ᠬᠠᠶᠢᠷ᠎ᠠ ᠶᠢᠨ ᠴᠡᠩᠭᠡᠷ ᠲᠤᠭᠤᠷᠤᠤ
ᠨᠡᠶᠢᠲᠡᠯᠡᠭᠰᠡᠨ ᠴᠠᠭ᠄
2019-12-11
                                         ᠵᠣᠬᠢᠶᠠᠭᠴᠢ᠄ ᠨᠠ᠊ · ᠬᠦᠬᠡᠰᠢᠭᠤᠢ      ᠤᠷᠢᠬᠠᠨ ᠬᠠᠪᠤᠷ ᠤᠨ ᠡᠭᠦᠯᠡᠰ ᠢ ᠵᠤᠯᠠᠭᠠᠳ      ᠤᠨᠠᠭᠰᠠᠨ ᠨᠤᠳᠤᠭ ᠢᠶᠠᠨ ᠵᠤᠷᠢᠭᠰᠠᠭᠠᠷ ᠢᠷᠡᠯ᠎ᠡ      ᠤᠷᠢᠨ ᠴᠠᠭ ᠤᠨ ᠴᠢᠮᠡᠭᠡ ᠶᠢ ᠵᠠᠭᠤᠭᠠᠳ      ᠠᠭᠤᠯᠠ ᠲᠠᠯ᠎ᠠ ᠪᠠᠨ ᠨᠤᠭᠤᠭᠠᠨ ᠢᠶᠠᠷ ᠴᠢᠮᠡᠯ᠎ᠡ      ᠬᠠᠨᠢ ᠶᠢᠨ ᠵᠡᠭᠦᠳᠦᠨ ᠤ ᠴᠠᠶᠢᠯᠭᠠᠨ ᠰᠢᠪᠠᠭᠤ      ᠬᠠᠶᠢᠷ᠎ᠠ ᠶᠢᠨ ᠡᠭᠦᠳᠡᠨ ᠤ ᠴᠡᠩᠭᠡᠷ ᠲᠣᠭᠤᠷᠤᠤ      ᠬᠠᠨᠢᠰᠠᠨ ᠢᠵᠢᠯᠢᠰᠢᠬᠦ ᠬᠦᠮᠦᠨ ᠤ ᠬᠤᠷᠸ᠎ᠠ ᠳᠤ      ᠬᠠᠶᠢᠯᠠᠨ ᠤᠶᠠᠷᠠᠭᠰᠠᠭᠠᠷ ᠲᠤᠩᠭᠤᠳᠤᠨ ᠨᠢᠰᠦᠨ᠎ᠠ ᠤᠤ      ᠤᠶᠠᠬᠠᠨ ᠨᠠᠮᠤᠷ ᠤᠨ ᠪᠤᠷᠤᠭᠠᠨ ᠢ ᠵᠦᠰᠦᠭᠡᠳ      ᠤᠷᠢᠳᠤ ᠭᠠᠵᠠᠷ ᠢᠶᠠᠨ ᠴᠢᠭᠯᠡᠭᠰᠡᠭᠡᠷ ᠪᠤᠴᠠᠯ᠎ᠠ      ᠠᠭᠤᠯᠠ ᠤᠰᠤ ᠪᠠᠨ ᠠᠷᠤ ᠳᠠᠭᠠᠨ ᠤᠷᠬᠢᠭᠠᠳ      ᠤᠴᠠᠷᠠᠯ ᠬᠠᠶᠢᠷ᠎ᠠ ᠪᠠᠨ ᠲᠠᠮᠨᠠᠭᠰᠠᠭᠠᠷ ᠨᠢᠰᠦᠯ᠎ᠡ      ᠬᠠᠨᠢ ᠶᠢᠨ ᠵᠡᠭᠦᠳᠦᠨ ᠤ ᠴᠠᠶᠢᠯᠭᠠᠨ ᠰᠢᠪᠠᠭᠤ      ᠬᠠᠶᠢᠷ᠎ᠠ ᠶᠢᠨ ᠡᠭᠦᠳᠡᠨ ᠤ ᠴᠡᠩᠭᠡᠷ ᠲᠣᠭᠤᠷᠤᠤ      ᠬᠠᠨᠢᠰᠠᠨ ᠢᠵᠢᠯᠢᠰᠢᠬᠦ ᠬᠦᠮᠦᠨ ᠤ ᠬᠤᠷᠸ᠎ᠠ ᠳᠤ      ᠬᠠᠶᠢᠯᠠᠨ ᠤᠶᠠᠷᠠᠭᠰᠠᠭᠠᠷ ᠲᠤᠩᠭᠤᠳᠤᠨ ᠨᠢᠰᠦᠨ᠎ᠠ ᠤᠤ      ᠡᠯᠢᠭᠡ ᠪᠦᠲᠦᠨ ᠤᠷᠴᠢᠯᠠᠩ ᠤᠨ ᠵᠠᠢ ᠳᠤ      ᠡᠷᠬᠡ ᠵᠢᠷᠭᠠᠯ ᠲᠠᠢ ᠲᠠᠭᠤᠯᠠᠨ ᠨᠢᠰᠦᠭᠡᠷᠡᠢ      ᠡᠩᠭᠡ ᠰᠠᠶᠢᠬᠠᠨ ᠪᠠᠶᠢᠭᠠᠯᠢ ᠲᠡᠯᠡᠬᠡᠢ ᠳᠤ      ᠡᠷᠬᠢᠵᠤ ᠢᠷᠡᠭᠡᠳ ᠵᠢᠷᠭᠠᠨ ᠲᠤᠭᠯᠠᠭᠠᠷᠠᠢ      ᠬᠠᠨᠢ ᠶᠢᠨ ᠵᠡᠭᠦᠳᠦᠨ ᠤ ᠴᠠᠶᠢᠯᠭᠠᠨ ᠰᠢᠪᠠᠭᠤ      ᠬᠠᠶᠢᠷ᠎ᠠ ᠶᠢᠨ ᠡᠭᠦᠳᠡᠨ ᠤ ᠴᠡᠩᠭᠡᠷ ᠲᠣᠭᠤᠷᠤᠤ      ᠬᠠᠨᠢᠰᠠᠨ ᠢᠵᠢᠯᠢᠰᠢᠬᠦ ᠬᠦᠮᠦᠨ ᠤ ᠬᠤᠷᠸ᠎ᠠ ᠳᠤ      ᠬᠠᠶᠢᠯᠠᠨ ᠤᠶᠠᠷᠠᠭᠰᠠᠭᠠᠷ ᠲᠤᠩᠭᠤᠳᠤᠨ ᠨᠢᠰᠦᠨ᠎ᠠ ᠤᠤ
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号