ᠬᠦᠯᠦᠭ ᠤᠨ ᠨᠢᠷᠤᠭᠤᠨ ᠳᠤ | ᠦᠰᠴᠦ ᠦᠰᠦᠭᠡᠢ ᠰᠤᠨᠵᠤ ᠶᠠᠪᠤᠬᠤ ᠳᠤ | ᠡᠬᠡ ᠨᠤᠲᠤᠭ ᠮᠢᠨᠢ ᠨᠠᠳᠠ ᠳᠤ | ᠪᠤᠰᠤᠭ᠎ᠠ ᠬᠡᠯᠡ ᠰᠤᠶᠤᠷᠬᠠᠭᠰᠠᠨ ᠶᠤᠮ | ᠪᠤᠰᠤᠳ ᠠᠴᠠ ᠤᠨᠴᠠ ᠰᠠᠶᠢᠬᠠᠨ | ᠢᠷᠠᠭᠤ ᠬᠡᠯᠡ ᠲᠠᠢ ᠲᠦᠷᠦᠭᠰᠡᠨ ᠪᠤᠯᠬᠤᠷ | ᠪᠤᠰᠤᠳ ᠤᠨ ᠳᠤᠮᠳᠠ ᠪᠢ | ᠮᠤᠩᠭᠤᠯ ᠭᠡᠵᠦ ᠤᠮᠤᠭᠰᠢᠵᠤ ᠶᠠᠪᠤᠭᠰᠠᠨ ᠶᠤᠮ ᠡ | ᠡᠬᠡ ᠶᠢᠨ ᠰᠦ ᠶᠢ ᠬᠦᠬᠦᠵᠦ | ᠡᠷ᠎ᠡ ᠶᠢᠨ ᠴᠡᠭᠡᠯ ᠳᠤ ᠬᠦᠷᠬᠦ ᠳᠤ | ᠡᠬᠡ ᠬᠡᠯᠡᠨ ᠤ ᠪᠠᠨ ᠭᠠᠶᠢᠬᠠᠮᠰᠢᠭ ᠢᠶᠠᠷ | ᠬᠡᠶᠢᠮᠤᠷᠢ ᠪᠤᠰᠤᠭ᠎ᠠ ᠶᠠᠪᠤᠭᠰᠠᠨ ᠶᠤᠮ | ᠶᠢᠷᠳᠢᠨᠴᠦ ᠶᠢᠨ ᠡ᠊ᠩᠨᠡᠭᠡᠨ ᠳᠤ | ᠮᠤᠩᠭᠤᠯ ᠭᠡᠵᠦ ᠨᠡᠷ᠎ᠡ ᠪᠠᠨ ᠡᠷᠭᠦᠵᠦ ᠶᠠᠪᠤᠬᠤ ᠳᠠᠭᠠᠨ | ᠡᠬᠡ ᠬᠡᠯᠡ ᠠᠴᠠ ᠪᠠᠨ ᠪᠢ ᠬᠡᠵᠢᠶᠡᠳᠡ | ᠰᠠᠯᠵᠤ ᠴᠢᠳᠠᠬᠤ ᠦᠭᠡᠢ ᠨᠢ ᠦᠨᠡᠨ ᠡ | ᠬᠦᠢ ᠶᠢ ᠮᠢᠨᠢ ᠳᠠᠷᠤᠭᠰᠠᠨ | ᠲᠤᠯᠭ᠎ᠠ ᠶᠢᠨ ᠭᠤᠷᠪᠠᠨ ᠴᠢᠯᠠᠭᠤ ᠠᠴᠠ | ᠬᠦᠷᠦᠰᠦᠲᠦ ᠳᠡᠯᠡᠬᠡᠢ ᠳᠤ ᠪᠢ | ᠮᠤᠩᠭᠤᠯ ᠨᠡᠷ᠎ᠡ ᠶᠢ ᠬᠦᠷᠲᠡᠭᠰᠡᠨ ᠶᠤᠮ | ᠬᠦᠮᠦᠵᠢᠭᠦᠯᠵᠦ ᠦᠰᠭᠡᠭᠰᠡᠨ ᠡᠬᠡ ᠶᠢᠨ ᠠᠴᠢ ᠶᠢ | ᠮᠠᠷᠲᠠᠵᠤ ᠴᠢᠳᠠᠬᠤ ᠦᠭᠡᠢ ᠰᠢᠭ ᠢᠶᠠᠷ | ᠬᠡᠵᠢᠶᠡᠳᠡ ᠪᠢ ᠡᠬᠡ ᠬᠡᠯᠡ ᠪᠠᠨ | ᠮᠠᠷᠲᠠᠵᠤ ᠴᠢᠳᠠᠬᠤ ᠦᠭᠡᠢ ᠨᠢ ᠦᠨᠡᠨ ᠡ | ᠭᠠᠯᠪᠠ ᠶᠢ ᠳᠤᠷᠭᠢᠭᠤᠯᠤᠭᠰᠠᠨ | ᠮᠤᠩᠭᠤᠯ ᠮᠤᠷᠢᠨ ᠤ ᠨᠢᠷᠤᠭᠤᠨ ᠳᠡᠭᠡᠷ᠎ᠡ ᠠᠴᠠ | ᠭᠠᠯ ᠤᠨ ᠰᠤᠷ ᠰᠢᠬ ᠡᠬᠡ ᠬᠡᠯᠡ ᠮᠢᠨᠢ | ᠤᠤᠬᠠᠶᠢᠯᠠᠨ ᠮᠠᠨᠳᠤᠭᠰᠠᠨ ᠶᠤᠮ | ᠭᠠᠷᠴᠠᠭ᠎ᠠ ᠦᠭᠡᠢ ᠪᠢ | ᠮᠤᠩᠭᠤᠯ ᠬᠦᠮᠦᠨ ᠪᠤᠯᠵᠤ ᠲᠦᠷᠦᠭᠰᠡᠨ ᠤ ᠬᠤᠪᠢ ᠠᠴᠠ | ᠭᠠᠭᠴᠠᠬᠠᠨ ᠪᠤᠰᠤᠭ᠎ᠠ ᠡᠬᠡ ᠬᠡᠯᠡ ᠪᠠᠨ | ᠬᠡᠵᠢᠶᠡᠳᠡ ᠮᠠᠷᠳᠠᠵᠤ ᠴᠢᠳᠠᠬᠤ ᠦᠭᠡᠢ ᠨᠢ ᠦᠨᠡᠨ ᠡ︕ |