ᠴᠠᠰᠤᠨ ᠳᠤ ᠠᠳᠠᠯᠢᠬᠠᠨ ᠰᠠᠶᠢᠬᠠᠨ ᠪᠣᠯ ᠁
ᠨᠡᠶᠢᠲᠡᠯᠡᠭᠰᠡᠨ ᠴᠠᠭ᠄
2019-12-11
                                                      ᠵᠣᠬᠢᠶᠠᠭᠴᠢ᠄ ᠪᠦᠬᠡᠳᠡᠮᠦᠷ      ᠡᠷᠭᠢᠬᠦ ᠬᠤᠷᠸ᠎ᠠ ᠶᠠᠭᠠᠬᠢᠬᠤ ᠳᠠᠭᠠᠨ      ᠡᠷᠢᠶᠡᠨ ᠪᠠᠷᠠᠭᠠᠨ ᠪᠠᠶᠢᠲᠠᠭ ᠪᠤᠢ      ᠴᠠᠰᠤᠨ ᠳᠤ ᠠᠳᠠᠯᠢᠬᠠᠨ ᠭᠬᠢᠷ ᠦᠭᠡᠢ ᠠᠷᠢᠭᠤᠨ ᠪᠤᠯ      ᠶᠠᠭᠤᠲᠠᠢ ᠰᠠᠶᠢᠬᠠᠨ ᠪᠤᠢ      ᠬᠦᠮᠦᠨ ᠤ ᠰᠡᠳᠭᠢᠯ ᠶᠠᠭᠠᠬᠢᠬᠤ ᠳᠠᠭᠠᠨ      ᠠᠯᠠᠭ ᠲᠠᠢ ᠪᠤᠯᠠᠭ ᠲᠠᠢ ᠪᠠᠶᠢᠲᠠᠭ ᠪᠤᠢ      ᠴᠠᠰᠤᠨ ᠳᠤ ᠠᠲᠠᠯᠢᠬᠠᠨ ᠦ ᠦᠭᠡᠢ ᠴᠠᠭᠠᠨ ᠪᠤᠯ      ᠶᠠᠭᠤᠲᠠᠢ ᠰᠠᠶᠢᠬᠠᠨ ᠪᠤᠢ      ᠲᠡᠭᠷᠢ ᠶᠢᠨ ᠰᠠᠯᠬᠢ ᠶᠠᠭᠠᠬᠢᠬᠤ ᠳᠠᠭᠠᠨ      ᠲᠡᠭᠰᠢ ᠦᠭᠡᠢ ᠪᠠᠶᠢᠲᠠᠭ ᠪᠤᠢ      ᠴᠠᠰᠤᠨ ᠳᠤ ᠠᠳᠠᠯᠢᠬᠠᠨ ᠵᠢᠭᠲᠡ ᠲᠡᠩᠴᠡᠭᠦᠨ ᠪᠤᠯ      ᠶᠠᠭᠤᠲᠠᠢ ᠰᠠᠶᠢᠬᠠᠨ ᠪᠤᠢ      ᠠᠯᠠᠯᠲᠤᠭᠠᠨ ᠲᠤᠯᠤᠯᠲᠤᠭᠠᠨ ᠶᠠᠭᠠᠬᠢᠬᠤ ᠳᠠᠭᠠᠨ      ᠦᠷᠭᠦᠯᠵᠢᠯᠡᠵᠤ ᠰᠤᠨᠵᠢᠷᠠᠭᠠᠳ ᠪᠠᠶᠢᠲᠠᠭ ᠪᠤᠢ      ᠴᠠᠰᠤᠨ ᠳᠤ ᠠᠳᠠᠯᠢᠬᠠᠨ ᠠᠮᠤᠭᠤᠯᠠᠩ ᠲᠠᠶᠢᠪᠤᠩ ᠪᠤᠯ      ᠶᠠᠭᠤᠲᠠᠢ ᠰᠠᠶᠢᠬᠠᠨ ᠪᠤᠢ      ᠠᠲᠠᠭᠠᠷᠬᠠᠯ ᠵᠢᠲᠤᠭᠡᠷᠬᠡᠯ ᠶᠠᠭᠠᠬᠢᠬᠤ ᠳᠠᠭᠠᠨ      ᠦᠰᠢᠯ ᠡᠭᠦᠰᠭᠡᠭᠡᠳ ᠪᠠᠶᠢᠲᠠᠭ ᠪᠤᠢ      ᠴᠠᠰᠤᠨ ᠳᠤ ᠠᠳᠠᠯᠢᠬᠠᠨ ᠠᠭᠤᠲᠠᠮ ᠪᠠᠭᠲᠠᠭᠠᠮᠵᠢᠲᠠᠢ ᠪᠤᠯ      ᠶᠠᠭᠤᠲᠠᠢ ᠰᠠᠶᠢᠬᠠᠨ ᠪᠤᠢ      ᠤᠷᠴᠢᠨ ᠲᠤᠭᠤᠷᠢᠨ ᠶᠠᠭᠠᠬᠢᠬᠤ ᠳᠠᠭᠠᠨ      ᠲᠦᠴᠢᠭᠢᠨᠡᠵᠤ ᠨᠦᠵᠢᠭᠢᠨᠡᠭᠡᠳ ᠪᠠᠶᠢᠲᠠᠭ ᠪᠤᠢ      ᠴᠠᠰᠤᠨ ᠳᠤ ᠠᠳᠠᠯᠢᠬᠠᠨ ᠨᠠᠮ ᠵᠢᠮᠬᠡᠨ ᠪᠤᠯ      ᠶᠠᠭᠤᠲᠠᠢ ᠰᠠᠶᠢᠬᠠᠨ ᠪᠤᠢ      ᠬᠤᠤᠷᠲᠠᠨ ᠶᠤᠷᠤᠲᠠᠨ ᠤ ᠵᠢᠷᠤᠬᠡ ᠶᠠᠭᠠᠬᠢᠬᠤ ᠳᠠᠭᠠᠨ      ᠬᠦᠯᠲᠡᠭᠦᠦ ᠬᠦᠢᠲᠡᠨ ᠪᠠᠶᠢᠲᠠᠭ ᠪᠤᠢ      ᠴᠠᠰᠤᠨ ᠳᠤ ᠠᠳᠠᠯᠢᠬᠠᠨ ᠤᠶᠠᠷᠠᠮ᠎ᠠ ᠬᠠᠶᠢᠯᠤᠮ᠎ᠠ ᠪᠤᠯ      ᠶᠠᠭᠤᠲᠠᠢ ᠰᠠᠶᠢᠬᠠᠨ ᠪᠤᠢ      ᠪᠤᠰᠤᠭ᠎ᠠ ᠪᠤᠰᠤᠭ᠎ᠠ ᠬᠡᠦᠬᠡᠨᠴᠤᠳ ᠶᠠᠭᠠᠬᠢᠬᠤ ᠳᠠᠭᠠᠨ      ᠤᠩᠭᠤᠨ ᠴᠢᠨᠠᠷ ᠢᠶᠠᠨ ᠠᠯᠲᠠᠲᠠᠭ ᠪᠤᠢ      ᠴᠠᠰᠤᠨ ᠳᠤ ᠠᠲᠠᠯᠢᠬᠠᠨ ᠴᠤᠯᠤ ᠴᠡᠪᠡᠷᠬᠡᠨ ᠪᠤᠯ      ᠶᠠᠭᠤᠲᠠᠢ ᠰᠠᠶᠢᠬᠠᠨ ᠪᠤᠢ      ᠪᠦᠲᠦᠭᠦᠨ ᠪᠦᠲᠦᠭᠦᠨ ᠬᠦᠤᠴᠤᠤᠯ ᠶᠠᠭᠠᠬᠢᠬᠤ ᠳᠠᠭᠠᠨ      ᠤᠮᠤᠭ ᠰᠦᠷ ᠢᠶᠠᠨ ᠪᠠᠭᠤᠷᠠᠭᠤᠯᠲᠠᠭ ᠪᠤᠢ      ᠴᠠᠰᠤᠨ ᠳᠤ ᠠᠳᠠᠯᠢᠬᠠᠨ ᠭᠢᠯᠠᠯᠵᠠᠮ᠎ᠠ ᠰᠠᠴᠤᠷᠠᠮ᠎ᠠ ᠪᠤᠯ      ᠶᠠᠭᠤᠲᠠᠢ ᠰᠠᠶᠢᠬᠠᠨ ᠪᠤᠢ
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号