ᠬᠠᠯᠳᠠᠪᠣᠷᠢᠳᠦ ᠬᠢᠵᠢᠭ ᠢ ᠬᠠᠮᠳᠦ ᠪᠠᠷ ᠰᠡᠷᠭᠡᠶᠢᠯᠡᠶ᠎ᠡ | ᠵᠣᠬᠢᠶᠠᠭᠴᠢ᠄ ᠮᠦᠡᠭᠭᠦᠨᠬᠤᠸᠠᠷ | ᠦᠬᠠᠨ ᠬᠤᠳᠠ ᠠᠴᠠ ᠡᠭᠦᠰᠴᠦ ᠢᠷᠡᠭᠰᠡᠨ | ᠬᠠᠯᠳᠠᠪᠣᠷᠢᠳᠦ ᠸᠢᠷᠦ᠋ᠰ ᠢ ᠰᠡᠷᠭᠡᠶᠢᠯᠡᠬᠦ ᠪᠠᠷ | ᠦᠷᠭᠡᠨ ᠲᠦᠮᠡᠨ ᠮᠢᠨᠢ ᠬᠦᠴᠦ ᠨᠢᠬᠳᠠᠷᠠᠵᠦ | ᠬᠠᠮᠳᠦ ᠶᠢᠨ ᠰᠡᠳᠭᠢᠯ ᠢᠶᠠᠷ ᠲᠡᠮᠡᠴᠡᠵᠦ ᠪᠠᠶᠢᠨ᠎ᠠ | ᠡᠬᠡ ᠣᠷᠣᠨ ᠤ ᠪᠠᠨ ᠡᠩᠭᠡ ᠶᠢᠨ ᠲᠦᠯᠦᠭᠡ | ᠠᠶᠣᠯᠳᠦ ᠬᠢᠵᠢᠭ ᠢ ᠡᠰᠡᠷᠭᠦᠴᠡᠬᠦ ᠪᠠᠷ | ᠢᠳᠡᠭᠡᠯ ᠰᠡᠳᠭᠢᠯ ᠨᠢᠭᠡᠳᠡᠢ ᠪᠠᠷ ᠨᠦᠬᠦᠳ ᠮᠢᠨᠢ | ᠡᠪ ᠪᠦᠯᠬᠦᠮᠳᠡᠯ ᠲᠠᠢ ᠴᠢᠷᠮᠠᠶᠢᠵᠤ ᠪᠠᠶᠢᠨ᠎ᠠ︕ | ᠴᠣᠩᠬᠤ ᠡᠭᠦᠳᠡ ᠪᠠᠨ ᠵᠠᠪᠰᠠᠷᠯᠠᠨ ᠨᠡᠭᠡᠭᠡᠵᠦ | ᠴᠡᠪᠡᠷ ᠰᠠᠶᠢᠬᠠᠨ ᠠᠮᠢᠰᠬᠤᠯ ᠨᠡᠪᠳᠡᠷᠡᠭᠦᠯᠦᠶ᠎ᠡ | ᠴᠢᠩ ᠦᠨᠡᠨᠴᠢ ᠣᠪᠣᠷ ᠢᠶᠠᠷ | ᠴᠢᠭᠯᠡᠵᠦ ᠢᠷᠡᠬᠦ ᠬᠢᠵᠢᠭ ᠢ ᠰᠡᠷᠭᠡᠶᠢᠯᠡᠶ᠎ᠡ︕ | ᠭᠠᠳᠠᠬᠰᠢ ᠭᠠᠷᠪᠠᠯ ᠪᠢᠳᠡ ᠪᠦᠭᠦᠳᠡᠭᠡᠷ | ᠠᠮᠠᠪᠴᠢ ᠵᠡᠭᠦᠬᠦ ᠶᠢ ᠵᠢᠷᠣᠮᠯᠠᠶᠠ | ᠭᠠᠷ ᠨᠢᠭᠤᠷ ᠢᠶᠠᠨ ᠰᠠᠶᠢᠳᠣᠷ ᠣᠬᠢᠶᠠᠵᠦ | ᠠᠷᠢᠭᠤᠳᠬᠠᠯ ᠤᠨ ᠠᠵᠢᠯ ᠢ ᠰᠠᠶᠢᠨ ᠬᠢᠶ᠎ᠡ | ᠣᠯᠠᠨ ᠨᠡᠶᠢᠳᠡ ᠶᠢᠨ ᠴᠣᠬᠯᠠᠭᠠᠨ ᠳᠤ | ᠣᠷᠣᠯᠴᠠᠬᠤ ᠦᠭᠡᠢ ᠪᠠᠶᠢᠶ᠎ᠠ ᠪᠦᠭᠦᠳᠡᠭᠡᠷ ᠢᠶᠠᠨ | ᠢᠷᠡᠬᠦ ᠮᠠᠷᠭᠠᠰᠢ ᠶᠢᠨ ᠰᠠᠶᠢᠨ ᠰᠠᠶᠢᠬᠠᠨ ᠤ ᠲᠦᠯᠦᠭᠡ | ᠸᠢᠷᠦ᠋ᠰ ᠬᠢᠵᠢᠭ ᠢ ᠬᠤᠬ ᠦᠭᠡᠢ ᠠᠷᠢᠯᠭᠠᠶ᠎ᠠ︕ | | |