︽ᠳᠦᠡᠭᠯᠢᠶᠤᠤ ᠶᠢᠨ ᠡᠳᠦᠷ ᠤᠨ ᠰᠤᠨᠢᠨ︾ ᠤ ︽ᠠᠯᠳᠠᠨ ᠵᠢᠷᠢᠮ ᠪᠤᠯᠵᠤᠭ᠎ᠠ︾ ᠸᠢᠴᠠᠲ ᠳᠠᠪᠴᠠᠩ | ᠪᠤᠯᠵᠤᠭᠰᠠᠨ ᠶᠤᠰᠤᠭᠠᠷ ᠳᠠ ᠪᠦᠬᠦᠨ ᠲᠠᠢ ᠪᠠᠨ ᠵᠤᠯᠭᠠᠵᠦ ᠪᠠᠶᠢᠨ᠎ᠠ᠃ ᠡᠨᠡ ᠳ᠋ᠤᠭᠠᠷ ᠲᠠᠭᠠᠨ ᠪᠢᠳᠡ ︽ᠪᠤᠶᠢᠷᠠ ᠶᠢᠨ | ᠳᠠᠷᠢᠶ᠎ᠠ︾ ᠬᠡᠬᠦ ᠨᠡᠷᠡᠶᠢᠳᠦᠯ ᠤᠨ ᠢᠷᠡᠯᠳᠡ ᠶᠢᠨ ᠳᠤᠬᠠᠢ ᠬᠠᠭᠤᠴᠢ ᠵᠤᠭᠤᠭ ᠢ ᠳᠡᠯᠭᠡᠬᠦ ᠪᠠᠷ ᠪᠤᠯᠤᠭᠰᠠᠨ ᠶᠤᠮ᠃ | ᠮᠠᠨ ᠤ ᠮᠡᠳᠡᠭᠡᠵᠢ ᠪᠠᠷ ᠳᠦᠡᠭᠯᠢᠶᠤᠤ ᠬᠤᠳᠠ ᠶᠢᠨ ᠳᠡᠮᠦᠷ ᠵᠠᠮ ᠤᠨ ᠦᠷᠳᠡᠭᠡᠨ ᠤ ᠡᠮᠦᠨ᠎ᠠ ᠳᠡᠯ᠎ᠠ ᠪᠠᠷ ︽ᠪᠠᠶᠠᠨ | ᠳᠡᠷᠢᠶ᠎ᠠ︾ ᠬᠡᠬᠦ ᠳᠤᠰᠬᠤᠨ ᠪᠠᠶᠢᠳᠠᠭ᠃ ᠵᠠᠷᠢᠮ ᠬᠦᠮᠦᠨ ᠡᠨᠡ ᠠᠶᠢᠯ ᠢ ᠳᠦᠡᠭᠯᠢᠶᠤᠤ ᠬᠤᠳᠠ ᠶᠢᠨ ᠬᠠᠭᠤᠴᠢᠨ | ᠰᠠᠭᠤᠷᠢᠰᠢᠯ ᠬᠡᠵᠦ ᠶᠠᠷᠢᠳᠠᠭ᠃ ᠲᠡᠶᠢᠮᠤ ᠮᠦᠷᠳᠡᠬᠡᠨ ᠡᠨᠡ ᠭᠠᠵᠠᠷ ᠤᠨ ᠨᠡᠷᠡᠶᠢᠳᠦᠯ ᠤᠨ ᠳᠤᠬᠠᠢ ᠨᠡᠶᠢᠭᠡᠮ | ᠨᠡᠶᠢᠳᠡ ᠶᠢᠨ ᠳᠤᠮᠳᠡ ᠬᠡᠳᠦᠨ ᠶᠠᠩᠵᠦ ᠪᠠᠷ ᠶᠠᠷᠢᠭᠳᠠᠵᠦ ᠪᠠᠶᠢᠳᠠᠭ᠃ ᠵᠠᠷᠢᠮ ᠨᠢ ︽ᠪᠤᠶᠢᠷᠠ ᠶᠢᠨ ᠳᠠᠷᠢᠶ᠎ᠠ︾ | ᠬᠡᠬᠦ ᠳᠤ ᠵᠠᠷᠢᠮ ᠨᠢ ︽ᠪᠠᠭᠠᠷᠢᠨ ᠳᠠᠷᠢᠶ᠎ᠠ︾ ᠬᠡᠵᠦ᠂ ᠡᠰᠡᠬᠦᠯ᠎ᠠ ︽ᠪᠠᠶᠢᠷᠢᠨ ᠳᠠᠷᠢᠶ᠎ᠠ︾ ᠭᠡᠵᠤ ᠪᠠᠶᠢᠨ᠎ᠠ᠃ | ᠤᠳᠤ ᠳᠤ ︽ᠪᠠᠶᠠᠨ ᠳᠠᠷᠢᠶ᠎ᠠ︾ ᠪᠤᠯᠤᠭᠰᠠᠨ ᠭᠡᠵᠤ ᠦᠵᠡᠵᠡᠭᠡᠵᠤ ᠪᠠᠶᠢᠨ᠎ᠠ᠃ ᠳᠡᠬᠡᠪᠡᠯ ᠡᠨᠡ ᠭᠠᠵᠠᠷ ᠤᠨ ᠡᠬᠦᠰᠦᠯ | ᠢᠷᠡᠯᠳᠡ ᠨᠢ ᠴᠤᠬᠤᠮ ᠶᠠᠮᠠᠷ ᠪᠤᠯ︖ ᠡᠨᠡ ᠳᠤᠬᠠᠢ ᠬᠤᠷᠴᠢᠨ ᠵᠡᠬᠦᠨ ᠭᠠᠷᠤᠨ ᠳᠤᠮᠳᠠᠳᠤ ᠬᠤᠰᠢᠭᠤᠨ ᠳᠤ | ᠨᠤᠳᠤᠭᠳᠠᠢ᠂ ᠬᠤᠷᠴᠢᠨ ᠤ ᠲᠡᠦᠬᠡ ᠰᠤᠶᠤᠯ ᠤᠨ ᠳᠤᠰᠬᠠᠢ ᠰᠤᠳᠤᠯᠤᠬᠴᠢ᠂ ᠦᠪᠤᠷ ᠮᠤᠩᠭᠤᠯ ᠤᠨ | ᠦᠨᠳᠦᠰᠦᠳᠡᠨ ᠤ ᠶᠡᠭᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠶᠢᠨ ᠳᠡᠮᠦᠷᠪᠠᠭᠠᠨ᠎ᠠ | ᠪᠠᠭᠰᠢ ᠠᠴᠠ ᠮᠠᠨᠤᠰ ᠲᠤ ᠢᠡᠭᠬᠢᠵᠦ ᠶᠠᠷᠢᠯ᠎ᠠ᠃ | ᠨᠢᠭᠡ᠂ ︽ᠪᠤᠶᠢᠷᠠ ᠶᠢᠨ ᠳᠠᠷᠢᠶ᠎ᠠ︾ ᠶᠢᠨ ᠬᠤᠪᠢᠯᠠᠪᠤᠷᠢ ᠳᠡᠤᠬᠡ | ᠳᠦᠡᠭᠯᠢᠶᠤᠤ ᠬᠤᠳᠠ ᠶᠢᠨ ᠤᠭ ᠤᠨ ᠬᠤᠳᠠ ᠶᠢᠨ ᠰᠠᠭᠤᠷᠢ ᠪᠤᠯ ᠤᠭ ᠲᠠᠭᠠᠨ ᠪᠤᠯ ︽ᠪᠤᠶᠢᠷᠠ ᠶᠢᠨ ᠳᠠᠷᠢᠶ᠎ᠠ | ︾ ᠬᠡᠰᠡᠨ ᠭᠠᠵᠠᠷ ᠤᠰᠤᠨ ᠤ ᠨᠡᠷ᠎ᠠ ᠪᠠᠶᠢᠵᠠᠢ᠃ ᠡᠬᠦᠨ ᠤ ᠰᠠᠭᠤᠷᠢᠨ ᠲᠡᠭᠡᠷ᠎ᠡ ᠤᠳᠤ ᠶᠢᠨ ᠳᠦᠡᠭᠯᠢᠶᠤᠤ ᠬᠤᠳᠠ ᠶᠢᠨ | ᠰᠠᠭᠤᠷᠢᠰᠢᠯ ᠬᠦᠭᠵᠢᠵᠦ ᠢᠷᠡᠵᠡᠢ᠃ ᠡᠬᠦᠨ ᠤ ᠪᠤᠳᠠᠳᠠᠢ ᠦᠯᠡᠳᠡᠭᠳᠡᠯ ᠤᠳᠤ ᠪᠠᠰᠠ ᠪᠠᠶᠢᠭᠰᠠᠭᠠᠷ᠃ ᠵᠢᠱᠢᠶᠡᠯᠡᠪᠡᠯ᠂ | ᠳᠦᠡᠭᠯᠢᠶᠤᠤ ᠬᠤᠳᠠ ᠶᠢᠨ ᠭᠠᠯᠳᠤ ᠳᠡᠷᠬᠡᠨ ᠦᠷᠳᠡᠭᠡᠨ ᠤ ᠡᠮᠦᠨ᠎ᠠ ᠳᠡᠯ᠎ᠠ ᠳᠤ ᠪᠠᠶᠢᠭ᠎ᠠ ᠬᠢᠳᠡᠳ ᠢᠶᠠᠷ ᠢᠶᠠᠨ ︽白音 | 泰来︾ ᠬᠡᠬᠦ ᠠᠶᠢᠯ ᠪᠠᠶᠢᠳᠠᠭ᠃ ᠡᠨᠡ ᠠᠶᠢᠯ ᠪᠤᠯ ᠳᠦᠡᠭᠯᠢᠶᠤᠤ ᠬᠤᠳᠠ ᠶᠢᠨ ᠤᠭ ᠤᠨ ᠪᠠᠶᠢᠷᠢ ᠳᠤ | ᠪᠠᠶᠢᠭᠤᠯᠤᠳᠠᠭᠰᠠᠨ ᠰᠠᠭᠤᠷᠢᠰᠢᠯ ᠪᠠᠶᠢᠭᠰᠠᠨ ︽ᠪᠤᠶᠢᠷᠠ ᠶᠢᠨ ᠳᠠᠷᠢᠶ᠎ᠠ︾ ᠬᠡᠳᠡᠭ ᠠᠶᠢᠯ ᠤᠨ ᠬᠠᠭᠤᠴᠢᠨ ᠨᠡᠷᠡᠶᠢᠳᠦᠯ᠂ | ᠤᠳᠤ ︽ᠪᠠᠶᠠᠨ ᠳᠠᠷᠢᠶ᠎ᠠ︾ ᠪᠤᠯᠵᠠᠢ᠃ ᠢᠡᠭᠬᠢᠭᠰᠡᠨ ᠠᠴᠠ ᠳᠠᠷᠠᠭ᠎ᠠ ︽ᠪᠤᠶᠢᠷᠠ ᠶᠢᠨ ᠳᠠᠷᠢᠶ᠎ᠠ︾ ᠤᠳᠤ ᠪᠤᠯᠬᠤ ᠳᠤ | ᠳᠦᠷᠪᠡᠨ ᠵᠦᠢᠯ ᠤᠨ ᠬᠡᠯᠡᠯᠭᠡ ᠢᠷᠡᠯᠡᠭᠰᠡᠨ ᠪᠠᠶᠢᠨ᠎ᠠ᠃ | ᠳᠦᠷᠦᠬᠦᠦ ᠨᠢᠭᠡ ᠬᠡᠯᠡᠯᠭᠡ ᠨᠢ ᠪᠤᠯ ︽ᠪᠠᠭᠠᠷᠢᠨ ᠳᠠᠷᠢᠶ᠎ᠠ︾᠂ ᠪᠠᠭᠠᠷᠢᠨ ᠬᠤᠰᠢᠭᠤᠨ ᠤ ᠤᠯᠤᠰ ᠤᠳ | ᠳᠠᠷᠢᠶᠠᠯᠠᠵᠦ ᠪᠠᠶᠢᠭᠰᠠᠨ ᠭᠠᠵᠠᠷ ᠬᠡᠳᠡᠭ᠃ ᠬᠤᠶᠠᠳᠤᠭᠠᠷ ᠵᠦᠢᠯ ᠤᠨ ᠬᠡᠯᠡᠯᠬᠡ ᠨᠢ ︽ᠪᠠᠶᠢᠷᠢ ᠶᠢᠨ ᠳᠡᠷᠢᠶ᠎ᠠ︾ ᠬᠡᠵᠦ | ᠪᠢᠴᠢᠵᠦ ᠪᠠᠶᠢᠨ᠎ᠠ᠃ ᠰᠤᠷᠤᠭᠴᠢ ᠶᠢᠨ ᠪᠠᠶᠢᠷᠢ ᠪᠤᠶᠤ ᠴᠡᠷᠢᠭ ᠤᠨ ᠪᠠᠶᠢᠷᠢ ᠪᠠᠶᠢᠭᠰᠠᠨ ᠭᠠᠵᠠᠷ ᠪᠤᠯᠤᠨ᠎ᠠ᠃ ᠡ᠊ᠨᠳᠡ | ᠳᠠᠷᠢᠶ᠎ᠠ ᠭᠠᠷᠤᠭᠰᠠᠨ ᠠᠴᠠ ︽ᠪᠠᠶᠢᠷᠢᠨ ᠳᠠᠷᠢᠶ᠎ᠠ︾ ᠪᠤᠯᠵᠠᠢ ᠭᠡᠳᠡᠭ᠃ ᠭᠤᠷᠪᠠᠳᠤᠭᠠᠷ ᠬᠡᠯᠡᠯᠭᠡ ᠨᠢ ︽ᠪᠤᠶᠢᠷᠠ ᠶᠢᠨ | ᠳᠠᠷᠢᠶ᠎ᠠ︾ ᠬᠡᠳᠡᠭ᠂ ᠦᠡᠭᠭᠡᠷᠡᠭᠰᠡᠨ ᠤ ᠨᠤᠮ ᠵᠤᠬᠢᠶᠠᠯ ᠳᠤᠳᠤᠷ᠎ᠠ ᠪᠤᠶᠤ ᠪᠢᠴᠢᠭᠳᠡᠨ ᠳᠤᠮᠤᠭᠠᠳᠠᠨ ᠤ ᠶᠠᠷᠢᠶ᠎ᠠ ᠳᠤ ᠡᠨᠡ | ᠬᠡᠯᠡᠯᠬᠡ ᠢᠯᠡᠷᠡᠳᠡᠭ᠃ ᠡᠬᠦᠨ ᠳᠤ ︽ᠪᠤᠶᠢᠷᠠ︾ ᠬᠡᠳᠡᠭ ᠪᠤᠯ ᠠᠭᠤᠯᠠ ᠪᠤᠶᠤ ᠦᠨᠳᠦᠷ ᠵᠤ ᠬᠦᠳᠦᠯ ᠤᠨ ᠡᠮᠦᠨᠡᠳᠦ | ᠳᠡᠯ᠎ᠠ ᠳᠤ ᠪᠠᠶᠢᠭ᠎ᠠ ᠨᠠᠯᠠᠪᠳᠤᠷ ᠳᠡᠭᠰᠢᠬᠡᠨ ᠭᠠᠵᠠᠷ ᠢ ᠪᠤᠶᠢᠷᠠ ᠬᠡᠵᠦ ᠬᠡᠯᠡᠨ᠎ᠠ᠃ ᠳᠦᠷᠪᠡᠳᠦᠭᠡᠷ ᠬᠡᠯᠡᠯᠭᠡ ᠨᠢ ︽ᠪᠠᠶᠠᠨ | ᠳᠠᠷᠢᠶ᠎ᠠ︾ ᠭᠡᠳᠡᠭ ᠬᠡᠯᠡᠯᠬᠡ᠃ | ᠨᠢᠭᠡ ᠯᠡ ᠭᠠᠵᠠᠷ ᠤᠨ ᠨᠡᠷ᠎ᠠ ᠳᠤ ᠳᠦᠷᠪᠡᠨ ᠬᠤᠪᠢᠯᠠᠪᠤᠷᠢ ᠲᠠᠢ ᠪᠤᠯᠤᠯ᠎ᠠ᠃ ᠶᠠᠭᠤ ᠴᠤ ᠬᠡᠰᠡᠨ ᠡᠨᠡ | ᠳᠦᠷᠪᠡᠨ ᠬᠤᠪᠢᠯᠠᠪᠤᠷᠢ ᠨᠢ ᠪᠦᠬᠦᠳᠡᠭᠡᠷ ᠢᠶᠠᠨ ᠳᠦᠡᠭᠯᠢᠶᠤᠤ ᠬᠤᠳᠠ ᠶᠢᠨ ᠰᠠᠭᠤᠷᠢ ᠪᠤᠯᠬᠤ ︽ᠪᠤᠶᠢᠷᠠ ᠶᠢᠨ ᠳᠠᠷᠢᠶ᠎ᠠ︾ | ᠬᠡᠰᠡᠨ ᠠᠴᠠ ᠤᠯᠠᠷᠢᠵᠦ ᠢᠷᠡᠵᠡᠢ᠂ ᠬᠤᠪᠢᠷᠠᠵᠦ ᠢᠷᠡᠵᠡᠢ᠃ | ᠳᠡᠶᠢᠮᠦ ᠪᠤᠯ ᠳᠦᠡᠭᠯᠢᠶᠤᠤ ᠬᠤᠳᠠ ᠶᠢᠨ ᠰᠠᠭᠤᠷᠢ ᠶᠢᠨ ᠬᠠᠭᠤᠴᠢᠨ ᠨᠡᠷᠡᠶᠢᠳᠦᠯ ᠨᠢ ᠡᠨᠡ ᠳᠦᠷᠪᠡᠨ | ᠬᠡᠯᠡᠯᠭᠡ ᠶᠢᠨ ᠠᠯᠢ ᠲᠠᠢ ᠨᠢ ᠤᠶᠢᠷᠠᠳᠬᠤ ᠶᠢ ᠦᠵᠡᠶ᠎ᠠ᠃ ᠪᠢ ᠬᠤᠪᠢ ᠪᠠᠷ ᠢᠶᠠᠨ ᠪᠤᠯ ︽ᠪᠤᠶᠢᠷᠠ ᠶᠢᠨ ᠳᠠᠷᠢᠶ᠎ᠠ︾ | ᠬᠡᠬᠦ ᠬᠡᠯᠡᠯᠭᠡ ᠶᠢ ᠵᠦᠪ ᠬᠡᠵᠦ ᠤᠶᠢᠯᠠᠭᠠᠳᠠᠭ᠃ ᠤᠴᠢᠷ ᠨᠢ ᠡᠬᠦᠨ ᠤ ᠳᠤᠬᠠᠢ ᠨᠤᠮ ᠵᠤᠬᠢᠶᠠᠯ ᠳᠤ ᠪᠢᠴᠢᠵᠦ | ᠳᠡᠮᠳᠡᠭᠯᠡᠭᠳᠡᠵᠦ ᠪᠤᠢ᠃ ᠵᠢᠱᠢᠶᠡᠯᠡᠪᠡᠯ᠂ ᠳᠠᠷᠬᠠᠨ ᠬᠤᠰᠢᠭᠤᠨ ᠳᠤ ᠨᠡᠷᠡᠳᠡᠢ ᠪᠤᠤ ᠮᠠᠨᠰᠠᠩ ᠬᠡᠳᠡᠭ ᠪᠠᠭᠰᠢ ᠪᠠᠶᠢᠵᠠᠢ᠃ | ᠳᠡᠷᠡ ᠪᠤᠯ ᠳᠡᠤᠬᠡ ᠰᠤᠶᠤᠯ ᠤᠨ ᠳᠤᠬᠠᠢ ᠠᠷᠪᠢᠨ ᠮᠡᠳᠡᠳᠡᠭ᠂ ᠨᠤᠮ ᠵᠤᠬᠢᠶᠠᠯ ᠠᠷᠪᠢᠨ ᠪᠢᠴᠢᠭᠰᠡᠨ ᠪᠠᠭᠰᠢ᠃ | ᠳᠡᠬᠦᠨ ᠤ ᠨᠤᠮ ᠵᠤᠬᠢᠶᠠᠯ ᠳᠤ ︽ᠪᠤᠶᠢᠷᠠ ᠶᠢᠨ ᠳᠠᠷᠢᠶ᠎ᠠ︾ ᠬᠡᠵᠦ ᠳᠡᠮᠳᠡᠭᠯᠡᠵᠦ ᠲᠠᠶᠢᠯᠪᠤᠷᠢᠯᠠᠵᠤ ᠪᠠᠶᠢᠨ᠎ᠠ᠃ | ᠬᠤᠶᠠᠳᠤᠭᠠᠷ ᠨᠢ ᠤᠤᠯ ᠤᠨ ᠳᠠᠷᠬᠠᠨ ᠬᠤᠰᠢᠭᠤᠨ ᠤ ᠬᠤᠸᠠᠬᠤᠰᠢᠭᠤ ᠪᠠᠭ᠎ᠠ ᠰᠤᠷᠭᠠᠭᠤᠯᠢ ᠶᠢᠨ ᠵᠠᠬᠢᠷᠤᠯ | ᠪᠠᠶᠢᠭᠰᠠᠨ ᠰᠧᠷᠡᠩᠨᠠᠮᠵᠢᠯ᠂ 1957 ᠤᠨ ᠳᠤ ᠦᠪᠤᠷ ᠮᠤᠩᠭᠤᠯ ᠳᠤ ᠬᠠᠮᠤᠭ ᠠᠩᠬᠠᠨ ᠤ ᠦᠬᠦᠯᠡᠯᠭᠡ ᠶᠢᠨ | ᠳᠡᠬᠦᠪᠤᠷᠢ ︽ᠬᠤᠷᠰᠢᠶᠠᠨ ᠤ ᠡᠷᠳᠡᠨᠢ ᠰᠢᠰᠢ︾ ᠪᠠᠨ ᠬᠡᠪᠯᠡᠬᠦᠯᠵᠦ᠂ ᠡᠨᠡ ᠳᠡᠬᠦᠪᠤᠷᠢ ᠳᠤ ︽ᠪᠠᠭᠠᠷᠢᠨ ᠳᠠᠷᠢᠶ᠎ᠠ︾ ᠶᠢ | ᠪᠦᠷ ︽ᠪᠤᠶᠢᠷᠠ ᠶᠢᠨ ᠳᠡᠷᠢᠶ᠎ᠠ︾ ᠬᠡᠵᠦ ᠪᠢᠴᠢᠵᠦ ᠪᠠᠶᠢᠳᠠᠭ᠃ ︽ᠪᠤᠶᠢᠷᠠ ᠶᠢᠨ ᠳᠡᠷᠢᠶ᠎ᠠ︾ ᠬᠡᠬᠦ ᠬᠡᠯᠡᠯᠭᠡ ᠶᠢᠨ | ᠤᠨᠤᠪᠴᠢ ᠶᠢᠨ ᠬᠡᠮᠵᠢᠶ᠎ᠠ ᠨᠢ ︽ᠪᠠᠭᠠᠷᠢᠨ ᠳᠡᠷᠢᠶ᠎ᠠ︾ ᠬᠡᠬᠦ ᠬᠡᠯᠡᠯᠭᠡ ᠲᠠᠢ ᠨᠡᠯᠢᠶᠡᠳ ᠤᠶᠢᠷᠠᠳᠤᠨ᠎ᠠ ᠬᠡᠵᠦ ᠪᠢ | ᠪᠤᠳᠤᠨ᠎ᠠ᠃ ᠡᠬᠦᠨ ᠢ ᠵᠦᠪᠰᠢᠶᠡᠷᠡᠵᠦ ᠪᠠᠶᠢᠨ᠎ᠠ᠃ ᠪᠠᠭᠠᠷᠢᠨ ᠬᠤᠰᠢᠭᠤᠨ ᠤ ︽ᠪᠠᠭᠠᠷᠢᠨ︾ ᠪᠤᠯᠤᠨ ᠰᠤᠷᠤᠭᠴᠢ ᠶᠢᠨ | ᠪᠠᠶᠢᠷᠢ ᠶᠢᠨ ︽ᠪᠠᠶᠢᠷᠢ︾ ᠪᠤᠯᠬᠤ ᠪᠤᠯᠤᠯᠴᠠᠭ᠎ᠠ ᠪᠠᠭ᠎ᠠ᠃ ᠴᠢᠩ ᠤᠯᠤᠰ ᠤᠨ ᠳᠤᠭᠳᠠᠭᠠᠯ ᠢᠶᠠᠷ ᠮᠤᠩᠭᠤᠯᠴᠤᠳ | ᠬᠤᠰᠢᠭᠤ ᠳᠠᠪᠠᠵᠦ ᠪᠤᠰᠤᠳ ᠬᠤᠰᠢᠭᠤᠨ ᠳᠤ ᠤᠴᠢᠵᠦ ᠠᠮᠢᠳᠤᠷᠠᠬᠤ ᠪᠤᠯᠤᠮᠵᠢ ᠲᠤᠩ ᠪᠠᠭ᠎ᠠ᠃ ᠡᠶᠢᠮᠦ ᠠᠴᠠ | ᠪᠠᠭᠠᠷᠢᠨ ᠬᠤᠰᠢᠭᠤᠨ ᠤ ᠬᠦᠮᠦᠰ ᠬᠡᠳᠦᠨ ᠬᠤᠰᠢᠭᠤ ᠲᠠᠪᠠᠭᠠᠳ ᠳᠠᠷᠬᠠᠨ ᠬᠤᠰᠢᠭᠤᠨ ᠳᠤ ᠢᠷᠡᠭᠡᠳ ᠳᠠᠷᠢᠶᠠᠯᠠᠬᠤ | ᠪᠤᠯᠤᠮᠵᠢ ᠪᠠᠭ᠎ᠠ᠃ ᠡᠬᠦᠨ ᠠᠴᠠ ᠭᠠᠳᠠᠨ᠎ᠠ ᠡᠨᠡ ᠭᠠᠵᠠᠷ ᠰᠤᠷᠤᠭᠴᠢ ᠶᠢᠨ ᠪᠠᠶᠢᠷᠢ ᠴᠡᠷᠢᠭ ᠤᠨ ᠪᠠᠶᠢᠷᠢ ᠪᠠᠶᠢᠭᠰᠠᠨ | ᠳᠡᠮᠳᠡᠭᠯᠡᠯ ᠶᠡᠷᠦ ᠠᠴᠠ ᠬᠠᠷᠠᠭᠳᠠᠭ᠎ᠠ ᠦᠭᠡᠢ᠃ ᠤᠨᠴᠠᠭᠠᠶᠢᠯᠠᠨ ︽ᠪᠠᠶᠠᠨ ᠳᠠᠷᠢᠶ᠎ᠠ︾ ᠭᠡᠳᠡᠭ ᠪᠤᠯ ᠮᠤᠩᠭᠤᠯ | ᠦᠭᠡ ᠶᠢ ᠤᠶᠢᠯᠠᠭᠠᠬᠤ ᠦᠭᠡᠢ᠂ ᠬᠡᠯᠡᠵᠦ ᠢᠯᠡᠳᠭᠡᠵᠤ ᠴᠢᠳᠠᠬᠤ ᠦᠭᠡᠢ ᠠᠴᠠ ᠬᠢᠳᠡᠳ ᠢᠶᠠᠷ ᠳᠦᠬᠦᠮᠴᠢᠯᠡᠵᠦ | ᠲᠠᠭᠤᠳᠠᠭᠰᠠᠨ ᠲᠠᠭᠤᠳᠠᠯᠭ᠎ᠠ ᠲᠡᠳᠦᠢ᠃ ᠶᠠᠭ ᠡᠶᠢᠮᠦ ᠠᠴᠠ ᠪᠢ ᠬᠤᠪᠢ ᠳᠠᠭᠠᠨ ᠪᠤᠯ ︽ᠪᠤᠶᠢᠷᠠ ᠶᠢᠨ ᠳᠠᠷᠢᠶ᠎ᠠ︾ | ᠬᠡᠪᠡᠯ ᠤᠨᠤᠪᠴᠢᠳᠠᠢ ᠬᠡᠵᠦ ᠦᠵᠡᠨ᠎ᠠ᠃ ᠲᠠᠷᠦᠢ ᠤᠳᠤ ᠶᠢᠨ ᠳᠦᠡᠭᠯᠢᠶᠤᠤ ᠬᠤᠳᠠ ᠶᠢᠨ ᠬᠠᠭᠤᠴᠢᠨ ᠨᠡᠷᠡᠶᠢᠳᠦᠯ ᠪᠤᠯ | ︽ᠪᠤᠶᠢᠷᠠ ᠶᠢᠨ ᠳᠡᠷᠢᠶ᠎ᠠ︾᠂ ᠬᠤᠵᠢᠮ ᠨᠢ ᠠᠳᠠᠷ ᠬᠠᠭᠠᠯᠪᠤᠷᠢᠯᠠᠵᠦ ᠢᠷᠬᠡᠳ ᠡᠯᠰᠡᠵᠤ ᠰᠠᠭᠤᠷᠢᠰᠢᠭᠤᠯᠤᠭᠰᠠᠨ ᠠᠴᠠ | ᠠᠭᠠᠵᠢᠮ ᠢᠶᠠᠷ ᠢᠶᠠᠨ ᠳᠦᠡᠭᠯᠢᠶᠤᠤ ᠬᠤᠳᠠ ᠪᠤᠯᠵᠠᠢ᠃ | ᠬᠤᠶᠠᠷ᠂ ︽ᠪᠤᠶᠢᠷᠠ ᠶᠢᠨ ᠳᠡᠷᠢᠶ᠎ᠠ︾ ᠶᠢᠨ ᠠᠳᠠᠷ ᠨᠢ ᠬᠡᠵᠢᠶ᠎ᠠ ᠪᠤᠢ ᠪᠤᠯᠤᠭᠰᠠᠨ ᠪᠤᠯ︖ | ᠴᠢᠩ ᠤᠯᠤᠰ ᠪᠤᠶᠤ ᠢᠷᠬᠡᠨ ᠤᠯᠤᠰ ᠤᠨ ᠠᠳᠠᠷ ᠬᠠᠭᠠᠯᠪᠤᠷᠢᠯᠠᠬᠤ ᠬᠦᠳᠡᠯᠬᠡᠬᠡᠨ ᠢ ᠲᠠᠭᠠᠯᠳᠤᠨ ᠪᠤᠶᠢᠷᠠ ᠶᠢᠨ | ᠲᠠᠷᠢᠶ᠎ᠠ ᠤᠷᠴᠢᠮ ᠨᠤᠲᠤᠭ ᠪᠡᠯᠴᠢᠭᠡᠷ ᠨᠤᠲᠤᠭ ᠠᠴᠠ ᠪᠠᠨ ᠳᠠᠷᠢᠶᠠᠨ ᠭᠠᠵᠠᠷ ᠪᠤᠯᠵᠦ᠂ ᠢᠷᠬᠡᠳ | ᠤᠯᠠᠰᠢᠷᠠᠭᠰᠠᠨ ᠠᠴᠠ ᠪᠠᠯᠭᠠᠰᠤᠨ ᠤ ᠰᠠᠭᠤᠷᠢ ᠪᠤᠯᠤᠭᠠᠳ᠂ ᠵᠢᠵᠢᠭᠬᠡᠨ ᠪᠠᠯᠭᠠᠰᠤᠨ ᠠᠴᠠ ᠪᠠᠨ ᠤᠳᠤ ᠳᠦᠡᠭᠯᠢᠶᠤᠤ | ᠬᠤᠳᠠ ᠶᠢᠨ ᠰᠠᠭᠤᠷᠢ ᠪᠤᠯᠵᠠᠢ᠃ ᠡᠨᠡ ᠬᠦ ︽ᠪᠤᠶᠢᠷᠠ ᠶᠢᠨ ᠳᠡᠷᠢᠶ᠎ᠠ︾ ᠬᠡᠵᠦ ᠡᠬᠦᠰᠦᠯ ᠢᠷᠡᠯ ᠠᠴᠠ ᠬᠡᠯᠡᠪᠡᠯ᠂ | ᠳᠠᠶᠢᠴᠢᠩ ᠬᠦᠷᠦᠨ ᠪᠠᠶᠢᠭᠤᠯᠤᠭᠳᠠᠭᠰᠠᠨ ᠤ ᠳᠠᠷᠠᠭ᠎ᠠ᠂ 1644 ᠤᠨ ᠳᠤ ᠡᠶᠡᠪᠡᠷ ᠵᠠᠰᠠᠭᠴᠢ ᠬᠠᠭᠠᠨ ᠹᠦ᠋ ᠯᠢᠨ ᠤ | ᠦᠶ᠎ᠡ ᠳᠤ ᠮᠠᠨᠵᠦ ᠮᠤᠩᠭᠤᠯ ᠤᠨ ᠬᠤᠯᠪᠤᠭᠠᠳᠤ ᠴᠡᠷᠢᠭ ᠤᠷᠤᠭᠰᠢ ᠪᠠᠨ ᠤᠷᠤᠵᠦ᠂ ᠴᠠᠭᠠᠨ ᠬᠡᠷᠡᠮ ᠤᠨ ᠴᠢᠬᠤᠯᠠ | ᠪᠤᠭᠤᠮᠳᠠ ᠪᠤᠯᠬᠤ ᠱᠠᠨᠠᠭ᠎ᠠ ᠪᠤᠭᠤᠮᠳᠠ ᠶᠢ ᠰᠢᠪᠳᠤᠯᠤᠨ ᠯᠢ ᡁᠢ ᠵᠧᠡᠭ ᠤᠨ ᠳᠠᠷᠢᠶᠠᠴᠢᠨ ᠤ ᠪᠤᠰᠤᠯᠭ᠎ᠠ ᠶᠢᠨ ᠴᠡᠷᠢᠭ ᠢ | ᠳᠡᠶᠢᠯᠦᠭᠡᠳ ᠮᠢᠩ ᠤᠯᠤᠰ ᠤᠨ ᠨᠤᠲᠤᠭ ᠢ ᠪᠦᠷᠢᠨ ᠡᠵᠡᠯᠡᠪᠡ᠃ ᠮᠠᠨᠵᠦ ᠬᠦᠮᠦᠨ ᠳᠤᠩ ᠴᠦᠬᠡᠨ᠂ | ᠪᠦᠬᠦᠳᠡᠭᠡᠷ ᠢᠶᠠᠨ ᠨᠡᠶᠢᠯᠡᠭᠡᠳ ᠬᠡᠳᠦᠨ ᠠᠷᠪᠠᠨ ᠳᠦᠮᠡ ᠠᠴᠠ ᠵᠠᠭᠤᠨ ᠳᠦᠮᠡᠨ ᠬᠦᠮᠦᠨ ᠠᠮᠠ ᠬᠦᠷᠬᠦ ᠦᠭᠡᠢ᠂ ᠪᠦᠷ | ᠬᠠᠭᠠᠨ ᠢᠶᠠᠨ ᠲᠠᠭᠠᠭᠠᠳ ᠡᠮᠦᠨᠡᠰᠢ ᠪᠤᠭᠤᠮᠳᠠ ᠤᠷᠤᠵᠤ ᠰᠠᠭᠤᠷᠢᠰᠢᠵᠠᠢ᠃ ᠵᠡᠬᠦᠨ ᠬᠤᠶᠢᠳᠦ ᠤᠷᠤᠨ ᠪᠤᠯ | ᠮᠠᠨᠵᠦ ᠶᠢᠨ ᠨᠤᠳᠤᠭ ᠪᠤᠯᠬᠤᠷ ᠯᠠᠪᠳᠠᠢ ᠡᠵᠡᠬᠦᠢ ᠬᠤᠭᠤᠰᠤᠨ ᠳᠠᠯᠪᠢᠵᠦ ᠪᠤᠯᠬᠤ ᠦᠭᠡᠢ ᠰᠢᠳᠠ᠃ ᠳᠡᠷᠡ ᠮᠦᠷᠳᠡᠬᠡᠨ | ᠳᠤᠳᠤᠷ ᠭᠠᠵᠠᠷ ᠲᠤ ᠳᠡᠶᠢᠨ ᠳᠡᠵᠢᠨ ᠦᠭᠡᠢ ᠵᠠᠭᠤᠨ ᠵᠢᠯ ᠦᠩᠭᠡᠷᠡᠭᠰᠡᠨ ᠲᠠᠷᠠᠭ᠎ᠠ ᠬᠦᠮᠦᠨ ᠠᠮᠠᠨ ᠤ ᠦᠷᠡᠵᠢᠯ | ᠶᠡᠭᠡ ᠪᠠᠷ ᠨᠡᠮᠡᠭᠳᠡᠵᠦ᠂ ᠳᠤᠳᠤᠷ ᠭᠠᠵᠠᠷ ᠤᠨ ᠨᠤᠳᠤᠭ ᠳᠡᠪᠢᠰᠭᠡᠷ ᠪᠠᠭᠳᠠᠬᠤ ᠦᠭᠡᠢ ᠪᠤᠯᠵᠠᠢ᠃ ᠡᠨᠡ ᠦᠶᠡᠰ ᠲᠤ | ᠳᠠᠶᠢᠴᠢᠩ ᠬᠦᠷᠦᠨ ᠤ ᠬᠠᠭᠠᠨᠳᠤ ᠵᠠᠰᠠᠭ ᠠᠴᠠ ᠬᠢᠳᠡᠳ ᠢᠷᠬᠡᠨ ᠢ ᠶᠠᠭᠠᠬᠢᠵᠤ ᠲᠡᠵᠢᠬᠡᠬᠦ ᠲᠤᠬᠠᠢ ᠪᠤᠳᠤᠯᠬᠢᠯᠠᠬᠤ | ᠦᠭᠡᠢ ᠪᠠᠶᠢᠬᠤ ᠶᠢᠨ ᠠᠷᠭ᠎ᠠ ᠦᠭᠡᠢ ᠰᠢᠳᠡ᠃ ᠢᠩᠭᠢᠭᠡᠳ ︽ᠢᠷᠭᠡᠳ ᠢ ᠨᠡᠬᠦᠯᠬᠡᠵᠤ ᠬᠢᠵᠠᠭᠠᠷ ᠢ ᠪᠠᠬᠢᠵᠢᠬᠦᠯᠬᠦ︾ | ᠭᠡᠳᠡᠭ ᠠᠷᠭ᠎ᠠ ᠪᠤᠳᠤᠯᠭ᠎ᠠ ᠬᠡᠷᠡᠭᠵᠢᠬᠦᠯᠦᠭᠳᠡᠵᠤ ᠡᠬᠢᠯᠡᠵᠡᠢ᠃ ᠡᠬᠦᠨ ᠳᠤ ᠵᠡᠬᠦᠨ ᠬᠤᠶᠢᠳᠦ ᠤᠷᠤᠨ ᠡᠵᠡᠬᠦᠢ | ᠪᠠᠶᠢᠬᠤ ᠨᠢ ᠨᠢᠭᠡ ᠰᠢᠯᠳᠠᠭᠠᠨ᠂ ᠬᠤᠶᠠᠳᠤᠭᠠᠷ ᠲᠤ ᠨᠢ᠂ ᠶᠠᠭ ᠡᠨᠡ ᠦᠶᠡᠰ ᠲᠤ ᠤᠷᠤᠰ ᠤᠯᠤᠰ ᠪᠠᠰᠠ ᠺᠠᠥᠺᠠᠽᠢ | ᠠᠭᠤᠯᠠ ᠶᠢ ᠲᠠᠪᠠᠵᠤ ᠵᠡᠬᠦᠨᠰᠢ ᠠᠽᠢᠶ᠎ᠠ ᠳᠢᠪ ᠤᠨ ᠰᠢᠪᠧᠷᠢᠶ᠎ᠠ ᠵᠦᠭ ᠨᠤᠮᠤᠬᠠᠨ ᠲᠠᠯᠠᠢ ᠲᠠᠰᠢ ᠨᠤᠳᠤᠭ ᠳᠡᠯᠡᠵᠦ᠂ | ᠮᠠᠨᠵᠤ ᠬᠦᠮᠦᠨ ᠤ ᠬᠠᠶᠠᠭᠠᠳ ᠶᠠᠪᠤᠭᠰᠠᠨ ᠡᠵᠡᠬᠦᠢ ᠨᠤᠲᠤᠭ ᠲᠤ ᠰᠦᠷᠳᠡᠬᠦᠯᠦᠯ ᠪᠤᠯᠵᠠᠢ᠃ ᠡᠶᠢᠮᠦ ᠠᠴᠠ ᠴᠢᠩ | ᠤᠯᠤᠰ ᠤᠨ ᠵᠠᠰᠠᠭ ᠤᠨ ᠭᠠᠵᠠᠷ ᠠᠴᠠ ᠬᠢᠳᠡᠳ ᠢᠷᠬᠡᠨ ᠢ ᠠᠪᠴᠢᠷᠠᠵᠦ ᠤᠤᠯ ᠤᠨ ᠨᠤᠳᠤᠭ ᠵᠡᠬᠦᠨ ᠬᠤᠶᠢᠳᠦ | ᠤᠷᠤᠨ ᠳᠠᠭᠠᠨ ᠰᠠᠬᠢᠵᠦ ᠰᠠᠭᠤᠯᠭᠠᠬᠤ ᠶᠢ ᠰᠡᠳᠦᠭᠰᠡᠨ ᠮᠦᠷᠳᠡᠬᠡᠨ ᠡᠬᠦᠨ ᠳᠡᠭᠡᠨ ︽ᠢᠷᠬᠡᠳ ᠢᠶᠠᠨ ᠨᠡᠬᠦᠯᠭᠡᠵᠦ | ᠬᠢᠵᠠᠭᠠᠷ ᠢ ᠪᠠᠬᠢᠵᠢᠬᠦᠯᠦᠨ᠎ᠠ︾ ᠬᠡᠰᠡᠨ ᠰᠠᠶᠢᠬᠠᠨ ᠨᠡᠷ᠎ᠠ ᠬᠠᠶᠢᠷᠠᠯᠠᠵᠠᠢ᠃ ᠢᠡᠭᠬᠢᠭᠡᠳ ᠵᠡᠬᠦᠨ ᠬᠤᠶᠢᠳᠤ ᠤᠷᠤᠨ ᠳᠤ | ᠠᠳᠠᠷ ᠬᠠᠭᠠᠯᠪᠤᠷᠢᠯᠠᠬᠤ ᠬᠦᠳᠡᠯᠬᠡᠬᠡᠨ ᠪᠤᠢ ᠪᠤᠯᠪᠠ᠃ ᠡᠬᠦᠨ ᠢ ᠳᠠᠭᠠᠯᠳᠤᠨ ᠮᠠᠨᠵᠦ ᠨᠤᠳᠤᠭ ᠲᠠᠢ ᠬᠢᠯᠢ ᠨᠡᠶᠢᠯᠡᠵᠦ | ᠪᠠᠶᠢᠭ᠎ᠠ ᠮᠤᠩᠭᠤᠯ ᠨᠤᠲᠤᠭ ᠤᠨ ︽ᠵᠡᠬᠦᠨ ᠭᠤᠷᠪᠠᠨ ᠴᠢᠭᠤᠯᠭᠠᠨ︾ ᠪᠤᠯᠬᠤ ᠵᠤᠤ ᠤᠳᠠ᠂ ᠵᠤᠰᠤᠳᠤ᠂ ᠵᠢᠷᠢᠮ | ᠵᠡᠷᠭᠡ ᠭᠤᠷᠪᠠᠨ ᠴᠢᠭᠤᠯᠭᠠᠨ ᠳᠤ ᠪᠠᠰᠠ ᠬᠢᠳᠡᠳ ᠢᠷᠬᠡᠨ ᠲᠦᠷᠢᠵᠤ ᠢᠷᠡᠨ᠂ ᠪᠠᠷᠠᠭᠤᠨᠰᠢ ᠪᠠᠨ ᠶᠡᠭᠡ ᠵᠤᠤ ᠶᠢᠨ | ᠴᠢᠭᠤᠯᠭᠠᠨ᠂ ᠤᠯᠠᠭᠠᠨᠴᠠᠪ ᠤᠨ ᠴᠢᠭᠤᠯᠭᠠᠨ ᠳᠤ ᠮᠦᠨᠬᠦ ᠬᠢᠳᠡᠳ ᠢᠷᠬᠡᠨ ᠢᠪᠡᠷᠡᠨ ᠢᠷᠡᠵᠡᠢ᠃ ᠴᠢᠩ ᠤᠯᠤᠰ | ᠡᠬᠦᠨ ᠢᠶᠠᠨ ︽ᠭᠠᠵᠠᠷ ᠵᠢᠬᠡᠯᠡᠵᠤ ᠢᠷᠭᠡᠳ ᠢ ᠲᠠᠵᠢᠬᠡᠬᠦ︾ ᠠᠷᠭ᠎ᠠ ᠪᠤᠳᠤᠯᠭ᠎ᠠ ᠭᠡᠵᠤ ᠨᠡᠷᠡᠯᠡᠵᠡᠢ᠃ ᠠᠷᠠᠳ ᠤᠨ | ᠲᠤᠮᠳᠠ ᠪᠤᠯ ᠬᠢᠳᠡᠳ ᠢᠷᠬᠡᠳ ᠤᠨ ᠵᠡᠬᠦᠨᠰᠢ ᠱᠠᠨᠠᠭ᠎ᠠ ᠪᠤᠭᠤᠮᠳᠠ ᠪᠠᠷ ᠭᠠᠷᠤᠭᠰᠠᠨ ᠢ ᠨᠢ ︽闯关东︾ | ᠭᠡᠵᠤ ᠨᠡᠷᠡᠯᠡᠨ᠂ ᠪᠠᠷᠠᠭᠤᠨᠰᠢ ᠱᠦᠷᠬᠡᠢ ᠪᠤᠭᠤᠮᠳᠠ ᠪᠠᠷ ᠭᠠᠷᠤᠭᠰᠠᠨ ᠢ ᠨᠢ ︽走西口︾ ᠭᠡᠵᠤ ᠨᠡᠷᠡᠯᠡᠳᠡᠭ᠃ | ᠤᠳᠤ ᠺᠢᠨᠣ᠋ ᠵᠦᠴᠦᠭᠡ ᠳᠡᠭᠡᠷ᠎ᠠ ᠨᠡᠪᠳᠡᠷᠡᠬᠦᠯᠵᠦ ᠪᠤᠢ᠃ ᠡᠨᠡ ᠪᠤᠯ ᠴᠢᠩ ᠤᠯᠤᠰ ᠤᠨ ᠵᠠᠰᠠᠭ ᠤᠨ ᠭᠠᠵᠠᠷ ᠠᠴᠠ | ᠠᠪᠤᠭᠰᠠᠨ ᠠᠷᠭ᠎ᠠ ᠪᠤᠳᠤᠯᠭ᠎ᠠ ᠶᠢᠨ ᠦᠷ᠎ᠠ ᠳ᠋ᠦᠡᠭ᠃ ᠡᠬᠦᠨ ᠠᠴᠠ ᠪᠤᠯᠵᠤ 1900 ᠤᠨ ᠪᠤᠯᠬᠤ ᠦᠶᠡᠰ ᠲᠤ ︽ | ᠪᠤᠶᠢᠷᠠ ᠶᠢᠨ ᠳᠠᠷᠢᠶᠠᠨ︾ ᠤ ᠨᠤᠳᠤᠭ ᠳᠡᠭᠡᠷ᠎ᠠ ᠨᠤᠲᠤᠭ ᠤᠨ ᠮᠤᠩᠭᠤᠯᠴᠤᠳ ᠬᠢᠳᠡᠳ ᠢᠷᠬᠡᠨ ᠢ ᠠᠪᠴᠢᠷᠠᠴᠢᠬᠠᠭᠠᠳ | ᠭᠤᠤᠯ ᠤᠨ ᠬᠦᠪᠡᠭᠡ ᠲᠠᠭᠠᠭᠰᠠᠨ ᠳᠡᠭᠰᠢᠬᠡᠨ ᠭᠠᠵᠠᠷ ᠢᠶᠠᠷ ᠳᠠᠷᠢᠶ᠎ᠠ ᠲᠠᠷᠢᠭᠤᠯᠵᠤ᠂ ᠳᠠᠷᠢᠶᠠᠨ ᠳᠦᠷᠢᠶᠠᠰᠤ ᠠᠪᠴᠤ | ᠠᠮᠢᠳᠤᠷᠠᠵᠦ ᠪᠠᠶᠢᠵᠠᠢ᠃ | ᠨᠠᠢᠮᠠᠨ ᠤᠯᠤᠰ ᠤᠨ ᠬᠤᠯᠪᠤᠭᠠᠳᠤ ᠴᠡᠷᠢᠭ ᠪᠡᠭᠡᠵᠢᠩ ᠬᠤᠳᠠ ᠶᠢ ᠲᠤᠪᠳᠤᠯᠤᠭᠰᠠᠨ ᠤ ᠳᠠᠷᠠᠭ᠎ᠠ᠂ ᠴᠢᠩ | ᠤᠯᠤᠰ ᠤᠨ ᠵᠠᠰᠠᠭ ᠤᠨ ᠭᠠᠵᠠᠷ ᠢ ᠠᠯᠪᠠᠳᠠᠵᠤ ᠪᠠᠶᠢᠭᠠᠳ 4 .5 ᠳ᠋ᠦᠡᠭᠰᠢᠭᠤᠷ ᠤᠨ ᠮᠦᠡᠭᠬᠦᠨ ᠵᠤᠭᠤᠰ ᠤᠨ | ᠳᠦᠯᠦᠪᠤᠷᠢ ᠲᠦᠯᠦᠬᠦᠯᠵᠡᠢ᠃ ᠡᠶᠢᠮᠦ ᠠᠴᠠ 1904 ᠤᠨ ᠳᠤ ᠴᠢᠩ ᠤᠯᠤᠰ ᠤᠨ ᠵᠠᠰᠠᠭ ᠤᠨ ᠭᠠᠵᠠᠷ ᠠᠴᠠ | ᠮᠤᠩᠭᠤᠯ ᠭᠠᠵᠠᠷ ᠢ ᠬᠠᠭᠠᠯᠪᠤᠷᠢᠯᠠᠵᠦ ᠮᠤᠵᠢ ᠰᠢᠶᠠᠨ ᠪᠠᠶᠢᠭᠤᠯᠵᠦ᠂ ᠬᠢᠳᠡᠳ ᠢᠷᠬᠡᠨ ᠢ ᠨᠡᠬᠦᠯᠭᠡᠨ ᠰᠠᠭᠤᠷᠢᠰᠢᠭᠤᠯᠵᠤ | ᠂ ᠳᠠᠷᠢᠶᠠᠨ ᠤ ᠭᠠᠶᠢᠯᠢ ᠲᠦᠷᠢᠶᠡᠰᠦ ᠠᠪᠴᠤ ᠦᠷᠢ ᠪᠠᠨ ᠳᠦᠯᠦᠬᠦ ᠠᠷᠭ᠎ᠠ ᠪᠤᠳᠤᠯᠭ᠎ᠠ ᠠᠪᠴᠠᠢ᠃ ᠡᠬᠦᠨ ᠢ ᠰᠢᠨ᠎ᠠ | ᠵᠠᠰᠠᠭ ᠬᠡᠳᠡᠭ᠃ ᠡᠬᠦᠨ ᠠᠴᠠ ᠪᠤᠯᠤᠭᠠᠳ ︽ᠪᠤᠶᠢᠷᠠ ᠶᠢᠨ ᠳᠠᠷᠢᠶ᠎ᠠ︾ ᠳᠤ ᠨᠡᠩ ᠤᠯᠠᠨ ᠬᠢᠳᠡᠳ ᠢᠷᠬᠡᠨ | ᠴᠤᠭᠯᠠᠷᠠᠵᠤ᠂ ᠡᠬᠦᠨ ᠠᠴᠠ ᠪᠤᠯᠵᠤ 1908 ᠤᠨ ᠳᠤ ᠡᠨᠡ ᠨᠤᠲᠤᠭ ᠲᠤ ᠰᠢᠶᠠᠨ ᠭᠠᠷᠭᠠᠬᠤ ᠬᠦᠳᠡᠯᠭᠡᠭᠡᠨ | ᠵᠢᠩᠬᠢᠨᠢ ᠪᠠᠷ ᠶᠠᠪᠤᠭᠳᠠᠵᠤ ᠡᠬᠢᠯᠡᠵᠡᠢ᠃ | ᠳᠤᠬᠠᠢ ᠶᠢᠨ ᠦᠶᠡᠰ ᠲᠤ ᠡᠨᠡ ᠬᠡᠰᠡᠭ ᠭᠠᠵᠠᠷ ᠤᠨ ᠦᠮᠴᠢᠯᠡᠯ ᠤᠨ ᠡᠷᠭᠡ ᠨᠢ ᠴᠤᠬᠤᠮ ᠬᠡᠨ ᠤ ᠬᠢ ᠪᠤᠢ︖ | ᠡᠨᠡ ᠬᠡᠰᠡᠭ ᠭᠠᠵᠠᠷ ᠨᠢ ᠬᠤᠷᠴᠢᠨ ᠵᠡᠬᠦᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠵᠠᠰᠠᠭ ᠤᠨ ᠵᠤᠷᠢᠬᠳᠤ | ᠴᠢᠨ ᠸᠠᠩ ᠰᠸᠧᠠᠩᠳᠤᠩᠷᠤᠪ ᠤᠨ ᠦᠮᠴᠢᠯᠡᠯ ᠤᠨ ᠭᠠᠵᠠᠷ ᠪᠠᠶᠢᠵᠦ᠂ ᠰᠧᠧᠡᠭᠳᠤᠩᠷᠤᠪ ᠪᠤᠯ ᠲᠠᠷᠬᠠᠨ ᠬᠤᠰᠢᠭᠤᠨ ᠤ | ᠪᠠᠷᠠᠭᠤᠨ ᠵᠠᠰᠠᠭ ᠤᠨ 15 ᠳ᠋ᠤᠭᠠᠷ ᠦᠶ᠎ᠠ ᠶᠢᠨ ᠵᠤᠷᠢᠬᠳᠤ ᠴᠢᠨ ᠸᠠᠩ ᠪᠤᠯᠤᠨ᠎ᠠ᠃ ᠵᠤᠷᠢᠬᠳᠤ ᠸᠠᠩ ᠪᠤᠯ ᠳᠠᠷᠬᠠᠨ | ᠬᠤᠰᠢᠭᠤᠨ ᠤ ᠭᠤᠷᠪᠠᠨ ᠸᠠᠩ ᠤᠨ ᠠᠬᠠᠮᠠᠳ ᠨᠢ ᠪᠤᠯᠤᠨ᠎ᠠ᠃ ᠲᠠᠷᠬᠠᠨ ᠬᠤᠰᠢᠭᠤᠨ ᠳᠤ ᠬᠤᠶᠠᠷ ᠵᠠᠰᠠᠭ ᠤᠨ ᠴᠢᠨ | ᠸᠠᠩ᠂ ᠨᠢᠭᠡ ᠲᠦᠷᠦ ᠶᠢᠨ ᠵᠢᠶᠦ᠋ᠨ ᠸᠠᠩ ᠠᠴᠠ ᠭᠠᠳᠠᠨ᠎ᠠ ᠪᠠᠰᠠ ᠲᠦᠷᠦ ᠶᠢᠨ ᠪᠠᠶᠢᠯ᠎ᠡ ᠨᠢᠭᠡ᠂ ᠬᠤᠰᠢᠭᠤᠨ ᠪᠠᠶᠢᠰᠠ | ᠨᠢᠭᠡ ᠪᠠᠶᠢᠭᠰᠠᠨ ᠮᠦᠷᠳᠡᠬᠡᠨ ᠪᠠᠰᠠ ᠬᠡᠳᠦ ᠬᠡᠳᠦᠨ ᠲᠦᠷᠦ ᠶᠢᠨ ᠲᠦᠰᠢᠶ᠎ᠡ ᠬᠦᠡᠭ᠂ ᠲᠤᠰᠠᠯᠠᠭᠴᠢ ᠬᠦᠩ ᠲᠠᠢ᠃ | ᠡᠳᠡ ᠪᠤᠯ ᠪᠦᠷ ᠨᠢᠭᠡ ᠬᠡᠷ ᠤᠨ ᠬᠦᠮᠦᠰ᠂ ᠳᠡᠳᠡ ᠪᠤᠯ ᠪᠦᠷ ᠳᠠᠷᠬᠠᠨ ᠬᠤᠰᠢᠭᠤᠨ ᠤ ᠵᠠᠶᠢᠰᠠᠩ ᠪᠦᠭᠡ ᠨᠤᠶᠠᠨ ᠤ | ᠳᠦᠷᠪᠡᠨ ᠬᠦᠦ ᠠᠴᠠ ᠳᠤᠷᠤᠭᠰᠢᠬᠢ ᠬᠤᠶᠢᠴᠢ ᠦᠶ᠎ᠠ ᠨᠤᠭᠤᠳ ᠪᠤᠯᠤᠨ᠎ᠠ᠃ ᠠᠬ᠎ᠠ ᠳᠡᠬᠦᠦ ᠳᠦᠷᠪᠡᠬᠦᠯᠡ ᠶᠢᠨ | ᠠᠬᠠᠮᠠᠳ ᠨᠢ ᠪᠤᠯ ᠵᠤᠷᠢᠬᠳᠦ ᠴᠢᠨ ᠸᠠᠩ ᠤᠭᠱᠠᠨ ᠪᠤᠯᠤᠨ᠎ᠠ᠃ ᠴᠢᠩ ᠤᠯᠤᠰ ᠤᠨ ᠵᠠᠰᠠᠭ ᠤᠨ ᠭᠠᠵᠠᠷ 1636 | ᠤᠨ ᠳᠤ ᠤᠭᠱᠠᠨ ᠢ ᠵᠠᠰᠠᠭ ᠳᠦᠷᠦ ᠶᠢᠨ ᠵᠤᠷᠢᠬᠳᠤ ᠴᠢᠨ ᠸᠠᠩ ᠢᠶᠠᠷ ᠡᠷᠬᠦᠮᠵᠢᠯᠡᠵᠡᠢ᠃ ᠳᠡᠷᠡ ᠪᠠᠰᠠ ᠴᠤ | ᠬᠤᠷᠴᠢᠨ ᠵᠡᠬᠦᠨ ᠭᠠᠷᠤᠨ ᠳᠤᠮᠳᠠᠳᠤ ᠬᠤᠰᠢᠭᠤᠨ ᠤ ᠬᠠᠮᠤᠭ ᠠᠩᠬᠠᠨ ᠤ ᠵᠠᠰᠠᠭ ᠤᠨ ᠨᠤᠶᠠᠨ ᠪᠠᠶᠢᠵᠠᠢ᠃ ᠤᠭᠱᠠᠨ | ᠨᠤᠶᠠᠨ ᠪᠤᠯᠤᠨ ᠴᠢᠩ ᠤᠯᠤᠰ ᠤᠨ ᠬᠤᠭᠤᠷᠤᠨᠳᠤ ᠪᠠᠨ ᠮᠦᠷᠬᠦᠯᠳᠦᠬᠡᠨ ᠭᠠᠷᠤᠭᠰᠠᠨ ᠠᠴᠠ ᠪᠤᠯᠵᠤ ᠤᠭᠱᠠᠨ | ᠸᠠᠩ ᠤᠨ ᠵᠠᠰᠠᠭ ᠤᠨ ᠡᠷᠭᠡ ᠶᠢ ᠠᠪᠤᠭᠠᠳ ᠳᠡᠬᠦᠨ ᠤ ᠤᠳᠬᠤᠨ ᠳᠡᠬᠦᠦ ᠨᠢ ᠳᠠᠷᠬᠠᠨ ᠪᠠᠭᠠᠳᠤᠷ ᠵᠢᠶᠦ᠋ᠨ ᠸᠠᠩ | ᠪᠠᠶᠢᠭᠰᠠᠨ ᠮᠠᠨᠵᠦ᠋ᠰᠢᠷᠢ ᠳᠤ ᠳᠠᠮᠵᠢᠭᠤᠯᠤᠭᠰᠠᠨ ᠠᠴᠠ ᠪᠤᠯᠤᠭᠠᠳ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤ ᠨᠢ | ᠵᠤᠷᠢᠭᠳᠤ ᠸᠠᠩ ᠤᠨ ᠬᠤᠰᠢᠭᠤᠨ ᠠᠴᠠ ᠨᠢ ᠳᠠᠷᠬᠠᠨ ᠸᠠᠩ ᠤᠨ ᠬᠤᠰᠢᠭᠤ ᠪᠤᠯᠤᠭᠰᠠᠨ ᠪᠠᠶᠢᠨ᠎ᠠ᠃ ᠵᠤᠷᠢᠬᠳᠤ | ᠸᠠᠩ ᠤᠨ ᠬᠡᠷᠬᠢᠮ ᠤᠭᠱᠠᠨ ᠠᠴᠠ ᠳᠤᠷᠤᠭᠰᠢ ᠪᠠᠨ ᠪᠢᠯᠳᠡᠭᠠᠷ᠂ ᠳᠤᠯᠪᠠ᠂ ᠸᠴᠢᠷ ᠁ ᠬᠡᠵᠤ ᠤᠯᠠᠮᠵᠢᠯᠠᠭᠳᠠᠨ | ᠶᠠᠪᠤᠭᠰᠠᠭᠠᠷ ᠪᠠᠶᠢᠭᠠᠳ ᠠᠷᠪᠠᠨ ᠳᠦᠷᠪᠡᠳᠦᠭᠡᠷ ᠦᠶ᠎ᠠ ᠪᠤᠯᠤᠭᠠᠳ ᠡᠷᠳᠡᠨᠢᠪᠢᠯᠢᠭ ᠸᠠᠩ ᠵᠠᠯᠭᠠᠮᠵᠢᠯᠠᠵᠠᠢ᠃ | ᠡᠷᠳᠡᠨᠢᠪᠢᠯᠢᠭ ᠸᠠᠩ ᠠᠬ᠎ᠠ ᠳᠡᠬᠦᠦ ᠭᠤᠷᠪᠠᠭᠤᠯᠠ᠃ ᠶᠡᠭᠡ ᠠᠬ᠎ᠠ ᠡᠷᠳᠡᠨᠢᠪᠢᠯᠢᠭ ᠨᠢ ᠸᠠᠩ ᠰᠠᠭᠤᠭᠰᠠᠨ ᠳᠤ | ᠬᠤᠶᠠᠳᠤᠭᠠᠷ ᠳᠡᠬᠦᠦ ᠨᠢ ᠡᠷᠬᠢᠮᠪᠢᠯᠢᠭ ᠳᠤᠬᠠᠢ ᠶᠢᠨ ᠦᠶᠡᠰ ᠤᠨ ᠳᠤᠭᠳᠠᠭᠠᠯ ᠢ ᠵᠢᠷᠤᠮᠯᠠᠵᠤ᠂ ᠳᠦᠪᠡᠳ ᠲᠤ | ᠤᠴᠢᠵᠦ ᠯᠠᠮᠠ ᠰᠠᠭᠤᠵᠠᠢ᠃ ᠡᠨᠡ ᠡᠷᠬᠢᠮᠪᠢᠯᠢᠭ ᠲᠠᠶᠢᠵᠢ ᠪᠠᠷᠠᠭᠤᠨ ᠵᠣᠣ ᠶᠢᠨ ᠳᠡᠨᠳᠡ ᠤᠴᠢᠬᠤ ᠳᠠᠭᠠᠨ ᠮᠤᠷᠢᠨ | ᠰᠦᠮ᠎ᠠ ᠶᠢᠨ ᠲᠦᠷᠪᠡᠳᠦᠬᠡᠷ ᠲᠦᠷᠢ ᠶᠢᠨ ᠭᠡᠭᠡᠨ ᠨᠠᠷᠠᠨᠮᠠᠨᠳᠤᠯ᠎ᠠ ᠲᠠᠢ ᠬᠠᠮᠳᠤ ᠶᠠᠪᠤᠭᠰᠠᠨ ᠭᠡᠨ᠎ᠡ᠃ ᠳᠦᠪᠡᠳ ᠲᠤ | ᠬᠦᠷᠦᠭᠰᠡᠨ ᠤ ᠳᠠᠷᠠᠭ᠎ᠠ ᠳᠠᠯᠠᠢ ᠯᠠᠮᠠ ᠶᠢᠨ ᠱᠠᠪᠢ ᠪᠤᠯᠤᠭᠰᠠᠨ ᠳᠤ ᠲᠠᠯᠠᠢ ᠯᠠᠮᠠ ᠠᠴᠠ᠂ ᠲᠡᠳᠡᠨ ᠤ ᠬᠠᠷ᠎ᠠ ᠶᠢᠨ | ᠨᠠᠷᠠ ᠶᠢ ᠨᠢ ᠪᠦᠷ ᠯᠠᠮᠠ ᠶᠢᠨ ᠨᠡᠷ᠎ᠠ ᠪᠤᠯᠭᠠᠨ ᠦᠭᠡᠷᠡᠴᠢᠯᠡᠪᠡ᠃ ᠢᠡᠭᠬᠢᠭᠡᠳ ᠡᠷᠬᠢᠮᠪᠢᠯᠢᠭ ᠯᠠᠮᠠ ᠶᠢ ᠰᠡᠸᠠᠩᠳᠤᠪᠷᠤᠪ | ᠬᠡᠵᠦ᠂ ᠨᠡᠷᠡᠨᠮᠠᠨᠳᠤᠯᠠ ᠶᠢ ᠠᠭᠸᠠᠩᠳᠦ᠋ᠪᠳᠠᠨ ᠬᠡᠪᠡ᠃ ᠡᠬᠦᠨ ᠠᠴᠠ ᠡᠬᠢᠯᠡᠭᠡᠳ ᠡᠷᠬᠢᠮᠪᠢᠯᠢᠭ ᠨᠢ ᠰᠧᠧᠠᠩᠳᠤᠩᠷᠤᠪ | ᠬᠡᠬᠦ ᠨᠤᠮ ᠤᠨ ᠨᠡᠷ᠎ᠠ ᠲᠠᠢ ᠪᠤᠯᠪᠠ᠃ ᠤᠳᠠᠯ ᠦᠭᠡᠢ ᠡᠷᠳᠡᠨᠢᠪᠢᠯᠢᠭ ᠸᠠᠩ ᠨᠠᠰᠤ ᠪᠠᠷᠠᠪᠠ᠃ ᠬᠡᠤᠭᠡᠳ ᠲᠠᠢ | ᠪᠤᠯᠤᠭᠰᠠᠨ ᠦᠭᠡᠢ᠃ ᠸᠠᠩ ᠤᠨ ᠰᠠᠭᠤᠷᠢ ᠶᠢ ᠵᠠᠯᠭᠠᠮᠵᠢᠯᠠᠬᠤ ᠬᠦᠮᠦᠨ ᠦᠭᠡᠢ ᠪᠤᠯᠤᠯ᠎ᠠ᠃ ᠤᠯᠠᠮᠵᠢᠯᠠᠯ ᠢᠶᠠᠷ ᠪᠤᠯ | ᠸᠠᠩ ᠤᠨ ᠰᠠᠭᠤᠷᠢ ᠶᠢ ᠬᠦᠦ ᠨᠢ ᠵᠠᠯᠭᠠᠮᠵᠢᠯᠠᠬᠤ ᠦᠭᠡᠢ ᠪᠤᠯ ᠳᠡᠬᠦᠦ ᠨᠢ ᠵᠠᠯᠭᠠᠮᠵᠢᠯᠠᠬᠤ ᠶᠤᠰᠤ ᠲᠠᠢ ᠪᠠᠶᠢᠳᠠᠭ᠃ | ᠦᠨᠡᠨ ᠳᠡᠭᠡᠨ ᠡᠷᠳᠡᠨᠢᠪᠢᠯᠢᠭ᠂ ᠡᠷᠬᠢᠮᠪᠢᠯᠢᠭ ᠬᠤᠶᠠᠭᠤᠯᠠ ᠶᠢᠨ ᠲᠤᠤᠷ᠎ᠠ ᠠᠰᠳᠠᠭᠠᠨ ᠪᠠᠰᠠ ᠨᠢᠭᠡ ᠳᠡᠬᠦᠦ ᠪᠠᠶᠢᠳᠠᠭ᠃ | ᠨᠡᠷ᠎ᠡ ᠨᠢ ᠫᠠᠭᠰᠠᠯᠵᠠᠪ ᠬᠡᠳᠡᠭ᠃ ᠭᠡᠪᠡᠴᠦ ᠡᠨᠡ ᠲᠡᠬᠦᠦ ᠨᠢ ᠳᠡᠩᠳᠡᠬᠦᠦ ᠪᠠᠭ᠎ᠠ᠂ ᠤᠯᠠᠭᠠᠨ ᠨᠢᠯᠬ᠎ᠠ᠂ ᠸᠠᠩ ᠤᠨ | ᠰᠠᠭᠤᠷᠢ ᠶᠢ ᠵᠠᠯᠭᠠᠮᠵᠢᠯᠠᠵᠦ ᠲᠡᠶᠢᠯᠬᠦ ᠦᠭᠡᠢ᠃ ᠫᠠᠭᠰᠠᠯᠵᠠᠪ ᠬᠡᠳᠡᠭ ᠨᠡᠷ᠎ᠠ ᠶᠢ ᠰᠢᠯᠦᠭ ᠵᠤᠬᠢᠶᠠᠯ ᠪᠢᠴᠢᠵᠤ | ᠤᠷᠤᠯᠳᠤᠳᠠᠭ ᠬᠦᠮᠦᠰ ᠪᠦᠷ ᠳᠡᠨᠢᠵᠦ ᠮᠡᠳᠡᠳᠡᠭ᠃ ᠶᠡᠭᠡ ᠰᠢᠯᠦᠭᠴᠢ ᠯ᠊·ᠤᠤᠽᠠᠷ ᠪᠠᠭᠰᠢ ᠶᠢᠨ ᠲᠦᠷᠦᠭᠰᠡᠨ | ᠡᠪᠦᠭᠡ ᠨᠢ ᠰᠢᠳᠡ᠃ ᠢᠡᠭᠬᠢᠭᠡᠳ ᠲᠠᠶᠢᠵᠢ ᠲᠤᠰᠠᠯᠠᠭᠴᠢ ᠪᠦᠬᠦᠳᠡᠭᠡᠷ ᠢᠶᠠᠨ ᠵᠦᠪᠯᠡᠯᠳᠤᠬᠡᠳ ᠯᠠᠮᠠ ᠪᠤᠯᠤᠭᠰᠠᠨ | ᠡᠷᠬᠢᠮᠪᠢᠯᠢᠭ ᠢ ᠸᠠᠩ ᠪᠤᠯᠭᠠᠬᠤ ᠪᠠᠷ ᠬᠡᠯᠡᠯᠴᠡᠨ ᠳᠤᠬᠢᠷᠠᠵᠠᠢ᠃ ᠬᠡᠳᠡᠯ᠎ᠠ ᠡᠷᠬᠢᠮᠪᠢᠯᠢᠭ ᠪᠤᠯ ᠳᠦᠪᠡᠳ ᠤᠨ ᠳᠠᠯᠠᠢ | ᠯᠠᠮᠠ ᠶᠢᠨ ᠳᠤᠤᠷ᠎ᠠ ᠱᠠᠪᠢ ᠪᠤᠯᠵᠦ ᠪᠠᠶᠢᠬᠰᠠᠨ ᠯᠠᠮᠠ᠃ ᠵᠠᠪᠠᠯ ᠯᠠᠮᠠ ᠶᠢᠨ ᠳᠠᠩᠰᠡ ᠠᠴᠠ ᠨᠢ ᠭᠠᠷᠭᠠᠵᠦ ᠠᠪᠬᠤ | ᠴᠢᠬᠤᠯᠠᠳᠠᠢ᠃ ᠡᠷᠬᠢᠮᠪᠢᠯᠢᠭ ᠵᠠᠪᠠᠯ ᠯᠠᠮᠠ ᠶᠢᠨ ᠲᠠᠩᠰᠠᠨ ᠠᠴᠠ ᠨᠠᠷᠠ ᠪᠠᠨ ᠬᠠᠰᠤᠭᠤᠯᠪᠠᠯ ᠰᠠᠶ᠋ᠢ ᠸᠠᠩ ᠤᠨ | ᠰᠠᠭᠤᠷᠢᠨ ᠳᠤ ᠭᠠᠷᠴᠤ ᠪᠤᠯᠤᠨ᠎ᠠ᠃ ᠲᠡᠷᠡ ᠦᠶ᠎ᠡ ᠳᠤ ᠪᠤᠯ ᠯᠠᠮᠠ ᠬᠦᠮᠦᠨ ᠳᠤ ᠯᠠᠮᠠ ᠶᠢᠨ ᠳᠠᠩᠰᠠ ᠲᠠᠢ᠂ ᠳ᠋ᠦᠳᠢᠶᠠ | ᠭᠡᠵᠤ ᠨᠡᠷᠡᠯᠡᠳᠡᠭ᠃ ᠮᠠᠭᠠᠳ ᠭᠠᠷᠤᠭᠰᠠᠨ ᠳᠡᠮᠳᠡᠭᠯᠡᠯ ᠬᠡᠰᠡᠨ ᠤᠳᠬ᠎ᠠ ᠲᠠᠢ ᠳᠦᠪᠡᠳ ᠦᠬᠡ ᠪᠤᠯᠤᠨ᠎ᠠ᠃ | ᠡᠷᠬᠢᠮᠪᠢᠯᠢᠭ ᠸᠠᠩ ᠢ ᠯᠠᠮᠠ ᠶᠢᠨ ᠲᠠᠩᠰᠠᠨ ᠠᠴᠠ ᠬᠠᠷ᠎ᠠ ᠶᠢᠨ ᠳᠠᠩᠰᠠ ᠳᠤ ᠤᠷᠤᠭᠤᠯᠬᠤ ᠶᠢᠨ ᠳᠦᠯᠦᠭᠡ ᠰᠠᠶᠢᠳ | ᠲᠦᠰᠢᠮᠡᠳ ᠨᠢ ᠶᠡᠭᠡᠭᠡᠨ ᠵᠤᠭᠤᠰ ᠵᠠᠷᠤᠴᠠᠭᠤᠯᠵᠢ᠃ ᠡᠬᠦᠨ ᠤ ᠳ᠋ᠦᠩ ᠳᠤ ᠡᠷᠬᠢᠮᠪᠢᠯᠢᠭ ᠲᠠᠶᠢᠵᠢ ᠸᠠᠩ ᠤᠨ | ᠰᠠᠭᠤᠷᠢᠨ ᠳᠤ ᠭᠠᠷᠪᠠ᠃ ᠳᠡᠷᠡ ᠯᠠᠮᠠ ᠶᠢᠨ ᠳᠠᠩᠰᠠ ᠠᠴᠠ ᠬᠠᠷ᠎ᠠ ᠶᠢᠨ ᠳᠠᠩᠰᠠᠨ ᠳᠤ ᠤᠷᠤᠬᠤ ᠳᠤ ᠶᠡᠭᠡ | ᠬᠡᠮᠵᠢᠶᠡᠨ ᠤ ᠵᠤᠭᠤᠰ ᠵᠠᠷᠤᠴᠠᠭᠤᠯᠤᠭᠰᠠᠨ ᠪᠦᠭᠡᠳ ᠪᠡᠭᠡᠵᠢᠩ ᠳᠤ ᠪᠠᠰᠠ ᠤᠷᠳᠤᠨ ᠪᠠᠶᠢᠭᠤᠯᠪᠡ᠃ ᠡᠨᠡ ᠦᠷᠢ ᠪᠠᠨ | ᠳᠦᠯᠦᠬᠦ ᠶᠢᠨ ᠳᠦᠯᠦᠭᠡ᠂ ᠳᠡᠷᠡ ᠴᠢᠩ ᠤᠯᠤᠰ ᠤᠨ ᠵᠠᠰᠠᠭ ᠤᠨ ᠭᠠᠵᠠᠷ ᠤᠨ ᠰᠢᠨ᠎ᠠ ᠵᠠᠰᠠᠭ ᠬᠡᠷᠡᠭᠵᠢᠬᠦᠯᠬᠦ | ᠲᠤᠬᠢᠶᠠᠯ ᠢ ᠠᠰᠢᠭᠯᠠᠵᠦ᠂ ᠢᠷᠬᠡᠳ ᠢ ᠠᠪᠴᠢᠷᠠᠵᠦ ᠠᠳᠠᠷ ᠬᠠᠭᠠᠯᠪᠤᠷᠢᠯᠠᠭᠠᠳ ᠳᠠᠷᠢᠶᠠᠨ ᠳᠦᠷᠢᠶᠠᠰᠤ ᠠᠪᠤᠭᠠᠳ | ᠦᠷᠢ ᠪᠠᠨ ᠲᠦᠯᠦᠬᠦ ᠠᠷᠭ᠎ᠠ ᠪᠤᠳᠤᠯᠭ᠎ᠠ ᠠᠪᠴᠠᠢ᠃ ᠡᠬᠦᠨ ᠤ ᠳ᠋ᠦᠡᠭ ᠳᠤ ︽ᠪᠤᠶᠢᠷᠠ ᠶᠢᠨ ᠲᠠᠷᠢᠶᠠᠨ︾ ᠤ ᠠᠳᠠᠷ᠂ | ᠲᠦᠩᠯᠢᠶᠤᠤ ᠰᠢᠶᠠᠨ ᠤ ᠰᠠᠭᠤᠷᠢ ᠡᠬᠢᠯᠡᠨ ᠪᠤᠢ ᠪᠤᠯᠵᠠᠢ᠃ | | |