ᠠᠮᠤᠭᠤᠯᠠᠩ ᠬᠦᠬᠡ ᠲᠡᠭᠷᠢ ᠳᠡᠭᠡᠨ ᠡᠷᠭᠡᠯᠡᠵᠦ ᠤᠷᠭᠤᠭᠰᠠᠨ | ᠤᠮᠤᠭᠯᠠᠩ ᠬᠦᠭᠯᠡᠭᠡᠷ ᠠᠭᠤᠯᠠᠰ ᠢᠶᠠᠨ ᠳᠠᠭᠤᠷᠢᠶᠠᠵᠤ | ᠭᠠᠵᠠᠷ ᠤᠨ ᠦᠨᠳᠦᠰᠦᠨ ᠠᠴᠠ ᠪᠤᠰᠤᠭ᠎ᠠ ᠤᠷᠭᠤᠭ᠎ᠠ ᠮᠢᠨᠢ | ᠦᠯᠢᠭᠡᠷ ᠡᠬᠢᠯᠡᠬᠦ ᠡᠷᠬᠡ ᠴᠢᠯᠦᠭᠡ | ᠭᠡᠷᠡᠯ ᠲᠠᠮᠤᠭᠰᠠᠨ ᠪᠤᠳᠤᠯ ᠮᠢᠨᠢ ᠴᠢᠮ᠎ᠠ ᠤᠷᠤᠭᠤ | ᠨᠡᠭᠦᠳᠡᠯ ᠤᠨ ᠬᠠᠰᠠᠭ ᠲᠠᠢ ᠴᠦᠷᠭᠡᠯᠡᠨᠡᠮ | ᠤᠰᠤᠨ ᠤ ᠲᠠᠶᠢᠪᠤᠰᠢᠷᠠᠯ ᠵᠡᠯᠡᠯᠡᠨ ᠤᠯᠠᠷᠢᠯ ᠠᠴᠢᠵᠤ ᠨᠠᠭᠤᠷ ᠰᠦᠯᠡᠭᠰᠡᠨ | ᠤᠷᠠᠨ ᠬᠤᠨ ᠤ ᠵᠢᠭᠦᠷ ᠳᠠᠯᠢ ᠳᠡᠭᠡᠷ᠎ᠡ ᠵᠡᠭᠦᠷᠮᠡᠭᠯᠡᠵᠦ | ᠲᠡᠭᠷᠢ ᠪᠠᠷᠠᠯᠠᠨ ᠬᠡᠪᠲᠡᠭᠡ ᠮᠢᠨᠢ | ᠴᠡᠩᠭᠡᠷ ᠦᠩᠭᠡᠨ ᠳᠤ ᠴᠢᠨᠢ ᠰᠢᠩᠭᠡᠬᠦ ᠡᠷᠬᠡ ᠴᠢᠯᠦᠭᠡ | ᠦᠯᠡᠮᠵᠢ ᠶᠢᠨ ᠭᠡᠭᠡᠨ ᠮᠦᠷᠦᠭᠡᠳᠦᠯ ᠮᠢᠨᠢ ᠨᠠᠪᠴᠢᠯᠠᠨ | ᠦᠵᠡᠰᠭᠦᠯᠡᠩ ᠴᠡᠴᠡᠭ ᠳᠡᠯᠭᠡᠷᠡᠨᠡᠮ | ᠡᠪᠡᠰᠦᠨ ᠤ ᠰᠤᠷᠭᠤᠭ ᠦᠨᠦᠷ ᠢ ᠲᠤᠲᠤᠭᠰᠢ ᠪᠠᠨ ᠠᠮᠢᠰᠬᠤᠯᠯᠠᠨ | ᠦᠨᠦᠷ ᠢᠯᠳᠠᠮ ᠴᠡᠴᠡᠭᠡᠰ ᠤᠨ ᠳᠡᠯᠪᠡᠭᠡᠨ ᠳᠤ ᠤᠶᠠᠩᠭᠠᠷᠠᠵᠤ | ᠠᠮᠠᠷᠠᠭ ᠴᠠᠭᠠᠨ ᠪᠤᠷᠤᠭ᠎ᠠ ᠪᠤᠯᠤᠨ ᠠᠰᠬᠠᠷᠠᠭᠠ ᠮᠢᠨᠢ | ᠬᠠᠶᠢᠷ᠎ᠠ ᠪᠤᠴᠠᠯᠬᠤ ᠡᠷᠬᠡ ᠴᠢᠯᠦᠭᠡ | ᠰᠤᠯᠤᠩᠭᠠᠨ ᠬᠠᠶ᠋ᠢᠭ ᠲᠠᠢ ᠵᠢᠷᠦᠬᠡ ᠮᠢᠨᠢ ᠵᠢᠭᠦᠷᠯᠡᠨ ᠰᠠᠨᠰᠠᠷ ᠳᠡᠭᠡᠷ᠎ᠡ ᠠᠰᠠᠨᠠᠮ | ᠰᠠᠯᠬᠢᠨ ᠳᠤ ᠨᠡᠭᠦᠭᠦ ᠰᠠᠶᠢᠷ ᠤᠨ ᠡᠯᠡᠰᠦ ᠰᠢᠭ | ᠴᠠᠭ ᠬᠤᠭᠤᠴᠠᠭ᠎ᠠ ᠰᠡᠮᠡᠷᠡᠵᠦ ᠤᠯᠠᠷᠢᠨ | ᠰᠢᠷᠬᠡᠭ ᠦᠰᠦᠨ ᠤ ᠪᠠᠨ ᠴᠠᠭᠠᠨ ᠬᠢᠷᠠᠭᠤ ᠤᠷᠤᠭᠤ ᠵᠢᠮ ᠲᠠᠭᠤᠴᠢᠵᠤ | ᠰᠠᠵᠢᠯᠠᠵᠤ ᠪᠤᠷᠤᠯᠠᠨ ᠭᠠᠩᠬᠤᠭ᠎ᠠ ᠮᠢᠨᠢ | ᠰᠠᠶᠢᠬᠠᠨ ᠴᠢᠮ᠎ᠠ ᠪᠠᠷ ᠢᠶᠠᠨ ᠬᠠᠷᠠᠳᠠᠭᠤᠯᠬᠤ ᠡᠷᠬᠡ ᠴᠢᠯᠦᠭᠡ | ᠰᠠᠨᠠᠭᠠᠨ ᠤ ᠡᠭᠡᠷᠡᠮ᠎ᠡ ᠲᠠᠯ᠎ᠠ ᠮᠢᠨᠢ ᠰᠡᠭᠯᠡᠷᠡᠳᠡᠭ ᠦᠭᠡᠢ ᠬᠦᠬᠡᠷᠡᠨ ᠬᠠᠨᠠᠭᠠᠷᠠᠨᠠᠮ | ᠭᠤᠷᠤᠬᠠᠨ ᠤ ᠳᠠᠭᠤ ᠨᠠᠮ ᠤᠶᠠᠩᠭᠠᠷᠠᠵᠤ ᠬᠤᠷᠸ᠎ᠠ ᠬᠦᠭᠵᠢᠮᠯᠡᠨ | ᠭᠡᠭᠡᠨ ᠰᠠᠷᠠᠨ ᠤ ᠮᠦᠩᠭᠦᠨ ᠲᠤᠶᠠᠭ᠎ᠠ ᠶᠢ ᠬᠦᠯᠬᠦᠵᠦ | ᠡᠮᠡᠭᠡᠯ ᠳᠡᠷᠡᠯᠡᠨ ᠲᠠᠮᠰᠢᠶᠠᠯᠠᠭᠠ ᠮᠢᠨᠢ | ᠡᠷᠭᠡᠰ ᠭᠠᠷᠠᠭ ᠢ ᠬᠡᠯᠬᠢᠨ ᠤᠶᠠᠩᠭ᠎ᠠ ᠨᠠᠶᠢᠷᠠᠬᠤ ᠡᠷᠬᠡ ᠴᠢᠯᠦᠭᠡ | ᠰᠦ ᠬᠠᠩᠬᠤᠯᠤᠭᠰᠠᠨ ᠭᠡᠭᠡᠯᠭᠡᠨ ᠨᠠᠶᠢᠷᠠᠭ ᠤᠨ ᠮᠢᠨᠢ ᠮᠦᠷ ᠢᠶᠠᠷ | ᠡᠬᠡ ᠤᠷᠤᠨ ᠰᠡᠷᠡᠨᠡᠮ | ᠳᠤᠷᠤᠨᠠᠲᠦ ᠶᠢᠨ ᠴᠡᠩᠭᠡᠷᠭᠡᠨ ᠠᠶᠠᠯᠭᠤᠨ ᠪᠤᠲᠠᠩ ᠦᠯᠳᠡᠨ ᠠᠰᠬᠠᠷᠠᠨ | ᠲᠤᠤᠯᠢ ᠶᠢᠨ ᠪᠠᠭᠠᠲᠤᠷ ᠳᠠᠬᠢᠵᠤ ᠲᠦᠷᠦᠬᠦ ᠰᠢᠭ ᠲᠡᠭᠷᠢ ᠴᠡᠯᠮᠡᠵᠦ | ᠴᠡᠭᠡᠵᠢᠨ ᠬᠦᠨ ᠶᠢᠷᠲᠢᠨᠴᠦ ᠡᠷᠭᠢᠯᠳᠦᠭᠡ ᠮᠢᠨᠢ | ᠴᠢᠮ᠎ᠠ ᠳᠠᠭᠠᠨ ᠳᠤᠷᠠᠯᠠᠬᠤ ᠡᠷᠬᠡ ᠴᠢᠯᠦᠭᠡ | ᠴᠢᠩ ᠬᠠᠶᠢᠷ᠎ᠠ ᠶᠢᠨ ᠮᠢᠨᠢ ᠲᠤᠷᠭᠠᠨ ᠮᠠᠨᠳᠠᠯ ᠳᠤ | ᠭᠡᠷᠡᠯᠲᠦ ᠰᠢᠪᠠᠭᠤᠳ ᠨᠢᠰᠦᠯᠳᠦᠨᠡᠮ | ᠵᠠᠳᠠᠭᠠᠢ ᠰᠠᠯᠬᠢᠨ ᠤ ᠠᠭᠠᠰᠢ ᠶᠢ ᠨᠤᠮ ᠤᠨ ᠤᠳᠬ᠎ᠠ ᠪᠠᠷ ᠡᠷᠭᠡᠭᠡᠨ | ᠤᠨ ᠵᠢᠯ ᠢ ᠪᠤᠳᠤᠭᠯᠠᠭᠰᠠᠨ ᠨᠠᠪᠴᠢᠰ ᠤᠨ ᠰᠤᠳᠠᠯ ᠳᠤ ᠪᠢᠰᠢᠯᠭᠠᠵᠤ | ᠵᠠᠯᠪᠠᠷᠢᠭᠰᠠᠨ ᠪᠤᠷᠬᠠᠨ ᠤ ᠭᠡᠭᠡᠨ ᠠᠶᠠᠯᠭᠤᠨ ᠰᠢᠯᠦᠭ ᠲᠤ ᠪᠠᠭᠤᠭ᠎ᠠ ᠮᠢᠨᠢ | ᠡᠵᠢ ᠳᠡᠭᠡᠨ ᠡᠷᠭᠡᠯᠡᠬᠦ ᠡᠷᠬᠡ ᠴᠢᠯᠦᠭᠡ | ᠠᠯᠲᠠᠨ ᠴᠠᠳᠢᠭ ᠲᠠᠭᠠᠨ ᠰᠢᠵᠢᠷ ᠭᠡᠷᠡᠯ ᠨᠡᠮᠡᠨ | ᠲᠠᠨ ᠤ ᠪᠠᠨ ᠡᠯᠢᠭᠡᠨ ᠳᠤ ᠨᠢᠯᠬᠠᠷᠠᠨᠠᠮ | ᠬᠦᠢ ᠶᠢ ᠮᠢᠨᠢ ᠳᠠᠷᠤᠭᠰᠠᠨ ᠴᠢᠯᠠᠭᠤᠳ ᠲᠠᠭᠠᠨ ᠰᠦᠨᠡᠰᠦ ᠪᠠᠨ ᠠᠷᠭᠠᠮᠵᠢᠨ | ᠬᠠᠷᠠᠴᠠᠨ ᠳᠤᠲᠤᠷ᠎ᠠ ᠪᠠᠨ ᠤᠳᠤ ᠳᠦᠬᠡᠬᠡᠵᠦ | ᠬᠠᠭᠠᠨ ᠤ ᠲᠠᠮᠠᠭ᠎ᠠ ᠰᠢᠬ ᠰᠢᠳᠤᠷᠭᠤ ᠶᠠᠪᠤᠭ᠎ᠠ ᠮᠢᠨᠢ | ᠬᠡᠵᠢᠶᠡᠲᠡ ᠮᠢᠨᠤ ᠴᠢᠮ᠎ᠠ ᠠᠴᠠ ᠪᠠᠨ ᠤᠷᠪᠠᠳᠠᠭ ᠦᠭᠡᠢ ᠡᠷᠬᠡ ᠴᠢᠯᠦᠭᠡ | ᠬᠤᠮᠢᠭᠰᠠᠨ ᠠᠯᠠᠭᠠᠨ ᠠᠴᠠ ᠲᠤᠲᠤᠭᠰᠢ ᠪᠠᠨ ᠤᠷᠭᠤᠵᠤ ᠨᠤᠲᠤᠭ ᠲᠡᠯᠡᠨᠡᠮ | ᠴᠠᠭᠯᠠᠰᠢ ᠦᠭᠡᠢ ᠵᠢᠷᠭᠠᠯ ᠤᠨ ᠮᠡᠳᠡᠷᠡᠮᠵᠢ ᠶᠢ ᠬᠡᠯᠳᠡᠰ ᠲᠡᠭᠡᠨ ᠨᠢᠭᠤᠴᠠᠯᠠᠭᠰᠠᠨ | ᠴᠠᠰᠤᠨ ᠤ ᠴᠠᠭᠠᠨ ᠠᠷᠠᠨᠰᠢᠨ ᠬᠠᠶᠢᠵᠤ | ᠦᠷᠦᠭᠡᠯ ᠦᠩᠭᠡᠨ ᠳᠤ ᠬᠠᠭᠤᠷᠲᠠᠬᠤ ᠦᠭᠡᠢ ᠪᠠᠷ | ᠤᠷᠴᠢᠯᠠᠩ ᠢ ᠲᠤᠭᠤᠯᠤᠭ᠎ᠠ ᠮᠢᠨᠢ | ᠠᠮᠢ ᠨᠠᠰᠤ ᠪᠠᠨ ᠦᠬᠦᠯ ᠳᠤ ᠦᠨᠡᠨᠴᠢ ᠪᠠᠷ ᠬᠦᠷᠭᠡᠬᠦ ᠡᠷᠬᠡ ᠴᠢᠯᠦᠭᠡ | ᠦᠨᠡᠨ ᠤ ᠲᠡᠭᠷᠢ ᠳᠤ ᠰᠢᠳᠢᠲᠦ ᠬᠡᠯᠡ ᠪᠠᠷ ᠡᠬᠡ ᠤᠷᠤᠨ ᠮᠢᠨᠢ ᠳᠠᠭᠤᠯᠠᠨᠠᠮ | ᠭᠡᠷᠡᠯ ᠤᠷᠭᠤᠨ᠂ ᠠᠭᠤᠯᠠᠰ ᠬᠦᠭᠯᠡᠨ᠂ ᠰᠢᠪᠠᠭᠤᠳ ᠵᠢᠷᠬᠢᠨ ᠁ | ᠬᠢᠵᠠᠭᠠᠷ ᠦᠭᠡᠢ ᠡᠷᠬᠡ ᠴᠢᠯᠦᠭᠡ ᠳᠤ ᠰᠡᠳᠬᠢᠯ ᠤᠨ ᠬᠢᠵᠠᠭᠠᠷ ᠢᠶᠠᠷ ᠨᠡᠪᠲᠡᠷᠡᠵᠦ | ᠡᠬᠡ ᠤᠷᠤᠨ ᠲᠠᠢ ᠪᠠᠨ ᠰᠦᠨᠡᠰᠦ ᠤᠶᠤᠨ ᠢᠶᠠᠷ ᠠᠭᠤᠰᠤᠯᠴᠠᠭ᠎ᠠ ᠮᠢᠨᠢ | ᠬᠡᠨ ᠴᠦ ᠠᠲᠠᠭᠠᠷᠬᠠᠵᠤ ᠡᠰᠡ ᠴᠢᠳᠠᠳᠠᠭ ᠮᠢᠨᠤ ᠰᠤᠩᠭᠤᠳᠠᠭ ᠡᠷᠬᠡ ᠴᠢᠯᠦᠭᠡ | ᠦᠪᠡᠷ ᠢ ᠮᠢᠨᠢ ᠳᠠᠯᠠᠯᠬᠤ ᠬᠢᠵᠠᠭᠠᠷᠭᠦᠢ ᠦᠭᠡ ᠰᠢᠯᠦᠭ | ᠡᠬᠡ ᠤᠷᠤᠨ ᠳᠤ ᠮᠢᠨᠢ ᠯᠡ ᠪᠠᠶᠢᠨᠠᠮ | | |