ᠠᠮᠢ ᠨᠠᠰᠣ ᠶᠢ ᠬᠤᠷᠦ᠋ᠢᠯᠠᠨ ᠲᠠᠯᠠᠯᠬᠤ ᠠᠷᠢᠬᠢᠨ ᠮᠣᠬᠤᠯᠠᠬ ᠤᠨ ᠣᠯᠠᠭᠠᠨ ᠲᠠᠷᠴᠤᠬ | ᠵᠣᠬᠢᠶᠠᠭᠴᠢ᠄ ᠴ᠊ · ᠪᠠᠶᠠᠰᠣᠯ | ᠡᠭᠦᠳᠡᠨ ᠡᠮᠦᠨᠡᠬᠢ ᠵᠠᠮ ᠤᠨ ᠬᠠᠵᠠᠭᠤ ᠳᠤ ᠠᠷᠢᠬᠢᠨ ᠮᠣᠬᠤᠯᠠᠬ ᠪᠠᠶᠢᠳᠠᠬ | ᠦᠡᠭᠭᠡᠳᠦ ᠣᠯᠠᠭᠠᠨ ᠲᠠᠷᠴᠤᠬ ᠨᠢ ᠰᠠᠯᠬᠢᠨ ᠤ ᠠᠶᠠᠰ ᠢᠶᠠᠷ ᠲᠡᠷᠪᠡᠯᠵᠡᠨᠡ | ᠦᠨᠦᠷᠳᠦ ᠨᠣᠭᠤᠭ᠎ᠠ ᠠᠮᠳᠠᠳᠦ ᠵᠠᠭᠤᠰᠢ ᠰᠢᠷᠡᠭᠡ ᠲᠦᠭᠦᠷᠡᠩ ᠦᠷᠦᠭᠳᠡᠵᠦ | ᠦᠡᠭᠭᠡᠷᠡᠵᠦ ᠵᠣᠷᠴᠢᠬᠤ ᠬᠦᠮᠦᠰ ᠤᠨ ᠰᠦᠭ ᠰᠦᠨᠡᠰᠦ ᠶᠢ ᠬᠤᠷᠦ᠋ᠢᠯᠠᠨ᠎ᠠ | ᠪᠠᠷᠢᠯᠳᠣᠯᠭ᠎ᠠ ᠲᠠᠢ ᠶᠣᠮ ᠰᠢᠬ ᠡᠨᠡ ᠬᠦ ᠮᠣᠬᠤᠯᠠᠬ ᠲᠤ ᠪᠢ ᠦᠷᠭᠦᠯᠵᠢ ᠣᠴᠢᠳᠠᠬ | ᠪᠠᠶᠢᠮ᠎ᠠ ᠬᠤᠯᠠ ᠠᠴᠠ ᠡᠵᠡᠨᠳᠡᠨ ᠨᠢ ᠪᠡᠶ᠎ᠡ ᠮᠡᠬᠦ᠋ᠢᠨ ᠣᠬᠳᠣᠳᠠᠬ | ᠢᠳᠡ ᠲᠠᠢ ᠠᠷᠢᠬᠢ ᠨᠢ ᠡ᠊ᠨᠳᠡ ᠪᠣᠢ ᠭᠡᠵᠦ ᠡᠷᠡᠬᠡᠢ ᠭᠠᠷᠭᠠᠨ ᠮᠠᠬᠳᠠᠳᠠᠬ | ᠡᠷᠭᠢᠬᠦᠦ ᠶᠣᠮ ᠰᠢᠭ ᠪᠢ ᠬᠤᠪᠳᠣᠬᠯᠠᠨ ᠬᠤᠪᠳᠣᠬᠯᠠᠨ ᠪᠠᠯᠭᠤᠳᠠᠬ | ᠨᠢᠭᠡ ᠮᠡᠳᠡᠬᠦᠨ᠎ᠡ ᠠᠮᠳᠠᠷᠬᠠᠨ ᠠᠮᠳᠠᠷᠬᠠᠨ ᠰᠢᠮᠡᠭᠰᠡᠭᠡᠷ | ᠨᠢᠭᠡᠮᠦᠰᠦᠨ ᠲᠡᠭᠦᠨ ᠠᠴᠠ ᠰᠠᠯᠬᠤ ᠶᠢᠨ ᠠᠷᠭ᠎ᠠ ᠦᠭᠡᠢ ᠨᠦᠬᠦᠷᠯᠡᠪᠡ | ᠨᠠᠷᠠ ᠲᠠᠢ ᠡᠳᠦᠷ ᠰᠠᠷ᠎ᠠ ᠲᠠᠢ ᠰᠦᠨᠢ ᠶᠢ ᠬᠠᠮᠢᠶᠠᠷᠬᠤ ᠦᠭᠡᠢ | ᠨᠠᠰᠣᠨ ᠤ ᠬᠠᠨᠢ ᠰᠢᠬ ᠲᠣᠳᠣᠨᠤ ᠠᠴᠠ ᠲᠣᠳᠣᠨᠣ ᠨᠠᠶᠢᠵᠠᠯᠠᠪᠠ | ᠰᠠᠷᠬᠤᠳ ᠭᠡᠳᠡᠭ ᠰᠦᠷᠡᠬᠡᠢ ᠬᠤᠣᠷᠳᠠᠢ ᠣᠮᠳᠠᠭᠠᠨ ᠰᠢᠦ ᠭᠡᠵᠦ | ᠰᠠᠨᠠᠭᠤᠯᠣᠨ ᠰᠠᠨᠠᠭᠤᠯᠣᠨ ᠪᠦᠰᠡᠬᠦᠢ ᠮᠢᠨᠢ ᠦᠷᠭᠦᠯᠵᠢ ᠶᠠᠷᠢᠨ᠎ᠠ | ᠴᠢᠨᠦ ᠦᠭᠡ ᠨᠠᠳᠠᠳᠦ ᠲᠠᠯᠵᠢ ᠦᠭᠡᠢ ᠭᠡᠬᠦ ᠰᠢᠭ | ᠰᠢᠮᠡᠨ ᠰᠣᠷᠣᠨ ᠦᠨᠦᠬᠢ ᠭᠠᠶᠢᠬᠠᠯ ᠲᠠᠢ ᠵᠢᠭᠤᠷᠠᠯᠳᠣᠨᠠ | ᠠᠷᠢᠬᠢ ᠲᠠᠭᠠᠭᠠᠳᠠᠬ ᠪᠠᠭᠠᠳᠣᠷ ᠴᠣᠯᠠ ᠮᠢᠨᠢ ᠮᠠᠨᠳᠣᠭᠠᠳ | ᠠᠶᠢᠯ ᠭᠤᠣᠯ ᠳᠠᠭᠠᠨ ᠨᠡᠷᠡᠳᠡᠢ ᠠᠷᠢᠬᠢᠴᠢᠨ ᠪᠣᠯᠵᠠᠢ | ᠠᠬ᠎ᠠ ᠲᠡᠭᠦᠦ ᠨᠠᠷ ᠮᠢᠨᠢ ᠴᠦ ᠰᠣᠭᠤ ᠶᠢ ᠡᠷᠭᠦᠨ ᠮᠠᠬᠳᠠᠭᠠᠳ | ᠠᠯᠣᠰ ᠣᠶᠢᠷ᠎ᠠ ᠳᠠᠭᠠᠨ ᠰᠣᠬᠳᠣᠬᠤ ᠦᠭᠡᠢ ᠬᠦᠮᠦᠨ ᠭᠡᠵᠦ ᠠᠯᠳᠠᠷᠰᠢᠵᠠᠢ | ᠬᠤᠷᠢᠮ ᠨᠠᠶᠢᠷ ᠲᠤ ᠲᠦᠷᠦᠭᠦᠦ ᠬᠤᠳᠠ ᠪᠠᠷ ᠣᠷᠢᠬᠳᠠᠨ | ᠬᠤᠶᠢᠮᠣᠷ ᠲᠤᠨᠢ ᠵᠠᠪᠢᠯᠠᠵᠦ ᠠᠶᠠᠭ᠎ᠠ ᠠᠶᠠᠭ᠎ᠠ ᠪᠠᠷ ᠬᠦᠨᠳᠦᠷᠦᠨ᠎ᠡ | ᠬᠦᠮᠦᠨ ᠤ ᠨᠣᠳᠤᠬ ᠬᠦᠨᠳᠡᠯᠡᠨ ᠬᠤᠰᠢᠭᠤ ᠲᠠᠮᠵᠢᠨ | ᠬᠦᠨᠳᠡᠢ ᠲᠣᠣᠭᠠᠷᠴᠦ ᠬᠤᠭᠤᠰᠣᠨ ᠣᠡᠭᠭᠢᠷᠠᠵᠦ ᠶᠠᠪᠣᠨ᠎ᠠ | ᠣᠣᠭᠤᠬᠰᠠᠭᠠᠷ ᠣᠣᠭᠤᠬᠰᠠᠭᠠᠷ ᠶᠠᠮᠠᠷ ᠬᠡᠮᠵᠢᠶᠡᠨ ᠳᠤ ᠬᠦᠷᠦᠯ᠎ᠡ | ᠠᠭᠤᠰᠬᠢ ᠬᠡᠷᠴᠢᠭᠢᠨᠡᠵᠦ ᠡᠯᠢᠭᠡ ᠬᠤᠣᠷᠳᠠᠭᠠᠳ ᠴᠢᠷᠠᠢ ᠨᠢᠭᠤᠷ ᠪᠣᠷᠣᠯᠠᠵᠠᠢ | ᠠᠶᠣᠮᠰᠢᠬᠳᠦ ᠲᠣᠬᠢᠶ᠎ᠠ ᠢᠷᠡᠵᠦ ᠪᠠᠶᠢᠭ᠎ᠠ ᠭᠡᠳᠡᠭ ᠢ | ᠠᠪᠠᠭᠠᠢ ᠬᠡᠦᠬᠡᠳ ᠮᠢᠨᠢ ᠰᠡᠷᠡᠵᠦ ᠮᠡᠳᠡᠭᠡᠳ ᠬᠤᠷᠢᠬᠯᠠᠵᠠᠢ᠂ | ᠡᠷᠡᠭᠦᠯ ᠪᠡᠶ᠎ᠡ ᠮᠢᠨᠢ ᠡᠴᠡᠵᠦ ᠰᠦᠷᠡᠬᠡᠢ ᠲᠣᠷᠠᠭᠠᠳ | ᠰᠠᠷᠠᠭᠤᠯ ᠰᠡᠷᠭᠡᠢ ᠲᠠᠷᠢᠬᠢ ᠮᠢᠨᠢ ᠰᠣᠯᠢᠦ ᠪᠣᠯᠵᠦ ᠪᠢᠳᠡᠭᠦᠷᠡᠪᠡ | ᠦᠰᠦᠭ ᠨᠢᠳᠦᠯᠡᠳᠡᠭ ᠬᠠᠷᠠᠭ᠎ᠠ ᠮᠢᠨᠢ ᠪᠠᠯᠠᠷᠬᠠᠢ ᠪᠣᠯᠵᠦ ᠣᠰᠣᠩᠬᠢᠳᠣᠭᠠᠳ | ᠰᠢᠯᠦᠭ ᠡᠷᠢᠶᠡᠴᠢᠳᠡᠭ ᠭᠠᠷ ᠮᠢᠨᠢ ᠲᠡᠮᠳᠡᠷᠢᠭᠡ ᠪᠣᠯᠵᠦ ᠴᠡᠴᠡᠷᠬᠢᠯᠡᠪᠡ | ᠰᠢᠯᠦᠭᠴᠢ ᠭᠡᠳᠡᠭ ᠰᠠᠶᠢᠬᠠᠨ ᠠᠯᠳᠠᠷ ᠢᠶᠠᠨ ᠪᠢ | ᠰᠣᠬᠳᠣᠭᠤ ᠭᠡᠳᠡᠭ ᠰᠣᠨᠳᠣᠭᠠᠢ ᠨᠡᠷ᠎ᠡ ᠪᠠᠷ ᠬᠠᠯᠠᠵᠠᠢ | ᠠᠳ ᠱᠦᠭᠯᠡᠭᠰᠡᠨ ᠰᠢᠭ ᠠᠷᠢᠬᠢᠨ ᠳᠤ ᠨᠢᠭᠡᠨᠳᠡ ᠲᠡᠪᠳᠦᠭᠡᠳ | ᠠᠳᠠᠯ ᠠᠮᠢᠳᠣᠷᠠᠯ ᠢᠶᠠᠨ ᠴᠦ ᠲᠣᠳᠣᠮᠳᠠᠬᠤ ᠰᠡᠭᠡᠭᠡ ᠪᠠᠨ ᠠᠯᠳᠠᠵᠠᠢ | ᠬᠠᠰᠢᠶ᠎ᠠ ᠲᠠᠢ ᠬᠤᠨᠢ ᠪᠠᠨ ᠵᠠᠷᠣᠬᠰᠠᠭᠠᠷ ᠬᠡᠳᠦᠬᠡᠨ ᠰᠢᠬᠢᠷ᠎ᠡ ᠦᠯᠡᠳᠡᠵᠡᠢ | ᠬᠠᠷᠮᠠᠨ ᠳᠠᠬᠢ ᠮᠦᠡᠭᠬᠦ ᠪᠠᠨ ᠰᠠᠪᠠᠭᠰᠠᠭᠠᠷ ᠬᠤᠭᠤᠰᠣᠨ ᠯᠣᠩᠬᠤ ᠬᠤᠪᠢᠯᠪᠠ | ᠬᠡᠷᠡᠭᠦᠯ ᠶᠠᠷᠭᠢᠶᠠᠨ ᠲᠠᠳᠠᠬᠰᠠᠭᠠᠷ ᠡᠷᠦᠬᠡ ᠭᠡᠷ ᠮᠢᠨᠢ ᠡᠵᠡᠭᠦ᠋ᠢᠷᠡᠵᠡᠢ | ᠬᠡᠢ ᠨᠢ ᠭᠠᠷᠣᠬᠰᠠᠨ ᠪᠦᠮᠪᠦᠭᠡ ᠰᠢᠭ ᠬᠦᠯᠴᠦᠭᠦᠷᠡᠵᠦ ᠪᠢ ᠬᠠᠮᠰᠢᠢᠪᠠ | ᠠᠶᠢᠯ ᠳᠠᠭᠠᠨ ᠲᠣᠰᠠᠷᠬᠠᠬ ᠨᠠᠶᠢᠵᠠ ᠳᠠᠭᠠᠨ ᠬᠠᠯᠠᠭᠤᠮᠰᠤᠬ ᠨᠢᠭᠡ ᠡᠷ᠎ᠡ | ᠠᠮᠢᠨ ᠳᠠᠭᠠᠨ ᠵᠦᠪ ᠦᠭᠡᠢ ᠠᠷᠢᠶᠠᠪᠠᠯᠣ ᠪᠣᠯᠣᠨ ᠬᠤᠪᠢᠷᠠᠵᠠᠢ | ᠠᠮᠵᠢᠯᠳᠠ ᠪᠦᠳᠦᠭᠡᠯ ᠲᠠᠢ ᠬᠢᠯᠠᠷᠠᠭᠤᠯᠵᠦ ᠶᠠᠪᠣᠬᠰᠠᠨ ᠨᠢᠭᠡ ᠨᠡᠷ᠎ᠡ | ︽ᠠᠷᠢᠬᠢᠨ ᠴᠢᠳᠭᠦᠷ︾ ᠤᠨ ᠮᠧᠳᠠᠯ ᠵᠡᠭᠦᠭᠡᠳ ᠬᠤᠴᠣᠷᠴᠠᠢ | ᠠᠷᠢᠭᠤᠨ ᠴᠣᠬᠴᠠᠰ ᠮᠢᠨᠢ ᠬᠤᠣᠷᠳᠠᠵᠦ ᠡᠬᠢᠯᠡᠭᠰᠡᠨ ᠢ ᠣᠬᠠᠭᠠᠷᠠᠭᠠᠳ | ᠠᠷᠢᠬᠢ ᠲᠠᠷᠠᠰᠣᠨ ᠠᠴᠠ ᠠᠯᠬᠤᠮ ᠠᠯᠬᠤᠮ ᠢᠶᠠᠷ ᠵᠠᠶᠢᠳᠠᠪᠠ | ᠠᠪᠣᠯᠴᠠᠵᠦ ᠠᠮᠠᠷᠠᠬᠯᠠᠵᠦ ᠡᠷ᠎ᠡ ᠴᠢᠳᠠᠯ ᠢᠶᠠᠨ ᠰᠢᠯᠭᠠᠬᠰᠠᠭᠠᠷ | ᠠᠪᠤ ᠶᠢᠨ ᠬᠦᠦ ᠠᠶᠢᠬᠤᠪᠳᠣᠷ ᠴᠦ ᠠᠭᠠᠬ ᠤᠨ ᠬᠦᠦ ᠳᠤ ᠲᠡᠶᠢᠯᠦᠭᠳᠡᠪᠡ | | |