ᠬᠤᠷᠴᠢᠨ ᠮᠣᠩᠭᠤᠯᠴᠣᠳ ᠤᠨ ᠠᠪᠠ ᠶᠢᠨ ᠴᠡᠭᠡᠷ
ᠨᠡᠶᠢᠲᠡᠯᠡᠭᠰᠡᠨ ᠴᠠᠭ᠄
2019-10-22
     ᠴᠡᠭᠡᠷ ᠶᠤᠰᠤ ᠪᠤᠯ ᠪᠠᠯᠠᠷᠯᠢᠭ ᠦᠶ᠎ᠠ ᠶᠢᠨ ᠬᠦᠮᠤᠰ ᠤᠨ ᠶᠠᠮᠠᠷ ᠨᠢᠭᠡᠨ ᠠᠶᠤᠯ ᠭᠠᠮᠰᠢᠭ ᠠᠴᠠ ᠵᠠᠶᠢᠯᠠᠬᠤ ᠶᠢᠨ ᠲᠤᠰᠠᠳᠠ ᠦᠪᠡᠷ ᠤᠨ ᠦᠭᠡ ᠬᠡᠯᠠ᠂ ᠦᠢᠯᠡ ᠠᠵᠢᠯᠯᠠᠭ᠎ᠠ ᠪᠠᠨ ᠪᠠᠷᠢᠵᠤ ᠬᠢᠵᠠᠭᠠᠷᠯᠠᠬᠤ ᠨᠢᠭᠡᠨ ᠵᠦᠢᠯ ᠤᠨ ᠰᠢᠳᠤᠯᠭᠡ ᠪᠢᠰᠢᠷᠠᠯ ᠤᠨ ᠴᠢᠨᠠᠷᠳᠠᠢ ᠪᠤᠳᠤᠯ ᠰᠡᠳᠬᠢᠯᠭᠡ ᠪᠠ ᠵᠠᠩ ᠦᠢᠯᠡ ᠮᠦᠨ᠃ ᠬᠤᠷᠴᠢᠠ ᠮᠤᠩᠭᠤᠯᠴᠤᠳ ᠠᠡᠭ ᠠᠮᠢᠳᠠᠨ ᠢ ᠡᠭᠡ ᠪᠠᠶᠢᠭᠠᠯᠢ ᠶᠢᠨ ᠡᠵᠡᠠ ᠰᠠᠬᠢᠭᠤᠰᠤ᠂ ᠠᠭᠤᠯᠠ ᠬᠠᠶᠢᠷᠬᠠᠨ ᠤ ᠰᠢᠳᠤᠭᠡᠨ ᠳᠤ ᠬᠠᠷᠢᠶᠠᠯᠠᠬᠳᠠᠵᠤ ᠪᠠᠶᠢᠭ᠎ᠠ ᠵᠦᠢᠯ ᠬᠡᠵᠤ ᠦᠵᠡᠳᠡᠭ ᠠᠴᠠ ᠠᠡᠭ ᠠᠩᠨᠠᠯ ᠲᠠᠢ ᠬᠤᠯᠪᠤᠬᠳᠠᠬᠰᠠᠨ ᠮᠠᠰᠢ ᠤᠯᠠᠨ ᠴᠡᠭᠡᠷ ᠶᠤᠰᠤ ᠪᠤᠢ ᠪᠤᠯᠵᠠᠢ᠃ ᠠᠡᠭ ᠠᠩᠨᠠᠬᠤ ᠦᠶ᠎ᠠ ᠶᠢᠨ ᠴᠡᠭᠡᠷ ᠶᠤᠰᠤᠨ ᠬᠢᠭᠡᠳ ᠠᠡᠭ ᠠᠷᠢᠶᠠᠳᠠᠨ ᠲᠠᠢ ᠬᠤᠯᠪᠤᠬᠳᠠᠬᠰᠠᠨ ᠴᠡᠭᠡᠷ ᠤᠳ ᠲᠤᠩ ᠤᠯᠠᠨ ᠪᠠᠶᠢᠵᠤ᠂ ᠵᠠᠷᠢᠮ ᠠᠷᠢᠶᠠᠳᠠᠨ ᠠᠮᠢᠳᠠᠨ ᠢ ᠬᠠᠮᠠᠭᠠᠯᠠᠬᠤ ᠴᠢᠨᠠᠷ ᠲᠠᠢ ᠴᠡᠭᠡᠷ ᠨᠢ ᠬᠠᠤᠯᠢ ᠴᠠᠭᠠᠵᠠ ᠪᠠᠷ ᠴᠤ ᠤᠷᠤᠯᠠᠭᠤᠯᠵᠤ ᠲᠡᠶᠢᠯᠭᠦ ᠦᠭᠡᠢ ᠦᠢᠯᠡᠳᠤᠯ ᠦᠵᠡᠭᠦᠯᠦᠭᠰᠡᠨ ᠠᠴᠠ ᠮᠤᠩᠭᠤᠯ ᠴᠠᠭᠠᠵᠠ ᠪᠢᠴᠢᠭ ᠲᠤ ᠲᠡᠮᠳᠡᠭᠯᠡᠭᠳᠡᠨ ᠤᠷᠤᠬᠰᠠᠨ ᠪᠠᠶᠢᠨ᠎ᠠ᠃ ᠬᠤᠷᠴᠢᠠ ᠮᠤᠩᠭᠤᠯᠴᠤᠳ ᠠᠪᠠ ᠳᠤ ᠭᠠᠷᠬᠤ ᠠᠴᠠ ᠪᠠᠨ ᠡᠮᠤᠨ᠎ᠠ ︽ᠠᠪᠠᠯᠠᠨ᠎ᠠ᠂ ᠠᠩᠨᠠᠨ᠎ᠠ᠂ ᠠᠯᠠᠨ᠎ᠠ︾ ᠬᠡᠭᠦ ᠦᠭᠡ ᠶᠢ ᠴᠡᠭᠡᠷᠯᠡᠳᠡᠭ᠃ ᠠᠮᠠᠨ ᠠᠯᠳᠠᠰᠢ ᠨᠢ ᠪᠠᠶ᠎ᠠ ᠪᠠᠷ ᠦᠢᠯᠡᠳᠦᠭᠰᠡᠨ ᠨᠢᠭᠦᠯ ᠠᠴᠠ ᠲᠤᠳᠠᠭᠤ ᠦᠭᠡᠢ ᠬᠦᠨᠳᠤ ᠬᠡᠵᠤ ᠪᠤᠳᠤᠳᠠᠭ᠃ ᠠᠡᠭ ᠳᠤ ᠭᠠᠷᠬᠤ ᠦᠶ᠎ᠠ ᠳᠡᠭᠡᠨ ᠵᠠᠷᠢᠮ ᠠᠡᠭ ᠠᠮᠢᠳᠠᠨ ᠤ ᠨᠠᠷ᠎ᠠ ᠶᠢ ᠰᠢᠭᠤᠳ ᠬᠡᠯᠡᠭᠦ ᠶᠢ ᠴᠡᠭᠡᠷᠯᠨᠨ᠎ᠠ᠃ ᠪᠤᠭᠤ ᠶᠢ ︽ᠲᠤᠷᠤᠭ︾᠂ ᠭᠠᠭ᠋ᠠᠢ ᠶᠢ ︽ᠲᠦᠭᠳᠤᠭᠡᠷ︾᠂ ᠬᠠᠪᠳᠠᠭᠠᠢ ᠶᠢ ︽ᠬᠠᠪᠳᠠᠭᠠᠢ ᠡᠪᠡᠷᠳᠤ︾ ᠬᠡᠵᠤ ᠰᠢᠯᠵᠢᠭᠦᠯᠤᠨ ᠨᠡᠷᠡᠯᠡᠳᠡᠭ᠃ ᠢᠯᠠᠩᠭᠤᠶ᠎ᠠ ᠴᠢᠨ᠋ᠸ᠎ᠡ ᠶᠢ ᠦᠭᠡᠷ᠎ᠠ ᠨᠠᠷ᠎ᠠ ᠪᠠᠷ ᠨᠠᠷᠠᠯᠡᠳᠡᠭ ᠵᠠᠩᠰᠢᠯ ᠨᠠᠶᠢᠳᠠ ᠮᠤᠩᠭᠤᠯᠴᠤᠳ ᠤᠨ ᠲᠤᠮᠳᠠ ᠲᠦᠭᠡᠮᠠᠯ ᠪᠠᠶᠢᠳᠠᠭ᠃ ᠤᠷᠠᠳ ᠲᠤ ︽ᠬᠦᠳᠡᠭᠡᠯᠢ︾᠂ ᠤᠷᠳᠤᠰ ᠲᠤ ︽ᠮᠤᠳᠤᠨ ᠰᠡᠭᠦᠯᠳᠤ︾᠂ ︽ᠮᠠᠭᠤ ᠶᠤᠷᠳᠤ︾᠂ ᠴᠠᠬᠠᠷ ᠲᠤ ︽ᠬᠠᠮᠠᠭᠤᠳᠤ︾ ᠬᠡᠵᠤ ᠲᠠᠭᠤᠳᠠᠳᠠᠭ᠃ ᠬᠤᠷᠴᠢᠨ ᠳᠤ ︽ᠭᠡᠭᠡᠷ᠎ᠠ ᠶᠢᠨ ᠠᠮᠢᠳᠠᠨ︾᠂ ︽ᠶᠡᠭᠡ ᠠᠮᠠᠳᠤ︾᠂ ︽ᠭᠡᠭᠡᠷ᠎ᠠ ᠶᠢᠨ ᠠᠪᠤᠭᠠᠢ︾᠂ ︽ᠭᠡᠭᠡᠷ᠎ᠠ ᠶᠢᠨ ᠨᠤᠬᠠᠢ︾ ᠮᠠᠳᠤ ᠲᠠᠯᠳᠠ ᠤᠳᠬ᠎ᠠ ᠲᠠᠢ ᠦᠭᠡ ᠪᠠᠷ ᠴᠡᠭᠡᠷᠯᠠᠨ ᠨᠡᠷᠡᠯᠡᠳᠡᠭ᠃ ᠬᠤᠷᠴᠢᠨ ᠮᠤᠩᠭᠤᠯᠴᠤᠳ ᠪᠤᠯ ᠭᠠᠯ ᠤᠨ ᠲᠡᠷᠭᠡᠳᠠ ᠠᠪᠠ ᠳᠤ ᠭᠠᠷᠬᠤ ᠪᠠᠨ ᠬᠡᠯᠡᠯᠴᠡᠭᠦ ᠶᠢ ᠴᠡᠭᠡᠷᠯᠠᠨ᠎ᠠ᠃ ᠭᠠᠯ ᠤᠨ ᠡᠵᠡᠨ ᠢ ᠬᠤᠷᠳᠤᠨ ᠬᠤᠨᠭ᠍ᠰᠢᠶᠠᠷ ᠲᠠᠢ ᠬᠡᠳᠡᠭ ᠲᠤᠯᠠ ᠠᠪᠠ ᠳᠤ ᠭᠠᠷᠬᠤ ᠤᠴᠢᠷ ᠢ ᠠᠮᠠ ᠠᠯᠳᠠᠨ ᠪᠤᠰᠤᠳ ᠡᠵᠡᠳ ᠰᠠᠬᠢᠭᠤᠰᠤᠨ ᠤ ᠲᠡᠷᠭᠡᠳᠠ ᠬᠡᠯᠡᠪᠠᠯ ᠡᠵᠡᠳ ᠰᠠᠬᠢᠭᠤᠰᠤᠨ ᠠᠴᠠ ᠠᠡᠭ ᠠᠮᠢᠳᠠᠳ ᠢᠶᠠᠨ ᠤᠷᠢᠳᠴᠢᠯᠠᠨ ᠲᠤᠳᠠᠭᠠᠯᠭᠠᠬᠤ ᠶᠢ ᠪᠤᠯᠭᠤᠮᠵᠢᠯᠠᠬᠰᠠᠨ ᠰᠠᠨᠠᠭ᠎ᠠ ᠲᠠᠢ ᠶᠤᠮ᠃ ᠬᠤᠷᠴᠢᠠ ᠮᠤᠩᠭᠤᠯᠴᠤᠳ ᠠᠡᠭ ᠳᠤ ᠶᠠᠪᠤᠬᠤ ᠵᠠᠮ ᠳᠤᠨᠢ ᠵᠤᠷᠢᠬᠰᠠᠨ ᠠᠡᠭ ᠠᠴᠠ ᠦᠭᠡᠷ᠎ᠠ ᠠᠮᠢᠳᠠᠨ ᠲᠠᠭᠠᠷᠠᠯᠳᠤᠬᠤ ᠠᠴᠠ ᠴᠡᠭᠡᠷᠯᠠᠨ ᠰᠡᠵᠢᠭᠯᠡᠳᠡᠭ ᠪᠤᠶᠤ ᠵᠠᠷᠢᠮ ᠠᠮᠢᠳᠠᠨ ᠢ ᠠᠡᠭ ᠤᠨ ᠤᠯᠵᠠ ᠬᠡᠶᠢᠮᠤᠷᠢ ᠳᠤ ᠮᠠᠭᠤ ᠬᠡᠵᠤ ᠦᠵᠡᠳᠡᠭ᠃ ᠢᠯᠠᠩᠭᠤᠶ᠎ᠠ ᠦᠭᠡᠳᠠ ᠠᠴᠠ ᠨᠢ ᠠᠷᠬᠢᠷᠠᠨ ᠪᠠᠷᠬᠢᠷᠠᠵᠤ᠂ ᠬᠤᠴᠠᠵᠤ ᠤᠶᠢᠢᠯᠠᠬᠤ ᠶᠢ ᠨᠠᠩ ᠶᠡᠭᠡ ᠴᠡᠭᠡᠷᠯᠡᠳᠡᠭ᠃ ᠡᠭᠦᠨ ᠢ ᠶᠠᠮᠠᠷ ᠨᠢᠭᠡᠨ ᠠᠵᠠ ᠪᠤᠰᠤ ᠶᠢᠨ ᠲᠤᠬᠢᠶ᠎ᠠ ᠲᠡᠮᠳᠡᠭ ᠢᠶᠠᠷ ᠦᠵᠡᠳᠡᠭ᠃ ᠦᠨᠡᠭᠡ ᠲᠠᠢ ᠤᠴᠠᠷᠠᠬᠤ ᠪᠤᠶᠤ ᠦᠨᠡᠭᠡ ᠦᠭᠡᠳᠠ ᠠᠴᠠ ᠨᠢ ᠬᠤᠴᠠᠬᠤ᠂ ᠬᠡᠳᠡᠷ ᠬᠦᠷᠢᠨ ᠬᠤᠴᠠᠬᠤ ᠶᠢ ᠴᠡᠭᠡᠷᠯᠠᠨ ᠲᠡᠭᠦᠨ ᠢ ᠠᠯᠠᠵᠤ ᠴᠢᠳᠠᠬᠤ ᠦᠬᠡᠢ ᠪᠤᠯ ᠮᠠᠭᠤ ᠢᠷᠸ᠎ᠡ ᠬᠡᠵᠤ ᠶᠠᠬᠡᠳᠠ ᠲᠤᠷ᠎ᠠ ᠦᠭᠡᠶᠢᠴᠠᠨ ᠰᠡᠵᠢᠭᠯᠡᠳᠡᠭ᠃ ᠵᠠᠷᠢᠮ ᠳᠠᠭᠠᠨ ᠪᠦᠭᠡ ᠵᠠᠯᠠᠵᠤ ᠲᠤᠮ ᠲᠠᠷᠤᠯᠭ᠎ᠠ ᠬᠢᠯᠭᠡᠳᠡᠭ᠃ ᠬᠠᠷᠢᠨ ᠴᠢᠨ᠋ᠸ᠎ᠡ ᠲᠠᠭᠠᠷᠠᠯᠳᠤᠪᠠᠯ ᠰᠠᠶᠢᠨ ᠤ ᠲᠡᠮᠳᠡᠭ ᠲᠤᠬᠢᠶ᠎ᠠ ᠬᠡᠵᠤ ᠪᠡᠯᠭᠡᠰᠢᠶᠡᠳᠡᠭ᠃ ᠡᠨᠡ ᠨᠢ ᠲᠠᠷᠤᠢ ᠮᠤᠩᠭᠤᠯᠴᠤᠳ ᠴᠢᠨ᠋ᠸ᠎ᠡ ᠶᠢ ᠲᠤᠲ᠋ᠧᠮᠴᠢᠯᠠᠨ ᠰᠢᠳᠤᠳᠡᠭ ᠪᠤᠶᠤ ᠴᠢᠨ᠋ᠸ᠎ᠡ ᠶᠢᠨ ᠰᠦᠰᠤ ᠵᠤᠷᠢᠭ ᠢ ᠰᠢᠳᠤᠨ ᠪᠢᠰᠢᠷᠠᠳᠡᠭ ᠠᠴᠠ ᠪᠤᠯᠤᠬᠰᠠᠨ ᠨᠢ ᠮᠡᠳᠡᠭᠡᠵᠢ᠃ ᠬᠤᠷᠴᠢᠠ ᠮᠤᠩᠭᠤᠯᠴᠤᠳ ᠠᠡᠭ ᠠᠩᠨᠠᠬᠤ ᠲᠤᠮᠳᠠ ᠠᠡᠭ ᠠᠮᠢᠳᠠᠨ ᠤ ᠦᠨᠳᠤᠰᠤ ᠲᠠᠰᠤᠯᠬᠤ ᠦᠢᠯᠡ ᠶᠢ ᠶᠡᠭᠡ ᠴᠡᠭᠡᠷᠯᠠᠨ᠂ ᠠᠡᠭ ᠬᠦᠷᠦᠭᠡ ᠶᠢ ᠰᠦᠷᠦᠭ ᠰᠦᠷᠦᠭ ᠢᠶᠠᠷ ᠬᠢᠳᠤᠨ ᠠᠯᠠᠵᠤ ᠨᠢᠳᠤᠯᠬᠤ ᠦᠭᠡᠢ᠂ ᠡᠷ᠎ᠠ ᠡᠮ᠎ᠠ ᠬᠤᠤᠰ ᠢᠶᠠᠷ ᠪᠤᠶᠤ ᠭᠡᠭᠡᠯ ᠲᠠᠢ ᠠᠮᠢᠳᠠᠨ ᠂ ᠵᠤᠯᠵᠠᠭ᠎ᠠ ᠲᠠᠢ ᠠᠮᠢᠳᠠᠨ ᠢ ᠲᠠᠯᠪᠢᠵᠤ ᠶᠠᠪᠤᠭᠤᠯᠤᠨ᠎ᠠ᠃ ᠨᠢᠯᠬ᠎ᠠ ᠲᠦᠯ ᠢᠶᠠᠨ ᠲᠠᠭᠠᠭᠤᠯᠵᠤ ᠶᠠᠪᠤᠭ᠎ᠠ ᠬᠦᠬᠦᠬᠦᠯ ᠠᠮᠢᠳᠠᠨ ᠢ ᠦᠷᠭᠦᠭᠡᠵᠤ ᠬᠦᠭᠡᠭᠡᠭᠦ ᠶᠢ ᠴᠤ ᠴᠡᠭᠡᠷᠯᠡᠳᠡᠭ᠃ ᠵᠦᠷᠢᠴᠠᠪᠠᠯ ᠠᠡᠭ ᠬᠦᠷᠦᠭᠡᠨ ᠤ ᠲᠡᠭᠷᠢ ᠪᠤᠷᠤᠭᠤ ᠦᠵᠡᠨ᠎ᠠ᠂ ᠠᠷᠢᠶᠠᠳᠠᠨ ᠬᠦᠷᠦᠭᠡᠰᠤ ᠬᠤᠪᠤᠷᠳᠠᠨ᠎ᠠ ᠬᠡᠳᠡᠭ᠃ ᠠᠡᠭ ᠠᠩᠨᠠᠬᠤ ᠦᠶ᠎ᠠ ᠳᠤ ᠬᠤᠷᠢᠴᠠᠯᠳᠤᠵᠤ ᠪᠠᠶᠢᠭ᠎ᠠ ᠠᠮᠢᠳᠠᠨ ᠲᠤᠬᠢᠶᠠᠯᠳᠤᠪᠠᠯ ᠬᠠᠷᠪᠤᠨ ᠠᠯᠠᠬᠤ ᠶᠢ ᠴᠡᠭᠡᠷᠯᠨᠨ᠎ᠠ᠃ ᠤᠯᠠᠨ ᠡᠮ᠎ᠠ ᠬᠦᠷᠦᠭᠡᠰᠤᠨ ᠲᠤᠳᠤᠷ᠎ᠠ ᠶᠠᠪᠤᠭ᠎ᠠ ᠭᠠᠭᠴᠠ ᠡᠷ᠎ᠠ ᠬᠦᠷᠦᠭᠡᠰᠤ ᠶᠢ ᠬᠠᠷᠪᠤᠬᠤ ᠶᠢ ᠴᠡᠭᠡᠷᠯᠡᠨ᠎ᠠ᠃ ᠬᠦᠷᠦᠭᠡᠰᠤ ᠰᠤᠪᠠᠶᠢᠷᠡᠵᠤ ᠦᠰᠭᠦ ᠳᠤ ᠬᠠᠷᠰᠢ ᠪᠤᠯᠤᠨ᠎ᠠ ᠬᠡᠳᠡᠭ᠃ ᠠᠮᠢᠳᠠᠨ ᠤ ᠦᠰᠤ ᠨᠤᠤᠰᠤ ᠨᠢ ᠤᠷᠭᠤᠵᠤ ᠬᠦᠢᠴᠡᠭᠡᠳᠤᠢ ᠪᠤᠶᠤ ᠠᠮᠢᠳᠠᠨ ᠤ ᠲᠦᠷᠦᠵᠤ ᠦᠷᠡᠵᠢᠭᠦ ᠴᠠᠭ ᠲᠤᠨᠢ ᠶᠡᠭᠡᠪᠠᠷ ᠠᠩᠨᠠᠨ ᠠᠯᠠᠬᠤ ᠶᠢ ᠴᠡᠭᠡᠷᠯᠡᠳᠡᠭ᠃ ᠪᠤᠭᠤ ᠶᠢ ᠤᠴᠢᠷ ᠵᠦᠭ ᠦᠭᠡᠢ ᠠᠯᠠᠬᠤ ᠶᠢ ᠴᠡᠭᠡᠷᠯᠠᠨ᠎ᠠ᠂ ︽ᠨᠢᠭᠦᠯᠳᠤ ᠬᠠᠷ᠎ᠠ ᠬᠦᠷᠦᠭᠡᠴᠢᠨ︾ ᠬᠡᠵᠤ ᠬᠠᠷᠢᠶᠠᠬᠳᠠᠨ᠎ᠠ᠃ ᠰᠢᠷᠬᠠᠳᠤᠵᠤ ᠪᠡᠷᠳᠡᠭᠰᠡᠨ᠂ ᠡᠪᠡᠳᠴᠢᠨ ᠵᠤᠪᠠᠯᠠᠩ ᠳᠤ ᠲᠠᠯᠴᠢᠯᠠᠵᠤ ᠪᠠᠶᠢᠭ᠎ᠠ ᠦᠭᠦᠭᠦ ᠪᠠᠨ ᠬᠦᠯᠢᠶᠡᠭᠡ ᠬᠦᠷᠤᠭᠡᠰᠤ ᠶᠢ ᠠᠯᠠᠬᠤ ᠦᠭᠡᠢ᠂ ᠠᠯᠠᠪᠠᠯ ᠨᠢᠭᠦᠯ ᠪᠤᠯᠤᠨ᠎ᠠ ᠬᠡᠵᠤ ᠠᠪᠤᠷᠠᠨ ᠲᠡᠳᠭᠦᠭᠦ ᠴᠤ ᠪᠤᠢ᠃ ᠰᠦᠷᠦᠭ ᠤᠨ ᠲᠦᠷᠦᠭᠦᠨ ᠳᠤ ᠶᠠᠪᠤᠭ᠎ᠠ ᠬᠦᠷᠦᠭᠡᠰᠤ ᠶᠢ ᠠᠩᠨᠠᠬᠤ ᠦᠭᠡᠢ᠂ ᠬᠦᠷᠦᠭᠡᠰᠤ ᠭᠤᠷᠪᠠ ᠠᠴᠠ ᠲᠡᠭᠡᠭᠰᠢ ᠪᠤᠯ ᠨᠢᠭᠡ ᠰᠦᠷᠦᠭ ᠲᠤ ᠲᠤᠭᠠᠴᠠᠬᠳᠠᠨ᠎ᠠ᠃ ᠬᠡᠷᠪᠠ ᠭᠤᠷᠪᠠᠨ ᠬᠦᠷᠦᠭᠡᠰᠤ ᠲᠠᠭᠠᠷᠠᠪᠠᠯ ᠬᠤᠶᠠᠷ ᠢ ᠨᠢ ᠬᠠᠷᠪᠤᠵᠤ ᠨᠢᠭᠡ ᠶᠢ ᠨᠢ ᠦᠯᠡᠳᠡᠭᠡᠨ᠎ᠠ᠃ ᠢᠴᠡᠭᠡᠯᠡᠭᠰᠡᠨ ᠠᠮᠢᠳᠠᠨ ᠢ ᠠᠯᠠᠬᠤ ᠪᠤᠶᠤ ᠦᠷᠭᠦᠭᠡᠵᠤ ᠰᠤᠴᠢᠭᠠᠬᠤ ᠶᠢ ᠴᠡᠭᠡᠷᠯᠡᠨ᠎ᠠ᠂ ᠢᠴᠡᠭᠡ ᠪᠠᠶᠢᠷᠢ ᠶᠢ ᠨᠢ ᠡᠪᠳᠡᠭᠦ ᠶᠢ ᠴᠤ ᠴᠡᠭᠡᠷᠯᠡᠨ᠎ᠠ᠂ ᠡᠰᠠ ᠲᠡᠭᠡᠪᠠᠯ ᠠᠡᠭ ᠤᠨ ᠤᠯᠵᠠ ᠬᠡᠶᠢᠮᠤᠷᠢ ᠮᠠᠭᠤᠳᠠᠨ᠎ᠠ ᠬᠡᠳᠡᠭ᠃ ᠲᠡᠭᠡᠳᠠᠢ ᠬᠦᠮᠤᠨ ᠨᠢ ᠨᠠᠰᠤ ᠪᠠᠷᠠᠪᠠᠯ 49 ᠠᠴᠠ 100 ᠬᠤᠨᠤᠭ ᠲᠤᠳᠤᠷ᠎ᠠ ᠠᠡᠭ ᠠᠩᠨᠠᠬᠤ ᠶᠢ ᠴᠡᠭᠡᠷᠯᠡᠳᠡᠭ᠂ ᠠᠡᠭ ᠬᠦᠷᠦᠭᠡ ᠬᠢᠪᠠᠯ ᠬᠤᠶᠢᠨ᠎ᠠ ᠠᠴᠠ ᠨᠢ ᠬᠦᠮᠤᠨ ᠲᠠᠭᠠᠵᠤ ᠦᠭᠦᠭᠦ ᠤᠴᠢᠷ ᠭᠠᠷᠤᠨ᠎ᠠ ᠬᠡᠳᠡᠭ᠃ ᠮᠤᠩᠭᠤᠯᠴᠤᠳ ᠰᠠᠷ᠎ᠠ ᠪᠦᠷᠢ ᠶᠢᠨ 8᠂ 15᠂ 30 ᠤ ᠡᠳᠤᠷ ᠢ ᠭᠤᠷᠪᠠᠨ ᠮᠠᠴᠠᠭ ᠡᠳᠤᠷ ᠬᠡᠵᠤ ᠠᠡᠭ ᠠᠩᠨᠠᠬᠤ ᠶᠢ ᠴᠡᠭᠡᠷᠯᠡᠨ᠎ᠠ᠃ 30 ᠤ ᠡᠳᠦᠷ ᠰᠠᠷᠠ ᠦᠵᠡᠭᠳᠡᠭᠦ ᠦᠭᠡᠢ᠂ ᠡᠨᠡ ᠡᠳᠤᠷ ᠠᠮᠢ ᠲᠠᠰᠤᠯᠪᠠᠯ ᠮᠠᠯ ᠴᠢᠯᠠᠵᠤ ᠬᠤᠳᠠ ᠬᠠᠷᠡᠩᠭᠤᠢ ᠪᠤᠯᠬᠤ᠂ ᠤᠭ ᠲᠠᠰᠤᠷᠠᠵᠤ ᠦᠨᠳᠤᠰᠤ ᠬᠠᠷᠠᠯᠠᠨ᠎ᠠ ᠬᠡᠵᠤ ᠨᠤᠮᠯᠠᠳᠠᠭ᠃ 8 ᠤ ᠡᠳᠦᠷ ᠰᠠᠷᠠ ᠬᠠᠭᠠᠰ ᠦᠵᠡᠭᠳᠡᠨ᠎ᠠ᠃ ᠡᠨᠡ ᠡᠳᠤᠷ ᠠᠮᠢ ᠲᠠᠰᠤᠯᠪᠠᠯ ᠨᠠᠰᠤᠨ ᠲᠤᠮᠳᠠ ᠡᠮ᠎ᠠ ᠠᠴᠠ ᠪᠠᠨ ᠰᠠᠯᠵᠤ᠂ ᠵᠠᠮ ᠤᠨ ᠲᠤᠮᠳᠠ ᠮᠤᠷᠢᠨ ᠠᠴᠠ ᠪᠠᠨ ᠰᠠᠯᠵᠤ ᠶᠡᠭᠡ ᠵᠤᠪᠠᠯᠠᠩ ᠦᠵᠡᠨ᠎ᠠ ᠬᠡᠵᠤ ᠨᠤᠮᠯᠠᠳᠠᠭ ᠃ 15 ᠤ ᠡᠳᠦᠷ ᠰᠠᠷᠠ ᠲᠦᠭᠦᠷᠢᠭ ᠦᠵᠡᠭᠳᠡᠨ᠎ᠠ᠃ ᠲᠤᠰ ᠡᠳᠤᠷ ᠠᠮᠢ ᠲᠠᠰᠤᠯᠪᠠᠯ᠂ ᠭᠡᠭᠡᠨ ᠬᠡᠷᠡᠯ ᠲᠠᠢ ᠶᠢᠷᠳᠢᠨᠴᠤ ᠶᠢᠨ ᠰᠠᠶᠢᠬᠠᠨ ᠠᠮᠢᠳᠤᠷᠠᠯ ᠠᠴᠠ ᠰᠠᠯᠵᠤ ᠬᠠᠷᠠᠩᠭᠤᠢ ᠬᠠᠷ᠎ᠠ ᠲᠠᠮᠤ ᠳᠤ ᠤᠨᠠᠳᠠᠭ ᠬᠡᠵᠤ ᠨᠤᠮᠯᠠᠳᠠᠭ ᠪᠠᠶᠢᠨ᠎ᠠ᠃ ᠵᠤᠯᠠ ᠰᠠᠷ᠎ᠠ ᠶᠢᠨ ᠬᠤᠷᠢᠨ ᠲᠠᠪᠤᠨ ᠳᠤ ᠠᠡᠭ ᠬᠦᠷᠦᠭᠡ ᠬᠢᠬᠦ ᠶᠢ ᠴᠡᠭᠡᠷᠯᠡᠨ᠎ᠠ᠃ ᠪᠤᠶᠠᠨ ᠦᠢᠯᠡᠳᠭᠦ ᠳᠤ ᠮᠠᠰᠢ ᠰᠠᠶᠢᠨ ᠡᠳᠤᠷ ᠲᠤᠯᠠ ᠡᠨᠡ ᠡᠳᠤᠷ ᠬᠠᠳᠠᠭᠤ ᠦᠢᠯᠡ ᠦᠢᠯᠡᠳᠪᠠᠰᠤ ᠨᠢᠭᠦᠯ ᠪᠤᠯᠤᠨ᠎ᠠ ᠬᠡᠳᠡᠭ᠃ ᠬᠤᠷᠴᠢᠠ ᠮᠤᠩᠭᠤᠯᠴᠤᠳ ᠤᠨ ᠠᠪᠠ ᠶᠢᠨ ᠦᠢᠯᠡ ᠳᠤ ᠨᠤᠮᠤ ᠰᠤᠮᠤ᠂ ᠪᠢᠯᠠᠭᠤ᠂ ᠬᠠᠪᠬ᠎ᠠ ᠵᠡᠷᠭᠡ ᠪᠠᠭᠠᠵᠢ ᠵᠡᠪᠰᠡᠭ ᠢ ᠬᠡᠷᠡᠭᠯᠡᠵᠤ ᠪᠠᠶᠢᠬᠰᠠᠨ ᠠᠴᠠ ᠭᠠᠳᠠᠨ᠎ᠠ ᠮᠤᠷᠢ᠂ ᠨᠤᠬᠠᠢ᠂ ᠰᠢᠪᠠᠭᠤ ᠮᠠᠳᠤ ᠶᠢᠨ ᠠᠮᠢᠳᠠᠨ ᠢ ᠴᠤ ᠠᠰᠢᠬᠯᠠᠵᠤ ᠪᠠᠶᠢᠪᠠ᠃ ᠬᠤᠷᠴᠢᠨ ᠠᠩᠨᠠᠯ ᠤᠨ ᠴᠡᠭᠡᠷ ᠶᠤᠰᠤᠨ ᠳᠤ ᠪᠠᠭᠠᠵᠢ ᠵᠡᠪᠰᠡᠭ ᠲᠠᠢ ᠬᠤᠯᠪᠤᠬᠳᠠᠬᠰᠠᠨ ᠴᠡᠭᠡᠷᠯᠠᠯ ᠶᠤᠰᠤᠨ ᠴᠤ ᠦᠯᠠᠮᠵᠢ ᠪᠠᠶᠢᠳᠠᠭ᠃ ᠲᠤᠬᠠᠶᠢᠢᠯᠠᠪᠠᠯ᠄ ᠬᠤᠷᠴᠢᠨᠴᠤᠳ ᠠᠪᠠ ᠳᠤ ᠭᠠᠷᠬᠤ ᠠᠴᠠ ᠪᠠᠨ ᠡᠮᠤᠨ᠎ᠠ ᠠᠮᠢᠳᠠᠨ ᠤ ᠴᠢᠰᠤ ᠶᠢ ᠫᠤᠤ ᠶᠢᠨ ᠠᠮᠠ᠂ ᠪᠢᠯᠠᠭᠤ ᠶᠢᠨ ᠬᠤᠨᠭ᠍ᠰᠢᠶᠠᠷ᠂ ᠰᠢᠳᠠᠮ ᠤᠨ ᠡᠰᠢᠨ᠂ ᠦᠭᠡᠰᠢᠨ ᠤ ᠬᠢᠴᠠᠨ ᠳᠤ ᠲᠦᠷᠬᠢᠵᠤ ᠠᠮᠢᠯᠠᠨ᠎ᠠ᠃ ᠠᠮᠢᠯᠠᠬᠰᠠᠨ ᠠᠪᠠ ᠶᠢᠨ ᠵᠡᠪᠰᠡᠭ ᠤᠳ ᠢᠶᠠᠨ ᠠᠳᠠ ᠲᠡᠨᠳᠠ ᠬᠠᠶᠠᠵᠤ ᠬᠦᠮᠤᠨ ᠬᠠᠷ᠎ᠠ ᠪᠠᠷ ᠠᠯᠬᠤᠵᠤ ᠬᠢᠰᠬᠢᠭᠦᠯᠭᠦ ᠪᠤᠶᠤ ᠮᠤᠤᠷ ᠨᠤᠬᠠᠢ ᠪᠠᠷ ᠰᠢᠩᠰᠢᠭᠦᠯᠭᠦ ᠶᠢ ᠤᠨᠴᠠ ᠴᠡᠭᠡᠷᠯᠠᠨ᠎ᠠ᠃ ᠪᠢᠯᠠᠭᠤ ᠰᠦᠢᠷᠠᠵᠤ ᠭᠠᠨᠵᠤᠭᠠᠯᠠᠬᠤ ᠳᠠᠭᠠᠨ ᠲᠤᠯᠤᠭᠠᠢ ᠶᠢ ᠨᠢ ᠲᠤᠷᠤᠬᠰᠢ ᠬᠠᠨᠳᠤᠭᠤᠯᠬᠤ ᠶᠢ ᠴᠡᠭᠡᠷᠯᠡᠳᠡᠭ᠃ ᠪᠢᠯᠠᠭᠤ ᠪᠠᠷᠢᠬᠤ ᠪᠤᠶᠤ ᠰᠦᠢᠷᠠᠵᠤ ᠠᠶᠢᠯ ᠳᠤ ᠤᠷᠤᠬᠤ ᠶᠢ ᠴᠡᠭᠡᠷᠯᠠᠨ᠎ᠠ᠃ ᠬᠡᠷᠪᠠ ᠰᠠᠨᠠᠮᠰᠠᠷ ᠦᠭᠡᠢ ᠪᠠᠷᠢᠭᠠᠳ ᠤᠷᠤᠴᠢᠬᠠᠬᠰᠠᠨ ᠪᠤᠯ ᠲᠠᠷᠤᠯᠭ᠎ᠠ ᠪᠤᠯᠭᠠᠬᠤ ᠪᠠᠷ ᠪᠠᠷᠢᠭᠤᠯ ᠠᠴᠠ ᠨᠢ ᠵᠢᠭᠠᠬᠠᠨ ᠵᠤᠷᠭᠤᠨ ᠠᠪᠴᠤ ᠭᠠᠯ ᠳᠤ ᠰᠢᠳᠠᠭᠠᠨ᠎ᠠ᠃ ᠫᠤᠤ ᠰᠠᠭᠠᠳᠠᠭ ᠡᠭᠦᠷᠴᠤ ᠠᠶᠢᠯ ᠳᠤ ᠤᠷᠤᠬᠤ ᠳᠤ ᠴᠡᠭᠡᠷᠯᠠᠨ᠎ᠠ᠃ ᠠᠡᠭ ᠬᠦᠷᠦᠭᠡ ᠬᠢᠵᠤ ᠶᠠᠪᠤᠬᠰᠠᠨ ᠪᠤᠶᠤ ᠪᠤᠰᠤᠳ ᠤᠴᠢᠷ ᠢᠶᠠᠷ ᠫᠤᠤ ᠰᠠᠭᠠᠳᠠᠭ ᠡᠭᠦᠷᠴᠤ ᠶᠠᠪᠤᠬᠰᠠᠨ ᠬᠦᠮᠤᠨ ᠠᠶᠢᠯ ᠳᠤ ᠤᠴᠢᠪᠠᠯ ᠡᠭᠦᠷᠦᠭᠰᠡᠨ ᠫᠤᠤ ᠪᠠᠨ ᠠᠶᠢᠯ ᠤᠨ ᠭᠠᠳᠠᠨ᠎ᠠ ᠲᠠᠯᠪᠢᠭᠠᠳ ᠤᠷᠤᠳᠠᠭ᠃ ᠡᠨᠡ ᠨᠢ ᠠᠶᠢᠯ ᠤᠨ ᠠᠬᠠᠰ ᠵᠠᠬᠠᠰ ᠢ ᠬᠦᠨᠳᠤᠳᠭᠡᠵᠤ ᠪᠠᠶᠢᠭ᠎ᠠ ᠤᠴᠢᠷ ᠪᠤᠯᠤᠨ᠎ᠠ᠃ ᠬᠡᠷᠪᠠ ᠵᠠᠪᠠᠯ ᠭᠡᠷ ᠲᠤ ᠠᠪᠴᠤ ᠤᠷᠤᠬᠤ ᠴᠢᠬᠤᠯᠠᠳᠠᠢ ᠪᠤᠯ ᠫᠤᠤ ᠪᠠᠨ ᠬᠤᠨᠳᠠᠭ᠎ᠠ ᠪᠠᠷ ᠨᠢ ᠠᠪᠴᠤ ᠤᠷᠤᠭᠠᠳ ᠭᠡᠷ ᠤᠨ ᠪᠠᠷᠠᠭᠤᠨ ᠡᠮᠤᠨ᠎ᠠ ᠬᠠᠶᠠᠭᠠᠨ ᠳᠤ ᠲᠠᠯᠪᠢᠵᠤ ᠰᠠᠭᠤᠳᠠᠭ ᠶᠤᠰᠤ ᠲᠠᠢ᠃ ᠫᠤᠤ ᠶᠢᠨ ᠠᠮᠠ ᠶᠢ ᠬᠦᠮᠤᠨ ᠪᠤᠶᠤ ᠨᠤᠬᠠᠢ ᠮᠤᠷᠢᠨ ᠤ ᠪᠠᠨ ᠵᠦᠭ ᠬᠠᠨᠳᠤᠭᠤᠯᠬᠤ ᠶᠢ ᠴᠡᠭᠡᠷᠯᠡᠳᠡᠭ᠃ ᠠᠡᠭ ᠬᠢᠬᠦ ᠳᠤ ᠭᠠᠯ ᠤᠨ ᠰᠢᠯᠡᠭᠡᠪᠤᠷ᠂ ᠠᠴᠠ ᠮᠤᠳᠤ᠂ ᠰᠠᠪᠠᠷ᠂ ᠰᠦᠭᠡ ᠠᠪᠴᠤ ᠶᠠᠪᠤᠬᠤ ᠶᠢ ᠴᠡᠭᠡᠷᠯᠠᠨ᠎ᠠ᠃ ᠬᠤᠷᠴᠢᠠ ᠮᠤᠩᠭᠤᠯᠴᠤᠳ ᠠᠡᠭ ᠤᠨ ᠤᠯᠵᠠ ᠪᠠᠨ ᠴᠤ ᠲᠤᠳᠤᠷᠬᠠᠢ ᠴᠡᠭᠡᠷᠯᠠᠯ ᠲᠦᠷᠢᠮ᠂ ᠡᠷᠬᠢᠮ ᠬᠦᠨᠳᠤᠳᠭᠡᠯ ᠢᠶᠠᠷ ᠬᠡᠷᠡᠭᠯᠡᠳᠡᠭ ᠵᠠᠩᠰᠢᠯ ᠲᠠᠢ᠃ ᠠᠩᠨᠠᠨ ᠠᠯᠠᠬᠰᠠᠨ ᠠᠮᠢᠳᠠᠨ ᠤ ᠬᠦᠵᠡᠭᠡ ᠪᠠᠷ ᠬᠠᠳᠠ ᠴᠢᠯᠠᠭᠤ ᠴᠤᠬᠢᠬᠤ ᠪᠠ ᠦᠯᠢᠶᠠᠨ ᠬᠠᠳᠠᠭᠠᠬᠤ ᠶᠢ ᠴᠡᠭᠡᠷᠯᠡᠳᠡᠭ᠃ ᠠᠡᠭ ᠤᠨ ᠮᠢᠬ᠎ᠠ ᠴᠢᠨᠠᠵᠤ ᠪᠠᠶᠢᠬᠤ ᠳᠤ ᠱᠦᠯᠤ ᠨᠢ ᠪᠠᠭᠠᠳᠠᠪᠠᠯ ᠰᠢᠭᠤᠳ ᠤᠰᠤ ᠨᠡᠮᠡᠭᠦ ᠶᠢ ᠴᠡᠭᠡᠷᠯᠠᠨ᠂ ᠬᠠᠷᠢᠨ ᠤᠰᠤᠨ ᠲᠤᠳᠤᠷ᠎ᠠ ᠪᠠᠨ ᠱᠦᠯᠤ ᠠᠴᠠ ᠨᠢ ᠪᠠᠭ᠎ᠠ ᠲᠤᠰᠤᠭᠠᠴᠢᠬᠠᠭᠠᠳ ᠤᠰᠤ ᠪᠠᠨ ᠨᠡᠮᠡᠳᠡᠭ ᠵᠠᠩᠰᠢᠯ ᠪᠤᠢ᠃ ᠬᠤᠷᠴᠢᠠ ᠮᠤᠩᠭᠤᠯᠴᠤᠳ ᠠᠪᠠ ᠶᠢᠨ ᠲᠡᠭᠦᠰᠭᠡᠯ ᠳᠤ ᠭᠠᠨᠵᠤᠭ᠎ᠠ ᠬᠤᠪᠢᠶᠠᠬᠤ ᠶᠤᠰᠤᠯᠠᠯ ᠦᠢᠯᠡᠳᠴᠤ᠂ ᠤᠯᠵᠠ ᠬᠤᠪᠢᠶᠠᠬᠤ ᠳᠠᠭᠠᠨ ᠮᠠᠰᠢ ᠤᠯᠠᠨ ᠬᠡᠷᠡᠭ ᠤᠴᠢᠷ ᠢ ᠴᠡᠭᠡᠷᠯᠡᠳᠡᠭ᠃ ᠠᠡᠭ ᠬᠦᠷᠦᠭᠡᠯᠭᠡ ᠪᠦᠷᠢᠮᠤᠰᠤᠨ ᠲᠠᠭᠤᠰᠴᠤ ᠠᠪᠠ ᠬᠤᠷᠢᠶᠠᠬᠰᠠᠨ ᠤ ᠲᠠᠷᠠᠭ᠎ᠠ ᠭᠠᠨᠵᠤᠭ᠎ᠠ ᠬᠤᠪᠢᠶᠠᠳᠠᠭ᠃ ᠠᠡᠭ ᠲᠠᠭᠤᠰᠬᠤ ᠠᠴᠠ ᠡᠮᠤᠨ᠎ᠠ ᠬᠡᠨ ᠴᠤ ᠠᠡᠭ ᠤᠨ ᠤᠯᠵᠠ ᠭᠠᠨᠵᠤᠭ᠎ᠠ ᠶᠢ ᠭᠠᠭᠴᠠᠭᠠᠷ ᠦᠮᠴᠢᠯᠡᠭᠦ ᠶᠢ ᠲᠠᠰᠤ ᠴᠡᠭᠡᠷᠯᠡᠳᠡᠭ᠃ ᠠᠡᠭ ᠠᠩᠨᠠᠵᠤ ᠠᠯᠠᠬᠰᠠᠨ ᠬᠦᠮᠤᠨ ᠠᠴᠠ ᠪᠤᠰᠤᠳ ᠠᠩᠴᠢᠨ ᠠᠩᠨᠠᠬᠰᠠᠨ ᠠᠷᠢᠶᠠᠳᠠᠨ ᠤ ᠵᠦᠯᠳᠤ᠂ ᠠᠷᠠᠰᠤ ᠶᠢ ᠨᠢ ᠠᠪᠬᠤ ᠶᠢ ᠴᠡᠭᠡᠷᠯᠠᠵᠤ᠂ ᠬᠠᠷᠢᠨ ᠠᠩᠨᠠᠬᠰᠠᠨ ᠬᠦᠮᠤᠨ ᠵᠦᠯᠳᠤ᠂ ᠠᠷᠠᠰᠤ ᠶᠢ ᠨᠢ ᠠᠪᠤᠬᠰᠨᠨ ᠤ ᠲᠠᠷᠠᠭ᠎ᠠ ᠪᠤᠰᠤᠳ ᠠᠩᠴᠢᠨ ᠦᠪᠡᠷᠰᠡᠳ ᠤᠨ ᠢᠶᠠᠨ ᠬᠢᠳᠤᠭ᠎ᠠ ᠪᠠᠨ ᠭᠠᠷᠭᠠᠵᠤ ᠠᠯᠢ ᠠᠮᠵᠢᠬᠰᠠᠨ ᠢᠶᠠᠷ ᠢᠶᠠᠨ ᠠᠷᠢᠶᠠᠳᠠᠨ ᠤ ᠮᠢᠬ᠎ᠠ ᠠᠴᠠ ᠨᠢ ᠤᠬᠳᠤᠴᠢᠨ ᠠᠪᠳᠠᠭ᠃ ᠤᠳᠤᠬᠠᠨ ᠳᠤ ᠴᠤ ᠮᠤᠩᠭᠤᠯᠴᠤᠳ ᠤᠨ ᠵᠠᠩᠰᠢᠯ ᠳᠤ ᠮᠠᠯ ᠨᠢᠳᠤᠯᠤᠬᠰᠠᠨ ᠬᠦᠮᠤᠨ ᠳᠤ ᠭᠤᠤᠯ ᠮᠢᠬ᠎ᠠ᠂ ᠵᠢᠷᠦᠭᠡ ᠠᠭᠤᠰᠬᠢ ᠠᠴᠠ ᠵᠠᠪᠠᠯ ᠦᠭᠳᠡᠭ ᠶᠤᠰᠤ ᠨᠢ ᠡᠷᠳᠡᠨ ᠤ ᠠᠡᠭ ᠤᠨ ᠭᠠᠨᠵᠤᠭ᠎ᠠ ᠬᠤᠪᠢᠶᠠᠬᠤ ᠶᠤᠰᠤᠨ ᠠᠴᠠ ᠤᠯᠠᠮᠵᠢᠯᠠᠵᠤ ᠢᠷᠡᠭᠰᠡᠨ ᠪᠠᠶᠢᠬ᠎ᠠ᠃ ᠲᠡᠷᠠᠴᠢᠯᠠᠨ ᠮᠤᠩᠭᠤᠯᠴᠤᠳ ᠤᠨ ᠮᠠᠯ ᠤᠨ ᠮᠢᠬ᠎ᠠ ᠶᠢ ᠬᠡᠷᠡᠭᠯᠡᠭᠦ ᠪᠠ ᠢᠳᠡᠭᠦ ᠶᠤᠰᠤᠨ ᠳᠠᠬᠢ ᠨᠠᠷᠢᠨ ᠬᠤᠪᠢᠶᠠᠷᠢᠯᠠᠯ᠂ ᠴᠡᠭᠡᠷ ᠶᠤᠰᠤᠨ ᠨᠢ ᠴᠤ ᠠᠡᠭ ᠤᠨ ᠭᠠᠨᠵᠤᠭ᠎ᠠ ᠬᠤᠪᠢᠶᠠᠬᠤ ᠡᠷᠳᠡᠨ ᠤ ᠵᠠᠩᠰᠢᠯ ᠠᠴᠠ ᠤᠯᠠᠮᠵᠢᠯᠠᠬᠳᠠᠵᠤ ᠢᠷᠡᠭᠰᠡᠨ ᠨᠢ ᠮᠡᠳᠡᠭᠡᠵᠢ᠃ ᠲᠤᠬᠠᠶᠢᠢᠯᠠᠪᠠᠯ᠂ ᠬᠤᠷᠴᠢᠨ ᠮᠤᠩᠭᠤᠯᠴᠤᠳ ᠤᠨ ᠬᠠᠮᠤᠭ ᠬᠦᠨᠳᠤᠳᠠᠢ ᠵᠤᠭᠤᠭ ᠨᠢ ᠬᠤᠨᠢᠨ ᠲᠤᠯᠤᠭᠠᠢ ᠪᠠᠶᠢᠵᠤ᠂ ᠴᠢᠨᠠᠬᠰᠠᠨ ᠲᠤᠯᠤᠭᠠᠢ ᠶᠢᠨ ᠲᠤᠤᠷᠠᠳᠤ ᠡᠷᠡᠤ ᠶᠢ ᠤᠷᠢᠳᠴᠢᠯᠠᠨ ᠰᠠᠯᠭᠠᠵᠤ ᠭᠡᠷ ᠤᠨ ᠠᠬᠠᠮᠠᠳ ᠨᠠᠰᠤᠳᠠᠨ ᠪᠤᠶᠤ ᠬᠦᠨᠳᠤᠳᠤ ᠵᠤᠴᠢᠨ ᠳᠤ ᠪᠠᠷᠢᠬᠤ ᠳᠠᠭᠠᠨ ᠬᠤᠰᠢᠭᠤ ᠶᠢ ᠨᠢ ᠲᠡᠭᠦᠨ ᠤᠷᠤᠭᠤ ᠬᠠᠨᠳᠤᠭᠤᠯᠵᠤ ᠦᠭᠳᠡᠭ ᠶᠤᠰᠤᠳᠠᠢ᠃ ᠠᠩᠴᠢᠨ ᠬᠦᠮᠤᠨ ᠠᠡᠭ ᠤᠨ ᠭᠠᠨᠵᠤᠭ᠎ᠠ ᠬᠤᠪᠢᠶᠠᠬᠤ ᠳᠠᠭᠠᠨ ᠬᠠᠷᠠᠮᠨᠠᠬᠤ ᠶᠢ ᠴᠡᠭᠡᠷᠯᠡᠨ᠎ᠠ᠃ ᠠᠡᠭ ᠬᠦᠷᠦᠭᠡ ᠠᠷᠢᠶᠠᠳᠠᠨ ᠠᠮᠢᠳᠠᠨ ᠪᠤᠯ ᠲᠡᠭᠷᠢ ᠰᠠᠬᠢᠭᠤᠯᠰᠤᠨ ᠤ ᠬᠦᠷᠦᠩᠭᠡ ᠮᠦᠨ᠃ ᠠᠩᠴᠢᠨ ᠠᠡᠭ ᠤᠨ ᠭᠠᠨᠵᠤᠭ᠎ᠠ ᠤᠯᠤᠬᠰᠠᠨ ᠶᠠᠪᠤᠳᠠᠯ ᠨᠢ ᠲᠡᠭᠷᠢ ᠠᠴᠠ ᠰᠤᠶᠤᠷᠬᠠᠬᠰᠠᠨ ︽ᠬᠡᠰᠢᠭ︾ ᠬᠡᠵᠤ ᠦᠵᠡᠳᠡᠭ ᠪᠠᠶᠢᠬᠰᠠᠨ ᠢᠶᠠᠷ ᠡᠨᠡ ᠬᠡᠰᠢᠭ ᠢ ᠠᠡᠭ ᠳᠤ ᠤᠷᠤᠯᠴᠠᠬᠰᠠᠨ᠂ ᠵᠠᠮ ᠳᠤ ᠲᠠᠭᠠᠷᠠᠯᠳᠤᠬᠰᠠᠨ ᠬᠦᠮᠤᠨ ᠪᠦᠬᠦᠨ᠂ ᠠᠶᠢᠯ ᠰᠠᠭᠠᠬᠠᠯᠳᠠ ᠶᠢᠨ ᠬᠢᠨ ᠴᠦᠮ ᠬᠦᠷᠳᠡᠭᠦ ᠶᠤᠰᠤ ᠲᠠᠢ᠃ ᠬᠤᠷᠴᠢᠠ ᠮᠤᠩᠭᠤᠯᠴᠤᠳ ᠤᠨ ᠠᠪᠠ ᠶᠢᠨ ᠠᠮᠢᠳᠤᠷᠠᠯ ᠤᠨ ᠶᠠᠪᠤᠴᠠ ᠳᠠᠬᠢ ᠴᠡᠭᠡᠷ ᠶᠤᠰᠤᠨ ᠠᠴᠠ ᠪᠢᠳᠠ ᠲᠠᠳᠠᠨ ᠤ ᠪᠠᠶᠢᠭᠠᠯᠢ ᠤᠷᠴᠢᠨ ᠤ ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ᠂ ᠠᠡᠭ ᠬᠦᠷᠦᠭᠡᠨ ᠤ ᠡᠬᠢ ᠰᠤᠷᠪᠤᠯᠵᠢ ᠪᠠ ᠬᠤᠪᠤᠷ ᠴᠤᠬᠠᠭ ᠠᠷᠢᠶᠠᠳᠠᠨ ᠠᠮᠢᠳᠠᠨ ᠤ ᠦᠷ᠎ᠠ ᠦᠨᠳᠤᠰᠤ ᠶᠢ ᠵᠠᠯᠭᠠᠭᠤᠯᠵᠤ ᠬᠦᠭᠵᠢᠭᠦᠯᠭᠦ ᠲᠠᠯ᠎ᠠ ᠪᠠᠷ ᠠᠩᠬᠠᠷᠤᠬᠰᠠᠨ ᠮᠤᠩᠭᠤᠯᠴᠤᠳ ᠤᠨ ᠠᠮᠢ ᠠᠬᠤᠢ ᠶᠢᠨ ᠰᠤᠶᠤᠯ ᠤᠨ ᠰᠢᠯᠢᠳᠡᠭ ᠤᠯᠠᠮᠵᠢᠯᠠᠯ ᠪᠠᠶᠢᠵᠤ᠂ ᠬᠦᠮᠤᠨ ᠲᠦᠷᠦᠯᠬᠢᠳᠠᠨ ᠤ ᠠᠮᠢ ᠠᠬᠤᠢ ᠶᠢᠨ ᠬᠠᠮᠠᠭᠠᠯᠠᠯᠳᠠ ᠳᠤ ᠪᠤᠳᠠᠳᠤ ᠦᠢᠯᠡᠳᠤᠯ ᠢᠶᠠᠨ ᠨᠡᠮᠡᠷᠢᠯᠡᠭᠰᠡᠨ ᠬᠡᠳᠡᠭ ᠢ ᠤᠶᠢᠢᠯᠠᠭᠠᠨ ᠲᠡᠨᠢᠨ᠎ᠠ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号