— ᠮᠣᠩᠭᠤᠯ ᠶᠣᠰᠣ ᠵᠠᠩᠰᠢᠯ ᠢᠶᠠᠨ ᠲᠡᠭᠡᠳᠦᠯᠡᠬᠦᠢ | ᠠᠶᠢᠯ ᠭᠡᠷ ᠤᠨ ᠭᠠᠯ ᠭᠤᠯᠣᠮᠲᠠ᠂ ᠦᠷ᠎ᠡ ᠦᠨᠳᠦᠰᠦ ᠵᠠᠯᠭᠠᠮᠵᠢᠯᠠᠬᠤ ᠬᠡᠦᠬᠡᠳ ᠲᠥᠷᠥᠬᠦ ᠶᠢ ᠮᠣᠩᠭᠤᠯᠴᠤᠳ | ︽ᠬᠥᠮᠥᠨ ᠵᠠᠶᠠᠭᠠᠪᠠᠯ ᠬᠦᠨᠡᠰᠦ ᠵᠠᠶᠠᠭᠠᠨ᠎ᠠ︾ ᠬᠡᠮᠡᠨ ᠶᠡᠬᠡᠳᠡ ᠪᠡᠯᠭᠡᠰᠢᠶᠡᠨ ᠭᠡᠷ ᠪᠦᠯᠢ ᠶᠢᠨ ᠠᠮᠢᠳᠤᠷᠠᠯ ᠳᠤ | ᠲᠣᠬᠢᠶᠠᠯᠳᠤᠭᠰᠠᠨ ᠣᠨᠴᠠᠭᠠᠢ ᠲᠡᠮᠳᠡᠭᠯᠡᠯᠲᠦ ᠦᠢᠯᠡ ᠶᠠᠪᠤᠳᠠᠯ ᠪᠣᠯᠭᠠᠨ ᠶᠤᠰᠣᠯᠠᠳᠠᠭ ᠪᠥᠭᠡᠳ ᠲᠡᠭᠦᠨ ᠢ | ᠬᠡᠦᠬᠡᠳ ᠤᠨ ᠤᠬᠢᠶᠠᠯᠭ᠎ᠠ ᠭᠡᠵᠦ ᠨᠡᠷᠡᠯᠡᠳᠡᠭ᠃ | ᠬᠡᠦᠬᠡᠳ ᠤᠬᠢᠶᠠᠬᠤ ᠶᠣᠰᠣᠯᠠᠯ ᠪᠣᠯ ᠡᠷᠳᠡᠨᠢᠲᠦ ᠬᠥᠮᠥᠨ ᠤ ᠪᠡᠶ᠎ᠡ ᠶᠢ ᠣᠯᠵᠤ ᠣᠷᠴᠢᠯᠠᠩ ᠳᠡᠭᠡᠷ᠎ᠡ | ᠲᠥᠷᠥᠭᠰᠡᠨ ᠭᠡᠷ ᠪᠦᠯᠢ ᠶᠢᠨ ᠰᠢᠨ᠎ᠡ ᠭᠡᠰᠢᠭᠦᠨ᠂ ᠲᠥᠷᠥ ᠤᠯᠤᠰ ᠤᠨ ᠢᠶᠠᠨ ᠪᠢᠴᠢᠬᠠᠨ ᠢᠷᠭᠡᠨ ᠢ ᠡᠴᠢᠭᠡ᠂ ᠡᠬᠡ ᠨᠢ | ᠠᠬ᠎ᠠ ᠳᠡᠭᠦᠦ ᠲᠥᠷᠥᠯ ᠰᠠᠳᠤᠨ᠂ ᠲᠠᠨᠢᠯ ᠳᠣᠲᠣᠨᠣ ᠨᠥᠬᠦᠳ ᠤᠨ ᠢᠶᠠᠨ ᠬᠠᠮᠲᠤ ᠪᠠᠷ ᠬᠦᠨᠳᠦᠳᠬᠡᠨ ᠬᠦᠯᠢᠶᠡᠨ | ᠠᠪᠴᠤ ᠤᠨᠠᠭᠰᠠᠨ ᠭᠠᠵᠠᠷ ᠤᠨ ᠬᠢ ᠨᠢ ᠰᠢᠮᠡᠲᠦ ᠤᠰᠤ ᠪᠠᠷ ᠤᠭᠢᠶᠠᠨ ᠠᠮᠢᠳᠤᠷᠠᠯ ᠤᠨ ᠲᠤᠷᠰᠢ ᠳᠠᠭᠤᠳᠠᠭᠤᠯᠬᠤ | ᠨᠡᠷ᠎ᠡ ᠶᠢ ᠨᠢ ᠥᠭᠴᠦ ᠪᠤᠢ ᠶᠣᠰᠣᠯᠠᠯ ᠶᠤᠮ᠃ ᠬᠡᠦᠬᠡᠳ ᠤᠨ ᠤᠬᠢᠶᠠᠯᠭ᠎ᠠ ᠶᠢᠨ ᠶᠣᠰᠣᠯᠠᠯ ᠢ ᠦᠢᠯᠡᠳᠬᠦ ᠳᠡᠭᠡᠨ | ᠬᠠᠭᠤᠴᠢᠨ ᠤ ᠤᠯᠠᠮᠵᠢᠯᠠᠯ ᠶᠣᠰᠣ ᠪᠠᠷ ᠪᠣᠯ ᠲᠥᠷᠥᠭᠰᠡᠨ ᠠᠴᠠ ᠬᠤᠶᠢᠰᠢ 6 — 7 ᠬᠤᠨᠣᠭᠠᠳ ᠲᠥᠷᠥᠯ | ᠰᠠᠳᠤᠨ ᠤ ᠪᠠᠨ ᠬᠦᠷᠢᠶᠡᠨ ᠳᠤ ᠶᠣᠰᠣᠯᠠᠨ ᠲᠡᠮᠳᠡᠭᠯᠡᠳᠡᠭ᠃ ᠭᠡᠬᠦ ᠳᠡᠭᠡᠨ ᠠᠵᠢᠯ ᠠᠮᠢᠳᠤᠷᠠᠯ ᠤᠨ ᠲᠤᠬᠠᠢ ᠶᠢᠨ | ᠦᠶ᠎ᠡ ᠶᠢᠨ ᠪᠠᠶᠢᠳᠠᠯ ᠠᠴᠠ ᠰᠢᠯᠲᠠᠭᠠᠯᠠᠨ 16 ᠬᠤᠨᠣᠭᠠᠳ ᠴᠦ ᠬᠡᠦᠬᠡᠳ ᠤᠬᠢᠶᠠᠬᠤ ᠶᠣᠰᠣᠯᠠᠯ ᠢ ᠬᠢᠵᠦ ᠪᠣᠯᠳᠠᠭ | ᠪᠠᠶᠢᠪᠠ᠃ | ᠬᠡᠦᠬᠡᠳ ᠤᠬᠢᠶᠠᠬᠤ ᠶᠣᠰᠣᠯᠠᠯ ᠤᠨ ᠦᠶ᠎ᠡ ᠳᠤ ᠠᠯᠢᠪᠠ ᠨᠠᠶᠢᠷ ᠤᠨ ᠠᠳᠠᠯᠢ ᠢᠳᠡᠭᠡ ᠴᠠᠭᠠᠯᠭᠠ᠂ ᠵᠣᠭᠤᠭ | ᠰᠢᠭᠦᠰᠦ᠂ ᠠᠶᠢᠷᠠᠭ ᠠᠷᠢᠬᠢ᠂ ᠪᠡᠯᠡᠳᠬᠡᠨ ᠵᠣᠴᠢᠨ ᠭᠡᠶᠢᠴᠢᠳ ᠢᠶᠠᠨ ᠳᠠᠶᠢᠯᠠᠬᠤ ᠪᠣᠯᠪᠠᠴᠤ ᠬᠡᠲᠦ ᠶᠡᠭᠡ ᠤᠤᠭᠤᠵᠤ | ᠰᠣᠭᠲᠣᠭᠤᠷᠠᠬᠤ ᠶᠢ ᠴᠡᠭᠡᠷᠯᠡᠳᠡᠭ ᠪᠠ ᠭᠡᠷᠯᠡᠬᠦ ᠬᠤᠷᠢᠮ ᠤᠨ ᠨᠢᠭᠡ ᠠᠳᠠᠯᠢ ᠨᠠᠷ ︵ᠨᠠᠷᠠ︶ ᠰᠢᠩᠭᠡᠬᠦ ᠠᠴᠠ ᠡᠮᠦᠨ᠎ᠡ | ᠨᠠᠶᠢᠷ ᠢ ᠳᠠᠭᠤᠰᠬᠠᠳᠠᠭ ᠵᠠᠩᠰᠢᠯ ᠲᠠᠢ᠃ ᠬᠡᠦᠬᠡᠳ ᠲᠥᠷᠥᠬᠦ ᠦᠶ᠎ᠡ ᠳᠤ ᠡᠬᠡ ᠳᠤ ᠨᠢ ᠣᠣᠭᠤᠯᠭᠠᠬᠤ ᠱᠥᠯᠥᠨ ᠤ | ᠬᠤᠨᠢ ᠲᠥᠬᠦᠭᠡᠷᠡᠵᠦ ᠡᠨᠡ ᠬᠤᠨᠢᠨ ᠤ ᠭᠡᠳᠡᠰᠦ᠂ ᠳᠣᠲᠣᠷ᠂ ᠴᠢᠰᠤ᠂ ᠬᠥᠰᠬᠦᠯᠡᠭᠰᠡᠨ ᠮᠢᠬ᠎ᠠ᠂ ᠥᠭᠡᠬᠦ ᠴᠢᠬᠢᠭᠰᠡᠨ | ᠦᠩᠬᠦᠯᠴᠡᠭ᠂ ᠡᠯᠢᠭᠡ ᠪᠥᠭᠡᠷ᠎ᠡ᠂ ᠰᠡᠭᠦᠯ ᠢ ᠨᠢ ᠴᠢᠨᠠᠵᠤ ᠬᠡᠦᠬᠡᠳ ᠤᠬᠢᠶᠠᠬᠤ ᠶᠣᠰᠣᠯᠠᠯ ᠤᠨ ᠵᠣᠭᠤᠭ | ᠰᠢᠭᠦᠰᠦᠨ ᠳᠤ ᠣᠷᠣᠭᠤᠯᠬᠤ ᠶᠣᠰᠣ ᠪᠠᠶᠢᠳᠠᠭ᠃ | ᠮᠥᠨ ᠬᠡᠦᠬᠡᠳ ᠢ ᠡᠬᠡ ᠪᠠᠷᠢᠵᠤ ᠠᠪᠤᠭᠰᠠᠨ ᠡᠬᠡ ᠳᠤ ᠤᠭᠤᠴᠠ ᠲᠠᠯᠪᠢᠨ ᠬᠦᠨᠳᠦᠳᠬᠡᠳᠡᠭ ᠪᠠ ᠮᠢᠩᠭᠠᠳ | ᠶᠠᠰᠤᠲᠠᠨ ᠳᠤ ᠬᠡᠦᠬᠡᠳ ᠤᠬᠢᠶᠠᠬᠤ ᠶᠣᠰᠣᠯᠠᠯ ᠤᠨ ᠦᠶ᠎ᠡ ᠳᠤ ᠲᠠᠯᠯᠠᠭ᠎ᠠ ᠶᠢᠨ ᠪᠣᠷᠤ ᠲᠣᠭᠤᠭ᠎ᠠ ᠬᠤᠪᠢᠩ ᠳᠤ ᠨᠢᠭᠡ | ᠱᠣᠷᠣ ᠮᠢᠬ᠎ᠠ᠂ ᠱᠠᠭᠠᠶᠢᠲᠣ᠂ ᠤᠭᠤᠷᠠᠭ᠂ ᠰᠡᠭᠦᠯ᠂ ᠴᠠᠭᠠᠨ ᠮᠢᠬ᠎ᠠ ᠬᠢᠭᠡᠳ ᠲᠥᠷᠥᠭᠰᠡᠨ ᠬᠡᠦᠬᠡᠳ ᠢ ᠡᠬᠡ ᠪᠠᠷᠢᠵᠤ | ᠠᠪᠤᠭᠰᠠᠨ ᠡᠬᠡ᠂ ᠬᠡᠦᠬᠡᠳ ᠲᠥᠷᠥᠭᠦᠯᠦᠭᠰᠡᠨ ᠡᠬᠡ ᠶᠢ ᠬᠤᠷᠤᠢ ᠬᠤᠷᠤᠢ ᠬᠡᠮᠡᠨ ᠬᠤᠷᠦ᠋ᠢᠯᠠᠵᠤ ᠴᠠᠭᠠᠨ ᠮᠢᠬ᠎ᠠ ᠠᠴᠠ | ᠭᠤᠷᠪᠠ ᠳᠠᠬᠢᠨ ᠡᠷᠭᠢᠭᠦᠯᠵᠦ ᠭᠤᠷᠪᠠ ᠠᠮᠰᠠᠭᠤᠯᠵᠤ ᠶᠤᠰᠤᠯᠠᠭᠰᠠᠨ ᠤ ᠳᠠᠷᠠᠭ᠎ᠠ ᠬᠤᠪᠢᠩ ᠲᠠᠢ ᠮᠢᠬ᠎ᠠ ᠪᠠᠨ | ᠴᠤᠭᠯᠠᠷᠠᠭᠰᠠᠨ ᠬᠥᠮᠥᠰ ᠲᠤ ᠨᠠᠷᠠ ᠵᠥᠪ ᠲᠣᠭᠤᠷᠢᠭᠤᠯᠤᠨ ᠠᠮᠰᠠᠭᠤᠯᠳᠠᠭ᠃ ᠢᠩᠭᠢᠭᠡᠳ ᠦᠯᠡᠳᠡᠭᠰᠡᠨ ᠮᠢᠬ᠎ᠠ ᠶᠢ | ᠭᠤᠷᠪᠠ ᠬᠤᠨᠤᠭ ᠬᠠᠳᠠᠭᠠᠯᠠᠭᠠᠳ ᠬᠡᠦᠬᠡᠳ ᠤᠨ ᠡᠴᠢᠭᠡ᠂ ᠡᠬᠡ ᠬᠤᠶᠠᠷ ᠢᠳᠡᠳᠡᠭ ᠠᠵᠢ᠃ ᠡᠨᠡ ᠨᠢ ᠬᠡᠦᠬᠡᠳ ᠤᠨ | ᠤᠬᠢᠶᠠᠯᠭ᠎ᠠ ᠶᠢᠨ ᠶᠣᠰᠣᠯᠠᠯ ᠤᠨ ᠵᠣᠭᠤᠭ ᠰᠢᠭᠦᠰᠦ ᠪᠣᠯ ᠵᠠᠩ ᠦᠢᠯᠡ ᠶᠢᠨ ᠵᠤᠷᠢᠭᠤᠯᠤᠯᠲᠠ ᠲᠠᠢ ᠬᠦᠨᠳᠦᠳᠬᠡᠯ ᠤᠨ | ᠢᠳᠡᠭᠡ ᠭᠡᠰᠡᠨ ᠤᠳᠬ᠎ᠠ ᠲᠠᠢ ᠠᠵᠢ᠃ | ᠨᠠᠶᠢᠷ ᠡᠬᠢᠯᠡᠭᠰᠡᠨ ᠤ ᠳᠠᠷᠠᠭ᠎ᠠ ᠦᠳᠡ ᠳᠤᠮᠳᠠ ᠪᠣᠯᠬᠤ ᠠᠴᠠ ᠡᠮᠦᠨ᠎ᠡ ᠲᠣᠪᠠᠯᠠᠭᠰᠠᠨ ᠴᠠᠭ ᠪᠣᠯᠣᠮᠠᠭᠴᠠ | ᠬᠡᠦᠬᠡᠳ ᠤᠬᠢᠶᠠᠬᠤ ᠶᠣᠰᠣᠯᠠᠯ ᠦᠢᠯᠡᠳᠦᠳᠡᠭ ᠪᠠ ᠠᠩᠬ᠎ᠠ ᠪᠣᠭᠤᠵᠤ ᠠᠪᠤᠭᠰᠠᠨ ᠡᠬᠡ ᠠᠭᠠᠭ ᠲᠠᠢ ᠬᠠᠷ᠎ᠠ ᠴᠠᠢ ᠪᠤᠶᠤ | ᠱᠥᠯᠥ ᠶᠢ ᠪᠦᠯᠢᠶᠡᠳᠭᠡᠭᠡᠳ ᠬᠡᠦᠬᠡᠳ ᠢ ᠤᠬᠢᠶᠠᠳᠠᠭ᠃ ᠳᠠᠪᠤᠰᠤ ᠲᠠᠢ ᠱᠥᠯᠥᠨ ᠳᠤ ᠦᠷ᠎ᠡ ᠪᠤᠳᠠᠭ᠎ᠠ᠂ ᠠᠷᠴᠠ | ᠬᠢᠵᠦ ᠤᠬᠢᠶᠠᠬᠤ ᠶᠣᠰᠣ ᠨᠡᠶᠢᠲᠡ ᠮᠣᠩᠭᠤᠯᠴᠤᠳ ᠲᠤ ᠶᠡᠬᠡᠬᠡᠨ ᠳᠡᠯᠭᠡᠷᠡᠭᠰᠡᠨ ᠵᠠᠩᠰᠢᠯ ᠶᠤᠮ᠃ ᠢᠩᠭᠢᠵᠦ | ᠤᠬᠢᠶᠠᠬᠤ ᠶᠢᠨ ᠤᠴᠢᠷ ᠳᠠᠪᠤᠰᠤ ᠪᠠᠷ ᠪᠤᠷᠲᠠᠭ ᠢ ᠴᠡᠪᠡᠷᠯᠡᠵᠦ᠂ ᠠᠷᠴᠠ ᠪᠠᠷ ᠠᠷᠢᠭᠤᠳᠬᠠᠵᠤ᠂ ᠦᠷ᠎ᠡ ᠪᠤᠳᠠᠭ᠎ᠠ | ᠰᠢᠭ ᠦᠨᠢᠷᠵᠢᠨ ᠦᠷᠡᠵᠢᠬᠦ ᠶᠢᠨ ᠪᠡᠯᠭᠡ ᠲᠡᠮᠳᠡᠭ ᠭᠡᠵᠦ ᠦᠵᠡᠳᠡᠭ᠃ ᠡᠭᠦᠨ ᠤ ᠳᠠᠷᠠᠭ᠎ᠠ ᠬᠡᠦᠬᠡᠳ ᠤᠨ ᠡᠴᠢᠭᠡ᠂ | ᠡᠬᠡ ᠨᠢ ᠪᠠᠷᠢᠵᠤ ᠠᠪᠤᠭᠰᠠᠨ ᠡᠬᠡ ᠳᠤ ᠪᠤᠶᠤ ᠡᠰᠡᠪᠡᠯ ᠬᠠᠮᠤᠭ ᠤᠨ ᠠᠬᠠᠮᠠᠳ ᠬᠦᠨᠳᠦᠲᠡᠢ ᠬᠥᠮᠥᠨ ᠳᠤ ᠬᠠᠳᠠᠭ | ᠪᠠᠷᠢᠨ ︽ᠬᠦᠦ ᠳᠤ ᠨᠡᠷ᠎ᠡ ᠬᠠᠶᠢᠷᠠᠯᠠ︾ ᠭᠡᠵᠦ ᠬᠦᠰᠡᠬᠦ ᠳᠤ ᠠᠵᠠ ᠵᠢᠷᠭᠠᠯ ᠲᠠᠢ ᠶᠠᠪᠤᠬᠤ ᠶᠢ ᠪᠡᠯᠭᠡᠰᠢᠶᠡᠭᠰᠡᠨ | ᠨᠡᠷ᠎ᠡ ᠶᠢ ᠥᠪᠡᠷ ᠢᠶᠠᠨ ᠰᠣᠩᠭᠤᠨ ᠬᠡᠯᠡᠬᠦ᠂ ᠡᠰᠡᠪᠡᠯ ᠡᠴᠢᠭᠡ ᠡᠬᠡ ᠨᠢ ᠤᠷᠢᠲᠠ ᠠᠴᠠ 2 — 3 ᠨᠡᠷ᠎ᠡ ᠶᠢ | ᠰᠣᠩᠭᠤᠨ ᠪᠢᠴᠢᠭᠰᠡᠨ ᠴᠠᠭᠠᠨᠰᠣ ᠶᠢ ᠬᠤᠶᠢᠯᠠᠨ ᠳᠣᠲᠣᠷ᠎ᠠ ᠨᠢ ᠬᠢᠭᠰᠡᠨ ᠸᠠᠭᠠᠷ ᠲᠠᠢ ᠪᠤᠳᠠᠭ᠎ᠠ ᠶᠢ ᠬᠡᠳᠦ | ᠰᠢᠭᠰᠢᠬᠦ ᠳᠤ ᠲᠦᠷᠦᠭᠦᠯᠡᠵᠦ ᠢᠯᠡ ᠭᠠᠷᠤᠭᠰᠠᠨ ᠴᠠᠭᠠᠨᠰᠣ ᠶᠢ ᠠᠪᠴᠤ ᠤᠩᠰᠢᠭᠠᠳ ᠬᠡᠦᠬᠡᠳ ᠤᠨ ᠴᠢᠬᠢᠨ ᠳᠤ | ᠨᠡᠷ᠎ᠡ ᠶᠢ ᠨᠢ ᠰᠢᠪᠡᠨᠡᠨ ᠬᠡᠯᠡᠨ᠎ᠡ᠃ ᠲᠡᠭᠡᠬᠦ ᠳᠡᠭᠡᠨ ᠬᠡᠷᠪᠡ ᠬᠥᠪᠡᠭᠦᠨ ᠪᠠᠶᠢᠪᠠᠯ ᠪᠠᠷᠠᠭᠤᠨ ᠴᠢᠬᠢᠨ ᠳᠤ᠂ ᠥᠬᠢᠨ | ᠪᠠᠶᠢᠪᠠᠯ ᠵᠡᠭᠦᠨ ᠴᠢᠬᠢᠨ ᠳᠤ ᠭᠤᠷᠪᠠᠨᠲᠠ ᠰᠢᠪᠡᠨᠡᠨ ᠬᠡᠯᠡᠭᠡᠳ ︽ᠲᠠᠨ ᠤ ᠥᠬᠢᠨ ︵ᠬᠦᠦ︶ xxx ᠭᠡᠳᠡᠭ | ᠨᠡᠷ᠎ᠡ ᠲᠠᠢ ᠪᠣᠯᠣᠯ᠎ᠠ︾ ᠭᠡᠵᠦ ᠨᠡᠶᠢᠲᠡ ᠳᠤ ᠵᠠᠷᠯᠠᠳᠠᠭ ᠠᠵᠢ᠃ ᠬᠡᠦᠬᠡᠳ ᠤᠨ ᠨᠡᠷ᠎ᠡ ᠶᠢ ᠬᠡᠯᠡᠬᠦ ᠳᠡᠭᠡᠨ ᠡᠶᠢᠨ ᠬᠦ | ᠬᠤᠶᠠᠷ ᠥᠭᠡᠷ᠎ᠡ ᠶᠠᠩᠵᠤ ᠪᠠᠷ ᠪᠠᠷᠠᠭᠤᠨ᠂ ᠵᠡᠭᠦᠨ ᠴᠢᠬᠢᠨ ᠳᠤ ᠨᠢ ᠰᠢᠪᠡᠨᠡᠨ ᠬᠡᠯᠡᠳᠡᠭ ᠶᠢᠨ ᠤᠴᠢᠷ ᠨᠢ | ᠮᠣᠩᠭᠤᠯᠴᠤᠳ ᠤᠨ ᠡᠷᠲᠡᠨ ᠤ ᠵᠠᠩᠰᠢᠯ ᠶᠣᠰᠣᠨ ᠤ ᠳᠠᠭᠠᠤ ᠪᠠᠷᠠᠭᠤᠨ ᠲᠠᠯ᠎ᠠ ᠶᠢ ᠡᠷᠡᠭᠲᠡᠢ ᠬᠥᠮᠥᠨ ᠳᠤ᠂ ᠵᠡᠭᠦᠨ ᠶᠢ | ᠡᠮᠡᠭᠲᠡᠢ ᠬᠥᠮᠥᠨ ᠳᠤ ᠣᠨᠣᠭᠠᠨ ᠬᠠᠮᠢᠶᠠᠷᠤᠭᠤᠯᠳᠠᠭ ᠤᠯᠠᠮᠵᠢᠯᠠᠯ ᠲᠠᠢ ᠬᠤᠯᠪᠣᠭᠠᠲᠠᠢ ᠶᠤᠮ᠃ ᠲᠡᠭᠦᠨᠴᠢᠯᠡᠨ | ᠬᠡᠦᠬᠡᠳ ᠲᠤ ᠥᠭᠬᠦ ᠨᠡᠷ᠎ᠡ ᠪᠢᠴᠢᠭᠰᠡᠨ ᠴᠠᠭᠠᠨᠰᠣ ᠶᠢ ᠸᠠᠭᠠᠷ ᠲᠠᠢ ᠪᠤᠳᠠᠭᠠᠨ ᠳᠣᠲᠣᠷ᠎ᠠ ᠬᠢᠳᠡᠭ ᠨᠢ ᠨᠡᠷ᠎ᠡ ᠠᠯᠳᠠᠷ ᠨᠢ | ᠪᠤᠳᠠᠭ᠎ᠠ ᠰᠢᠭ ᠥᠰᠬᠦ ᠶᠢᠨ ᠪᠡᠯᠭᠡᠳᠡᠯ ᠪᠣᠯᠳᠠᠭ᠃ ᠮᠣᠩᠭᠤᠯᠴᠤᠳ ︽ᠳᠠᠭᠤᠳᠠᠬᠤ ᠨᠡᠷ᠎ᠡ ᠶᠢ ᠡᠴᠢᠭᠡ᠂ ᠡᠬᠡ | ᠥᠭᠭᠦᠨ᠎ᠡ᠂ ᠳᠠᠭᠤᠷᠢᠰᠬᠠᠬᠤ ᠠᠯᠳᠠᠷ ᠢ ᠥᠪᠡᠷ ᠢᠶᠠᠨ ᠣᠯᠣᠨ᠎ᠠ︾ ᠭᠡᠵᠦ ᠶᠠᠷᠢᠯᠴᠠᠳᠠᠭ ᠪᠢᠯᠡ᠃ | ᠬᠡᠦᠬᠡᠳ ᠲᠤ ᠨᠡᠷ᠎ᠡ ᠥᠭᠬᠦ ᠳᠡᠭᠡᠨ ᠶᠡᠬᠡᠪᠴᠢᠯᠡᠨ ᠲᠡᠭᠦᠨ ᠳᠤ ᠠᠵᠠ ᠵᠢᠷᠭᠠᠯ᠂ ᠡᠷᠡᠭᠦᠯ ᠡᠩᠬᠡ᠂ ᠰᠠᠶᠢᠨ | ᠰᠠᠶᠢᠬᠠᠨ ᠢ ᠬᠦᠰᠡᠮᠵᠢᠯᠡᠨ ᠠᠷᠠᠳ ᠲᠦᠮᠡᠨ ᠤ ᠪᠠᠨ ᠰᠠᠶᠢᠬᠠᠨ ᠤ ᠲᠠᠭᠠᠰᠢᠶᠠᠯ ᠢ ᠢᠯᠡᠷᠬᠡᠶᠢᠯᠡᠭᠰᠡᠨ ᠨᠡᠷ᠎ᠡ ᠰᠣᠩᠭᠤᠳᠠᠭ᠃ | ᠮᠥᠨ ᠫᠦᠷᠪᠦ ᠭᠠᠷᠠᠭ ᠲᠤ ᠲᠥᠷᠥᠭᠰᠡᠨ ᠪᠣᠯ ᠫᠦᠷᠪᠦᠵᠠᠪ᠂ ᠨᠢᠮ᠎ᠠ ᠭᠠᠷᠠᠭ ᠲᠤ ᠲᠥᠷᠥᠭᠰᠡᠨ ᠪᠣᠯ ᠨᠢᠮᠡᠵᠠᠪ ᠭᠡᠬᠦ | ᠮᠡᠲᠦ ᠪᠠᠷ ᠨᠡᠷ᠎ᠡ ᠥᠭᠳᠡᠭ ᠪᠠᠶᠢᠵᠠᠢ᠃ | ᠬᠠᠭᠤᠴᠢᠨ ᠴᠠᠭ ᠲᠤ ᠬᠡᠦᠬᠡᠳ ᠲᠣᠭᠲᠠᠳᠠᠭ ᠦᠭᠡᠢ ᠠᠶᠢᠯ ᠳᠤ ᠬᠡᠦᠬᠡᠳ ᠲᠥᠷᠥᠪᠡᠯ ᠮᠤᠤᠠᠣᠬᠢᠨ᠂ | ᠬᠦᠮᠦᠨᠪᠢᠰᠢ᠂ ᠪᠢᠪᠢᠰᠢ᠂ ᠬᠡᠷᠪᠡ ᠬᠡᠦᠬᠡᠳ ᠨᠢ ᠨᠠᠰᠤ ᠪᠠᠷᠠᠭᠰᠠᠨ ᠪᠣᠯ ᠳᠠᠷᠠᠭ᠎ᠠ ᠶᠢᠨ ᠲᠥᠷᠥᠭᠰᠡᠨ ᠬᠡᠦᠬᠡᠳ ᠲᠤ | ᠥᠪᠡᠷ ᠤᠨ ᠬᠡᠦᠬᠡᠳ ᠪᠢᠰᠢ ᠬᠡᠮᠡᠨ ᠲᠡᠷᠡᠪᠢᠰᠢ᠂ ᠠᠳᠠᠯᠢᠪᠢᠰᠢ ᠭᠡᠬᠦ ᠮᠡᠲᠦ ᠪᠠᠲᠤᠯᠠᠭᠰᠠᠨ᠂ ᠡᠰᠡᠪᠡᠯ ᠨᠣᠬᠠᠢ᠂ | ᠪᠠᠳᠢᠷᠴᠢᠨ ᠬᠡᠮᠡᠨ ᠦᠯᠦ ᠲᠣᠭᠤᠮᠰᠠᠷᠯᠠᠨ ᠵᠢᠪᠡᠭᠦᠴᠡᠭᠰᠡᠨ᠂ ᠡᠰᠡᠪᠡᠯ ᠲᠡᠮᠦᠷ᠂ ᠥᠯᠴᠢᠷ ᠭᠡᠬᠦ ᠮᠡᠲᠦ ᠪᠠᠷ ᠣᠰᠣᠯ | ᠦᠬᠦᠯ ᠳᠤ ᠳᠡᠶᠢᠯᠳᠡᠰᠢ ᠦᠭᠡᠢ ᠭᠡᠰᠡᠨ ᠤᠳᠬ᠎ᠠ ᠲᠠᠢ ᠦᠭᠡ ᠪᠠᠷ ᠨᠡᠷᠡᠯᠡᠳᠡᠭ᠃ ᠬᠠᠭᠤᠴᠢᠨ ᠤ ᠰᠢᠲᠦᠯᠭᠡ ᠶᠢᠨ | ᠣᠶᠢᠯᠠᠭᠠᠯᠲᠠ ᠶᠣᠰᠣ ᠪᠠᠷ ᠪᠣᠯ ᠡᠨᠡ ᠨᠢ ᠰᠢᠨ᠎ᠡ ᠲᠥᠷᠥᠭᠰᠡᠨ ᠬᠡᠦᠬᠡᠳ ᠲᠤ ᠬᠤᠣᠷ ᠬᠥᠨᠥᠭᠡᠯ ᠬᠦᠷᠭᠡᠵᠦ ᠪᠣᠯᠵᠣᠰᠢ | ᠦᠭᠡᠢ ᠳᠠᠯᠳᠠ ᠶᠢᠨ ᠣᠩᠭᠤᠨ ᠢ ᠬᠠᠭᠤᠷᠬᠤ ᠳᠤ ᠴᠢᠭᠯᠡᠭᠳᠡᠭᠰᠡᠨ ᠵᠦᠢᠯ ᠶᠤᠮ᠃ ᠬᠡᠦᠬᠡᠳ ᠤᠨ ᠤᠭᠢᠶᠠᠯᠭ᠎ᠠ ᠳᠤ | ᠢᠷᠡᠭᠰᠡᠨ ᠬᠦᠮᠦᠨ ᠪᠦᠷᠢ ᠲᠡᠭᠦᠨ ᠤ ᠳᠣᠲᠣᠷ᠎ᠠ ᠡᠬᠡ ᠪᠠᠷᠢᠵᠤ ᠠᠪᠤᠭᠰᠠᠨ ᠬᠥᠮᠥᠨ ᠨᠢ ᠰᠢᠨ᠎ᠡ ᠲᠥᠷᠥᠭᠰᠡᠨ | ᠬᠡᠦᠬᠡᠳ ᠲᠤ ᠪᠡᠯᠡᠭ ᠥᠭᠳᠡᠭ ᠪᠠ ᠡᠳ᠋ ᠥᠯᠥᠭᠡᠢ ᠶᠢᠨ ᠵᠦᠢᠯᠡᠰ᠂ ᠬᠤᠪᠴᠠᠰᠤ᠂ ᠣᠶᠢᠷ᠎ᠠ ᠲᠥᠷᠥᠯ ᠤᠨ ᠬᠢᠨ ᠨᠢ | ᠤᠨᠠᠭ᠎ᠠ᠂ ᠬᠤᠷᠠᠭ᠎ᠠ᠂ ᠲᠤᠭᠤᠯ᠂ ᠪᠣᠲᠣᠭᠤ ᠵᠡᠷᠭᠡ ᠮᠠᠯ ᠥᠭᠳᠡᠭ ᠨᠢ ᠢᠷᠡᠭᠡᠳᠦᠢ ᠶᠢᠨ ᠮᠠᠯᠴᠢᠨ ᠤ ᠬᠥᠷᠥᠩᠭᠡ ᠮᠠᠯ ᠢ | ᠡᠷᠲᠡᠨ ᠠᠴᠠ ᠪᠡᠯᠡᠳᠬᠡᠵᠦ ᠪᠤᠢ ᠶᠢᠨ ᠵᠣᠷᠢᠭᠤᠯᠤᠯᠲᠠ ᠲᠠᠢ᠃ | ᠬᠡᠦᠬᠡᠳ ᠲᠤ ᠥᠭᠳᠡᠭ ᠣᠨᠴᠠᠭᠠᠢ ᠪᠡᠯᠡᠭ ᠭᠡᠪᠡᠯ ᠬᠤᠢ ᠲᠠᠢ ᠬᠢᠲᠤᠭ᠎ᠠ᠂ ᠨᠤᠮᠤ ᠰᠤᠮᠤ᠂ ᠡᠮᠡᠭᠡᠯ ᠬᠠᠵᠠᠭᠠᠷ | ᠭᠡᠬᠦ ᠮᠡᠲᠦ ᠵᠦᠢᠯᠡᠰ ᠪᠠᠶᠢᠭᠰᠠᠨ ᠨᠢ ᠮᠠᠯᠴᠢᠨ ᠬᠥᠮᠥᠨ ᠤ ᠬᠥᠳᠡᠯᠮᠦᠷᠢ ᠶᠢᠨ ᠪᠠᠭᠠᠵᠢ ᠵᠡᠪᠰᠡᠭ ᠢ ᠥᠭᠴᠦ ᠪᠤᠢ ᠬᠡᠷᠡᠭ | ᠶᠤᠮ᠃ ᠡᠴᠢᠭᠡ᠂ ᠡᠬᠡ ᠨᠢ ᠮᠥᠨ ᠢᠷᠡᠭᠰᠡᠨ ᠬᠥᠮᠥᠰ ᠲᠤ ᠬᠠᠷᠢᠭᠤ ᠪᠡᠯᠡᠭ ᠥᠭᠭᠦᠨ᠎ᠡ᠃ | ᠬᠡᠦᠬᠡᠳ ᠤᠬᠢᠶᠠᠬᠤ ᠶᠣᠰᠣᠯᠠᠯ ᠤᠨ ᠦᠶ᠎ᠡ ᠳᠤ ᠰᠢᠨ᠎ᠡ ᠬᠥᠮᠥᠨ ᠤ ᠢᠷᠡᠭᠡᠳᠦᠢ ᠶᠢ ᠪᠡᠯᠭᠡᠳᠡᠭᠰᠡᠨ ᠢᠷᠦᠭᠡᠯ | ᠬᠡᠯᠡᠵᠦ᠂ ᠪᠦᠪᠡᠢ ᠶᠢᠨ ᠳᠠᠭᠤᠤ᠂ ᠡᠴᠢᠭᠡ ᠡᠬᠡ ᠶᠢᠨ ᠠᠴᠢ ᠶᠢ ᠮᠠᠭᠲᠠᠭᠰᠠᠨ ᠠᠭᠤᠯᠭ᠎ᠠ ᠲᠠᠢ ᠳᠠᠭᠤᠤ ᠶᠢ ᠳᠠᠭᠤᠯᠠᠳᠠᠭ | ᠃ ᠨᠡᠯᠢᠶᠡᠳ ᠡᠷᠲᠡᠬᠡᠨ ᠦᠶ᠎ᠡ ᠳᠤ ︽ᠬᠡᠦᠬᠡᠳ ᠤᠨ ᠲᠠᠯᠯᠠᠭ᠎ᠠ︾ ᠭᠡᠵᠦ ᠲᠤᠰᠬᠠᠢ ᠵᠠᠩ ᠦᠢᠯᠡ ᠶᠢᠨ ᠰᠢᠯᠦᠭ | ᠬᠡᠯᠡᠳᠡᠭ ᠪᠠᠶᠢᠭᠰᠠᠨ ᠪᠥᠭᠡᠳ ᠲᠡᠭᠦᠨ ᠳᠤ | ᠶᠢᠰᠦᠨ ᠮᠠᠭᠤ ᠶᠢ ᠳᠠᠪᠠᠭ᠋ᠤ ᠬᠢᠭᠡᠳ | ᠬᠥᠮᠥᠨ ᠡᠳ᠋ ᠲᠤ ᠥᠯᠵᠡᠶᠢᠲᠡᠢ | ᠬᠤᠲᠠᠯᠠ ᠴᠢᠭᠤᠯᠬᠤ ᠪᠣᠯᠲᠤᠭᠠᠢ | ᠵᠠᠭᠤᠨ ᠵᠢᠯ ᠠᠬᠤᠢ ᠪᠥᠭᠡᠳ | ᠵᠠᠭᠤᠨ ᠨᠠᠮᠤᠷ ᠢ ᠦᠵᠡᠬᠦ ᠪᠣᠯᠲᠤᠭᠠᠢ | ᠠᠮᠢ ᠴᠢᠨᠢ ᠭᠦᠷ ᠬᠠᠷ᠎ᠠ ᠴᠢᠯᠠᠭᠤᠨ ᠠᠴᠠ ᠪᠠᠲᠤ | ᠦᠨᠳᠦᠰᠦ ᠴᠢᠨᠢ ᠦᠶ᠎ᠡ ᠲᠠᠢ ᠴᠠᠭᠠᠨ ᠡᠪᠡᠰᠦᠨ ᠠᠴᠠ ᠣᠯᠠᠨ ᠪᠣᠯᠲᠤᠭᠠᠢ | ᠬᠤᠷᠤᠢ ᠬᠤᠷᠤᠢ ᠬᠤᠷᠤᠢ | ᠭᠡᠵᠦ ᠪᠢᠴᠢᠬᠠᠨ ᠬᠡᠦᠬᠡᠳ ᠤᠨ ᠢᠷᠡᠭᠡᠳᠦᠢ ᠶᠢᠨ ᠰᠠᠶᠢᠨ ᠰᠠᠶᠢᠬᠠᠨ ᠢ ︽ᠰᠢᠳᠢᠲᠦ ᠦᠭᠡ ᠶᠢᠨ︾ ᠬᠦᠴᠦ ᠪᠠᠷ ᠤᠷᠢᠨ | ᠳᠠᠯᠠᠯᠳᠠᠭ ᠪᠠᠶᠢᠭᠰᠠᠨ ᠨᠢ ᠢᠷᠦᠭᠡᠯ ᠤᠨ ᠤᠯᠠᠮᠵᠢᠯᠠᠯ ᠪᠣᠯᠣᠭᠰᠠᠨ ᠡᠷᠲᠡᠨ ᠤ ᠬᠡᠯᠪᠡᠷᠢ ᠶᠤᠮ᠃ ᠬᠡᠦᠬᠡᠳ ᠤᠨ | ᠢᠷᠦᠭᠡᠯ ᠨᠢ ᠲᠤᠬᠠᠢ ᠶᠢᠨ ᠶᠣᠰᠣᠯᠠᠯ ᠤᠨ ᠤᠴᠢᠷ ᠵᠣᠷᠢᠯᠭ᠎ᠠ ᠶᠢ ᠨᠡᠮᠡᠨ ᠲᠤᠳᠤᠴᠢᠯᠠᠵᠤ᠂ ᠰᠢᠨ᠎ᠡ ᠲᠥᠷᠥᠭᠰᠡᠨ | ᠬᠡᠦᠬᠡᠳ᠂ ᠲᠡᠭᠦᠨ ᠤ ᠡᠴᠢᠭᠡ᠂ ᠡᠬᠢ ᠳᠤ ᠬᠠᠨᠳᠤᠵᠤ ᠪᠤᠢ ᠬᠠᠮᠲᠤ ᠣᠯᠠᠨ ᠤ ᠰᠡᠳᠬᠢᠯ ᠢ ᠢᠯᠡᠷᠬᠡᠶᠢᠯᠡᠭᠰᠡᠨ | ᠤᠳᠬ᠎ᠠ ᠲᠠᠢ᠃ | ᠡᠨᠡ ᠢᠷᠦᠭᠡᠯ ᠨᠢ ᠠᠭᠤᠯᠭ᠎ᠠ ᠶᠢᠨ ᠬᠤᠪᠢ ᠳᠤ ᠡᠴᠢᠭᠡ᠂ ᠡᠬᠡ ᠬᠤᠶᠠᠷ ᠲᠤ ᠪᠣᠯᠣᠨ ᠬᠡᠦᠬᠡᠳ ᠲᠤ | ᠬᠠᠨᠳᠤᠭᠰᠠᠨ ᠬᠤᠶᠠᠷ ᠬᠡᠰᠡᠭ ᠲᠠᠢ᠃ ᠡᠴᠢᠭᠡ᠂ ᠡᠬᠢ ᠳᠤ ᠨᠢ ᠬᠠᠨᠳᠤᠭᠰᠠᠨ ᠬᠡᠰᠡᠭ ᠲᠤ ᠲᠡᠳᠡᠨ ᠢ ᠠᠩᠬ᠎ᠠ ᠡᠬᠢᠯᠡᠨ | ᠲᠠᠨᠢᠯᠴᠠᠵᠤ᠂ ᠤᠯᠠᠮ ᠢᠶᠠᠷ ᠰᠡᠳᠬᠢᠯᠭᠡ ᠲᠠᠢ ᠪᠣᠯᠣᠭᠠᠳ ᠬᠠᠨᠢᠯᠠᠨ ᠰᠠᠭᠤᠵᠤ ᠬᠡᠦᠬᠡᠳ ᠲᠠᠢ ᠪᠣᠯᠣᠭᠰᠠᠨ ᠲᠤᠬᠠᠢ ᠳᠤ | ᠨᠠᠷᠭᠢᠶᠠᠨ ᠲᠠᠢ ᠪᠠᠶᠢᠳᠠᠯ ᠢᠶᠠᠷ ᠰᠢᠯᠦᠭᠯᠡᠭᠰᠡᠨ ᠪᠠᠶᠢᠳᠠᠭ ᠪᠣᠯ ᠬᠡᠦᠬᠡᠳ ᠲᠤ ᠵᠣᠷᠢᠭᠤᠯᠤᠭᠰᠠᠨ ᠬᠡᠰᠡᠭ ᠲᠤ ᠡᠴᠢᠭᠡ᠂ | ᠡᠬᠡ ᠶᠢᠨ ᠬᠠᠶᠢᠷ᠎ᠠ ᠢᠪᠡᠭᠡᠯ ᠳᠤᠷ ᠡᠷᠡᠭᠦᠯ ᠡᠩᠬᠡ ᠥᠰᠴᠦ ᠲᠤᠷᠨᠢᠨ ᠲᠦᠮᠡᠨ ᠣᠯᠠᠨ ᠳᠠᠭᠠᠨ ᠬᠦᠨᠳᠦᠲᠡᠢ ᠰᠠᠶᠢᠨ | ᠬᠥᠮᠥᠨ ᠪᠣᠯᠬᠤ ᠶᠢ ᠢᠷᠦᠭᠡᠨ ᠪᠡᠯᠭᠡᠳᠡᠭᠰᠡᠨ ᠪᠠᠶᠢᠳᠠᠭ᠃ | ᠲᠤᠬᠠᠶᠢᠯᠠᠪᠠᠯ ᠬᠡᠦᠬᠡᠳ ᠲᠤ ᠬᠠᠨᠳᠤᠭᠰᠠᠨ ᠬᠡᠰᠡᠭ ᠲᠤ ᠪᠤᠳᠠᠭᠠᠯᠭᠠ ᠬᠤᠷᠢᠮ ᠢ ᠬᠢᠬᠦ ᠪᠠᠷ | ᠪᠤᠶᠠᠨ ᠲᠠᠢ ᠲᠠ ᠨᠠᠷ ᠢ ᠴᠤᠭᠯᠠᠭᠤᠯᠤᠭᠠᠳ | ᠰᠠᠶ᠋ᠢ ᠭᠠᠷᠤᠭᠰᠠᠨ ᠬᠦᠦ ᠶᠢᠨ ᠢᠶᠠᠨ | ᠰᠠᠶᠢᠨ ᠰᠠᠶᠢᠬᠠᠨ ᠢ ᠢᠷᠦᠭᠡᠵᠦ ᠪᠦᠬᠦᠢ ᠳᠤ | ᠡᠷᠳᠡᠨᠢᠲᠦ ᠬᠥᠮᠥᠨ ᠤ ᠪᠡᠶ᠎ᠡ ᠶᠢ ᠣᠯᠣᠭᠰᠠᠨ ᠡᠷᠬᠢᠮ ᠬᠡᠦᠬᠡᠳ ᠤᠨ ᠠᠯᠳᠠᠷ ᠢ ᠲᠠᠭᠤᠷᠢᠰᠬᠠᠨ ᠁ ᠬᠡᠮᠡᠨ | ᠡᠬᠢᠯᠡᠭᠡᠳ ᠪᠢᠴᠢᠬᠠᠨ ᠬᠡᠦᠬᠡᠳ ᠤᠨ ᠡᠷᠡᠭᠦᠯ ᠡᠩᠬᠡ ᠥᠰᠴᠦ ᠶᠤᠷᠨᠢᠬᠤ ᠲᠤᠬᠠᠢ ᠳᠤ ᠁ ᠬᠤᠶᠠᠷ ᠨᠠᠰᠤ ᠶᠢ ᠴᠦ | ᠬᠦᠷᠦᠨ᠎ᠡ ᠳ᠋ᠡ | ᠬᠤᠩᠭᠤᠷ ᠳᠠᠭᠠᠬᠢ ᠨᠢ ᠴᠦ ᠤᠷᠭᠤᠨ᠎ᠠ ᠳ᠋ᠠ | ᠠᠯᠠᠭ ᠬᠤᠶᠠᠷ ᠨᠢᠳᠦ ᠪᠠᠷ ᠢᠶᠠᠨ | ᠠᠪᠤ ᠡᠵᠢ ᠪᠠᠨ ᠲᠠᠨᠢᠳᠠᠭ ᠪᠣᠯᠣᠨ᠎ᠠ ᠁ | ᠁ ᠳᠥᠷᠪᠡᠨ ᠨᠠᠰᠤ ᠶᠢ ᠴᠦ ᠬᠦᠷᠦᠨ᠎ᠡ ᠳ᠋ᠡ | ᠳᠥᠲᠡ ᠰᠠᠭᠠᠬᠠᠯᠲᠠ ᠪᠠᠷ ᠴᠦ ᠭᠦᠶᠦᠳᠡᠭ ᠪᠣᠯᠣᠨ᠎ᠠ | ᠠᠬᠢᠵᠤ ᠳᠥᠬᠦᠵᠦ ᠲᠠᠪᠤ ᠬᠦᠷᠦᠭᠡᠳ | ᠁ ᠠᠵᠢᠯ ᠤᠨ ᠨᠡᠮᠡᠷᠢ ᠲᠠᠢ ᠴᠦ ᠪᠣᠯᠣᠨ᠎ᠠ ᠁ | ᠭᠡᠵᠦ ᠰᠢᠯᠦᠭᠯᠡᠨ ᠤᠯᠠᠮ ᠢᠶᠠᠷ ᠲᠣᠮᠣ ᠪᠣᠯᠣᠭᠰᠠᠨ ᠬᠤᠶᠢᠨ᠎ᠠ ᠪᠠᠨ ᠠᠵᠢᠯ ᠡᠷᠳᠡᠮ ᠳᠤ ᠰᠤᠷᠤᠯᠴᠠᠨ | ᠡᠬᠡ᠂ ᠡᠴᠢᠭᠡ ᠳᠡᠭᠡᠨ ᠡᠨᠡᠷᠢᠯ ᠲᠠᠢ ᠡᠯᠢᠭᠡᠨ ᠰᠠᠳᠤᠨ ᠳᠠᠭᠠᠨ ᠲᠦᠰᠢᠭ ᠲᠠᠢ | ᠡᠬᠡ ᠣᠷᠣᠨ ᠳᠤ ᠪᠠᠨ ᠭᠠᠪᠢᠶ᠎ᠠ ᠲᠠᠢ | ᠡᠨᠡ ᠳᠡᠯᠡᠬᠡᠢ ᠳᠤ ᠨᠡᠷ᠎ᠡ ᠲᠠᠢ | ᠡᠷᠬᠢᠮ ᠰᠠᠶᠢᠨ ᠬᠥᠮᠥᠨ ᠪᠣᠯᠬᠤ ᠶᠢᠨ | ᠡᠶ᠎ᠡ ᠲᠠᠢ ᠰᠠᠶᠢᠬᠠᠨ ᠢᠷᠦᠭᠡᠯ ᠢ | ᠠᠳᠡ ᠳᠡᠪᠰᠢᠭᠦᠯᠵᠦ ᠠᠶᠢᠯᠠᠳᠬᠠᠶ᠎ᠠ ᠭᠡᠵᠦ ᠲᠡᠭᠦᠨ ᠤ ᠢᠷᠡᠭᠡᠳᠦᠢ ᠶᠢ ᠪᠡᠯᠭᠡᠳᠡᠨ ᠢᠷᠦᠭᠡᠵᠦ ᠲᠡᠭᠦᠰᠳᠡᠭ | ᠪᠠᠶᠢᠨ᠎ᠠ᠃ ᠡᠨᠡ ᠪᠣᠯ ᠪᠢᠴᠢᠬᠠᠨ ᠬᠦᠦ ᠳᠤ ᠬᠠᠨᠳᠤᠨ ᠬᠡᠯᠡᠵᠦ ᠪᠤᠢ ᠬᠠᠮᠲᠤ ᠣᠯᠠᠨ ᠤ ᠵᠠᠬᠢᠶᠠᠰᠤ ᠲᠡᠳᠦᠢ ᠦᠭᠡᠢ᠂ | ᠶᠠᠮᠠᠷ ᠬᠥᠮᠥᠨ ᠢ ᠰᠠᠶᠢᠨ ᠬᠥᠮᠥᠨ ᠭᠡᠵᠦ ᠦᠵᠡᠳᠡᠭ ᠲᠤᠬᠠᠢ ᠮᠣᠩᠭᠤᠯ ᠤᠨ ᠠᠷᠠᠳ ᠲᠦᠮᠡᠨ ᠤ ᠦᠵᠡᠯ ᠪᠣᠳᠣᠯ ᠤᠨ | ᠢᠯᠡᠷᠬᠡᠶᠢᠯᠡᠯ ᠶᠤᠮ᠃ | | |