ᠦᠬᠠᠨ ᠡ᠂ ᠪᠢ ᠴᠢᠮ᠎ᠠ ᠲᠠᠢ ᠬᠠᠮᠳᠤ ᠪᠠᠶᠢᠨ᠎ᠠ | ᠵᠣᠬᠢᠶᠠᠭᠴᠢ᠄ ᠨᠠ᠊ · ᠬᠦᠬᠡᠰᠢᠭᠤᠢ | ︵ᠲᠠᠭᠤᠤ ᠶᠢᠨ ᠰᠢᠯᠦᠭ︶ | ᠬᠠᠯᠬᠢᠯᠠᠨ ᠤᠷᠤᠰᠬᠤ ᠬᠦᠬᠡ ᠮᠦᠷᠡᠨ ᠤ ᠬᠦᠪᠡᠭᠡᠨ ᠳᠤ | ᠬᠠᠮᠤᠭ ᠤᠨ ᠰᠠᠶᠢᠬᠠᠨ ᠨᠢᠭᠡᠨ ᠬᠤᠳᠠ ᠪᠠᠶᠢᠳᠠᠭ ᠡ | ᠬᠠᠯᠳᠠᠪᠦᠷᠢᠳᠦ ᠬᠢᠵᠢᠭ ᠡᠨᠡ ᠬᠤᠲᠠᠨ ᠳᠤ ᠲᠡᠯᠭᠡᠷᠡᠪᠡᠴᠤ | ᠬᠠᠰᠢ ᠯᠠ ᠮᠠᠨ ᠤ ᠬᠠᠶᠢᠷ᠎ᠠ ᠰᠡᠳᠬᠢᠯ ᠬᠤᠯᠪᠤᠯᠳᠤᠳᠠᠭ ᠡ | ᠦᠬᠠᠨ ᠡ ᠦᠬᠠᠨ ᠪᠢ ᠴᠢᠮ᠎ᠠ ᠲᠠᠢ ᠬᠠᠮᠳᠤ ᠪᠠᠶᠢᠨ᠎ᠠ | ᠦᠬᠠᠨ ᠡ ᠦᠬᠠᠨ ᠪᠢᠲᠡ ᠬᠡᠵᠢᠶᠡᠲᠡ ᠬᠠᠮᠳᠤ ᠪᠠᠶᠢᠨ᠎ᠠ | ᠰᠢᠷ᠎ᠠ ᠲᠤᠭᠤᠷᠤᠤᠳᠤ ᠠᠰᠠᠷ ᠤᠨ ᠠᠯᠲᠠᠨ ᠤᠷᠤᠢ ᠳᠤ | ᠰᠢᠷᠭᠠᠯ ᠨᠠᠷᠠᠨ ᠬᠡᠵᠢᠶ᠎ᠡ ᠪᠤᠯᠪᠠᠴᠤ ᠭᠡᠷᠡᠯ ᠲᠠᠢ | ᠰᠠᠮᠠᠭᠤᠨ ᠬᠢᠵᠢᠭ ᠡᠨᠡ ᠬᠤᠳᠠ ᠶᠢ ᠰᠦᠷᠲᠡᠭᠦᠯᠪᠡᠴᠤ | ᠰᠠᠶ᠎ᠠ ᠲᠦᠮᠡᠨ ᠮᠢᠨᠢ ᠰᠡᠳᠬᠢᠯ ᠴᠢᠩᠭ᠎ᠠ ᠪᠠᠶᠢᠭᠠᠷᠠᠢ | ᠦᠬᠠᠨ ᠡ ᠦᠬᠠᠨ ᠪᠢ ᠴᠢᠮ᠎ᠠ ᠲᠠᠢ ᠬᠠᠮᠳᠤ ᠪᠠᠶᠢᠨ᠎ᠠ | ᠦᠬᠠᠨ ᠡ ᠦᠬᠠᠨ ᠪᠢᠲᠡ ᠬᠡᠵᠢᠶᠡᠲᠡ ᠬᠠᠮᠳᠤ ᠪᠠᠶᠢᠨ᠎ᠠ | ᠤᠳᠤᠭ᠎ᠠ ᠦᠭᠡᠢ ᠡᠨᠡ ᠬᠦ ᠲᠠᠶᠢᠨ ᠤ ᠢᠯᠠᠯᠳᠠ ᠶᠢ | ᠤᠳᠠᠯ ᠦᠭᠡᠢ ᠠᠷᠠᠳ ᠲᠦᠮᠡᠨ ᠮᠢᠨᠢ ᠤᠯᠤᠨ᠎ᠠ | ᠦᠷᠭᠡᠨ ᠶᠡᠭᠡ ᠬᠦᠬᠡ ᠮᠦᠷᠡᠨ ᠤ ᠬᠦᠪᠡᠭᠡᠨ ᠳᠤ | ᠦᠬᠠᠨ ᠬᠤᠲᠠ ᠮᠢᠨᠢ ᠤᠷᠢᠳᠤ ᠶᠢᠨ ᠰᠢᠭ ᠬᠢᠯᠠᠯᠵᠠᠨ᠎ᠠ | ᠦᠬᠠᠨ ᠡ ᠦᠬᠠᠨ ᠪᠢ ᠴᠢᠮ᠎ᠠ ᠲᠠᠢ ᠬᠠᠮᠳᠤ ᠪᠠᠶᠢᠨ᠎ᠠ | ᠦᠬᠠᠨ ᠡ ᠦᠬᠠᠨ ᠪᠢᠲᠡ ᠬᠡᠵᠢᠶᠡᠲᠡ ᠬᠠᠮᠳᠤ ᠪᠠᠶᠢᠨ᠎ᠠ | |