ᠵᠠᠷᠤᠳ ᠬᠤᠰᠢᠭᠤᠨ ᠤ ᠰᠤᠷᠭᠠᠨ ᠬᠦᠮᠦᠵᠢᠯ ᠤᠨ ᠠᠵᠢᠯ ᠤᠨ ᠹᠷᠦᠨᠲ ᠲᠤ ᠦᠪᠡᠷ ᠤᠨ ᠠᠯᠢᠪᠠ ᠪᠠᠨ | ᠵᠤᠷᠢᠭᠤᠯᠵᠤ ᠢᠷᠡᠭᠰᠡᠨ ᠪᠸᠡᠭᠬᠠᠢ ᠪᠠᠭᠰᠢ ᠠᠵᠢᠯ ᠠᠴᠠ ᠪᠠᠨ ᠠᠮᠠᠷᠠᠭᠠᠳ ᠠᠷᠪᠠᠭᠠᠳ ᠵᠢᠯ ᠪᠤᠯᠴᠢᠬᠠᠭᠰᠠᠨ ᠴᠦ ᠮᠦᠨ | ᠯᠡ ᠰᠤᠷᠭᠠᠨ ᠬᠦᠮᠦᠵᠢᠯ ᠤᠨ ᠲᠦᠯᠦᠭᠡ ᠰᠠᠨᠠᠭ᠎ᠠ ᠪᠤᠳᠤᠯ ᠪᠤᠯᠵᠤ ᠰᠠᠭᠤᠨ᠎ᠡ᠂ ᠠᠷᠭ᠎ᠠ ᠦᠭᠡᠢ ᠯᠡ ᠳ᠋ᠠ᠂ | ᠨᠠᠰᠤ ᠪᠠᠷ ᠢᠶᠠᠨ ᠰᠤᠷᠭᠠᠨ ᠬᠦᠮᠦᠵᠢᠯ ᠭᠡᠵᠤ ᠭᠦᠶᠦᠭᠰᠡᠨ ᠠᠬᠠᠮᠠᠳ ᠪᠠᠭᠰᠢ ᠶᠢᠨ ᠬᠤᠪᠢ ᠳᠤ ᠬᠦᠮᠦᠨ | ᠬᠦᠮᠦᠵᠢᠭᠦᠯᠵᠤ ᠶᠠᠪᠤᠭᠰᠠᠨ ᠵᠢᠳᠭᠦᠯ ᠨᠡᠮᠡᠷᠢ ᠶᠢᠨ ᠬᠢᠨᠢ ᠬᠠᠷᠢᠭᠤ ᠦᠨᠦᠳᠦᠷ ᠤᠨ ᠵᠠᠷᠤᠳ ᠬᠤᠰᠢᠭᠤᠨ ᠤ ᠰᠤᠷᠭᠠᠨ | ᠬᠦᠮᠦᠵᠢᠯ ᠤᠨ ᠬᠦᠭᠵᠢᠯᠳᠡ ᠳᠤ ᠲᠡᠭᠦᠨ ᠤ ᠨᠢᠭᠡ ᠮᠦᠷᠦᠨ ᠤ ᠬᠦᠯᠦᠰᠦᠨ ᠴᠢᠷᠮᠠᠶᠢᠯᠭ᠎ᠠ ᠪᠠᠶᠢᠭ᠎ᠠ ᠤᠴᠢᠷᠳᠠᠢ ᠰᠠᠨ᠃ | | 2002 ᠤᠨ ᠳᠤ ᠠᠵᠢᠯ ᠠᠴᠠ ᠪᠠᠨ ᠠᠮᠠᠷᠠᠭᠰᠠᠨ ᠪᠸᠡᠭᠬᠠᠢ ᠪᠠᠭᠰᠢ ᠪᠤᠯ ᠰᠤᠷᠭᠠᠨ ᠬᠦᠮᠦᠵᠢᠯ ᠤᠨ | ᠹᠷᠦᠨᠲ ᠲᠤ 36 ᠵᠢᠯ ᠭᠠᠪᠰᠢᠭᠠᠢᠢᠯᠠᠭᠰᠠᠨ ᠠᠬᠠᠮᠠᠳ ᠪᠠᠭᠰᠢ᠃ ᠨᠠᠰᠤᠨ ᠰᠡᠭᠦᠳᠡᠷ 77 ᠬᠦᠷᠦᠭᠰᠡᠨ ᠪᠤᠯᠪᠠᠴᠤ | ᠲᠠᠮᠢᠷ ᠲᠡᠩᠭᠡᠭᠡ ᠰᠠᠶᠢᠳᠠᠢ ᠪᠠᠶᠢᠵᠤ᠂ ᠵᠠᠯᠠᠭᠤ ᠨᠠᠰᠤᠨ ᠤ ᠪᠠᠨ ᠵᠢᠳᠬᠦᠯ ᠴᠢᠷᠮᠠᠶᠢᠯᠭ᠎ᠠ ᠪᠠᠨ ᠡᠷᠭᠢᠴᠡᠭᠦᠯᠬᠦ ᠳᠤ ᠴᠢᠷᠠᠢ | ᠨᠢᠳᠦᠨ ᠠᠴᠠ ᠨᠢ ᠤᠴᠢ ᠭᠡᠷᠡᠯᠳᠦᠨ᠎ᠡ᠃ 1967 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ | ᠰᠤᠷᠭᠠᠭᠤᠯᠢ ᠠᠴᠠ ᠲᠡᠭᠦᠰᠦᠭᠰᠡᠨ ᠲᠡᠷᠡᠪᠠᠷ ᠦᠪᠡᠷ ᠤᠨ ᠨᠢᠭᠡ ᠨᠠᠰᠤᠨ ᠤ ᠴᠢᠳᠠᠯ ᠬᠦᠴᠦᠨ ᠤᠶᠤᠨ ᠲᠠᠮᠢᠷ ᠢᠶᠠᠨ | ᠦᠨᠳᠦᠰᠦᠳᠡᠨ ᠤ ᠰᠤᠷᠭᠠᠨ ᠬᠦᠮᠦᠵᠢᠯ ᠳᠤ ᠵᠤᠷᠢᠭᠤᠯᠵᠠᠢ᠃ ᠠᠵᠤ ᠠᠬᠤᠢ ᠨᠡᠶᠢᠭᠡᠮ ᠤᠨ ᠬᠦᠭᠵᠢᠯᠳᠡ ᠶᠢᠨ | ᠬᠢᠵᠠᠭᠠᠷᠯᠠᠯ ᠠᠴᠠ ᠪᠤᠯᠵᠤ ᠲᠤᠬᠠᠢ ᠶᠢᠨ ᠦᠶ᠎ᠡ ᠶᠢᠨ ᠰᠤᠷᠭᠠᠨ ᠬᠦᠮᠦᠵᠢᠯ ᠤᠨ ᠨᠦᠭᠦᠴᠡᠯ ᠮᠠᠰᠢ ᠠᠨᠠᠢ ᠪᠠᠶᠢᠵᠤ᠂ | ᠵᠠᠷᠤᠳ ᠬᠤᠰᠢᠭᠤᠨ ᠤ ᠦᠨᠡᠭᠡᠴᠢ ᠮᠠᠯᠵᠢᠯ ᠤᠨ ᠲᠠᠯᠠᠪᠠᠢ᠂ ᠭᠠᠭ᠋ᠠᠶᠢᠳᠦ ᠪᠠᠯᠭᠠᠰᠤ ᠵᠡᠷᠭᠡ ᠭᠠᠵᠠᠷ ᠪᠠᠭᠰᠢᠯᠠᠵᠤ | ᠶᠠᠪᠤᠬᠤ ᠳᠠᠭᠠᠨ ᠪᠠᠭᠰᠢ ᠶᠢᠨ ᠡᠩᠨᠡᠭᠡ ᠬᠦᠮᠤᠨ ᠴᠦᠬᠡᠨᠲᠡᠢ ᠪᠠᠶᠢᠭᠰᠠᠨ ᠤ ᠤᠴᠢᠷ᠂ ᠬᠢᠮᠢ᠂ ᠹᠢᠽᠢᠺ᠂ ᠬᠢᠳᠠᠳ ᠬᠡᠯᠡ᠂ | ᠲᠡᠥᠬᠡ᠂ ᠤᠯᠤᠰ ᠲᠦᠷᠦ᠂ ᠲᠠᠮᠢᠷ ᠵᠷᠭᠡ ᠬᠢᠴᠢᠶᠡᠯ ᠲᠦᠷᠦᠯ ᠢ ᠨᠡᠶᠢᠳᠡᠮ ᠵᠢᠭᠠᠵᠤ᠂ ᠲᠠᠮᠢᠷ ᠤᠨ ᠬᠢᠴᠢᠶᠡᠯ | ᠤᠷᠤᠬᠤ ᠶᠢᠨ ᠲᠦᠯᠦᠭᠡ ᠬᠤᠶᠠᠷ ᠮᠤᠳᠤ ᠤᠨᠠᠭᠠᠵᠤ ᠳᠠᠩ ᠰᠠᠪᠠᠯᠠᠭᠤᠷ ᠵᠤᠬᠢᠶᠠᠵᠤ ᠰᠤᠷᠤᠭᠴᠢ ᠪᠠᠨ | ᠪᠠᠶᠠᠷᠯᠠᠭᠤᠯᠤᠭᠰᠠᠨ ᠶᠠᠪᠤᠳᠠᠯ ᠲᠠᠢ᠃ 1972 ᠤᠨ ᠤ ᠦᠶᠡᠰ ᠨᠢᠭᠡᠳᠦᠯ ᠠᠴᠠ ᠨᠢᠷᠤᠭᠤᠨ ᠮᠤᠳᠤ ᠭᠠᠷᠭᠠᠵᠤ᠂ | ᠪᠠᠭᠰᠢ ᠰᠤᠷᠤᠭᠴᠢ ᠬᠠᠮᠳᠦᠪᠡᠷ ᠰᠢᠪᠠᠷ ᠬᠢᠴᠢᠶᠡᠯ ᠤᠨ ᠪᠠᠶᠢᠰᠢᠩ ᠪᠤᠰᠬᠠᠭᠰᠠᠨ ᠨᠢ ᠲᠡᠷᠡᠬᠦ ᠬᠦᠴᠢᠷ ᠭᠠᠴᠢᠭ ᠴᠠᠭ | ᠦᠶ ᠠ ᠶᠢᠨ ᠬᠢᠯᠪᠠᠷ ᠪᠤᠰᠤ ᠳᠠᠪᠰᠢᠯᠳᠠ ᠪᠠᠶᠢᠵᠠᠢ᠃ 1981 ᠤᠨ ᠳᠤ ᠯᠦᠪᠧᠢ ᠶᠢᠨ ᠮᠤᠩᠭᠤᠯ ᠦᠨᠳᠦᠰᠦᠳᠡᠨ ᠤ | ᠳᠤᠮᠳᠠᠳᠤ ᠰᠤᠷᠭᠠᠭᠤᠯᠢ ᠳᠤ ᠰᠢᠯᠵᠢᠨ ᠪᠠᠭᠰᠢᠯᠠᠬᠤ ᠦᠶ᠎ᠡ ᠪᠠᠷ ᠦᠭᠡᠷᠡᠴᠢᠯᠡᠯᠳᠡ ᠨᠡᠭᠡᠭᠡᠯᠳᠡ ᠶᠢᠨ ᠨᠦᠯᠦᠭᠡ ᠤᠯᠤᠰ | ᠳᠠᠶᠠᠭᠠᠷ ᠲᠠᠷᠬᠠᠵᠤ᠂ ᠰᠤᠷᠭᠠᠨ ᠬᠦᠮᠦᠵᠢᠯ ᠢ ᠳᠡᠮᠵᠢᠬᠦ ᠪᠡᠯᠡ ᠮᠦᠡᠭᠭᠦ ᠤᠯᠠᠨ ᠪᠤᠯᠬᠤ ᠶᠢᠨ ᠬᠠᠮᠳᠦ᠂ ᠡᠯ᠎ᠡ ᠵᠦᠢᠯ ᠤᠨ | ᠵᠢᠭᠠᠨ ᠰᠤᠷᠭᠠᠯᠳᠠ ᠶᠢᠨ ᠪᠠᠭᠠᠵᠢ ᠬᠡᠷᠡᠭᠰᠡᠯ᠂ ᠲᠤᠨᠤᠭ ᠲᠦᠬᠦᠭᠡᠷᠦᠮᠵᠢ᠂ ᠰᠤᠷᠭᠠᠭᠤᠯᠢ ᠶᠢᠨ ᠬᠦᠷᠢᠶᠡᠨ ᠤ ᠬᠠᠳᠠᠭᠤ | ᠲᠤᠨᠤᠭ ᠤᠨ ᠪᠠᠶᠢᠭᠤᠯᠤᠯᠳᠠ ᠵᠡᠷᠭᠡ ᠲᠡᠭᠷᠢ ᠭᠠᠵᠠᠷ ᠤᠨ ᠬᠤᠪᠢᠷᠠᠯᠳᠠ ᠲᠠᠢ ᠪᠤᠯᠵᠤ᠂ ᠲᠡᠭᠡᠷ᠎ᠡ ᠵᠠᠭᠤᠨ ᠤ ᠨᠠᠶᠠᠭᠠᠳ | ᠤᠨ ᠤ ᠰᠡᠭᠦᠯᠴᠢ ᠪᠠᠷ ᠬᠢᠴᠢᠶᠡᠯᠯᠡᠬᠦ ᠠᠰᠠᠷ ᠲᠠᠢ ᠪᠤᠯᠤᠭᠰᠠᠨ ᠨᠢ ᠲᠤᠬᠠᠢ ᠶᠢᠨ ᠦᠶ᠎ᠡ ᠶᠢᠨ ᠬᠦᠮᠦᠰ ᠲᠤ ᠵᠡᠭᠦᠳᠦ | ᠵᠡᠷᠭᠡᠯᠭᠡᠨ ᠰᠢᠭ ᠢᠳᠡᠭᠡᠭᠳᠡᠰᠢ ᠦᠭᠡᠢ ᠰᠠᠨᠠᠭᠳᠠᠵᠤ ᠪᠠᠶᠢᠭᠰᠠᠨ ᠭᠡᠯᠳᠡᠢ᠃ | | ᠤᠯᠤᠰ ᠲᠦᠷᠦ ᠬᠦᠮᠤᠵᠢᠯ ᠤᠨ ᠡᠷᠬᠢᠯᠡᠭᠴᠢ᠂ ᠰᠤᠷᠭᠠᠨ ᠬᠦᠮᠦᠵᠢᠯ ᠤᠨ ᠭᠠᠵᠠᠷ ᠤᠨ ᠡᠷᠬᠢᠯᠡᠭᠴᠢ᠂ ᠵᠠᠬᠢᠷᠤᠯ᠂ | ᠱᠦᠵᠢ ᠵᠡᠷᠭᠡ ᠠᠵᠢᠯ ᠠᠯᠪᠠ ᠡᠭᠦᠷᠭᠡᠯᠡᠵᠤ ᠶᠠᠪᠤᠬᠤ ᠳᠠᠭᠠᠨ ᠪᠸᠡᠭᠬᠠᠢ ᠪᠠᠭᠰᠢ ᠶᠡᠷᠥᠨᠢ ᠬᠢᠴᠢᠶᠡᠯᠯᠡᠬᠦ ᠪᠠᠨ | ᠵᠤᠭᠰᠤᠭᠰᠠᠨ ᠦᠭᠡᠢ᠃ ᠶᠥᠮᠦᠷᠯᠢᠭ ᠢᠶᠠᠷ ᠬᠢᠴᠢᠶᠡᠯᠯᠡᠳᠡᠭ ᠪᠸᠡᠭᠬᠠᠢ ᠪᠠᠭᠰᠢ ᠶᠢᠨ ᠰᠤᠷᠤᠭᠴᠢ ᠶᠢᠨ ᠬᠢᠷᠢ ᠪᠦᠲᠦᠮᠵᠢ | ᠤᠳᠠᠭᠠᠨ ᠵᠢᠯ ᠪᠦᠬᠦ ᠬᠤᠳᠠ ᠶᠢᠨ ᠰᠤᠷᠭᠠᠭᠤᠯᠢ ᠳᠤᠳᠤᠷ᠎ᠠ ᠡᠮᠦᠨ᠎ᠡ ᠭᠤᠷᠪᠠ ᠠᠴᠠ ᠪᠠᠭᠤᠭᠰᠠᠨ ᠤᠳᠠᠭ᠎ᠠ ᠠᠯᠠᠭ᠎ᠠ᠃ | ᠬᠢᠴᠢᠶᠡᠯ ᠢᠶᠠᠨ ᠰᠠᠶᠢᠨ ᠪᠡᠯᠡᠳᠭᠡᠵᠤ᠂ ᠠᠬᠢᠨ ᠳᠠᠬᠢᠨ ᠪᠤᠯᠪᠠᠰᠤᠷᠠᠵᠤ᠂ ᠰᠤᠷᠤᠭᠴᠢ ᠳᠤ ᠦᠬᠦᠮᠡᠯ ᠢᠶᠠᠷ ᠪᠦᠬᠦᠨ ᠢ | ᠰᠤᠷᠭᠠᠨ᠎ᠠ ᠭᠡᠵᠤ ᠶᠠᠭᠠᠷᠠᠬᠤ ᠦᠭᠡᠢ᠂ ᠰᠢᠩᠭᠡᠭᠡᠬᠦ ᠴᠠᠭ ᠦᠭᠬᠦ ᠨᠢ ᠲᠡᠭᠦᠨ ᠤ ᠮᠡᠷᠭᠡᠨ ᠠᠷᠭ᠎ᠠ᠂ ᠤᠳᠠᠭ᠎ᠠ ᠪᠤᠯᠭᠠᠨ ᠤ | ᠤᠯᠤᠰ ᠤᠨ ᠨᠢᠭᠡᠳᠦᠯᠳᠠᠢ ᠰᠢᠯᠭᠠᠯᠳᠠ ᠶᠢᠨ ᠤᠯᠤᠰ ᠲᠦᠷᠦ ᠶᠢᠨ ᠬᠢᠴᠢᠶᠡᠯ ᠢ 70% ᠠᠴᠠ 80% ᠶᠢᠨ ᠰᠡᠳᠦᠪ ᠢ | ᠤᠨᠤᠪᠴᠢᠳᠠᠢ ᠲᠠᠷᠤᠳᠠᠭ ᠨᠢ ᠲᠡᠭᠦᠨ ᠤ ᠤᠨᠴᠠᠭᠠᠢ ᠡᠷᠳᠡᠮ ᠪᠤᠯᠤᠨ᠎ᠠ᠃ ᠵᠢᠭᠠᠨ ᠰᠤᠷᠭᠠᠯᠳᠠ ᠶᠢᠨ ᠴᠢᠨᠠᠷ | ᠴᠢᠨᠰᠠᠭ᠎ᠠ ᠶᠢ ᠪᠠᠳᠤᠯᠠᠬᠤ ᠶᠢᠨ ᠲᠤᠰᠠᠳᠠ ᠪᠠᠭᠰᠢ ᠨᠠᠷ ᠤᠨ ᠵᠢᠭᠠᠬᠤ ᠲᠦᠰᠦᠪ ᠢᠶᠠᠨ ᠰᠠᠶᠢᠳᠤᠷ ᠬᠢᠬᠦ ᠶᠢ ᠴᠢᠩᠭ᠎ᠠ | ᠠᠳᠬᠤᠨ᠂ ᠭᠠᠷᠠᠭ ᠪᠤᠯᠭᠠᠨ ᠠᠵᠢᠯ ᠤᠨ ᠳ᠋ᠥ᠋ᠩᠨᠡᠯᠳᠡ ᠶᠢᠨ ᠬᠤᠷᠠᠯ ᠬᠤᠷᠠᠯᠳᠤᠭᠤᠯᠵᠤ᠂ ᠪᠠᠭᠰᠢ ᠰᠤᠷᠤᠭᠴᠢ ᠶᠢᠨ | ᠬᠠᠷᠢᠯᠴᠠᠭ᠎ᠠ ᠶᠢ ᠨᠢᠭᠳᠠᠷᠠᠭᠤᠯᠬᠤ ᠶᠢᠨ ᠲᠦᠯᠦᠭᠡ ᠪᠠᠭᠰᠢ ᠰᠤᠷᠤᠭᠴᠢ ᠬᠠᠮᠳᠦᠪᠠᠷ ᠡᠷᠳᠡ ᠶᠢᠨ ᠲᠠᠮᠢᠷ ᠲᠤ | ᠤᠷᠤᠯᠴᠠᠬᠤ ᠶᠢ ᠱᠠᠭᠠᠷᠳᠠᠵᠤ᠂ ᠦᠪᠡᠰᠦᠪᠠᠨ ᠰᠤᠷᠤᠭᠴᠢ ᠳᠠᠭᠠᠭᠤᠯᠤᠭᠠᠳ ᠭᠦᠶᠦᠵᠤ ᠪᠠᠶᠢᠭᠰᠠᠨ ᠭᠡᠳᠡᠭ᠃ ᠮᠢᠩᠭᠠᠨ | ᠴᠡᠷᠢᠭ ᠬᠢᠯᠪᠠᠷ ᠤᠯᠳᠠᠪᠠᠴᠤ᠂ ᠰᠠᠶᠢᠨ ᠵᠠᠩᠵᠤᠨ ᠴᠦᠬᠡᠨ ᠲᠤᠬᠢᠶᠠᠯᠳᠤᠨ᠎ᠠ ᠭᠡᠭᠴᠢ ᠪᠠᠷ ᠪᠧᠡᠭᠬᠠᠢ ᠪᠠᠭᠰᠢ ᠪᠤᠯ | ᠵᠠᠷᠤᠳ ᠬᠤᠰᠢᠭᠤᠨ ᠤ ᠦᠨᠳᠦᠰᠦᠳᠡᠨ ᠤ ᠰᠤᠷᠭᠠᠨ ᠬᠦᠮᠦᠵᠢᠯ ᠤᠨ ᠬᠦᠭᠵᠢᠯᠳᠡ ᠶᠢᠨ ᠲᠦᠯᠦᠭᠡ ᠭᠠᠪᠰᠢᠭᠠᠢᠢᠯᠠᠨ | ᠲᠠᠭᠠᠭᠤᠯᠵᠤ᠂ ᠲᠠᠮᠢᠷ ᠤᠬᠠᠭᠠᠨ ᠢᠶᠠᠨ ᠬᠠᠷᠠᠮ ᠦᠭᠡᠢ ᠬᠠᠨᠳᠢᠪᠯᠠᠭᠰᠠᠨ ᠭᠠᠪᠢᠶᠠᠳᠤ ᠪᠠᠭᠰᠢ᠂ ᠵᠠᠬᠢᠷᠤᠯ ᠪᠤᠯᠬᠤ ᠰᠠᠨ᠃ | | ― ᠴᠠᠭ ᠦᠶ᠎ᠡ ᠶᠢᠨ ᠬᠦᠭᠵᠢᠯᠳᠡ ᠶᠢ ᠲᠠᠭᠠᠯᠳᠤᠭᠠᠳ ᠵᠠᠷᠤᠳ ᠬᠤᠰᠢᠭᠤᠨ ᠤ ᠰᠤᠷᠭᠠᠨ ᠬᠦᠮᠦᠵᠢᠯ ᠳᠤ | ᠯᠤᠳᠤ ᠶᠡᠭᠡ ᠬᠤᠪᠢᠷᠠᠯᠳᠠ ᠲᠠᠢ ᠪᠤᠯᠵᠤ ᠪᠠᠶᠢᠨ᠎ᠡ᠂ ᠤᠯᠤᠰ ᠭᠡᠷ ᠠᠴᠠ ᠰᠤᠷᠭᠠᠨ ᠬᠦᠮᠦᠵᠢᠯ ᠳᠠᠬᠢ ᠤᠷᠤᠭᠤᠯᠤᠯᠳᠠ | ᠶᠠᠪᠤᠬᠤ ᠲᠤᠳᠤᠮ ᠨᠡᠮᠡᠭᠳᠡᠵᠤ᠂ ᠰᠤᠷᠭᠠᠭᠤᠯᠢ ᠶᠢᠨ ᠨᠦᠭᠦᠴᠡᠯ ᠪᠤᠯᠤᠮᠵᠢ ᠤᠯᠠᠮ ᠰᠠᠶᠢᠨ ᠪᠤᠯᠵᠤ᠂ ᠵᠢᠭᠠᠨ ᠰᠤᠷᠭᠠᠬᠤ | ᠨᠦᠬᠦᠴᠡᠯ ᠴᠦ ᠤᠯᠠᠮ ᠰᠠᠶᠢᠨ ᠪᠤᠯᠵᠤ ᠪᠠᠶᠢᠨ᠎ᠡ᠃ ᠡᠨᠡ ᠪᠤᠯ ᠮᠠᠨ ᠤ ᠨᠢᠭᠡ ᠦᠶ᠎ᠡ ᠶᠢᠨ ᠬᠢᠨᠢ ᠰᠠᠨᠠᠵᠤ ᠤᠯᠤᠰᠢ | ᠦᠭᠡᠢ ᠶᠡᠭᠡ ᠬᠤᠪᠢᠷᠠᠯᠳᠠ ᠪᠤᠯᠤᠨ᠎ᠡ᠂ ᠬᠤᠶᠢᠰᠢᠳᠠ ᠤᠯᠤᠰ ᠭᠡᠷ ᠠᠴᠠ ᠰᠤᠷᠭᠠᠨ ᠬᠦᠮᠦᠵᠢᠯ ᠤᠨ ᠲᠠᠯ᠎ᠡ ᠪᠠᠷ ᠤᠯᠠᠮ | ᠢᠯᠡᠭᠦᠤ ᠪᠦᠬᠦ ᠲᠠᠯ᠎ᠡ ᠪᠠᠷ ᠰᠢᠨᠵᠢᠯᠡᠬᠦ ᠤᠬᠠᠭᠠᠨᠴᠢ ᠪᠠᠷ ᠰᠤᠳᠤᠯᠤᠨ ᠪᠠᠶᠢᠷᠢᠰᠢᠭᠤᠯᠵᠤ᠂ ᠰᠤᠷᠭᠠᠨ ᠬᠦᠮᠦᠵᠢᠯ ᠤᠨ | ᠨᠡᠩ ᠢᠯᠡᠭᠦᠤ ᠶᠢᠨ ᠲᠡᠩᠴᠡᠭᠦᠷᠢᠰᠢᠳᠦ᠂ ᠴᠢᠨᠠᠷᠯᠢᠭ᠂ ᠤᠳᠤ ᠦᠶ᠎ᠡ ᠶᠢᠨ ᠰᠤᠷᠭᠠᠨ ᠬᠦᠮᠦᠵᠢᠯ ᠢ ᠴᠢᠬᠤᠯᠠᠴᠢᠯᠠᠨ | ᠠᠳᠬᠤᠬᠤ ᠶᠢ ᠬᠦᠰᠡᠵᠤ ᠪᠠᠶᠢᠨ᠎ᠡ ᠭᠡᠵᠤ ᠪᠤᠳᠤᠯ ᠭᠦᠨ ᠶᠠᠷᠢᠬᠤ ᠪᠢᠯᠡ᠃ | | |