ᠡᠪᠦᠯ᠂ ᠬᠠᠶᠢᠷ᠎ᠠ ᠶᠢᠨ ᠤᠯᠠᠷᠢᠯ
ᠨᠡᠶᠢᠲᠡᠯᠡᠭᠰᠡᠨ ᠴᠠᠭ᠄
2019-12-19
                                              ᠵᠣᠬᠢᠶᠠᠭᠴᠢ᠄ ᠰ᠊ · ᠪᠦᠬᠡᠴᠢᠯᠠᠭᠤ      ᠬᠦᠢᠳᠡᠨ ᠠᠴᠠ ᠠᠶᠤᠳᠠᠭ ᠬᠦᠮᠦᠨ ᠡᠪᠦᠯ ᠤᠨ ᠣᠯᠠᠷᠢᠯ ᠢ ᠲᠤᠭᠤᠳᠠᠭ ᠦᠭᠡᠢ᠃ ᠭᠡᠳᠡᠯ᠎ᠡ ᠪᠢ ᠡᠪᠦᠯ ᠤᠨ ᠣᠯᠠᠷᠢᠯ ᠳᠤ ᠬᠠᠮᠤᠭ ᠠᠴᠠ ᠲᠤᠷᠠᠳᠠᠢ᠃ ᠡᠪᠦᠯ ᠭᠡᠵᠦ ᠭᠠᠳᠠᠨ᠎ᠠ ᠪᠠᠨ ᠬᠦᠢᠳᠡᠨ ᠴᠦ ᠲᠤᠳᠤᠷ᠎ᠠ ᠪᠠᠨ ᠬᠠᠯᠠᠭᠤᠨ ᠪᠠᠶᠢᠳᠠᠭ ᠶᠤᠮ ᠰᠢᠦ᠂ ᠬᠦᠮᠦᠰ ᠡ᠃      ᠨᠠᠪᠴᠢ ᠨᠢ ᠦᠨᠳᠦᠰᠦ ᠪᠠᠨ ᠲᠡᠪᠡᠷᠢᠵᠦ ᠢᠴᠡᠭᠡᠨ ᠤ ᠠᠮᠢᠳᠠᠨ ᠰᠢᠬ ᠬᠦᠷᠦᠰᠦᠨ ᠲᠤᠤᠷ᠎ᠠ ᠨᠠᠮ ᠵᠢᠮ ᠤᠷᠤᠰᠢᠬᠤ ᠳᠤ ᠤᠢ ᠮᠤᠳᠤᠳ ᠨᠢ ᠤᠷᠤᠨ ᠳᠠᠭᠠᠨ ᠨᠢᠴᠦᠬᠦᠨ ᠵᠤᠭᠰᠤᠬᠤ ᠨᠢ ᠶᠤᠰᠤᠳᠠᠢ ᠭᠤᠸ᠎ᠠ ᠰᠠᠶᠢᠬᠠᠨ ᠪᠠᠶ᠎ᠠ ᠮᠠᠭᠪᠤᠳ ᠢᠶᠠᠨ ᠭᠠᠶᠢᠬᠠᠭᠤᠯᠤᠭᠰᠠᠨ ᠸᠧᠶᠢᠨᠢᠰ ᠤᠨ ᠲᠦᠷᠢ ᠲᠦᠷᠬᠦ ᠭᠡᠮᠡᠷ ᠦᠴᠦᠭᠡᠨ ᠴᠦ ᠬᠠᠭᠤᠷᠮᠠᠭ ᠦᠭᠡᠢ ᠢᠯᠡ ᠪᠤᠳᠠᠳᠠᠢ ᠬᠠᠷᠠᠭᠳᠠᠨ᠎ᠠ᠃ ᠡᠨᠡ ᠪᠤᠯ ᠡᠪᠦᠯ ᠤᠨ ᠲᠡᠰᠪᠦᠷᠢ ᠲᠡᠪᠴᠢᠶᠡᠷᠢ᠂ ᠡᠷᠡᠰ ᠬᠠᠳᠠᠨ ᠵᠠᠩ ᠴᠢᠨᠠᠷ ᠶᠤᠮ᠃ ᠮᠦᠨ ᠴᠦ ᠬᠦᠮᠦᠨ ᠵᠤᠨ ᠳᠤ ᠤᠷᠤᠰᠢᠬᠤᠢ ᠶᠢᠨ ᠲᠤᠬᠠᠢ ᠲᠠᠮ ᠢᠶᠠᠷ ᠭᠡᠯᠡᠭᠰᠡᠨ ᠬᠠᠶᠢᠷ᠎ᠠ ᠶᠢᠨ ᠴᠠᠭᠠᠨ ᠦᠭᠡ ᠶᠤᠮ᠃      ᠠᠯᠢᠪᠠ ᠤᠷᠭᠤᠮᠠᠯ ᠤᠨ ᠦᠨᠳᠦᠰᠦ ᠶᠢ ᠬᠠᠯᠠᠭᠤᠬᠠᠨ ᠪᠦᠪᠠᠶᠢᠯᠡᠭᠰᠡᠨ ᠬᠦᠷᠦᠰᠦ ᠰᠢᠷᠤᠢ ᠪᠠᠨ ᠲᠡᠭᠡᠵᠢᠯᠡᠨ ᠰᠢᠳᠦᠵᠦ ᠴᠠᠰᠤ ᠨᠢ ᠬᠦᠨᠵᠢᠯᠡ ᠪᠤᠯᠵᠦ ᠴᠠᠶᠢᠷᠠᠨ᠎ᠠ᠃ ᠮᠤᠳᠤᠳ ᠨᠢ ᠰᠢᠪᠠᠭᠤᠳ ᠢᠶᠠᠨ ᠦᠭᠡᠶᠢᠯᠡᠵᠦ ᠤᠶᠢᠳᠬᠠᠷᠯᠠᠬᠤ ᠦᠶ᠎ᠡ ᠳᠤ ᠨᠠᠪᠴᠢ ᠶᠢ ᠨᠢ ᠤᠷᠤᠯᠠᠵᠦ ᠴᠠᠶᠢᠷᠠᠳᠠᠯ᠎ᠠ ᠲᠡᠯᠭᠡᠷᠡᠭᠡᠳ ᠰᠡᠳᠭᠢᠯ ᠢ ᠨᠢ ᠠᠷᠭᠠᠳᠠᠨ᠎ᠠ᠃ ᠵᠢᠭᠠᠰᠤ ᠵᠢᠷᠠᠭᠠᠬᠠᠢ ᠪᠠᠨ ᠬᠠᠶᠢᠷᠠᠯᠠᠵᠦ ᠬᠠᠷᠠᠮᠨᠠᠬᠤ ᠳᠠᠭᠠᠨ ᠮᠦᠰᠦ ᠨᠢ ᠭᠤᠤᠯ ᠢᠶᠠᠨ ᠪᠦᠷᠬᠦᠵᠦ ᠲᠠᠭᠤ ᠦᠭᠡᠢ ᠮᠡᠯᠴᠡᠶᠢᠨ᠎ᠡ᠃ ᠠᠭᠠᠷ ᠢᠶᠠᠨ ᠰᠦᠯᠡᠵᠦ ᠰᠠᠯᠭᠢᠨ ᠨᠢ ᠱᠤᠤᠭᠢᠨ᠎ᠡ᠃ ᠬᠠᠴᠠᠷ ᠢ ᠮᠢᠨᠢ ᠦᠨᠦᠰᠬᠦ ᠪᠠᠷ ᠵᠢᠮᠵᠢᠭᠢᠨᠡᠵᠦ ᠡᠪᠡᠳᠦᠨ᠎ᠡ᠃ ᠡᠨᠡ ᠪᠤᠯ ᠨᠢᠭᠡ ᠭᠡᠯᠪᠡᠷᠢ ᠶᠢᠨ ᠴᠡᠪᠡᠷ ᠬᠠᠶᠢᠷ᠎ᠠ᠃      ᠡᠪᠦᠯ ᠪᠤᠯ ᠮᠢᠨᠦ ᠪᠠᠭᠰᠢ᠃ ᠡᠪᠡᠳᠬᠦ᠂ ᠲᠠᠭᠠᠷᠠᠬᠤ ᠶᠢ ᠮᠡᠳᠡᠬᠦᠯᠦᠭᠰᠡᠨ ᠠᠮᠢᠳᠤᠷᠠᠯ ᠤᠨ ᠬᠠᠰᠢᠷ ᠲᠤᠷᠰᠢᠯᠭ᠎ᠠ ᠲᠠᠢ ᠪᠠᠭᠰᠢ᠃ ᠲᠤᠷᠠᠯᠠᠯ ᠬᠠᠶᠢᠷ᠎ᠠ ᠶᠢᠨ ᠵᠢᠩᠭᠢᠨᠢ ᠦᠨᠡᠨ ᠢ ᠲᠠᠨᠢᠭᠤᠯᠤᠭᠰᠠᠨ ᠮᠡᠳᠡᠯᠭᠡ ᠬᠦᠨ᠂ ᠲᠠᠭᠤ ᠴᠦᠭᠡᠨ ᠪᠠᠭᠰᠢ᠃ ᠬᠠᠯᠠ ᠨᠢ ᠭᠠᠳᠠᠨ᠎ᠠ ᠪᠠᠨ ᠴᠦ ᠬᠠᠶᠢᠷ᠎ᠠ ᠨᠢ ᠲᠤᠳᠤᠷ᠎ᠠ ᠪᠠᠨ ᠲᠦᠷᠡᠯᠵᠡᠵᠦ ᠪᠠᠶᠢᠭ᠎ᠠ ᠠᠪᠤ ᠶᠢᠨ ᠬᠠᠶᠢᠷ᠎ᠠ ᠶᠢ ᠲᠠᠶᠢᠯᠪᠤᠷᠢᠯᠠᠵᠦ ᠶᠠᠷᠢᠭᠰᠠᠨ ᠦᠭᠭᠢᠶᠡᠮᠦᠷ ᠰᠡᠳᠭᠢᠯ ᠲᠠᠢ ᠡᠵᠢ ᠲᠠᠢ ᠡᠭᠡᠭᠡ ᠠᠳᠠᠯᠢ ᠪᠠᠭᠰᠢ᠃      ᠡᠪᠦᠯ ᠮᠢᠨᠢ᠂ ᠰᠡᠷᠢᠭᠦᠨ ᠲᠤᠩᠭᠠᠯᠠᠭ ᠠᠭᠠᠷ ᠵᠠᠯᠭᠢᠵᠦ ᠲᠤᠳᠤᠭᠰᠢ ᠪᠠᠨ ᠲᠠᠶᠢᠳᠬᠤᠷᠠᠭᠰᠠᠨ ᠴᠢᠯᠠᠭᠤᠳ ᠢ ᠴᠢᠨᠢ ᠬᠠᠷᠠᠬᠤ ᠳᠤ ᠬᠦᠢᠳᠡᠨ ᠳᠤ ᠲᠡᠯᠭᠡᠷᠡᠭᠰᠡᠨ ᠦᠩᠭᠡ ᠶᠢᠨ ᠴᠡᠴᠡᠭ ᠮᠡᠳᠦ᠃ ᠦᠳᠡᠰᠢ ᠶᠢᠨ ᠵᠡᠭᠦᠳᠦᠨ ᠳᠤ ᠪᠠᠭᠤᠬᠤ ᠳᠠᠭᠠᠨ ᠪᠤᠭᠤᠮᠳᠠ ᠪᠠᠨ ᠰᠠᠭᠢᠭᠰᠠᠨ ᠴᠡᠷᠢᠭ ᠡᠷ᠎ᠡ ᠮᠡᠳᠦ ᠤᠮᠤᠭᠯᠠᠩ ᠮᠦᠷᠳᠡᠭᠡᠨ ᠪᠠᠭᠠᠳᠤᠷᠯᠢᠭ᠃ ᠴᠢᠯᠠᠭᠤ ᠴᠢᠨᠦ ᠡᠷᠡᠰᠭᠡᠨ ᠴᠢᠨᠠᠷ ᠢ ᠨᠠᠳᠠᠳᠥ ᠭᠠᠶᠢᠬᠠᠭᠤᠯᠤᠭ᠎ᠠ ᠴᠦ ᠶᠤᠮ ᠤᠤ︖      ᠴᠢᠰᠦ ᠰᠤᠷᠤᠬᠤ ᠰᠢᠮᠠᠭᠤᠯ᠂ ᠪᠠᠳᠠᠭᠠᠨ᠎ᠠ ᠡ᠊ᠨᠳᠡ ᠠᠯᠠᠭ᠎ᠠ᠃ ᠡᠪᠡᠳᠴᠢᠨ ᠲᠠᠷᠢᠭᠴᠢ ᠪᠠᠺᠲᠧᠷᠢ ᠬᠦᠷᠳᠡᠯ᠎ᠡ ᠡ᠊ᠨᠳᠡ ᠠᠯᠠᠭ᠎ᠠ᠃ ᠮᠠᠯ ᠰᠦᠷᠦᠭ ᠢ ᠵᠤᠪᠠᠭᠠᠳᠠᠭ ᠭᠡᠳᠡᠭᠡᠨ᠎ᠡ ᠴᠦ ᠡ᠊ᠨᠳᠡ ᠤᠷᠤᠰᠢᠵᠦ ᠴᠢᠳᠠᠬᠤ ᠦᠭᠡᠢ᠃ ᠡᠪᠦᠯ ᠭᠡᠵᠦ ᠠᠷᠢᠭᠤᠨ ᠴᠡᠪᠡᠷ᠂ ᠡᠷᠡᠬᠦᠯ ᠰᠠᠷᠠᠭᠤᠯ ᠢ ᠡᠷᠭᠢᠮᠯᠡᠳᠡᠭ ᠤᠬᠠᠭᠠᠨᠳᠤ ᠪᠦᠰᠡᠬᠦᠢ ᠶᠢᠨ ᠪᠦᠷᠢᠯᠸ᠎ᠠ᠃ ᠠᠮᠤᠷ ᠠᠮᠤᠭᠤᠯᠠᠩ ᠤᠨ ᠬᠤᠷᠸ᠎ᠠ᠃      ᠴᠠᠰᠤ ᠮᠦᠰᠦᠨ ᠳᠤ ᠬᠤᠴᠢᠭᠳᠠᠭᠰᠠᠨ ᠠᠰᠬ᠎ᠠ ᠬᠠᠯᠢᠯ ᠠᠴᠠ ᠪᠦᠷᠬᠦᠳ ᠴᠦᠢᠯᠠᠨ᠎ᠠ᠃ ᠬᠦᠴᠦ ᠲᠠᠮᠢᠷ ᠢᠶᠠᠨ ᠴᠢᠯᠠᠭᠤ ᠪᠠᠷ ᠢᠷᠯᠡᠵᠦ ᠲᠡᠭᠷᠢ ᠳᠡᠭᠡᠨ ᠡᠷᠭᠡᠯᠡᠵᠦ ᠨᠢᠰᠦᠨ᠎ᠡ᠃ ᠦᠨᠳᠦᠷᠯᠢᠭ ᠤᠨ ᠬᠦᠭᠡ ᠴᠢᠨ᠋ᠸ᠎ᠠ ᠬᠤᠷᠠᠭᠰᠠᠨ ᠴᠠᠰᠤ ᠶᠢ ᠱᠠᠵᠢᠭᠢᠨᠠᠳᠠᠯ᠎ᠠ ᠭᠢᠰᠭᠢᠵᠦ ᠬᠠᠷᠠᠩᠭᠤᠢ ᠰᠦᠨᠢ ᠶᠢ ᠰᠡᠮᠡᠷᠡᠳᠡᠯ᠎ᠡ ᠣᠯᠢᠨ᠎ᠠ᠃ ᠪᠤᠭᠤ ᠶᠢᠨ ᠰᠦᠷᠦᠭ ᠠᠷᠤ ᠠᠭᠤᠯᠠᠨ ᠳᠤ ᠤᠷᠤᠮᠳᠠᠨ᠎ᠠ᠃ ᠤᠷᠭᠢᠯᠬᠤ ᠪᠤᠯᠠᠭ ᠤᠨ ᠤᠰᠤ ᠶᠢ ᠬᠠᠨᠤᠳᠠᠯ᠎ᠠ ᠤᠤᠭᠤᠭᠰᠠᠨ ᠵᠡᠭᠡᠷ᠎ᠡ᠂ ᠬᠤᠯᠠᠨ ᠤᠷᠴᠢᠨ ᠠᠬᠤᠢ ᠪᠠᠨ ᠰᠡᠷᠡᠮᠵᠢᠳᠠᠶᠢᠬᠡᠨ ᠠᠵᠢᠨ᠎ᠠ᠃ ᠠᠳᠤᠭᠤᠳ ᠰᠢᠯᠢ ᠶᠢᠨ ᠲᠡᠨᠵᠢᠨ ᠳᠤ ᠤᠩᠭᠤᠯᠳᠠᠨ᠎ᠠ᠃ ᠁      ᠬᠠᠩᠭᠠᠢ ᠶᠢᠨ ᠨᠦᠮᠦᠷᠢ ᠳᠤ ᠪᠠᠭᠤᠭᠰᠠᠨ ᠭᠡᠳᠦᠨ ᠮᠤᠩᠭᠤᠯ ᠭᠡᠷ ᠤᠨ ᠬᠤᠯᠠᠩ ᠠᠴᠠ ᠠᠷᠭᠠᠯ ᠤᠨ ᠤᠳᠤᠭ᠎ᠠ ᠰᠤᠭᠤᠨᠠᠭᠯᠠᠨ᠎ᠠ᠃ ᠭᠤᠶᠤ ᠪᠦᠰᠡᠭᠦᠢ ᠲᠤᠯᠭ᠎ᠠ ᠶᠢᠨ ᠢᠶᠠᠨ ᠭᠠᠯ ᠢ ᠨᠡᠮᠡᠬᠦ ᠨᠢ ᠬᠠᠷᠠᠭᠳᠠᠬᠤ ᠰᠢᠬ ᠰᠠᠨᠠᠭᠳᠠᠬᠤ ᠬᠤᠷᠤᠮ ᠬᠤᠯᠪᠤᠨ ᠪᠤᠳᠤᠯᠳᠠ ᠳᠤ ︽ᠫᠤᠯ᠂ ᠫᠤᠯ︾ ᠪᠤᠴᠠᠯᠬᠤ ᠳᠠᠭᠠᠨ ᠬᠠᠪᠬᠠᠰᠦ ᠪᠠᠨ ᠡᠷᠭᠦᠵᠦ ᠠᠭᠤᠷ ᠫᠠᠭᠠᠭᠢᠭᠰᠠᠨ ᠲᠤᠭᠤᠭ᠎ᠠ ᠲᠠᠢ ᠬᠤᠨᠢᠨ ᠮᠢᠬ᠎ᠠ ᠶᠢᠨ ᠬᠠᠩᠬᠤᠯᠤᠭᠰᠠᠨ ᠦᠨᠦᠷ ᠬᠠᠮᠠᠷ ᠴᠤᠷᠭᠢᠵᠦ ᠢᠷᠡᠬᠦ‍ ᠰᠢᠭ ᠪᠤᠯᠬᠤ ᠪᠠᠷ ᠪᠢ ᠶᠠᠭᠠᠭᠢᠵᠦ ᠲᠦᠷᠰᠦᠯᠡᠬᠦ ᠪᠠᠨ ᠤᠯᠵᠦ ᠶᠠᠳᠠᠨ ᠦᠭᠡ ᠪᠠᠷ ᠭᠠᠴᠢᠭᠳᠠᠨ᠎ᠠ ᠳ᠋ᠠ᠂ ᠬᠦᠭᠡᠷᠦᠬᠦᠢ ᠁ ᠡᠪᠦᠯ ᠭᠡᠵᠦ ᠦᠪᠡᠷᠮᠢᠴᠡ ᠨᠢᠭᠡᠨ ᠠᠮᠢᠳᠤ ᠭᠤᠸ᠎ᠠ ᠵᠢᠷᠤᠭ ᠴᠦ ᠪᠢᠯᠢᠦ︖ᠡᠪᠦᠯ ᠳᠤ ᠪᠢ ᠬᠠᠶᠢᠷᠠᠳᠠᠢ᠃ ᠬᠤᠳᠠᠯ ᠬᠠᠭᠤᠷᠠᠮᠭ ᠦᠭᠡᠢ ᠳᠤᠨᠢ ᠬᠠᠶᠢᠷᠠᠳᠠᠢ᠃ ᠦᠨᠡᠨ ᠢᠶᠠᠨ ᠭᠡᠯᠡᠭᠡᠳ ᠪᠡᠯᠡᠨ ᠢᠶᠠᠨ ᠢᠳᠡᠳᠡᠭ ᠡᠵᠢ ᠶᠢᠨ ᠠᠷᠠᠨᠰᠢᠨ ᠳᠤᠨᠢ ᠲᠤᠷᠠᠳᠠᠢ᠃ ᠦᠷ᠎ᠡ ᠭᠡᠦᠭᠡᠳ ᠢᠶᠠᠨ ᠭᠡᠪᠡᠯ ᠦᠪᠡᠷ ᠢ ᠪᠠᠨ ᠤᠮᠠᠷᠳᠠᠳᠠᠭ ᠪᠤᠷᠬᠠᠨ ᠤ ᠡᠨᠡᠷᠢᠩᠬᠦᠢ ᠬᠠᠶᠢᠷ᠎ᠠ ᠳᠤᠨᠢ ᠲᠤᠷᠠᠳᠠᠢ᠃ ᠵᠢᠷᠭᠠᠯ ᠢᠶᠠᠷ ᠪᠢᠰᠢ ᠬᠠᠷᠠᠳᠠᠯ ᠢᠶᠠᠷ ᠰᠤᠷᠭᠠᠳᠠᠭ ᠪᠠᠷᠤᠭᠠᠷ ᠴᠢᠷᠠᠢ ᠲᠠᠢ ᠠᠪᠤ ᠶᠢᠨ ᠮᠢᠨᠢ ᠤᠬᠠᠭᠠᠨ ᠪᠤᠳᠤᠯ ᠲᠠᠢ ᠳᠤᠨᠢ ᠬᠠᠶᠢᠷᠠᠳᠠᠢ᠃ ᠭᠡᠬᠦ ᠳᠡᠭᠡᠨ ᠡᠵᠢ ᠮᠢᠨᠢ ᠨᠢᠭᠡ ᠡᠳᠦᠷ ︽ᠡᠨᠡ ᠬᠦᠦ ᠶᠢ ᠡᠪᠦᠯ ᠲᠦᠷᠦᠭᠰᠡᠨ ᠠᠴᠠ ᠶᠤᠮ ᠤᠤ︖ ᠬᠦᠢᠳᠡᠨ ᠳᠤ ᠠᠷᠭ᠎ᠠ ᠦᠭᠡᠢ ᠲᠤᠷᠠᠳᠠᠢ︾ ᠭᠡᠵᠦ ᠭᠡᠯᠡᠵᠦ ᠦᠩᠭᠡᠷᠡᠭᠰᠡᠨ ᠪᠠᠶᠢᠵᠠᠢ᠃ ᠲᠡᠶᠢᠮᠦ ᠡ᠃ ᠬᠦᠢᠳᠡᠨ ᠳᠤ ᠪᠢ ᠦᠨᠡᠨ ᠲᠤᠷᠠᠳᠠᠢ᠃ ᠬᠦᠢᠳᠡᠨ ᠳᠤ ᠭᠠᠯ ᠰᠢᠬ ᠬᠠᠯᠠᠭᠤᠨ ᠪᠤᠢ᠂ ᠬᠠᠯᠠᠭᠤᠨ ᠳᠤ ᠮᠦᠰᠦ ᠰᠢᠭ ᠬᠦᠢᠳᠡᠨ ᠪᠤᠢ᠃ ᠪᠠᠶ᠎ᠠ ᠮᠠᠠᠭᠪᠤᠳ ᠢᠶᠠᠨ ᠲᠠᠪᠳᠠᠨ ᠰᠤᠷᠢᠬᠤ᠂ ᠰᠦᠰᠦ ᠵᠤᠷᠢᠭ ᠢᠶᠠᠨ ᠢᠷᠯᠡᠬᠦ ᠵᠢᠩᠭᠢᠨᠢ ᠬᠠᠶᠢᠷ᠎ᠠ ᠶᠢᠨ ᠬᠤᠷᠸ᠎ᠠ ᠭᠡᠵᠦ ᠡᠪᠦᠯ ᠢ ᠪᠢ ᠦᠷᠭᠦᠯᠵᠢ ᠰᠡᠳᠭᠢᠯ ᠳᠡᠭᠡᠨ ᠰᠢᠳᠦᠨ᠎ᠡ᠃      ᠡᠪᠦᠯ᠂ ᠬᠦᠢᠳᠡᠨ ᠢᠶᠠᠷ ᠢᠶᠠᠨ ᠮᠠᠭᠤ ᠮᠠᠭᠤᠬᠠᠢ ᠶᠢ ᠰᠦᠷᠳᠡᠬᠦᠯᠵᠦ ᠰᠠᠶᠢᠨ ᠰᠠᠶᠢᠬᠠᠨ ᠢ ᠲᠡᠮᠵᠢᠵᠦ ᠲᠤᠰᠠᠯᠠᠳᠠᠭ ᠤᠨᠴᠠᠭᠠᠢ ᠨᠢᠭᠡᠨ ᠤᠯᠠᠷᠢᠯ ᠶᠤᠮ᠃ ᠬᠠᠳᠠᠭᠤ ᠴᠢᠩᠭ᠎ᠠ ᠰᠢᠯᠭᠠᠯᠳᠠ ᠶᠢ ᠨᠢ ᠲᠠᠭᠠᠭᠠᠭᠰᠠᠨ ᠪᠦᠬᠦᠨ ᠦᠭᠡᠳᠡ ᠲᠠᠢ᠂ ᠦᠯᠵᠠᠢ ᠲᠠᠢ ᠠᠮᠢᠳᠤᠷᠠᠵᠦ ᠤᠷᠤᠰᠢᠬᠤ ᠶᠤᠰᠤᠳᠠᠢ᠃      ᠡᠪᠦᠯ᠂ ᠲᠡᠦᠭᠡ ᠶᠢᠨ ᠲᠤᠪᠴᠢᠶᠠᠨ ᠰᠢᠬ ᠨᠢᠭᠤᠴᠠᠭᠠᠢ᠂ ᠪᠤᠷᠬᠠᠨ ᠬᠠᠯᠳᠤᠨ ᠰᠢᠬ ᠰᠦᠷ ᠭᠡᠷᠡᠯ ᠲᠠᠢ᠂ ᠦᠨᠡᠨᠴᠢ ᠬᠠᠶᠢᠷ᠎ᠠ ᠶᠢᠨ ᠴᠡᠩᠭᠡᠷ ᠤᠯᠠᠷᠢᠯ ᠡ︕
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号