ᠰᠤᠪᠢᠯᠠᠭᠴᠢ ᠶᠢᠨ ᠳᠠᠭᠤᠯᠠᠯ | ᠵᠣᠬᠢᠶᠠᠭᠴᠢ᠄ ᠪᠠᠢ ᠬᠤ᠋ | —ᠬᠢᠵᠢᠭ ᠢ ᠤᠰᠠᠳᠬᠠᠬᠤ ᠳᠠᠶᠢᠨ ᠳᠤ ᠤᠷᠤᠯᠴᠠᠭ᠎ᠠ ᠰᠤᠪᠢᠯᠠᠭᠴᠢ ᠨᠠᠷ ᠲᠠᠭᠠᠨ | ᠴᠤᠯ ᠴᠠᠭᠠᠨ ᠡᠮᠦᠰᠭᠡᠯ | ᠴᠢᠰᠤᠨ ᠤᠯᠠᠭᠠᠨ ᠰᠡᠳᠭᠢᠯ | ᠴᠤᠯᠭᠤᠷᠠᠵᠤ ᠴᠠᠭᠠᠷᠠᠭᠰᠠᠨ ᠮᠡᠷᠭᠡᠵᠢᠯ | ᠴᠤᠴᠠᠰᠢ ᠦᠭᠡᠢ ᠵᠤᠷᠢᠯᠲᠠ | ᠴᠤᠴᠢᠮᠠᠭ ᠲᠦᠷᠦᠬᠦ ᠬᠢᠵᠢᠭ ᠢ | ᠴᠤᠭᠴᠠᠰ ᠮᠠᠬᠠᠪᠤᠳ ᠠᠴᠠ ᠠᠷᠢᠯᠭᠠᠭᠰᠠᠨ | ᠴᠤᠭᠯᠠᠷᠠᠭᠰᠠ ᠭᠡᠮ ᠳᠤ ᠡᠨᠡᠯᠦᠭᠰᠡᠳ ᠤᠨ | ᠴᠤᠭ ᠰᠦᠯᠳᠡ ᠶᠢ ᠳᠠᠯᠠᠯᠤᠭᠰᠠᠨ | ᠠᠷᠢᠭᠤᠨ ᠳᠡᠭᠡᠳᠦ ᠦᠢᠯᠡᠰ ᠲᠡᠭᠡᠨ | ᠠᠰᠠᠵᠤ ᠨᠤᠴᠤᠭᠰᠠᠨ ᠯᠠ | ᠠᠮᠢᠨ ᠬᠢᠯᠢ ᠶᠢ ᠰᠠᠬᠢᠭᠰᠠᠨ | ᠠᠨᠢᠮᠠᠯ ᠦᠭᠡᠢ ᠮᠡᠯᠮᠡᠢ | ᠠᠭᠠᠷ ᠲᠡᠭᠷᠢ ᠠᠴᠠ ᠲᠤᠮᠢᠯᠠᠳᠠᠭ | ᠠᠨᠴᠢᠯ ᠬᠡᠥᠬᠡᠨ ᠤ ᠪᠦᠷᠢᠯᠸ᠎ᠠ | ᠠᠷᠬᠠᠭ ᠬᠠᠭᠤᠴᠢᠨ ᠠᠴᠠ ᠰᠠᠯᠭᠠᠳᠠᠭ | ᠠᠷᠰᠢ ᠤᠳᠠᠴᠢ ᠶᠢᠨ ᠱᠠᠪᠢ | ᠡᠨᠡᠷᠢᠬᠦ ᠬᠠᠶᠢᠷ᠎ᠠ ᠶᠢᠨ ᠲᠤᠭ | ᠡᠯᠪᠡᠷᠢᠬᠦ ᠰᠡᠳᠭᠢᠯ ᠤᠨ ᠨᠠᠮᠢᠷᠠᠭᠠᠨ | ᠡᠮᠨᠡᠬᠦ ᠦᠢᠯᠡᠰ ᠤᠨ ᠡᠯᠧᠮᠧᠨ᠋ᠲ | ᠡᠮᠴᠢ ᠪᠠᠭᠰᠢ ᠶᠢᠨ ᠬᠠᠪᠰᠤᠷᠤᠭᠴᠢ | ᠡᠪᠡᠷᠰᠢᠶᠡᠵᠦ ᠡᠨᠡᠯᠬᠦ ᠬᠦᠮᠦᠰ ᠤᠨ | ᠡᠯᠢᠭᠡ ᠲᠤᠳᠥᠨᠤ ᠨᠠᠶᠢᠵᠠ | ᠡᠷᠡᠭᠦᠯ ᠡᠩᠬᠡ ᠶᠢᠨ ᠡᠯᠴᠢ | ᠡᠷᠢᠨ ᠴᠠᠭ ᠤᠨ ᠰᠤᠪᠢᠯᠠᠭᠴᠢ ᠡ | ᠡᠳᠡᠭᠡᠷᠡᠭᠦᠯᠵᠦ ᠠᠪᠤᠷᠠᠬᠤ ᠲᠠᠰᠤᠭ ᠲᠠᠭᠠᠨ | ᠡᠭᠡᠷᠡᠭᠦᠯ ᠰᠢᠭ ᠡᠷᠭᠢᠯᠳᠦᠨ᠎ᠡ | ᠡᠪᠡᠳᠴᠢᠲᠡᠨ ᠰᠠᠭᠤᠬᠤ ᠦᠷᠦᠭᠡ ᠳᠡᠭᠡᠨ | ᠡᠷᠪᠡᠬᠡᠢ ᠰᠢᠭ ᠪᠦᠵᠢᠨ᠎ᠡ | ᠡᠷᠲᠡ ᠡᠳᠦᠷ ᠡᠷᠡᠭᠦᠯᠵᠢᠭᠦᠯᠬᠦ ᠭᠡᠳ | ᠡᠷᠲᠡᠯᠡᠵᠦ ᠤᠷᠦ᠋ᠢᠯᠠᠵᠤ ᠴᠢᠷᠮᠠᠶᠢᠨ᠎ᠠ | ᠡᠶᠡᠯᠰᠡᠭ ᠬᠦᠯᠢᠴᠡᠩᠭᠦᠢ ᠬᠠᠨᠲᠤᠵᠤ | ᠡᠭᠡᠳᠡᠷᠡᠭᠡᠨ ᠪᠤᠳᠤᠯ ᠢ ᠨᠢ ᠲᠠᠶᠢᠪᠤᠰᠢᠷᠠᠭᠤᠯᠤᠨ᠎ᠠ | ᠦᠭᠡᠢ ᠪᠠᠶᠠᠨ ᠢᠯᠭᠠᠵᠤ | ᠦᠭᠡᠳᠡ ᠴᠢᠷᠠᠢ ᠪᠠᠨ ᠬᠤᠪᠢᠷᠠᠭᠠᠭᠠ ᠦᠭᠡᠢ | ᠦᠨᠡᠨ ᠰᠡᠳᠬᠢᠯ ᠢᠶᠠᠷ ᠬᠠᠷᠠᠭᠠᠯᠵᠠᠵᠤ | ᠦᠭᠭᠢᠶᠠᠮᠤᠷ ᠬᠠᠶᠢᠷ᠎ᠠ ᠪᠠᠨ ᠶᠡᠭᠦᠯᠡᠨ᠎ᠡ | ᠦᠮᠡᠬᠡᠢ ᠪᠤᠵᠠᠷ ᠪᠠᠶᠢᠯ᠎ᠠ ᠭᠡᠳ | ᠦᠭᠡᠷ᠎ᠡ ᠲᠡᠶᠢᠰᠢ ᠵᠠᠶᠢᠯᠠᠭᠠ ᠦᠭᠡᠢ | ᠦᠪᠡᠷ ᠤᠨ ᠰᠠᠲᠤᠨ ᠰᠢᠬ ᠢᠶᠠᠨ ᠤᠶᠢᠷᠠᠳᠴᠤ | ᠦᠷᠦ ᠵᠢᠷᠦᠬᠡᠨ ᠠᠴᠠ ᠪᠠᠨ ᠲᠤᠳᠤᠨᠤᠴᠢᠯᠠᠨᠠ | ᠠᠰ ᠤᠨ ᠪᠡᠶ᠎ᠡ ᠨᠢ ᠬᠠᠪᠤ ᠦᠭᠡᠢ ᠴᠦ | ᠠᠷᠤᠨᠰᠢ ᠤᠬᠤᠷᠢᠬᠤ ᠦᠭᠡᠢ ᠲᠡᠰᠪᠦᠷᠢᠲᠠᠢ | ᠠᠷᠤ ᠭᠡᠷ ᠲᠡᠭᠡᠨ ᠤᠴᠢᠷ ᠲᠠᠢ ᠴᠦ | ᠠᠮᠠᠷᠠᠯᠲᠠ ᠬᠡᠯᠡᠬᠦ ᠦᠭᠡᠢ ᠬᠠᠷᠢᠭᠤᠴᠠᠯᠭᠠᠲᠠᠢ | ᠠᠬᠠᠰᠢᠷᠠᠭ᠎ᠠ ᠦᠲᠡᠯᠦᠭᠡ ᠨᠠᠰᠤᠲᠠᠳ ᠤᠨ ᠢᠶᠠᠨ | ᠠᠮᠠᠨ ᠢᠷᠦᠭᠡᠯ ᠤᠨ ᠪᠡᠯᠡᠭ ᠲᠠᠢ | ᠠᠩᠭ᠎ᠠ ᠪᠠᠭ᠎ᠠ ᠳᠡᠭᠦᠦ ᠨᠠᠷ ᠤᠨ ᠢᠶᠠᠨ | ᠠᠯᠠᠭᠠᠨ ᠲᠠᠰᠢᠯᠲᠠ ᠶᠢᠨ ᠤᠷᠮᠠᠰᠢᠭᠤᠯᠤᠯ ᠲᠠᠢ | ᠠᠵᠢᠯ ᠤᠨ ᠪᠠᠶᠢᠷᠢ ᠳᠠᠭᠠᠨ ᠭᠠᠪᠰᠢᠭᠠᠶᠢᠯᠠᠵᠤ | ᠠᠰᠠᠷᠠᠵᠤ ᠰᠤᠪᠢᠯᠠᠬᠤ ᠪᠠᠨ ᠴᠢᠩᠭᠠᠯᠠᠨ᠎ᠠ | ᠠᠷᠠᠳ ᠲᠦᠮᠡᠨ ᠳᠡᠭᠡᠨ ᠦᠢᠯᠡᠴᠢᠯᠡᠵᠦ | ᠠᠮᠵᠢᠯᠲᠡ ᠪᠦᠲᠦᠭᠡᠯ ᠢᠶᠠᠨ ᠭᠢᠯᠠᠷᠠᠭᠤᠯᠤᠨ᠎ᠠ | ᠠᠮᠢᠳᠤᠷᠠᠯ ᠬᠠᠶᠢᠷ᠎ᠠ ᠶᠢᠨ ᠨᠤᠲ ᠢᠶᠠᠨ | ᠠᠰᠬᠠᠷᠠᠭᠰᠠᠨ ᠬᠦᠯᠦᠰᠦ ᠪᠠᠷ ᠢᠶᠠᠨ ᠪᠢᠴᠢᠭᠯᠡᠨ᠎ᠡ | ᠠᠮᠢ ᠨᠠᠰᠤᠨ ᠤ ᠠᠶᠢᠵᠠᠮ ᠢ | ᠠᠷᠪᠠᠨ ᠬᠤᠷᠤᠭᠤ ᠪᠠᠷ ᠢᠶᠠᠨ ᠴᠢᠪᠬᠠᠳᠠᠨ᠎ᠠ | ᠴᠡᠪᠡᠷ ᠳᠤᠬᠢᠯᠢᠭ ᠤᠷᠴᠢᠨ ᠢᠶᠠᠷ ᠨᠢ | ᠴᠡᠭᠴᠡᠲᠡᠢ ᠬᠦᠳᠡᠯᠮᠦᠷᠢ ᠨᠢ ᠲᠤᠳᠤᠷᠠᠨ᠎ᠠ | ᠴᠡᠭᠡᠨ ᠭᠡᠷᠡᠯ ᠤᠨ ᠳᠤᠮᠳᠠᠭᠤᠷ ᠨᠢ | ᠴᠡᠭᠡᠯᠭᠡᠨ ᠳᠠᠭᠤ ᠨᠢ ᠳᠤᠯᠭᠢᠶᠠᠯᠠᠨ᠎ᠠ | ᠴᠡᠪᠴᠡᠶᠢᠵᠦ ᠰᠤᠨᠤᠯᠵᠠᠬᠤ ᠭᠤᠲᠤᠮᠵᠢ ᠪᠠᠷ ᠨᠢ | ᠴᠡᠯᠭᠡᠷᠡᠬᠦ ᠨᠠᠰᠤ ᠨᠢ ᠭᠠᠩᠬᠤᠨ᠎ᠠ | ᠴᠡᠩᠬᠡᠯ ᠵᠢᠷᠭᠠᠯ ᠠᠯᠢᠪᠠ ᠪᠠᠨ | ᠴᠡᠴᠡᠭᠯᠡᠬᠦ ᠦᠢᠯᠡᠰ ᠲᠡᠭᠡᠨ ᠵᠤᠷᠢᠭᠤᠯᠤᠨ᠎ᠠ᠃ | |