ᠡᠷᠡᠭᠦᠯ ᠡᠩᠭᠡ ᠶᠢᠨ ᠡᠯᠴᠢ
ᠨᠡᠶᠢᠲᠡᠯᠡᠭᠰᠡᠨ ᠴᠠᠭ᠄
2020/3/24
ᠡᠷᠡᠭᠦᠯ ᠡᠩᠭᠡ ᠶᠢᠨ ᠡᠯᠴᠢ               ᠵᠣᠬᠢᠶᠠᠭᠴᠢ᠄ ᠪᠦᠬᠡᠴᠢᠯᠠᠭᠤ      —ᠦᠬᠠᠨ ᠳᠤ ᠲᠣᠰᠠᠯᠠᠬᠤ ᠪᠠᠷ ᠣᠴᠢᠬᠰᠠᠨ ᠡᠮᠴᠢ ᠰᠣᠪᠢᠯᠠᠬᠴᠢ ᠨᠠᠷ ᠲᠠᠭᠠᠨ ᠵᠣᠷᠢᠭᠤᠯᠪᠠᠬᠤᠪᠧᠢ ᠮᠣᠵᠢ ᠶᠢᠨ ᠦᠬᠠᠨ ᠬᠤᠳᠠ ᠠᠴᠠᠬᠤᠯᠠᠭᠠᠶᠢᠯᠠᠨ ᠡᠭᠦᠰᠦᠭᠰᠡᠨ ᠬᠠᠯᠳᠠᠪᠣᠷᠢᠳᠦ ᠬᠢᠵᠢᠭ ᠬᠤᠷᠣᠮᠬᠠᠨ ᠵᠠᠭᠤᠷ᠎ᠠ ᠲᠡᠯᠭᠡᠷᠡᠨ ᠲᠠᠷᠬᠠᠵᠦ ᠬᠤᠳᠠᠯᠠ ᠣᠯᠠᠨ ᠢ ᠦᠢᠮᠡᠭᠦᠯᠦᠨ ᠰᠣᠴᠢᠭᠠᠵᠠᠢ      ᠣᠯᠣᠰ ᠤᠨ ᠲᠡᠷᠢᠭᠦᠯᠡᠭᠴᠢ ᠰᠢ ᠶᠢᠨ ᠫᠢᠡᠭ      ᠣᠷᠢᠶᠠᠯᠠᠭ᠎ᠠ ᠵᠢᠭᠠᠪᠣᠷᠢ ᠶᠢ ᠴᠠᠬ ᠲᠤᠨᠢ ᠪᠠᠭᠤᠯᠭᠠᠵᠦ      ᠣᠷᠰᠢᠬᠳᠦ ᠬᠢᠵᠢᠭ ᠲᠠᠢ ᠲᠠᠶᠢᠨ ᠵᠠᠷᠯᠠᠨ      ᠠᠷᠠᠳ ᠲᠦᠮᠡᠨ ᠢᠶᠠᠨ ᠵᠢᠯᠣᠭᠤᠳᠣᠨ ᠲᠠᠶᠢᠴᠢᠯᠠᠵᠠᠢᠦᠬᠦᠯ ᠢ ᠰᠦᠷᠬᠦ ᠡᠷᠡᠯᠬᠡᠭ ᠵᠣᠷᠢᠬ ᠲᠠᠢᠦᠪᠦᠷ ᠮᠣᠩᠭᠤᠯ ᠤᠨ ᠬᠦᠪᠡᠭᠦᠳ ᠦᠬᠢᠳᠦᠳᠳᠠᠷ ᠲᠦᠷᠭᠡᠨ ᠵᠠᠷᠯᠢᠬ ᠬᠦᠯᠢᠶᠡᠵᠦ ᠡᠮᠦᠨ᠎ᠡ ᠹᠷᠣᠨᠲ ᠲᠤ ᠣᠴᠢᠬᠤ ᠪᠠᠷ ᠪᠡᠯᠡᠳᠭᠡᠵᠡᠢ      ᠭᠠᠨᠭ᠌ ᠵᠣᠷᠢᠬ ᠲᠠᠢ ᠡᠮᠴᠢ ᠰᠣᠪᠢᠯᠠᠬᠴᠢᠳ      ᠭᠠᠷ ᠡᠷᠭᠦᠨ ᠨᠡᠷ᠎ᠡ ᠪᠠᠨ ᠮᠡᠳᠡᠭᠦᠯᠵᠡᠢ      ᠭᠠᠢ ᠲᠠᠢ ᠬᠢᠵᠢᠭ ᠢ ᠲᠠᠷᠣᠩᠭᠤᠶᠢᠯᠠᠨ ᠵᠠᠰᠠᠬᠤ ᠪᠠᠷ      ᠭᠠᠪᠰᠢᠭᠠᠶᠢᠯᠠᠨ ᠣᠷᠣᠯᠴᠠᠬᠤ ᠪᠠᠷ ᠦᠬᠠᠨ ᠢ ᠴᠢᠭᠯᠡᠵᠡᠢᠡᠯᠢᠭᠡᠨ ᠬᠠᠶᠢᠷᠠᠳᠦ ᠡᠬᠡ ᠣᠷᠣᠨ ᠨᠢ ᠡᠮᠴᠢ ᠰᠣᠪᠢᠯᠠᠬᠴᠢᠳ ᠢᠶᠠᠨ ᠵᠣᠷᠢᠬᠵᠢᠭᠤᠯᠣᠨ ᠮᠣᠷᠳᠠᠭᠤᠯᠵᠠᠢᠡᠷᠯᠢᠭ ᠤᠨ ᠡᠯᠴᠢ ᠶᠢ ᠦᠯᠳᠡᠨ ᠬᠦᠭᠡᠭᠡᠭᠡᠳᠡᠩᠭᠡ ᠮᠡᠨᠳᠦ ᠪᠠᠷ ᠢᠷᠡᠬᠦ ᠶᠢ ᠵᠦᠡᠭᠨᠡᠵᠡᠢ      ᠠᠩᠭᠢᠯᠣᠮ᠎ᠠ ᠲᠣᠶᠠᠭ᠎ᠠ ᠬᠤᠶᠠᠷ ᠬᠡᠦᠬᠡᠨ      ᠣᠯᠠᠨ ᠢᠶᠠᠨ ᠲᠠᠭᠠᠭᠤᠯᠵᠦ ᠣᠷᠢᠳ ᠢᠶᠠᠷ ᠮᠣᠷᠳᠠᠵᠠᠢ      ᠠᠮᠢ ᠪᠡᠶ᠎ᠡ ᠪᠠᠨ ᠬᠠᠶᠢᠬᠤᠷᠣᠯ ᠦᠭᠡᠢ      ᠠᠶᠣᠮᠰᠢᠬᠳᠦ ᠣᠷᠣᠨ ᠳᠤ ᠵᠠᠪᠳᠣᠨ ᠬᠦᠷᠴᠡᠢᠡᠪᠡᠳᠴᠢᠳᠡᠨ ᠣᠯᠠᠨ ᠤ ᠵᠣᠪᠠᠭᠤᠷᠢ ᠶᠢ ᠦᠵᠡᠭᠡᠳ ᠡᠯᠢᠭᠡ ᠵᠢᠷᠦᠬᠡ ᠨᠢ ᠰᠢᠮᠰᠢᠷᠡᠨ ᠡᠪᠡᠳᠴᠡᠢᠡᠮᠴᠢ ᠬᠦᠮᠦᠨ ᠤ ᠲᠠᠷᠬᠠᠨ ᠬᠠᠷᠢᠭᠤᠴᠠᠯᠭ᠎ᠠ ᠪᠠᠷᠡᠷᠳᠡᠮ ᠴᠢᠳᠠᠪᠣᠷᠢ ᠪᠠᠨ ᠰᠢᠪᠬᠠᠨ ᠠᠵᠢᠯᠯᠠᠵᠠᠢ      ᠡᠩᠭᠡ ᠮᠡᠨᠳᠦ ᠶᠢᠨ ᠡᠯᠴᠢ ᠪᠣᠯᠣᠬᠰᠠᠨ      ᠡᠬᠡ ᠣᠷᠣᠨ ᠤ ᠪᠠᠨ ᠬᠤᠰᠢᠭᠤᠴᠢ ᠪᠣᠯᠣᠬᠰᠠᠨ      ᠦᠷᠭᠡᠨ ᠲᠦᠮᠡᠨ ᠤ ᠪᠠᠨ ᠵᠢᠱᠢᠶᠡᠴᠢ ᠪᠣᠯᠣᠬᠰᠠᠨ      ᠣᠷᠰᠢᠬᠳᠦ ᠬᠢᠵᠢᠭ ᠤᠨ ᠲᠠᠷᠣᠯᠭ᠎ᠠ ᠪᠣᠯᠣᠬᠰᠠᠨᠣᠯᠠᠨ ᠭᠠᠵᠠᠷ ᠤᠨ ᠡᠮᠴᠢ ᠰᠣᠪᠢᠯᠠᠬᠴᠢᠦᠬᠠᠨ ᠬᠤᠳᠠ ᠳᠤ ᠬᠤᠷᠠᠨ ᠴᠣᠬᠯᠠᠷᠠᠵᠠᠢᠠᠶᠣᠯᠳᠦ ᠬᠢᠵᠢᠭ ᠢ ᠣᠰᠠᠳᠬᠠᠵᠦ ᠬᠠᠶᠠᠬᠤ ᠪᠠᠷᠠᠯᠬᠤᠮ ᠨᠢᠭᠡᠳᠡᠢ ᠴᠢᠷᠮᠠᠶᠢᠨ ᠲᠡᠮᠡᠴᠡᠵᠡᠢ      ᠡᠷᠳᠡᠮᠳᠡᠨ ᠮᠡᠷᠭᠡᠵᠢᠯᠳᠡᠨ ᠤ ᠰᠣᠳᠣᠯᠭᠠᠨ ᠳᠤ ᠲᠦᠰᠢᠭᠯᠡᠵᠦ      ᠡᠮ ᠲᠠᠩ ᠤᠨ ᠴᠢᠨᠠᠷ ᠢ ᠪᠠᠳᠣᠯᠠᠨ      ᠡᠮᠴᠢ ᠰᠣᠪᠢᠯᠠᠬᠴᠢᠳ ᠴᠢᠷᠮᠠᠶᠢᠨ ᠠᠵᠢᠯᠯᠠᠬᠰᠠᠭᠠᠷ      ᠡᠪᠡᠳᠴᠢᠯᠡᠭᠰᠡᠨ ᠬᠦᠮᠦᠰ ᠡᠳᠡᠭᠡᠷᠡᠵᠦ ᠡᠬᠢᠯᠡᠵᠡᠢᠰᠠᠷᠨᠢᠬᠤ ᠦᠭᠡᠢ ᠪᠠᠶᠢᠬᠰᠠᠨ ᠪᠠᠷᠠᠭᠠᠨ ᠡᠭᠦᠯᠡᠰᠰᠠᠯᠬᠢᠨ ᠤ ᠡᠷᠴᠢᠨ ᠳᠤ ᠲᠡᠭᠳᠡᠨ ᠵᠠᠮᠬᠠᠷᠠᠭᠠᠳᠰᠦᠷ ᠲᠠᠯᠠᠶᠢᠴᠠᠲᠠᠢ ᠠᠷᠠᠳ ᠤᠨ ᠲᠠᠶᠢᠨ ᠢᠶᠠᠷᠰᠦᠷᠭᠡᠦ ᠬᠢᠵᠢᠭ ᠢ ᠨᠣᠮᠣᠬᠠᠳᠬᠠᠵᠦ ᠴᠢᠳᠠᠵᠠᠢ      ᠡᠮᠴᠢ ᠰᠣᠪᠢᠯᠠᠬᠴᠢ ᠲᠠ ᠪᠦᠬᠦᠨ ᠳᠡᠭᠡᠨ      ᠦᠨᠡᠨ ᠰᠡᠳᠭᠢᠯ ᠠᠴᠠ ᠪᠠᠨ ᠲᠠᠯᠠᠷᠬᠠᠵᠦ ᠪᠠᠶᠢᠨ᠎ᠠ      ᠦᠭᠭᠢᠶᠡᠮᠦᠷ ᠲᠣᠯᠠᠭᠠᠨ ᠬᠠᠶᠢᠷ᠎ᠠ ᠶᠢᠨ ᠴᠢᠨᠢ ᠬᠦᠴᠦᠨ ᠳᠤ      ᠡᠪᠡᠳᠴᠢᠳᠡᠨ ᠪᠦᠬᠦᠳᠡ ᠵᠣᠷᠢᠬᠵᠢᠵᠦ ᠪᠠᠶᠢᠨ᠎ᠠᠠᠭᠤᠣ ᠨᠠᠮ ᠮᠢᠨᠢ ᠪᠢᠳᠡ ᠪᠦᠬᠦᠨ ᠳᠤ ᠠᠷᠣ ᠲᠦᠰᠢᠭ ᠪᠣᠯᠵᠦ ᠪᠠᠶᠢᠨ᠎ᠠᠠᠶᠣᠯᠳᠦ ᠬᠢᠵᠢᠭ ᠢ ᠲᠠᠷᠣᠩᠭᠤᠶᠢᠯᠠᠬᠤ ᠪᠠᠷ ᠠᠷᠠᠳ ᠣᠯᠠᠨ ᠢᠶᠠᠷ ᠢᠶᠠᠨ ᠬᠠᠮᠵᠢᠯᠴᠠᠵᠦ ᠪᠠᠶᠢᠨ᠎ᠠ      ᠡᠬᠡ ᠣᠷᠣᠨ ᠴᠢᠨᠢ ᠲᠠ ᠨᠠᠷ ᠲᠠᠭᠠᠨ      ᠡᠩᠭᠡ ᠶᠢᠨ ᠬᠠᠳᠠᠬ ᠢᠶᠠᠨ ᠲᠡᠪᠰᠢᠭᠦᠯᠵᠦ ᠪᠠᠶᠢᠨ᠎ᠠ      ᠡᠪᠡᠳᠴᠢᠨ ᠡᠮᠭᠡᠭ ᠲᠠᠢ ᠬᠦᠮᠦᠰ ᠢᠶᠠᠨ      ᠡᠷᠳᠡᠬᠡᠨ ᠡᠷᠡᠭᠦᠯᠵᠢᠬᠦ ᠶᠢ ᠢᠷᠦᠭᠡᠵᠦ ᠪᠠᠶᠢᠨ᠎ᠠ
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号