠨᠢᠬᠡ ᠲᠡᠯ᠎ᠠ ᠪᠠᠷ ᠲᠡᠲᠡ ᠨᠡᠯᠢᠶᠡᠳ ᠶᠡᠭᠡ ᠬᠡᠷᠡᠭᠯᠡᠬᠡᠨ ᠤ ᠱᠠᠭᠠᠷᠲᠠᠯᠭ᠎ᠠ ᠲᠠᠢ᠂ ᠨᠦᠬᠦᠬᠡ ᠲᠠᠯ᠎ᠠ ᠪᠠᠷ ᠤᠶᠤᠲᠡᠳ ᠠᠵᠤ ᠠᠬᠤᠢ ᠶᠢᠨ ᠲᠠᠯ᠎ᠠ ᠪᠠᠷ ᠪᠠᠶ᠎ᠠ ᠪᠠᠨ ᠲᠠᠭᠠᠭᠠᠵᠤ ᠴᠢᠲᠠᠭ᠎ᠠ ᠦᠬᠡᠢ ᠪᠤᠯᠬᠤᠷ ᠤᠷᠢᠳᠴᠢᠯᠡᠬᠰᠠᠨ ᠬᠡᠷᠡᠭᠯᠡᠬᠡᠨ ᠤ ᠴᠢᠲᠡᠪᠤᠷᠢ ᠨᠢ ᠲᠠᠲᠠᠨᠤᠰ ᠢ ᠨᠦᠯᠤᠬᠡᠯᠡᠵᠤ ᠪᠤᠢ᠃ ᠪᠠᠶ᠎ᠠ ᠪᠠᠨ ᠠᠩᠬ᠎ᠠ ᠲᠠᠭᠠᠭᠠᠵᠤ ᠡᠬᠢᠯᠡᠭᠰᠡᠨ ᠤᠶᠤᠲᠡᠳ ᠤᠨ ᠶᠢᠷᠲᠢᠨᠴᠤ ᠶᠢᠨ ᠦᠵᠡᠯᠲᠡ᠂ ᠠᠮᠢᠲᠦᠷᠡᠬᠤᠢ ᠶᠢᠨ ᠦᠵᠡᠯᠲᠡ᠂ ᠦᠷᠲᠡᠭ ᠤᠨ ᠦᠵᠡᠯᠲᠡ ᠨᠢ ᠲᠦᠯᠦᠪᠰᠢᠷᠡᠬᠦ ᠱᠠᠲᠤᠨ ᠳᠠᠭᠠᠨ ᠪᠠᠶᠢᠵᠤ᠂ ᠠᠪᠤ ᠡᠵᠢ᠂ ᠪᠠᠭᠰᠢ ᠨᠦᠬᠦᠳ ᠵᠢᠴᠢ ᠪᠤᠰᠤᠳ ᠬᠦᠮᠤᠨ ᠤ ᠨᠦᠯᠤᠬᠡ ᠶᠢ ᠬᠦᠷᠲᠡᠲᠡᠭ᠃ ᠡᠶᠢᠮᠤ ᠠᠴᠠ ᠤᠶᠤᠲᠡᠳ ᠵᠦᠪ ᠤᠨᠤᠪᠴᠢᠲᠡᠢ ᠡᠷᠡᠬᠦᠯ ᠬᠡᠷᠡᠭᠯᠡᠬᠡᠨ ᠤ ᠦᠵᠡᠯᠲᠡ ᠶᠢ ᠪᠤᠢ ᠪᠤᠯᠭᠠᠬᠤ ᠴᠢᠬᠤᠯᠡᠲᠡᠢ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号