ᠪᠣᠯᠵᠤᠭ᠎ᠠ | ᠵᠣᠬᠢᠶᠠᠭᠴᠢ᠄ ᠮᠦᠯᠳᠦᠳᠦ ᠬᠤᠣᠰᠪᠠᠭᠠᠳᠣᠷ | ᠪᠣᠯᠵᠤᠭ᠎ᠠ ᠭᠡᠵᠦ | ᠪᠣᠷᠣ ᠵᠢᠷᠦᠬᠡᠨ ᠤ ᠨᠠᠶᠢᠵᠠ ᠵᠦᠭ ᠲᠡᠮᠡᠦᠯᠬᠦ ᠴᠣᠬᠢᠯᠠᠭᠠ | ᠶᠠᠷᠢᠭᠠᠳ ᠲᠠᠭᠤᠰᠣᠰᠢ ᠦᠭᠡᠢ ᠮᠦᠩᠭᠡ ᠶᠢᠨ ᠵᠣᠭᠤᠬ | ᠬᠡᠯᠡᠭᠡᠳ ᠲᠠᠭᠤᠰᠣᠰᠢ ᠦᠭᠡᠢ ᠰᠡᠳᠭᠢᠯ ᠤᠨ ᠣᠶᠢᠯᠠᠰᠣᠯ | ᠦᠯᠢᠭᠡᠷᠯᠡᠭᠡᠳ ᠲᠡᠶᠢᠯᠦᠰᠢ ᠦᠭᠡᠢ ᠦᠨᠡᠨ ᠪᠣᠳᠣᠯ | ᠦᠷᠭᠦᠯᠵᠢᠯᠡᠭᠡᠳ ᠪᠠᠷᠠᠰᠢ ᠦᠭᠡᠢ ᠲᠣᠣᠯᠢ ᠶᠢᠨ ᠬᠠᠶᠢᠯᠤᠭ᠎ᠠ | ᠠᠶᠠᠨᠴᠢᠨ ᠤ ᠮᠠᠰᠢᠨ ᠨᠠᠨᠳᠢᠨ ᠨᠦᠬᠦᠷᠯᠡᠯ ᠢ | ᠲᠠᠶᠢᠪᠠᠯᠵᠠᠳᠠᠯᠠ ᠠᠴᠢᠶᠠᠯᠠᠬᠰᠠᠭᠠᠷ | ᠲᠠᠷᠠᠭᠠᠬᠢ ᠦᠷᠳᠡᠭᠡ ᠶᠢ ᠵᠣᠷᠢᠨ | ᠰᠢᠪᠠᠭᠤᠣᠬᠠᠢ ᠰᠢᠬ ᠲᠡᠷᠪᠡᠨ ᠨᠢᠰᠦᠨ᠎ᠡ | ᠣᠴᠠᠷᠠᠨ ᠵᠣᠯᠭᠠᠬᠤ ᠶᠢᠨ ᠢᠷᠦᠭᠡᠯ ᠭᠡᠵᠦ | ᠣᠴᠢᠷᠳᠠᠢ ᠰᠠᠶᠢᠬᠠᠨ ᠲᠣᠷᠠᠳᠬᠠᠯ ᠶᠣᠮ ᠪᠠᠶᠢᠨ᠎ᠠ | ᠣᠯᠠᠭᠠᠨ ᠵᠢᠷᠦᠬᠡ ᠪᠠᠷ ᠢᠶᠠᠨ ᠬᠤᠯᠪᠣᠯᠳᠣᠨᠠ ᠭᠡᠳᠡᠭ | ᠨᠠᠨᠳᠢᠨ ᠨᠦᠬᠦᠷᠯᠡᠯ ᠤᠨ ᠵᠠᠶᠠᠭ᠎ᠠ ᠶᠣᠮ ᠪᠠᠶᠢᠨ᠎ᠠ | ᠨᠠᠶᠢᠷ ᠬᠠᠶᠢᠷ᠎ᠠ ᠶᠢᠨ ᠣᠷᠴᠢᠯᠠᠩ ᠭᠡᠳᠡᠭ | ᠨᠠᠪᠴᠢᠰ ᠰᠣᠯᠣᠩᠭᠠᠷᠠᠭᠤᠯᠬᠤ ᠲᠣᠶᠠᠭ᠎ᠠ ᠶᠣᠮ ᠪᠠᠶᠢᠨ᠎ᠠ | ᠨᠠᠶᠢᠵᠠ ᠶᠢᠨ ᠠᠷᠢᠭᠤᠨ ᠰᠡᠳᠭᠢᠯ ᠭᠡᠳᠡᠭ | ᠠᠮᠢᠳᠣᠷᠠᠯ ᠢ ᠦᠩᠭᠡᠵᠢᠭᠦᠯᠬᠦ ᠭᠡᠭᠡ ᠶᠣᠮ ᠪᠠᠶᠢᠨ᠎ᠠ | | |