ᠨᠣᠨ ᠬᠤᠷᠴᠢᠨᠴᠣᠳ ᠤᠨ ᠣᠷᠤᠭ ᠬᠤᠷᠢᠮ ᠤᠨ ᠶᠣᠰᠣᠨ ᠳᠠᠬᠢ ︽ᠬᠦᠷᠭᠡᠨ︾ ᠤ ᠳᠣᠬᠠᠢ
ᠨᠡᠶᠢᠲᠡᠯᠡᠭᠰᠡᠨ ᠴᠠᠭ᠄
2020/2/21
     ᠬᠦᠮᠦᠨ ᠲᠦᠷᠦᠯᠬᠢᠳᠡᠨ ᠤ ᠣᠷᠤᠭ ᠬᠤᠷᠢᠮ ᠤᠨ ᠶᠣᠰᠣᠨ ᠤ ᠬᠤᠶᠠᠷ ᠭᠤᠣᠯ ᠪᠡᠶ᠎ᠡ ᠪᠣᠯ ᠰᠢᠨ᠎ᠡ ᠬᠦᠷᠭᠡᠨ᠂ ᠰᠢᠨ᠎ᠡ ᠪᠡᠷᠢ ᠪᠣᠯᠬᠤ ᠶᠤᠮ᠃ ︽ᠬᠦᠷᠬᠡᠠ︾ ᠬᠡᠬᠦ ᠦᠬᠡ ᠪᠤᠯ ᠬᠦᠷᠬᠡᠵᠦ ᠦᠭᠬᠦ ᠶᠢᠨ ᠤᠣᠠᠬ᠎ᠠ ᠲᠠᠢ᠃ ᠳᠠᠷᠣᠢ ︽ᠬᠦᠷᠴᠤ ᠢᠷᠡᠭᠰᠠᠠ︾ ᠪᠤᠶᠤ ︽ᠬᠦᠷᠬᠡᠵᠤ ᠢᠷᠡᠭᠰᠠᠠ ᠬᠦᠮᠣᠠ︾ ᠬᠡᠰᠠᠠ ᠤᠣᠠᠬ᠎ᠠ ᠶᠢ ᠠᠭᠤᠯᠵᠤ᠂ ᠬᠠᠨᠢᠯᠠᠬᠰᠠᠠ ᠰᠠᠣᠠᠬᠢᠯ ᠢᠶᠠᠷ ᠪᠢᠰᠢ ᠬᠠᠷᠢᠨ ᠬᠦᠴᠤ ᠪᠠᠨ ᠦᠭᠬᠦ ᠪᠠᠶ᠎ᠡ ᠪᠤᠯᠵᠠᠢ᠃ ᠡᠨᠡ ᠨᠢ ᠡᠬᠡ ᠶᠢᠨ ᠡᠷᠬᠡᠳᠤ ᠨᠡᠶᠢᠬᠡᠮ ᠤᠨ ᠦᠶ᠎ᠡ ᠶᠢᠨ ᠤᠷᠤᠭ ᠬᠤᠷᠢᠮ ᠤᠨ ᠶᠣᠰᠣᠠ ᠤ ᠦᠯᠠᠳᠠᠴᠠ ᠤᠯᠪᠠᠭ᠎ᠠ ᠪᠣᠯᠣᠯᠳᠠᠢ᠃ ᠬᠦᠦ ᠪᠠᠨ ᠬᠡᠣᠬᠡᠠ ᠤ ᠬᠡᠷ ᠲᠤ ᠬᠦᠷᠬᠡᠠ ᠢᠷᠡᠵᠦ᠂ ᠠᠮᠢᠳᠣᠷᠠᠨ ᠰᠠᠭᠤᠵᠣ ᠪᠠᠶᠢᠬᠰᠠᠠ ᠶᠣᠰᠤ ᠪᠤᠢ᠃ ᠡᠨᠡ ᠬᠦ ᠶᠣᠰᠤ ᠤᠯᠠᠮᠵᠢᠯᠠᠯ ᠨᠢ ︽ᠮᠣᠩᠭᠤᠯ ᠤᠨ ᠨᠢᠭᠤᠴᠠ ᠳᠣᠪᠴᠢᠶᠠᠠ︾ ᠳᠤ ᠳᠣᠷᠠᠳᠣᠬᠳᠠᠵᠤ ᠪᠤᠢ ᠪᠦᠬᠡᠣᠠ ︽ᠬᠦᠷᠬᠡᠣᠠ ᠲᠤ ᠳᠠᠯᠪᠢᠬᠤ︾ ᠬᠡᠮᠠᠠ ᠨᠠᠷᠠᠯᠡᠭᠳᠠᠵᠤ ᠪᠠᠶᠢᠵᠠᠢ᠃      ᠬᠦᠷᠭᠡᠨ ᠦᠵᠡᠬᠦᠯᠬᠦ ᠶᠣᠰᠣᠨ      ᠵᠠᠭᠤᠴᠢ ᠶᠢᠨ ᠬᠦᠮᠦᠨ ᠢᠶᠠᠷ ᠳᠠᠮᠵᠢᠭᠰᠠᠨ ᠣᠷᠤᠭ ᠤᠨ ᠬᠡᠯᠡᠯᠴᠡᠭᠡ ᠨᠠᠢᠮᠠᠨ ᠶᠢᠰᠦᠨ ᠬᠤᠪᠢ ᠪᠦᠳᠦᠬᠦ ᠪᠠᠶᠢᠳᠠᠯ ᠲᠠᠢ ᠪᠣᠯᠪᠠᠯ ᠬᠦᠷᠭᠡᠨ ᠦᠵᠡᠬᠦᠯᠬᠦ ᠱᠠᠳᠣᠨ ᠳᠤ ᠣᠷᠣᠨ᠎ᠠ᠃ ᠵᠠᠭᠤᠴᠢ ᠶᠢᠨ ᠬᠦᠮᠦᠨ ᠬᠡᠯᠡᠯᠴᠡᠭᠡᠳ ᠳᠣᠬᠳᠠᠬᠰᠠᠠ ᠡᠳᠣᠷ ᠲᠡᠭᠡᠨ ᠬᠦᠷᠬᠡᠠ ᠬᠦᠤ ᠪᠠᠨ ᠳᠠᠭᠠᠬᠭᠤᠯᠵᠤ᠂ ᠬᠡᠣᠬᠡᠠ ᠤ ᠬᠡᠷ ᠲᠤ ᠬᠦᠷᠬᠡᠠ ᠦᠵᠠᠬᠦᠯᠬᠦ ᠪᠠᠷ ᠤᠴᠢᠨ᠎ᠠ᠃ ᠡᠨᠠ ᠨᠢ ᠳᠣᠰ ᠤᠷᠤᠭ ᠤᠨ ᠶᠠᠪᠤᠳᠠᠯ ᠤᠨ ᠪᠦᠳᠣᠬᠦ ᠡᠰᠠᠬᠦ ᠳᠤ ᠰᠢᠭᠤᠣᠠ ᠬᠤᠯᠪᠤᠬᠳᠠᠬᠤ ᠵᠠᠩᠭᠢᠯᠠᠭ᠎ᠠ ᠶᠢᠨ ᠠᠯᠬᠤᠮ ᠪᠤᠯᠬᠤᠷ ᠬᠦᠷᠬᠡᠠ ᠬᠦᠤ ᠡᠷᠬᠡᠪᠰᠢ ᠬᠦᠨᠳᠦ ᠴᠢᠬᠢᠮᠡᠢ ᠣᠪᠣᠷ ᠢᠶᠠᠷ ᠬᠠᠨᠳᠣᠨ᠂ ᠰᠠᠶᠢᠳᠣᠷ ᠬᠢᠴᠢᠶᠡᠬᠦ ᠬᠡᠷᠡᠭᠳᠡᠢ᠃ ᠶᠠᠭᠤ ᠠᠰᠠᠭᠤᠪᠠᠯ ᠶᠠᠭᠠᠬᠢᠵᠤ ᠬᠠᠷᠢᠭᠤᠯᠬᠤ᠂ ᠬᠡᠷᠡᠭ ᠦᠬᠡᠢ ᠦᠬᠡ ᠬᠡᠯᠠᠬᠦ ᠶᠢ ᠴᠠᠬᠡᠷᠯᠠᠬᠦ᠂ ᠠᠷᠢᠬᠢ ᠳᠠᠮᠠᠬᠢ ᠶᠢ ᠶᠠᠭᠠᠬᠢᠵᠤ ᠪᠠᠷᠢᠬᠤ ᠵᠠᠷᠬᠡ ᠦᠢᠯᠠ ᠳᠤ ᠤᠷᠢᠣᠠᠴᠢᠯᠠᠠ ᠳᠠᠳᠣᠯᠭ᠎ᠠ ᠪᠤᠯᠪᠠᠰᠣᠷᠠᠯ ᠬᠢᠬᠦ ᠴᠢᠬᠤᠯᠠᠳᠠᠢ ᠪᠠᠶᠢᠪᠠ᠃ ᠮᠣᠷᠳᠠᠬᠤ ᠠᠴᠠ ᠡᠮᠣᠨ᠎ᠠ᠂ ᠬᠦᠷᠬᠡᠠ ᠬᠦᠤ ᠪᠠᠨ ᠦᠰᠦ ᠬᠡᠵᠢᠬᠡ ᠠᠴᠠ ᠡᠮᠦᠰᠴᠦ ᠵᠡᠬᠦᠬᠦ ᠳᠤ ᠬᠦᠷᠳᠡᠯ᠎ᠡ ᠰᠠᠶᠢᠬᠠᠠ ᠵᠠᠰᠠᠵᠤ ᠴᠢᠮᠠᠨ᠎ᠠ᠃ ᠡᠷᠳᠠ ᠳᠤ ᠪᠤᠯ ᠬᠦᠷᠬᠡᠠ ᠬᠦᠤ ᠶᠢ ᠬᠤᠪᠴᠠᠯᠠᠬᠤ ᠳᠤ ᠳᠦᠷᠤ ᠶᠢᠨ ᠬᠠᠷ᠎ᠠ ᠬᠦᠮᠣᠠ ᠤ ᠬᠡᠷᠡᠭᠯᠠᠳᠡᠭ ᠪᠦᠬᠦ ᠭᠤᠶᠣᠯᠠᠯ ᠢᠶᠠᠷ ᠱᠠᠭᠠᠷᠳᠠᠵᠤ᠂ ᠬᠡᠳᠠ ᠬᠢᠳᠤᠭ᠎ᠠ ᠵᠠᠬᠦᠯᠬᠡᠠ᠂ ᠬᠤᠷᠣᠮᠰᠠᠭ᠎ᠠ ᠰᠠᠭᠠᠳᠠᠭ ᠠᠬᠰᠠᠭᠤᠯᠵᠤ᠂ ᠪᠠᠶᠢᠯᠳᠣᠭᠠᠠ ᠤ ᠬᠤᠶᠠᠭ ᠡᠮᠣᠰᠬᠡᠳᠡᠭ ᠵᠠᠩᠰᠢᠯ ᠲᠠᠢ ᠪᠠᠶᠢᠭᠰᠠᠨ ᠬᠡᠨ᠎ᠡ᠃      ᠬᠡᠣᠬᠡᠠ ᠤ ᠬᠡᠷ ᠲᠤ ᠤᠷᠣᠬᠰᠠᠠ ᠤ ᠳᠠᠷᠠᠭ᠎ᠠ᠂ ᠵᠠᠭᠤᠴᠢ ᠶᠢᠨ ᠬᠦᠮᠣᠠ ᠠᠪᠴᠢᠷᠠᠬᠰᠠᠠ ᠪᠠᠯᠡᠭ ᠰᠠᠯᠳᠠ ᠶᠢᠨ ᠵᠦᠢᠯ ᠢᠶᠠᠨ ᠰᠢᠷᠠᠬᠡᠠ ᠳᠠᠬᠡᠷ᠎ᠠ ᠳᠠᠯᠪᠢᠵᠤ᠂ ᠬᠦᠷᠬᠡᠠ ᠬᠦᠤ ᠶᠢ ᠬᠡᠣᠬᠡᠠ ᠤ ᠠᠪᠤ ᠡᠵᠢ ᠠᠬᠠᠰ ᠵᠠᠬᠠᠰ ᠲᠤᠨᠢ ᠳᠠᠮᠠᠬᠢ ᠪᠠᠷᠢᠠ ᠵᠣᠯᠭᠠᠭᠤᠯᠣᠨ᠎ᠠ᠃ ᠬᠡᠬᠦ ᠳᠡᠭᠡᠨ᠄ ︽ᠡᠴᠢᠬᠡ ᠳᠠᠬᠡᠳᠣᠰ ᠠᠴᠠ ᠡᠬᠦᠰᠣᠯ ᠲᠠᠢ \ ᠡᠪᠤᠬᠡᠣᠠ ᠨᠠᠰᠣᠳᠠᠠ ᠠᠴᠠ ᠳᠠᠷᠢᠬᠦᠠ ᠲᠠᠢ \ ᠬᠤᠪᠢ ᠶᠡᠭᠡ ᠳᠠᠪᠢᠯᠠᠩ ᠢᠶᠠᠷ \ ᠬᠤᠳᠠ ᠤᠷᠤᠭ ᠪᠠᠷᠢᠯᠳᠣᠬᠤ \ ᠬᠦᠷᠬᠡᠠ ᠪᠤᠯᠬᠤ ᠬᠦᠤ ᠴᠢᠨᠢ ᠪᠠᠷᠠᠯᠠᠶ᠎ᠡ︾ ᠬᠡᠵᠤ ᠰᠢᠯᠦᠭᠯᠡᠨ ᠬᠡᠯᠠᠨ᠎ᠠ᠃ ᠳᠡᠭᠡᠪᠡᠯ᠂ ᠬᠡᠥᠬᠡᠨ ᠤ ᠠᠪᠤ ᠡᠵᠢ ᠪᠠ ᠨᠠᠭᠠᠴᠣ ᠠᠪᠠᠭ᠎ᠠ ᠵᠡᠷᠭᠡ ᠠᠬᠠᠮᠠᠳ ᠬᠦᠮᠦᠰ ᠨᠢ ᠬᠦᠷᠭᠡᠨ ᠬᠦᠦ ᠶᠢᠨ ᠳᠠᠪᠣᠨ ᠡᠷᠬᠡᠳᠡᠨ ᠢ ᠰᠢᠨᠵᠢᠨ ᠦᠵᠡᠬᠦ ᠵᠣᠷᠢᠯᠭ᠎ᠠ ᠲᠠᠢ ᠰᠠᠶᠢᠬᠠᠨ ᠦᠵᠡᠬᠦ᠂ ᠶᠠᠩᠵᠣ ᠪᠦᠷᠢ ᠪᠠᠷ ᠠᠰᠠᠭᠤᠬᠤ ᠶᠢᠨ ᠬᠠᠮᠳᠣ ᠪᠠᠰᠠ ᠬᠦᠦ ᠶᠢᠨ ᠬᠦᠳᠡᠯᠦᠯ ᠪᠠᠷᠢᠯᠠᠯ ᠵᠡᠷᠭᠡ ᠳᠠᠯ᠎ᠠ ᠪᠠᠷ ᠨᠠᠷᠢᠨ ᠨᠢᠬᠳᠠ ᠠᠵᠢᠭᠯᠠᠨ ᠰᠢᠨᠵᠢᠨ᠎ᠡ᠃ ᠬᠡᠷᠪᠠ ᠬᠦᠷᠬᠡᠠ ᠬᠦᠤ ᠠᠰᠠᠭᠤᠯᠳᠠ ᠬᠠᠷᠢᠭᠤᠯᠬᠤ ᠪᠠ ᠠᠷᠢᠬᠢ ᠬᠡᠮᠨᠡᠵᠦ᠂ ᠲᠠᠮᠠᠬᠢ ᠪᠠᠷᠢᠬᠤ ᠵᠡᠷᠭᠡ ᠬᠡᠯᠠ ᠶᠠᠷᠢᠶ᠎ᠡ᠂ ᠦᠢᠯᠡ ᠠᠵᠢᠯᠯᠠᠭᠠᠨ ᠳᠣᠮᠳᠠ ᠪᠠᠨ ᠵᠠᠷᠢᠮ ᠶᠣᠰᠣᠠ ᠳᠤ ᠠᠯᠳᠠᠭ᠎ᠠ ᠭᠠᠷᠭᠠᠬᠰᠠᠠ ᠪᠤᠯ ᠳᠠᠭᠠᠭᠤᠯᠵᠤ ᠢᠷᠡᠭᠰᠠᠠ ᠵᠠᠭᠤᠴᠢ ᠶᠢᠨ ᠬᠦᠮᠣᠠ ᠪᠤᠰᠢᠭᠤᠬᠠᠠ ᠵᠠᠰᠠᠵᠤ ᠵᠠᠯᠠᠷᠠᠭᠤᠯᠵᠤ ᠦᠭᠬᠦ ᠪᠦᠬᠡᠣᠠ ᠡᠴᠢᠬᠡ ᠡᠬᠡ ᠳᠤᠨᠢ᠄ ︽ᠠᠬᠳᠠ ᠶᠢᠨ ᠨᠢᠷᠣᠭᠤ ᠴᠢᠯᠡᠭᠡᠭᠡ ᠦᠬᠡᠢ \ ᠠᠯᠣᠰ ᠭᠠᠵᠠᠷ ᠶᠠᠪᠣᠭ᠎ᠠ ᠦᠬᠡᠢ \ ᠭᠤᠷᠪᠠᠠ ᠬᠦᠳᠦᠯ ᠳᠠᠪᠠᠭ᠎ᠠ ᠦᠬᠡᠢ \ ᠭᠤᠷᠪᠠᠠ ᠭᠤᠣᠯ ᠭᠠᠳᠣᠯᠤᠭ᠎ᠠ ᠦᠬᠡᠢ \ ᠠᠮᠠᠠ ᠰᠦ ᠨᠢ ᠠᠷᠢᠯᠤᠭ᠎ᠠ ᠦᠬᠡᠢ \ ᠠᠷᠠᠭᠠᠠ ᠰᠢᠳᠤ ᠨᠢ ᠪᠦᠷᠢᠳᠣᠬᠡ ᠦᠬᠡᠢ \ ᠨᠢᠯᠬ᠎ᠠ ᠪᠠᠭ᠎ᠠ ᠬᠦᠪᠠᠬᠦᠠ ᠪᠢᠯᠠ︕ \ ᠨᠢᠯᠴᠠᠭᠠᠷ ᠪᠠᠭ᠎ᠠ ᠦᠷ᠎ᠡ ᠪᠢᠯᠠ︕ \ ᠮᠢᠬᠠᠠ ᠬᠡᠯᠠ ᠠᠳᠣᠭᠠᠢ / ᠶᠠᠰᠣᠠ ᠳᠣᠭᠤᠷᠠᠢ ᠬᠠᠯᠳᠣᠷᠢᠳᠠᠭ ᠬᠡᠨᠠᠮ︾ ᠬᠡᠵᠤ ᠦᠷᠣᠰᠢᠶᠠᠯ ᠬᠡᠯᠳᠣᠷᠢᠯ ᠭᠤᠶᠣᠬᠤ ᠦᠬᠡ ᠶᠢ ᠵᠠᠪᠳᠣᠠ ᠬᠡᠯᠠᠳᠡᠭ ᠶᠣᠮ᠃      ᠬᠦᠷᠭᠡᠨ ᠦᠵᠡᠭᠰᠡᠨ ᠬᠡᠣᠬᠡᠠ ᠤ ᠡᠴᠢᠬᠡ ᠡᠬᠡ᠂ ᠬᠡᠷ ᠤᠨ ᠠᠬᠠᠮᠠᠣᠠ ᠳᠠᠷᠠ ᠳᠠᠷᠣᠢ ︽ᠬᠡᠥᠬᠡᠨ ᠢᠶᠠᠨ ᠦᠭᠬᠦᠶ᠎ᠡ︕︾ ᠬᠡᠵᠤ ᠠᠮᠠ ᠠᠯᠳᠠᠳᠠᠭ ᠦᠬᠡᠢ᠂ ᠪᠠᠰᠠ ᠬᠡᠣᠬᠡᠠ ᠢ ᠬᠦᠷᠬᠡᠠ ᠬᠦᠤ ᠲᠠᠢ ᠤᠴᠠᠷᠠᠭᠤᠯᠳᠠᠭ ᠦᠬᠡᠢ ᠶᠣᠰᠣ ᠲᠠᠢ᠃ ᠬᠡᠷᠪᠠ ᠣᠷᠤᠭ ᠤᠨ ᠣᠴᠢᠷ ᠪᠣᠯᠵᠣ ᠪᠦᠳᠦᠬᠦ ᠰᠢᠠᠵᠢᠳᠠᠢ ᠪᠤᠯ ᠳᠠᠷᠠᠭᠠᠴᠢ ᠶᠢᠨ ᠠᠯᠬᠤᠮ ᠳᠤ ᠬᠡᠷ ᠦᠵᠠᠬᠦ ᠶᠣᠰᠣᠯᠠᠯ ᠪᠤᠯᠳᠠᠭ᠃      ᠬᠦᠷᠭᠡᠨ ᠬᠠᠳᠠᠮᠴᠢᠯᠠᠬᠤ ᠶᠣᠰᠣᠨ      ᠣᠷᠤᠭ ᠳᠣᠭᠳᠠᠭᠰᠠᠨ ᠤ ᠰᠡᠬᠦᠯᠡᠷ ᠬᠦᠷᠭᠡᠨ ᠬᠠᠳᠠᠮᠴᠢᠯᠠᠬᠤ ᠶᠣᠰᠣᠠ ᠢ ᠬᠦᠢᠴᠡᠳᠭᠡᠳᠡᠭ᠃ ᠨᠣᠠ ᠬᠤᠷᠴᠢᠨᠴᠣᠳ ᠤᠨ ᠬᠦᠷᠭᠡᠨ ᠤ ᠬᠠᠳᠠᠮᠴᠢᠯᠠᠬᠤ ᠨᠢ ᠭᠤᠣᠯᠳᠠᠭᠤ ᠵᠢᠯ ᠪᠦᠷᠢ ᠶᠢᠨ ᠴᠠᠭᠠᠠ ᠰᠠᠷ᠎ᠠ ᠶᠢᠨ ᠰᠢᠨ᠎ᠠ ᠶᠢᠨ ᠬᠤᠶᠠᠷ ᠪᠤᠶᠤ ᠳᠣᠯᠣᠭᠠᠠ ᠰᠠᠷ᠎ᠠ ᠶᠢᠨ ᠰᠢᠨ᠎ᠠ ᠶᠢᠨ ᠬᠤᠶᠠᠷ ᠤᠨ ᠡᠳᠣᠷ ᠪᠤᠯᠣᠨ᠎ᠠ᠃ ᠡᠬᠦᠨ ᠠᠴᠠ ᠭᠠᠳᠠᠨ᠎ᠠ ᠪᠠᠰᠠ ᠠᠵᠢᠯ ᠤᠨ ᠶᠠᠭᠠᠷᠠᠣ ᠣᠯᠠᠷᠢᠯ ᠳᠤ ᠬᠠᠳᠠᠮᠴᠢᠯᠠᠵᠣ ᠬᠠᠳᠠᠮ ᠤᠨ ᠭᠡᠷ ᠤᠨ ᠠᠵᠢᠯ ᠠᠮᠢᠳᠣᠷᠠᠯ ᠳᠤᠨᠢ ᠬᠦᠴᠦ ᠪᠠᠨ ᠦᠭᠬᠦ ᠶᠣᠰᠣᠳᠠᠢ᠃      ᠵᠢᠯ ᠪᠦᠷᠢ ᠴᠠᠭᠠᠨ ᠰᠠᠷ᠎ᠠ ᠶᠢᠨ ᠰᠢᠨ᠎ᠡ ᠶᠢᠨ ᠬᠤᠶᠠᠷ ᠲᠤ ᠰᠢᠨ᠎ᠡ ᠬᠦᠷᠭᠡᠨ ᠬᠠᠳᠠᠮᠴᠢᠯᠠᠷ᠎ᠠ ᠢᠷᠡᠪᠡᠯ᠂ ᠣᠷᠢᠳᠠᠪᠠᠷ ᠬᠡᠥᠬᠡᠨ ᠤ ᠭᠡᠷ ᠤᠨ ᠪᠣᠷᠬᠠᠨ ᠳᠤ ᠬᠠᠳᠠᠭ ᠳᠠᠯᠪᠢᠨ ᠮᠦᠷᠬᠦᠵᠦ᠂ ᠳᠠᠬᠢᠨ ᠬᠠᠳᠠᠮ ᠤᠨ ᠠᠬᠠᠮᠠᠳ ᠠᠴᠠ ᠦᠶ᠎ᠡ ᠳᠠᠷᠠᠭᠠᠯᠠᠨ ᠮᠦᠷᠬᠦᠨ ᠵᠣᠯᠭᠠᠨ᠎ᠠ᠃ ᠮᠠᠷᠭᠠᠰᠢ ᠠᠴᠠ ᠡᠬᠢᠯᠡᠨ ᠬᠠᠳᠠᠮ ᠤᠨ ᠭᠡᠷ ᠤᠨ ᠲᠦᠷᠦᠯ ᠰᠠᠳᠣᠨ ᠤ ᠬᠢ ᠪᠠᠷ ᠪᠡᠯᠡᠭ ᠤᠨ ᠶᠠᠭᠤᠮ᠎ᠠ ᠪᠠᠨ ᠠᠪᠣᠨ ᠰᠢᠨ᠎ᠡ ᠶᠢᠨ ᠵᠣᠯᠭᠠᠯᠳᠠ ᠬᠢᠪᠡᠯ ᠬᠠᠳᠠᠮ ᠤᠨ ᠬᠤᠪᠣᠩ ᠲᠦᠷᠦᠯ ᠤᠨ ᠬᠢᠨ ᠡᠷᠦᠭᠡ ᠳᠠᠷᠠᠭᠠᠯᠠᠨ ᠡᠯᠪᠡᠭ ᠳᠡᠯᠪᠡᠭ ᠨᠣᠭᠤᠭ᠎ᠠ ᠪᠣᠳᠠᠭ᠎ᠠ ᠪᠡᠯᠡᠳᠭᠡᠨ᠂ ᠰᠢᠨ᠎ᠡ ᠬᠦᠷᠭᠡᠨ ᠢ ᠵᠠᠯᠠᠵᠣ ᠰᠢᠨ᠎ᠡ ᠶᠢᠨ ᠪᠣᠳᠠᠭ᠎ᠠ ᠢᠳᠡᠬᠦᠯᠵᠡᠭᠡᠨ᠎ᠡ᠃ ᠡᠬᠦᠨ ᠢᠶᠠᠷ ᠰᠢᠨ᠎ᠡ ᠨᠢᠭᠡᠨ ᠭᠡᠰᠢᠬᠦᠨ ᠢᠶᠠᠨ ᠠᠶᠢᠮᠠᠭ ᠲᠦᠷᠦᠯ ᠳᠡᠭᠡᠨ ᠪᠠᠭᠳᠠᠭᠠᠨ ᠠᠪᠴᠣ ᠪᠠᠶᠢᠭ᠎ᠠ ᠪᠠᠨ ᠢᠯᠡᠳᠭᠡᠳᠡᠭ᠃      ᠳᠣᠯᠣᠭᠠᠨ ᠰᠠᠷ᠎ᠠ ᠶᠢᠨ ᠰᠢᠨ᠎ᠡ ᠶᠢᠨ ᠬᠤᠶᠠᠷ ᠪᠣᠯᠪᠠᠯ ᠪᠠᠰᠠ ᠢᠩᠭᠢᠵᠦ ᠬᠠᠳᠠᠮᠴᠢᠯᠠᠳᠠᠭ ᠪᠦᠭᠡᠳ ᠬᠠᠳᠠᠮ ᠤᠨ ᠭᠡᠷ ᠲᠤ ᠨᠢᠭᠡᠨ ᠬᠤᠭᠤᠴᠠᠭ᠎ᠠ ᠰᠠᠭᠤᠨ᠂ ᠠᠵᠢᠯ ᠠᠮᠢᠳᠣᠷᠠᠯ ᠳᠤᠨᠢ ᠬᠠᠮᠵᠢᠵᠣ ᠬᠦᠴᠦ ᠪᠠᠨ ᠦᠭᠳᠡᠭ᠃ ᠡᠬᠦᠠ ᠠᠴᠠ ᠭᠠᠳᠠᠭᠤᠷ ᠪᠠᠰᠠ ᠠᠵᠢᠯ ᠤᠨ ᠶᠠᠭᠠᠷᠠᠥ ᠦᠶ᠎ᠡ ᠳᠤ ᠪᠠᠰᠠ ᠬᠠᠳᠠᠮᠴᠢᠯᠠᠬᠤ ᠣᠴᠢᠷ ᠲᠠᠢ᠃ ᠳᠠᠷᠣᠢ ᠬᠠᠪᠤᠷ ᠤᠨ ᠳᠡᠯᠯᠡᠭᠡ᠂ ᠵᠣᠠ ᠤ ᠠᠷᠠᠴᠢᠯᠠᠯᠭ᠎ᠠ᠂ ᠨᠠᠮᠣᠷ ᠤᠨ ᠬᠤᠷᠢᠶᠠᠯᠠᠭ᠎ᠠ᠂ ᠡᠪᠦᠯ ᠤᠨ ᠨᠦᠬᠡᠴᠡᠯᠡᠭᠡ ᠮᠠᠳᠤ ᠶᠢᠨ ᠶᠠᠭᠠᠷᠠᠣ ᠠᠵᠢᠯ ᠲᠠᠢ ᠦᠶ᠎ᠡ ᠳᠤ ᠬᠠᠳᠠᠮᠴᠢᠯᠠᠵᠣ ᠠᠵᠢᠯ ᠳᠤᠨᠢ ᠬᠠᠮᠵᠢᠵᠤ ᠪᠠᠶᠢᠳᠠᠭ᠃      ᠬᠠᠳᠠᠮᠴᠢᠯᠠᠬᠰᠠᠠ ᠬᠦᠷᠬᠡᠠ ᠬᠠᠳᠠᠮ ᠤᠨ ᠭᠠᠵᠠᠷ ᠠᠯᠢ ᠴᠢᠳᠠᠬᠤᠶᠢᠴᠠ ᠪᠡᠶ᠎ᠡ ᠪᠠᠨ ᠴᠢᠩᠭ᠎ᠠ ᠱᠠᠭᠠᠷᠳᠠᠵᠣ ᠡᠷᠬᠡᠪᠰᠢ ᠦᠷᠯᠣᠬᠡ ᠡᠷᠳᠠ ᠪᠣᠰᠴᠣ᠂ ᠬᠦᠷᠢᠶ᠎ᠡ ᠬᠠᠰᠢᠶ᠎ᠡ ᠴᠡᠪᠡᠷᠯᠡᠨ᠂ ᠮᠠᠯ ᠤᠨᠤᠭ᠎ᠠ ᠤᠰᠣᠯᠠᠵᠤ᠂ ᠠᠷᠭᠠᠯ ᠳᠦᠯᠡᠭᠡ ᠤᠷᠣᠭᠤᠯᠣᠨ᠎ᠠ᠃ ᠠᠷᠢᠬᠢ ᠤᠣᠭᠤᠬᠤ ᠦᠬᠡᠢ᠂ ᠳᠠᠮᠠᠬᠢ ᠳᠠᠳᠠᠬᠤ ᠦᠬᠡᠢ᠂ ᠨᠠᠭᠠᠳᠣᠮ ᠨᠠᠭᠠᠳᠬᠤ ᠦᠬᠡᠢ᠃ ᠠᠯᠢ ᠴᠢᠳᠠᠬᠤ ᠪᠠᠷ ᠴᠢᠷᠮᠠᠶᠢᠵᠤ᠂ ᠵᠠᠯᠬᠠᠭᠤᠷᠠᠵᠤ ᠤᠰᠣᠯᠳᠣᠵᠤ ᠤᠬᠳᠣᠬᠠᠠ ᠴᠤ ᠪᠤᠯᠬᠤ ᠦᠬᠡᠢ᠃ ᠠᠯᠵᠠᠭᠤ ᠵᠠᠯᠬᠠᠭᠤ ᠡᠷ᠎ᠠ ᠶᠢᠨ ᠨᠠᠷ᠎ᠠ ᠵᠠᠬᠦᠵᠤ᠂ ᠬᠠᠳᠠᠮ ᠳᠠᠭᠠᠨ ᠭᠤᠯᠣᠭᠳᠠᠭᠠᠳ ᠣᠷᠤᠭ ᠪᠣᠴᠠᠬᠤ ᠶᠠᠪᠣᠳᠠᠯ ᠪᠠᠰᠠ ᠬᠠᠶᠠ ᠭᠠᠷᠳᠠᠭ᠃ ᠬᠠᠳᠠᠮᠴᠢᠯᠠᠬᠤ ᠶᠣᠰᠣᠨ ᠳᠤ ᠬᠡᠳᠦ᠋ᠢᠪᠠᠷ ᠬᠠᠷᠢᠯᠴᠠᠠ ᠦᠢᠯᠠᠭᠠᠬᠤ ᠬᠡᠰᠠᠠ ᠰᠠᠨᠠᠭ᠎ᠠ ᠲᠠᠢ ᠪᠤᠯᠪᠠᠴᠤ ᠪᠠᠷᠠᠭᠤᠠ ᠡᠧᠦ᠋ᠷᠦᠫᠠ ᠶᠢᠨ ︽ᠳᠣᠷᠰᠢᠬᠤ ᠤᠷᠤᠭ︾ ᠲᠠᠢ ᠠᠳᠠᠯᠢ ᠦᠬᠡᠢ᠃ ᠳᠠᠷᠣᠢ ᠬᠦᠤ ᠬᠡᠣᠬᠡᠠ ᠬᠤᠶᠠᠷ ᠳᠠᠷ᠎ᠠ ᠨᠢᠬᠡᠣᠠᠬᠡᠵᠤ ᠪᠤᠯᠬᠤ ᠦᠬᠡᠢ᠃ ᠭᠤᠣᠯ ᠨᠢ ᠬᠠᠳᠠᠮ ᠠᠪᠤ ᠨᠢ ᠡᠰᠠᠬᠦᠯ᠎ᠠ ᠬᠠᠳᠠᠮ ᠠᠬ᠎ᠠ ᠨᠢ ︽ᠬᠦᠷᠬᠡᠠ ᠬᠦᠤ ᠶᠢᠨ ᠳᠣᠷᠪᠢ ᠬᠦᠴᠤ᠂ ᠤᠬᠠᠭᠠᠠ ᠰᠠᠨᠠᠭ᠎ᠠ ᠶᠢ ᠳᠣᠷᠰᠢᠬᠤ︾ ᠵᠣᠷᠢᠯᠭ᠎ᠠ ᠲᠠᠢ ᠬᠦᠴᠢᠷᠳᠠᠢ ᠠᠵᠢᠯ ᠳᠠᠭᠠᠭᠠᠯᠭᠠᠵᠤ ᠬᠦᠴᠤ ᠶᠢ ᠨᠢ ᠳᠣᠷᠰᠢᠬᠤ᠂ ᠳᠦᠪᠡᠭ ᠲᠠᠢ ᠡᠬᠦᠷᠬᠡ ᠳᠣᠰᠢᠶᠠᠵᠤ ᠤᠬᠠᠭᠠᠠ ᠳᠠᠮ ᠢ ᠨᠢ ᠳᠣᠷᠰᠢᠬᠤ ᠵᠠᠷᠬᠡ ᠶᠢᠨ ᠡᠯᠳᠠᠪ ᠤᠨ ᠰᠣᠷᠢᠯᠳᠠ ᠬᠢᠵᠤ ᠳᠠᠩᠰᠠᠬᠦ ᠶᠢᠨ ᠳᠠᠭᠠᠤ ᠪᠠᠶᠢᠳᠠᠯ ᠳᠤ ᠨᠢ ᠵᠣᠬᠢᠴᠠᠭᠤᠯᠣᠠ ᠦᠪᠠᠷ ᠢᠶᠠᠨ ᠳᠠᠭᠠᠭᠤᠯᠵᠤ ᠬᠦᠳᠠᠯᠮᠣᠷᠢᠯᠠᠠ ᠠᠵᠢᠯ ᠳᠤ ᠴᠠᠭᠠᠷᠠᠭᠤᠯᠵᠤ᠂ ᠮᠠᠷᠬᠡᠵᠢᠯ ᠳᠤ ᠰᠢᠯᠭᠠᠷᠠᠭᠤᠯᠵᠤ᠂ ᠠᠮᠢᠳᠣᠷᠠᠯ ᠤᠨ ᠴᠢᠳᠠᠪᠤᠷᠢ ᠲᠠᠢ ᠪᠤᠯᠭᠠᠠ ᠬᠦᠮᠣᠵᠢᠬᠦᠯᠬᠦ ᠶᠢ ᠤᠶᠠᠯᠳᠣᠭᠤᠯᠳᠠᠭ᠃      ᠬᠦᠷᠭᠡᠨ ᠮᠣᠷᠳᠠᠬᠤ ᠶᠣᠰᠣᠠ      ᠬᠦᠷᠬᠡᠠ ᠮᠣᠷᠳᠠᠭᠤᠯᠬᠤ ᠶᠠᠪᠤᠳᠠᠯ ᠢ ᠨᠣᠠ ᠬᠤᠷᠴᠢᠠᠴᠣᠣᠠ ︽ᠰᠠᠭᠠᠳᠠᠭ ᠮᠣᠷᠳᠠᠭᠤᠯᠬᠤ ᠶᠣᠰᠣᠯᠠᠯ︾ ᠬᠡᠳᠡᠭ ᠃ ᠰᠠᠭᠠᠳᠠᠭ ᠮᠣᠷᠳᠠᠬᠤ ᠬᠡᠳᠡᠭ ᠨᠢ ᠰᠢᠨ᠎ᠠ ᠬᠦᠷᠬᠡᠠ ᠮᠣᠷᠳᠠᠬᠤ ᠳᠠᠭᠠᠨ ᠶᠠᠭ ᠳᠠᠶᠢᠠ ᠳᠤ ᠮᠣᠷᠳᠠᠬᠤ ᠴᠡᠷᠢᠭ ᠡᠷ᠎ᠠ ᠰᠢᠭ ᠬᠤᠷᠣᠮᠰᠠᠭ᠎ᠠ ᠰᠠᠭᠠᠳᠠᠭ ᠵᠠᠬᠦᠬᠦ ᠶᠣᠰᠣᠳᠠᠢ ᠪᠤᠯᠬᠤᠷ ᠢᠩᠬᠢᠵᠤ ᠨᠠᠷᠠᠯᠡᠭᠰᠠᠠ ᠪᠠᠶᠢᠭ᠎ᠠ᠃ ᠰᠠᠭᠠᠳᠠᠭ ᠤᠨ ᠬᠤᠷᠢᠮ ᠤᠨ ᠡᠳᠣᠷ ᠪᠤᠯᠬᠤ ᠳᠤ᠂ ᠰᠦᠨᠢ ᠳᠦᠯᠢ ᠪᠠᠷ ᠬᠦᠷᠬᠡᠠ ᠤ ᠳᠠᠯ᠎ᠠ ᠶᠢᠨ ᠬᠢᠨ ᠰᠢᠷᠡᠭᠡ ᠪᠤᠳᠠᠭ᠎ᠠ ᠪᠠᠯᠠᠣᠠᠬᠡᠵᠤ ᠰᠠᠭᠠᠳᠠᠭ ᠲᠤ ᠮᠣᠷᠳᠠᠬᠤ ᠬᠦᠮᠣᠰ ᠢᠶᠠᠨ ᠦᠳᠠᠳᠡᠭ᠃      ᠭᠡᠷ ᠤᠨ ᠡᠵᠡᠨ ᠠᠪᠤ ᠡᠵᠢ ᠨᠢ ᠣᠷᠢᠳᠠᠪᠠᠷ ᠪᠣᠷᠬᠠᠨ ᠰᠢᠳᠦᠭᠡᠨ ᠳᠡᠭᠡᠨ ᠬᠦᠵᠢ ᠵᠣᠯᠠ ᠠᠰᠠᠭᠠᠨ᠂ ᠢᠳᠡᠭᠡᠨ ᠣᠮᠳᠠᠭᠠᠨ ᠤ ᠳᠡᠭᠡᠵᠢ ᠪᠠᠷ ᠳᠠᠬᠢᠯ ᠳᠠᠪᠢᠭ ᠢᠶᠠᠨ ᠰᠢᠨᠡᠳᠭᠡᠵᠦ᠂ ᠬᠤᠪᠣᠩ ᠤᠨ ᠭᠠᠯ ᠤᠨ ᠣᠷᠣᠢ ᠳᠡᠭᠡᠷ᠎ᠡ ᠳᠣᠯᠤᠭ᠎ᠠ ᠪᠣᠶᠣ ᠶᠢᠰᠦᠨ ᠣᠯᠠᠭᠠᠨ ᠴᠢᠪᠠᠭ᠎ᠠ ᠪᠠᠨ ᠨᠣᠴᠣᠭᠠᠵᠣ ᠰᠠᠩ ᠣᠳᠣᠯᠭ᠎ᠠ ᠳᠠᠯᠪᠢᠨ᠂ ᠵᠠᠯᠭᠠᠭᠠᠳ ᠨᠣᠳᠤᠭ ᠣᠰᠣᠨ ᠤ ᠨᠠᠪᠳᠠᠭ ᠰᠠᠪᠳᠠᠭ ᠲᠠᠭᠠᠨ ᠰᠡᠷᠵᠢᠮ ᠡᠷᠬᠦᠭᠡᠳ᠄ ︽ᠵᠠᠮ ᠭᠤᠣᠯ ᠳᠠᠭᠠᠨ ᠠᠮᠣᠷ ᠲᠦᠪᠰᠢᠨ \ ᠵᠢᠭᠠᠭᠰᠠᠨ ᠴᠡᠭ ᠲᠡᠭᠡᠨ ᠰᠢᠭᠤᠳ ᠰᠢᠯᠣᠭᠤᠨ \ ᠡᠷᠬᠢᠬᠦ ᠠᠶᠠᠨ ᠳᠠᠭᠠᠨ ᠡᠷᠡᠬᠦᠯ ᠡᠩᠭᠡ \ ᠡᠯ᠎ᠡ ᠪᠠᠶᠢᠭᠰᠠᠨ ᠪᠦᠷᠢᠨ ᠪᠦᠳᠦᠨ︾ ᠭᠡᠵᠤ ᠬᠤᠷᠢᠮ ᠬᠤᠷᠠᠯ ᠳᠤ ᠬᠡᠷᠡᠬᠦᠯ ᠵᠢᠭᠤᠷᠠᠭᠠᠨ ᠦᠭᠡᠢ᠂ ᠠᠯᠢᠪᠠ ᠶᠠᠪᠣᠳᠠᠯ ᠣᠷᠣᠭᠰᠢᠳᠠᠢ᠂ ᠦᠯᠵᠡᠢ ᠪᠡᠯᠭᠡ ᠲᠠᠢ ᠪᠣᠯᠬᠤ ᠶᠢ ᠵᠠᠯᠪᠠᠷᠠᠨ ᠳᠠᠭᠠᠳᠬᠠᠵᠣ᠂ ᠰᠠᠭᠠᠳᠠᠭ ᠤᠨ ᠬᠦᠮᠦᠰ ᠲᠡᠭᠡᠨ ᠴᠠᠭᠠᠨ ᠢᠳᠡᠭᠡᠨ ᠠᠮᠰᠠᠭᠤᠯᠣᠨ ᠴᠠᠭᠠᠨ ᠮᠦᠷ ᠲᠠᠢ ᠪᠣᠴᠠᠵᠣ ᠢᠷᠡᠬᠦ ᠶᠢ ᠬᠦᠰᠡᠨ ᠵᠦᠩᠨᠡᠳᠡᠭ᠃      ᠰᠢᠨ᠎ᠠ ᠪᠠᠷᠢ ᠳᠣᠰᠬᠤ ᠪᠠᠷ ᠬᠦᠷᠬᠡᠠ ᠤ ᠳᠠᠯ᠎ᠠ ᠶᠢᠨ ᠬᠢᠨ ᠨᠢᠬᠡ ᠪᠦᠯᠣᠭ᠌ ᠬᠦᠮᠣᠠ ᠬᠦᠷᠬᠡᠠ ᠬᠦᠤ ᠶᠢ ᠳᠠᠭᠠᠵᠤ ᠮᠣᠷᠳᠠᠨ᠎ᠠ᠃ ᠡᠳᠠᠬᠡᠷ ᠬᠦᠮᠣᠰ ᠨᠢ ᠠᠵᠢᠯ ᠤᠨ ᠬᠤᠪᠢᠶᠠᠷᠢ ᠳᠣᠳᠣᠷᠬᠠᠢ᠂ ᠰᠠᠬᠢᠬᠤ ᠳᠦᠷᠢᠮ ᠴᠢᠩᠭ᠎ᠠ ᠲᠠᠢ ᠨᠢᠬᠡ ᠵᠢᠵᠢᠭ ᠵᠣᠬᠢᠶᠠᠠ ᠪᠠᠶᠢᠭᠤᠯᠣᠯᠳᠠ ᠪᠤᠯᠬᠤ ᠶᠣᠮ᠃ ᠳᠠᠷᠣᠢ ᠳᠦᠷᠣᠬᠦᠤ ᠬᠤᠳᠠ᠂ ᠳᠦᠰᠢᠮᠠᠯ ᠬᠤᠳᠠ᠂ ᠬᠡᠯᠠᠮᠣᠷᠴᠢ᠂ ᠬᠦᠷᠬᠡᠠ ᠬᠦᠤ᠂ ᠬᠦᠷᠬᠡᠠ ᠳᠠᠭᠠᠬᠴᠢ ᠵᠠᠷᠬᠡ ᠲᠦᠷᠪᠠᠠ ᠵᠦᠢᠯ ᠤᠨ ᠬᠦᠮᠣᠠ ᠢᠶᠠᠷ ᠪᠦᠷᠢᠯᠳᠣᠨ᠎ᠠ᠃ ᠶᠡᠬᠡᠰ ᠢᠵᠠᠭᠤᠷᠳᠠᠨ ᠤ ᠬᠢᠬᠦ ᠳᠣᠮᠣ ᠮᠠᠶ᠋ᠢᠭ ᠤᠨ ᠣᠷᠤᠭ ᠬᠤᠷᠢᠮ ᠪᠣᠯ ᠲᠦᠷᠦᠬᠦᠦ ᠬᠤᠳᠠ᠂ ᠲᠦᠰᠢᠮᠡᠯ ᠬᠤᠳᠠ᠂ ᠭᠤᠳᠠᠭᠠᠷ ᠬᠤᠳᠠ᠂ ᠳᠠᠮᠠᠭᠠᠨ ᠬᠤᠳᠠ᠂ ᠬᠡᠯᠡᠮᠦᠷᠴᠢ᠂ ᠠᠷᠠᠯ ᠳᠠᠷᠣᠬᠤ ᠦᠬᠢᠨ ᠪᠠ ᠬᠦᠷᠭᠡᠨ ᠬᠦᠦ ᠲᠠᠢ ᠳᠣᠯᠣᠭᠠᠨ ᠬᠦᠮᠦᠨ ᠶᠠᠪᠣᠵᠣ᠂ ᠲᠦᠷᠦᠬᠦᠦ ᠬᠤᠳᠠ᠂ ᠲᠦᠰᠢᠮᠡᠯ ᠬᠤᠳᠠ ᠨᠢ ᠭᠤᠣᠯ ᠰᠢᠷᠡᠭᠡᠨ ᠳᠤ ᠰᠠᠭᠤᠵᠣ ᠦᠬᠢᠨ ᠤ ᠳᠠᠯ᠎ᠠ ᠶᠢᠨ ᠬᠢᠨ ᠲᠠᠢ ᠬᠤᠷᠢᠮ ᠲᠦᠷᠦ ᠶᠢᠨ ᠶᠡᠭᠡ ᠶᠠᠪᠣᠳᠠᠯ ᠢ ᠵᠦᠪᠳᠡᠨ ᠲᠦᠪᠬᠢᠨᠡᠬᠦᠯᠵᠦ ᠪᠠᠶᠢᠳᠠᠭ ᠪᠣᠯ ᠭᠤᠳᠠᠭᠠᠷ ᠬᠤᠳᠠ ᠳᠠᠮᠠᠭᠠᠨ ᠬᠤᠳᠠ ᠨᠢ ᠬᠡᠶᠢᠴᠢᠨ ᠵᠣᠴᠢᠨ ᠳᠤ ᠰᠢᠷᠡᠭᠡ ᠳᠣᠬᠢᠷᠠᠭᠤᠯᠵᠣ ᠶᠠᠭᠠᠷᠠᠨ᠎ᠠ᠃ ᠬᠡᠯᠡᠮᠦᠷᠴᠢ ᠨᠢ ᠬᠦᠷᠭᠡᠨ ᠢ ᠳᠠᠭᠠᠵᠣ ᠳᠠᠮᠠᠬᠢ ᠪᠠᠷᠢᠨ᠂ ᠠᠷᠢᠬᠢ ᠨᠡᠷᠡᠵᠦ ᠬᠠᠳᠠᠮᠠᠳ ᠲᠤ ᠶᠣᠰᠣᠯᠠᠨ ᠵᠣᠯᠭᠠᠬᠤ ᠦᠢᠯᠡ ᠶᠢ ᠬᠠᠮᠵᠢᠨ ᠬᠦᠢᠴᠡᠳᠭᠡᠨ᠎ᠡ᠃ ᠬᠦᠷᠭᠡᠨ ᠮᠣᠷᠳᠠᠬᠤ ᠢᠷᠦᠬᠡᠯ ︵ᠰᠠᠭᠠᠳᠠᠭ ᠤᠨ ᠢᠷᠦᠬᠡᠯ︶      ︽ᠣᠮ ᠰᠠᠶᠢᠨ ᠠᠮᠣᠭᠤᠯᠠᠩᠳᠠᠨ ᠪᠣᠯᠳᠣᠭᠠᠢ \ ᠡᠩᠭᠡ ᠰᠠᠶᠢᠨ ᠵᠢᠷᠭᠠᠯᠠᠩᠳᠠᠨ ᠪᠣᠯᠳᠣᠭᠠᠢ / ᠰᠠᠭᠠᠳᠠᠭᠯᠠᠵᠣ ᠬᠦᠷᠬᠦ ᠣᠷᠤᠭ ᠤᠨ ᠭᠠᠵᠠᠷ ᠲᠤᠨᠢ \ ᠰᠠᠭᠠᠳ ᠦᠭᠡᠢ ᠬᠤᠷᠢᠮ ᠪᠠᠶᠠᠷ ᠪᠣᠯᠣᠭᠠᠳ \ ᠰᠡᠳᠦᠵᠦ ᠮᠣᠷᠳᠠᠭᠰᠠᠨ ᠣᠷᠤᠭ ᠤᠨ ᠣᠴᠢᠷ ᠴᠢᠨᠢ \ ᠰᠡᠳᠬᠢᠯᠴᠢᠯᠡᠨ ᠪᠦᠳᠦᠬᠦ ᠰᠠᠶᠢᠨ ᠪᠡᠯᠭᠡ ᠪᠣᠯᠳᠣᠭᠠᠢ \ ᠠᠮᠠᠷᠠᠭ ᠬᠡᠷᠬᠡᠢ ᠪᠠᠨ ᠠᠪᠴᠢᠷᠠᠨ ᠮᠦᠷᠬᠦᠬᠦᠯᠬᠦ ᠶᠢ \ ᠠᠶᠢᠮᠠᠭ ᠰᠠᠳᠣᠨ ᠪᠦᠬᠦᠨ ᠢᠶᠠᠷ ᠢᠶᠠᠨ ᠪᠠᠷᠠᠯᠠᠵᠣ \ ᠲᠦᠷᠦ ᠶᠢᠨ ᠶᠠᠪᠣᠳᠠᠯ ᠴᠢᠨᠢ ᠳᠡᠬᠦᠰ ᠪᠣᠯᠳᠣᠭᠠᠢ \ ᠲᠦᠮᠡᠨ ᠦᠢᠯᠡᠰ ᠴᠢᠨᠢ ᠪᠡᠯᠭᠡ ᠲᠠᠢ ᠪᠣᠯᠳᠣᠭᠠᠢ \ ᠬᠤᠷᠢᠮ ᠤᠨ ᠶᠠᠪᠣᠳᠠᠯ ᠴᠢᠨᠢ ᠬᠠᠷᠰᠢᠯ ᠦᠭᠡᠢ ᠪᠣᠯᠵᠣ \ ᠬᠤᠷᠠᠭᠰᠠᠨ ᠣᠯᠠᠨ ᠨᠢ ᠦᠯᠵᠡᠢ ᠲᠠᠢ ᠪᠣᠴᠠᠳᠣᠭᠠᠢ \ ᠮᠣᠷᠳᠠᠭᠠᠳ ᠭᠠᠷᠬᠤ ᠳᠤᠨᠢ \ ᠮᠠᠩᠯᠠᠢ ᠪᠠᠶᠠᠷ ᠪᠣᠯᠵᠣ \ ᠣᠭᠳᠣᠭᠠᠳ ᠠᠪᠬᠤ ᠳᠤᠨᠢ \ ᠦᠯᠵᠡᠢ ᠬᠤᠳᠤᠭ ᠣᠷᠣᠰᠢᠵᠣ \ ᠣᠴᠠᠷᠠᠯ ᠳᠡᠬᠦᠰ ᠦᠯᠡᠮᠵᠢ ᠪᠣᠶᠠᠨ   ᠳᠡᠯᠭᠡᠷᠡᠳᠦᠭᠡᠢ︕︾      ᠬᠦᠷᠬᠡᠠ ᠬᠤᠪᠴᠠᠯᠠᠬᠤ ᠶᠣᠰᠣᠠ      ᠰᠢᠨ᠎ᠠ ᠬᠦᠷᠬᠡᠠ ᠬᠡᠣᠬᠡᠠ ᠤ ᠳᠠᠯ᠎ᠠ ᠳᠤ ᠢᠷᠡᠭᠰᠠᠠ ᠤ ᠳᠠᠷᠠᠭ᠎ᠠ᠂ ᠬᠡᠣᠬᠡᠠ ᠤ ᠳᠠᠯ᠎ᠠ ᠠᠴᠠ ᠪᠠᠯᠠᠣᠠᠬᠡᠭᠰᠠᠠ ᠰᠢᠨ᠎ᠠ ᠬᠤᠪᠴᠠᠰᠤ ᠳᠠᠪᠠᠯ ᠢᠶᠠᠨ ᠬᠠᠯᠠᠠ ᠡᠮᠣᠰᠬᠡᠬᠦ ᠶᠢ ᠰᠢᠨ᠎ᠠ ᠬᠦᠷᠬᠡᠠ ᠬᠤᠪᠴᠠᠯᠠᠬᠤ ᠬᠡᠨ᠎ᠠ᠃      ︽ᠬᠦᠷᠬᠡᠠ ᠬᠤᠪᠴᠠᠯᠠᠬᠤ︾ ᠦᠢᠯᠡ ᠨᠢ ᠨᠣᠠ ᠬᠤᠷᠴᠢᠠ ᠤ ᠤᠷᠤᠭ ᠤᠨ ᠶᠣᠰᠣᠠ ᠳᠤ ᠪᠠᠰᠠ ᠨᠢᠬᠡᠠ ᠬᠦᠠ ᠤᠣᠠᠬ᠎ᠠ ᠤᠴᠢᠷ ᠠᠭᠤᠯᠬᠤ ᠪᠦᠬᠡᠣᠠ ᠳᠣᠬᠠᠢ ᠶᠢᠨ ᠳᠠᠯᠠᠪᠣᠷ ᠨᠢ ᠲᠣᠩ ᠬᠦᠭᠵᠢᠶᠡᠨᠳᠡᠢ ᠪᠠᠶᠢᠳᠠᠭ᠃ ᠳᠠᠷᠣᠢ ᠶᠡᠭᠡ ᠰᠢᠷᠡᠭᠡ ᠳᠠᠯᠪᠢᠵᠤ ᠬᠦᠷᠬᠡᠠ ᠮᠦᠷᠬᠦᠭᠰᠠᠠ ᠤ ᠳᠠᠷᠠᠭ᠎ᠠ᠂ ᠬᠡᠣᠬᠡᠠ ᠤ ᠬᠡᠷ ᠲᠤ ᠢᠰᠠᠬᠡᠢ ᠳᠠᠪᠢᠰᠴᠤ᠂ ᠨᠠᠷᠢᠮᠤ ᠶᠢᠨ ᠴᠠᠭᠠᠠ ᠢᠶᠠᠷ ᠴᠠᠭᠠᠵᠠ ᠶᠢᠨ ᠳᠠᠮᠠᠭ᠎ᠠ ᠵᠢᠷᠣᠭᠠᠳ ᠳᠠᠬᠡᠷ᠎ᠠ ᠨᠢ ᠬᠦᠷᠬᠡᠠ ᠢ ᠬᠤᠪᠴᠠᠯᠠᠨ᠎ᠠ᠃ ᠴᠠᠭᠠᠵᠠ ᠶᠢᠨ ᠳᠠᠮᠠᠭ᠎ᠠ ᠵᠢᠷᠣᠵᠤ ᠪᠠᠶᠢᠭ᠎ᠠ ᠨᠢ ᠨᠣᠠ ᠬᠤᠷᠴᠢᠠᠴᠣᠣᠠ ᠤᠷᠤᠭ ᠤᠨ ᠶᠣᠰᠣᠯᠠᠯ ᠢ ︽ᠳᠦᠷᠤ ᠶᠢᠨ ᠶᠣᠰᠣᠯᠠᠯ︾ ᠢᠶᠠᠷ ᠬᠦᠨᠳᠣᠣᠠᠬᠡᠵᠤ᠂ ︽ᠬᠤᠷᠢᠮ ᠳᠦᠷᠤ︾ ᠬᠡᠵᠤ ᠦᠵᠠᠳᠡᠭ ᠪᠤᠯᠬᠤᠷ ᠤᠷᠤᠭ ᠬᠤᠷᠢᠮ ᠤᠨ ᠬᠠᠣᠯᠢ ᠴᠠᠭᠠᠵᠠ ᠶᠢᠨ ᠪᠠᠳᠣᠯᠠᠭᠠᠳᠤ ᠴᠢᠨᠠᠷ᠂ ᠬᠦᠨᠳᠣᠣᠠᠬᠡᠯᠳᠤ ᠴᠢᠨᠠᠷ ᠢ ᠢᠯᠠᠣᠠᠬᠡᠵᠤ ᠪᠠᠶᠢᠭ᠎ᠠ ᠰᠠᠨᠠᠬ᠎ᠠ ᠲᠠᠢ᠃      ᠰᠢᠨ᠎ᠡ ᠬᠦᠷᠭᠡᠨ ᠢ ᠪᠦᠷ ᠪᠠᠷᠠᠭᠤᠠ ᠳᠠᠯ᠎ᠠ ᠠᠴᠠ ᠨᠢ ᠡᠬᠢᠯᠡᠨ ᠲᠠᠶᠢᠯᠵᠤ ᠡᠮᠦᠰᠭᠡᠬᠦ ᠶᠣᠰᠣᠳᠠᠢ᠃ ᠬᠠᠳᠠᠮ ᠪᠠᠷᠬᠡᠣᠠ ᠰᠢᠨ᠎ᠠ ᠬᠦᠷᠬᠡᠠ ᠤ ᠪᠠᠷᠠᠭᠤᠠ ᠭᠠᠷ ᠬᠦᠯ ᠠᠴᠠ ᠡᠬᠢᠯᠠᠠ ᠡᠮᠣᠰᠴᠤ ᠢᠷᠡᠭᠰᠠᠠ ᠬᠤᠪᠴᠠᠰᠤ ᠶᠢ ᠨᠢ ᠳᠠᠶᠢᠯᠵᠤ ᠠᠪᠤᠭᠠᠣᠠ ᠳᠠᠬᠢᠠ ᠪᠠᠷᠠᠭᠤᠠ ᠭᠠᠷ ᠬᠦᠯ ᠠᠴᠠ ᠨᠢ ᠡᠬᠢᠯᠠᠠ ᠬᠠᠳᠠᠮ ᠠᠪᠤ ᠡᠵᠢ ᠶᠢᠨ ᠱᠠᠩᠨᠠᠬᠰᠠᠠ ᠬᠤᠪᠴᠠᠰᠤ ᠶᠢ ᠬᠠᠯᠠᠠ ᠡᠮᠣᠰᠬᠡᠨ᠎ᠠ᠃ ᠡᠨᠠ ᠦᠶ᠎ᠡ ᠳᠤ ᠬᠠᠳᠠᠮ ᠡᠬᠡ ᠨᠢ ᠢᠷᠠᠵᠤ ᠬᠦᠷᠬᠡᠠ ᠬᠤᠪᠴᠠᠯᠠᠬᠤ ᠶᠢ ᠬᠢᠨᠠᠵᠤ ᠬᠠᠷᠠᠵᠤ ᠵᠣᠭᠰᠣᠳᠠᠭ ᠪᠢᠯᠡ᠃      ᠨᠣᠠ ᠬᠤᠷᠴᠢᠨᠴᠣᠳ ᠤᠨ ᠵᠠᠩᠰᠢᠯ ᠶᠣᠰᠣᠠ ᠳᠤ ᠬᠦᠷᠭᠡᠨ ᠠᠬ᠎ᠠ᠂ ᠪᠠᠷᠬᠡᠠ ᠪᠠ ᠬᠦᠷᠢ ᠳᠡᠬᠦᠦ᠂ ᠬᠦᠷᠢ ᠦᠬᠢᠨ ᠳᠡᠬᠦᠦ ᠪᠤᠯᠬᠤ ᠬᠦᠮᠦᠰ ᠬᠤᠭᠤᠷᠣᠨᠳᠣ ᠪᠠᠨ ᠱᠣᠬᠯᠠᠠ ᠨᠠᠭᠠᠳᠬᠤ ᠤᠴᠢᠷᠳᠠᠢ᠃ ᠭᠡᠪᠡᠴᠦ ᠦᠪᠡᠷ ᠤᠨ ᠲᠦᠷᠦᠭᠰᠡᠨ ᠭᠠᠷᠣᠭᠰᠠᠨ ᠬᠠᠷᠢᠴᠠᠭ᠎ᠠ ᠲᠠᠢ ᠡᠶᠢᠮᠦᠷᠬᠦᠦ ᠬᠦᠮᠦᠰ ᠱᠣᠭᠯᠠᠵᠣ ᠨᠠᠭᠠᠳᠬᠤ ᠶᠢ ᠴᠡᠭᠡᠷᠯᠡᠨ᠎ᠡ᠃ ᠠᠶᠢᠯ ᠤᠨ ᠬᠦᠮᠦᠰ ᠲᠠᠢ ᠢᠩᠭᠢᠵᠦ ᠡᠷᠣᠢ ᠬᠤᠷᠣᠢ ᠦᠭᠡᠢ ᠨᠠᠭᠠᠳᠴᠣ ᠱᠣᠭᠯᠠᠵᠣ ᠪᠣᠯᠬᠤ ᠦᠭᠡᠢ᠃ ᠡᠨᠡ ᠪᠠᠶᠢᠳᠠᠯ ᠳᠤ ᠳᠣᠷ᠎ᠠ ᠦᠭᠡᠶᠢᠴᠡᠭᠰᠡᠨ ᠬᠡᠯᠡᠴᠡ ᠳᠤ᠄ ︽ᠪᠢ ᠴᠢᠨᠦ ᠶᠢᠰᠦᠨ ᠲᠦᠷᠦᠯ ᠤᠨ ᠬᠦᠷᠭᠡᠨ ᠠᠬ᠎ᠠ ︵ᠪᠡᠷᠭᠡᠨ︶ ᠴᠢᠨᠢ ᠪᠣᠯᠣᠨᠠᠣ︕︾ ᠭᠡᠳᠡᠭ᠃      ᠦᠨᠦᠳᠦᠷ ᠬᠦᠷᠭᠡᠨ ᠬᠤᠪᠴᠠᠯᠠᠬᠤ ᠪᠡᠷᠭᠡᠳ ᠪᠣᠯ ᠲᠦᠷᠦᠭᠰᠡᠨ ᠪᠡᠷᠭᠡᠳ ᠪᠢᠰᠢ ᠬᠠᠷᠢᠨ ᠠᠶᠢᠯ ᠰᠠᠭᠠᠬᠠᠯᠳᠠ ᠶᠢᠨ ᠬᠢ ᠪᠣᠯᠬᠤ ᠶᠤᠮ᠃ ᠡᠶᠢᠮᠦ ᠠᠴᠠ ᠪᠠᠷᠬᠡᠣᠠ ᠰᠢᠨ᠎ᠠ ᠬᠦᠷᠬᠡᠠ ᠲᠠᠢ ᠱᠣᠭᠯᠠᠵᠣ᠂ ᠭᠤᠳᠣᠯ ᠰᠣᠯᠢᠬᠤ ᠪᠠ ᠪᠦᠰᠠ ᠪᠦᠰᠠᠯᠠᠬᠦ ᠦᠶ᠎ᠡ ᠳᠤ ᠵᠣᠷᠢᠭᠤᠳᠠ ᠶᠠᠷᠰᠢᠭ ᠡᠬᠦᠰᠬᠡᠠ ᠨᠠᠭᠠᠳᠣᠮ ᠱᠤᠭ ᠪᠦᠳᠣᠬᠡᠳᠡᠭ᠃ ᠳᠠᠷᠣᠢ ᠰᠢᠨ᠎ᠡ ᠬᠦᠷᠬᠡᠠ ᠴᠠᠭᠠᠵᠠ ᠶᠢᠨ ᠳᠠᠮᠠᠭ᠎ᠠ ᠲᠠᠢ ᠢᠰᠠᠬᠡᠢ ᠳᠠᠬᠡᠷ᠎ᠠ ᠰᠠᠭᠤᠬᠰᠠᠠ ᠤ ᠳᠠᠷᠠᠭ᠎ᠠ ᠬᠤᠶᠠᠷ ᠪᠠᠷᠬᠡᠠ ᠢᠷᠡᠵᠦ ᠭᠤᠳᠣᠯ ᠳᠠᠶᠢᠯᠣᠨ᠎ᠠ᠃ ᠭᠤᠳᠣᠯ ᠳᠠᠶᠢᠯᠬᠤ ᠦᠶ᠎ᠡ ᠳᠤ ᠬᠡᠷᠪᠠ ᠰᠢᠨ᠎ᠠ ᠬᠦᠷᠬᠡᠠ ᠬᠦᠯ ᠤᠨ ᠦᠯᠮᠡᠢ ᠪᠠᠨ ᠪᠠᠭ᠋ᠠᠠ ᠡᠷᠳᠠᠶᠢᠯᠬᠡᠪᠠᠯ ᠪᠠᠷᠬᠡᠠ ᠳᠠᠶᠢᠯᠵᠤ ᠳᠠᠶᠢᠯᠬᠦ ᠦᠬᠡᠢ ᠶᠡᠭᠡ ᠬᠦᠴᠢᠷᠳᠠᠳᠡᠭ᠃ ᠬᠤᠶᠠᠷ ᠪᠠᠷᠬᠡᠠ ᠬᠤᠶᠠᠭᠤᠯᠠ ᠪᠠᠨ ᠤᠷᠣᠭᠠᠣᠠ ᠪᠠᠰᠠ ᠴᠢᠩᠭᠠᠭᠠᠵᠤ ᠠᠪᠴᠤ ᠳᠠᠶᠢᠯᠬᠦ ᠦᠬᠡᠢ ᠪᠤᠯᠪᠠᠯ ︽ᠬᠦᠷᠬᠡᠠ ᠬᠦᠮᠣᠠ ᠬᠦᠴᠤ ᠦᠬᠡᠢ᠂ ᠬᠦᠵᠣᠬᠦᠠ ᠮᠢᠬ᠎ᠠ ᠠᠮᠳᠠ ᠦᠬᠡᠢ︾᠂ ︽ᠬᠦᠷᠬᠡᠠ ᠳᠤ ᠨᠢᠯᠪᠤᠰᠤ ᠦᠬᠡᠢ᠂ ᠬᠦᠵᠠᠬᠡᠠ ᠳᠤ ᠴᠢᠰᠤ ᠦᠬᠡᠢ︾ ᠬᠡᠵᠤ ᠱᠤᠭ ᠤᠨ ᠦᠬᠡ ᠬᠡᠯᠠᠬᠦ ᠳᠤ ᠰᠢᠨ᠎ᠠ ᠬᠦᠷᠬᠡᠠ ᠤᠯᠠᠮ ᠮᠣᠵᠢᠭᠤᠳᠠᠯᠠᠨ᠎ᠠ᠃ ᠡᠨᠠ ᠦᠶ᠎ᠡ ᠳᠤ ᠴᠠᠭ ᠢ ᠬᠡᠳᠣᠷᠬᠡᠢ ᠤᠳᠠᠭᠠᠰᠢᠷᠠᠭᠤᠯᠬᠤ ᠠᠴᠠ ᠬᠢᠴᠢᠶᠠᠵᠤ᠂ ᠬᠠᠵᠠᠭᠤ ᠳᠤ ᠬᠢᠨᠠᠵᠤ ᠬᠠᠷᠠᠵᠣ ᠪᠠᠶᠢᠬᠰᠠᠠ ᠬᠠᠳᠠᠮ ᠡᠵᠢ ᠬᠦᠷᠬᠡᠠ ᠢᠶᠠᠨ ᠢᠣᠠᠬᠠᠠ ᠬᠡᠯᠠᠵᠤ ᠭᠤᠳᠣᠯ ᠳᠠᠶᠢᠯᠵᠤ ᠳᠠᠶᠢᠯᠬᠦ ᠳᠤ ᠬᠦᠷᠬᠡᠨ᠎ᠠ᠃ ᠳᠡᠭᠡᠭᠡᠳ ᠬᠦᠷᠭᠡᠨ ᠤ ᠭᠤᠳᠣᠯ ᠢ ᠤᠬᠵᠢᠮ ᠰᠣᠭᠤᠯᠵᠤ ᠠᠪᠣᠭᠰᠠᠨ ᠪᠠᠷᠬᠡᠠ ᠤᠯᠠᠠ ᠦᠬᠢᠣᠠ ᠤᠨ ᠵᠦᠭ ᠲᠤ ᠰᠢᠳᠠᠵᠤ ᠶᠠᠪᠣᠭᠤᠯᠬᠤ ᠭᠡᠬᠦ ᠳᠤ ᠬᠦᠷᠬᠡᠠ ᠳᠠᠭᠠᠬᠴᠢ ᠪᠤᠰᠢᠭᠤ ᠱᠠᠯᠠᠮᠠᠭᠠᠢ ᠪᠠᠷ ᠪᠠᠷᠬᠡᠠ ᠤ ᠭᠠᠷ ᠠᠴᠠ ᠭᠤᠳᠣᠯ ᠢ ᠪᠤᠯᠢᠶᠠᠵᠤ ᠠᠪᠤᠨ᠎ᠠ᠃ ᠭᠤᠳᠣᠯ ᠢᠶᠠᠨ ᠦᠬᠢᠣᠠ ᠲᠤ ᠪᠤᠯᠢᠶᠠᠬᠳᠠᠪᠠᠯ ᠤᠷᠣᠢ ᠶᠢᠨ ᠱᠠᠭᠠᠠᠳᠤ ᠶᠢᠨ ᠰᠢᠷᠠᠬᠡᠠ ᠤ ᠨᠠᠭᠠᠳᠣᠮ ᠳᠤ ᠦᠬᠢᠣᠠ ᠲᠤ ᠪᠠᠷᠢᠬᠤ ᠳᠠᠮᠠᠬᠢ ᠂ ᠰᠢᠮᠰᠢᠢᠵᠣ ᠶᠣᠰᠣᠯᠠᠬᠤ ᠳᠤᠭ᠎ᠠ᠂ ᠡᠷᠬᠦᠨ ᠪᠠᠷᠢᠬᠤ ᠦᠯᠢᠭᠡᠷ ᠳᠠᠭᠤᠤ ᠶᠢᠨ ᠳᠤᠭ᠎ᠠ ᠨᠢ ᠳᠠᠬᠢᠠ ᠢᠶᠠᠷ ᠦᠰᠬᠦ     ᠶᠣᠮ᠃      ᠭᠤᠳᠣᠯ ᠪᠤᠯᠢᠶᠠᠬᠤ ᠪᠤᠯ ᠬᠤᠷᠴᠢᠠ ᠮᠣᠩᠭᠤᠯᠴᠣᠣᠠ ᠤᠨ ᠤᠷᠤᠭ ᠬᠤᠷᠢᠮ ᠤᠨ ᠶᠣᠰᠣᠠ ᠳᠤ ᠳᠣᠳᠠᠬᠳᠠᠵᠤ ᠪᠤᠯᠣᠰᠢ ᠦᠬᠡᠢ ᠨᠢᠬᠡᠠ ᠴᠢᠬᠤᠯᠠ ᠨᠠᠭᠠᠳᠣᠮ ᠳᠣᠭᠯᠠᠭᠠᠮ ᠤᠨ ᠠᠭᠤᠯᠭ᠎ᠠ ᠪᠤᠯᠣᠨ᠎ᠠ᠃ ᠬᠤᠶᠠᠷ ᠪᠡᠷᠭᠡᠨ ᠣᠷᠢᠳᠠᠪᠡᠷ ᠰᠢᠨ᠎ᠡ ᠬᠦᠷᠭᠡᠨ ᠳᠤ ᠦᠮᠦᠳᠦ ᠶᠢ ᠨᠢ ᠰᠣᠯᠢᠵᠣ᠂ ᠳᠡᠬᠢᠨ ᠣᠶᠢᠮᠣᠰᠣ ᠭᠤᠳᠣᠯ ᠡᠮᠦᠰᠭᠡᠪᠡᠯ ᠬᠦᠷᠭᠡᠨ ᠪᠣᠰᠴᠣ ᠵᠣᠭᠰᠣᠨ ᠲᠡᠷᠯᠢᠭ ᠡᠮᠦᠰᠦᠨ᠎ᠡ᠃ ᠡᠨᠠ ᠳᠠᠯᠢᠮ ᠳᠤ ᠪᠤᠰᠢᠭᠤ ᠱᠠᠯᠠᠮᠠᠭᠠᠢ ᠪᠠᠷᠬᠡᠠ ᠠᠴᠠ ᠭᠤᠳᠣᠯ ᠳᠠᠶᠢᠯᠬᠤ ᠳᠤ ᠵᠣᠪᠠᠭᠠᠬᠰᠠᠠ ᠤ ᠬᠠᠷᠢᠭᠤ ᠠᠪᠬᠤ ᠬᠡᠵᠤ ᠪᠠᠯᠠᠣᠠᠬᠡᠭᠰᠠᠠ ᠵᠠᠬᠦᠤ ᠤᠳᠠᠰᠤ ᠪᠠᠷ ᠰᠠᠭᠤᠵᠤ ᠪᠠᠶᠢᠬᠰᠠᠠ ᠬᠦᠷᠬᠡᠠ ᠤ ᠬᠤᠪᠴᠠᠰᠤ ᠪᠠ ᠰᠢᠨ᠎ᠡ ᠢᠰᠡᠭᠡᠢ ᠲᠠᠢ ᠬᠤᠯᠪᠤᠠ ᠤᠶᠣᠵᠤ ᠵᠠᠪᠳᠣᠳᠠᠭ᠃ ᠬᠦᠷᠬᠡᠠ ᠮᠠᠳᠠᠬᠦ ᠦᠬᠡᠢ ᠪᠠᠷ ᠶᠠᠭᠠᠷᠠᠠ ᠪᠤᠰᠬᠤ ᠳᠤ ᠳᠠᠪᠢᠰᠬᠡᠷ ᠳᠠᠬᠦᠵᠢᠯᠡᠭᠳᠠᠬᠦ ᠤᠴᠢᠷ ᠦᠬᠢᠣᠠ ᠪᠠᠷᠢᠶᠠᠣᠠ ᠶᠡᠭᠡ ᠳᠠᠭᠤᠠ ᠢᠶᠠᠷ ᠱᠣᠬᠯᠠᠠ ᠢᠨᠢᠶᠠᠯᠴᠠᠨ᠎ᠠ᠃ ᠬᠡᠷᠪᠠ ᠦᠩᠬᠡᠷᠡᠭᠰᠠᠠ ᠳᠤ ᠪᠠᠰᠠ ᠬᠦᠷᠬᠡᠠ ᠳᠠᠭᠠᠵᠤ ᠶᠠᠪᠤᠬᠰᠠᠠ ᠳᠣᠷᠰᠢᠯᠭ᠎ᠠ ᠲᠠᠢ ᠪᠤᠯ ᠪᠤᠰᠬᠤ ᠠᠴᠠ ᠪᠠᠨ ᠡᠮᠣᠨ᠎ᠠ ᠬᠤᠶᠠᠷ ᠭᠠᠷ ᠢᠶᠠᠷ ᠢᠶᠠᠨ ᠳᠡᠪᠡᠯ ᠤᠨ ᠬᠤᠷᠮᠣᠢ ᠪᠠᠨ ᠳᠠᠭᠠᠭᠤᠯᠵᠣ ᠳᠠᠮᠳᠠᠷᠢᠵᠤ ᠪᠠᠶᠢᠭᠠᠣᠠ ᠦᠨᠠᠬᠡᠷ ᠤᠶᠣᠭᠠᠰᠤ ᠲᠠᠢ ᠪᠤᠯ ᠳᠠᠰᠣᠯᠵᠤ ᠣᠷᠬᠢᠳᠠᠭ᠃ ᠬᠦᠷᠬᠡᠠ ᠳᠠᠭᠠᠬᠴᠢ ᠴᠤ ᠡᠨᠠ ᠳᠠᠯ᠎ᠠ ᠪᠠᠷ ᠰᠡᠷᠡᠮᠵᠢ ᠪᠣᠯᠭᠤᠮᠵᠢ ᠲᠠᠢ ᠪᠠᠶᠢᠵᠣ᠂ ᠣᠶᠣᠳᠠᠯ ᠬᠢᠭᠰᠡᠨ ᠪᠣᠯ ᠬᠦᠷᠭᠡᠨ ᠳᠤ ᠬᠠᠮᠵᠢᠵᠣ ᠲᠦᠷᠭᠡᠨ ᠳᠠᠰᠣᠯᠵᠣ ᠬᠠᠶᠠᠨ᠎ᠠ᠃ ᠡᠰᠡᠬᠦᠯ᠎ᠡ᠂ ᠶᠣᠰᠣ ᠣᠴᠢᠷ ᠮᠡᠳᠡᠳᠡᠭ ᠬᠦᠷᠭᠡᠨ ᠪᠣᠯ ᠢᠰᠡᠭᠡᠢ ᠶᠢ ᠬᠤᠪᠴᠠᠰᠣ ᠲᠠᠢ ᠪᠠᠷᠢᠵᠣ ᠣᠶᠣᠭᠰᠠᠨ ᠢ ᠮᠡᠳᠡᠪᠡᠯ ᠳᠠᠰᠣᠯᠵᠣ ᠬᠠᠶᠠᠬᠤ ᠪᠢᠰᠢ᠂ ᠬᠠᠷᠢᠨ ᠪᠣᠰᠬᠤ ᠶᠢᠨ ᠳᠠᠭᠠᠣ ᠢᠰᠡᠭᠡᠢ ᠶᠢ ᠬᠤᠮᠢᠨ ᠠᠳᠬᠤᠵᠣ ᠲᠦᠷᠭᠡᠨ ᠭᠠᠳᠠᠭᠰᠢ ᠠᠪᠴᠣ ᠭᠠᠷᠣᠨ᠎ᠠ᠃ ᠨᠣᠨ ᠬᠤᠷᠴᠢᠨᠴᠣᠳ ᠤᠨ ᠣᠷᠤᠭ ᠤᠨ ᠶᠣᠰᠣᠨ ᠳᠤ ᠰᠢᠨ᠎ᠡ ᠬᠦᠷᠭᠡᠨ ᠬᠡᠷᠪᠡ ᠪᠡᠶ᠎ᠡ ᠳᠤ ᠬᠤᠯᠪᠣᠭᠰᠠᠨ ᠢᠰᠡᠭᠡᠢ ᠶᠢ ᠭᠠᠳᠠᠨ᠎ᠠ ᠠᠪᠴᠣ ᠭᠠᠷᠣᠨ ᠲᠡᠶᠢᠯᠪᠡᠯ ᠳᠣᠰ ᠢᠰᠡᠭᠡᠢ ᠨᠢ ᠳᠡᠬᠦᠨ ᠤ ᠪᠣᠯᠳᠠᠭ᠃ ᠭᠠᠳᠠᠨ᠎ᠠ ᠭᠠᠷᠣᠭᠠᠳ ᠣᠳᠠᠰᠣ ᠶᠢ ᠳᠠᠰᠣᠯᠵᠣ ᠦᠪᠡᠷ ᠤᠨ ᠲᠡᠷᠭᠡᠨ ᠳᠡᠭᠡᠨ ᠡᠪᠬᠡᠵᠦ ᠳᠠᠯᠪᠢᠨ᠎ᠠ᠃ ᠡᠨᠡ ᠨᠢ ᠬᠠᠳᠠᠮ ᠤᠨ ᠭᠠᠵᠠᠷ ᠠᠴᠠ ᠬᠡᠰᠢᠭ ᠪᠣᠶᠠᠨ ᠢ ᠨᠢ ᠠᠪᠴᠣ ᠪᠠᠶᠢᠨ᠎ᠠ ᠭᠡᠵᠤ ᠦᠵᠡᠬᠦ ᠪᠣᠯᠬᠤᠷ ᠳᠣᠰ ᠭᠡᠷ ᠤᠨ ᠦᠬᠢᠳ ᠪᠡᠷᠢᠶᠡᠳ ᠰᠠᠨᠳᠣᠷᠴᠣ ᠱᠣᠭᠯᠠᠨ ᠢᠨᠢᠶᠡᠯᠳᠦᠬᠦ ᠶᠢᠨ ᠳᠠᠭᠠᠣ ᠬᠤᠯᠪᠣᠭᠰᠠᠨ ᠣᠳᠠᠰᠣ ᠶᠢ ᠳᠠᠰᠣᠯᠵᠣ ᠢᠰᠡᠭᠡᠢ ᠪᠠᠨ ᠪᠣᠯᠢᠶᠠᠵᠣ ᠠᠪᠣᠨ᠎ᠠ᠃ ᠬᠤᠯᠪᠣᠵᠣ ᠣᠶᠣᠭᠰᠠᠨ ᠦᠭᠡᠢ ᠢᠰᠡᠭᠡᠢ ᠶᠢ ᠪᠣᠯ ᠬᠦᠷᠭᠡᠨ ᠠᠪᠴᠣ ᠪᠣᠯᠬᠤ ᠦᠭᠡᠢ᠃      ᠬᠠᠮᠤᠭ ᠰᠠᠬᠦᠯ ᠳᠤ᠂ ᠬᠦᠬᠡ ᠳᠣᠷᠭᠠᠠ ᠳᠡᠷᠯᠢᠭ ᠲᠤ ᠤᠯᠠᠭᠠᠠ ᠳᠣᠷᠳᠣᠩ ᠪᠦᠰᠠ ᠪᠦᠰᠠᠯᠠᠬᠦ ᠦᠶ᠎ᠡ ᠳᠤ᠂ ᠬᠤᠶᠠᠷ ᠪᠠᠷᠬᠡᠠ ᠮᠦᠠ ᠭᠤᠳᠣᠯ ᠳᠠᠶᠢᠯᠬᠤ ᠳᠤ ᠵᠣᠪᠠᠭᠠᠬᠰᠠᠠ ᠦᠰ ᠬᠤᠨᠵᠢᠩ ᠢ ᠠᠪᠬᠤ ᠬᠡᠵᠤ ᠡᠵᠢ ᠪᠠᠨ ᠮᠦᠮᠣᠭ᠍ᠰᠠᠠ ᠬᠦᠴᠤ ᠪᠠᠨ ᠪᠦᠬᠦᠠ ᠢ ᠰᠢᠪᠬᠠᠵᠤ᠂ ᠬᠤᠶᠠᠷ ᠳᠠᠶᠢᠰᠢ ᠪᠠᠨ ᠴᠢᠨᠡᠭᠡ ᠪᠠᠷ ᠢᠶᠠᠨ ᠴᠢᠩᠭᠠᠭᠠᠬᠤ ᠳᠤ᠂ ᠰᠢᠨ᠎ᠠ ᠬᠦᠷᠬᠡᠠ ᠵᠠᠬᠦᠠᠰᠢ ᠪᠠᠷᠠᠭᠤᠠᠰᠢ ᠨᠠᠶᠢᠭᠤᠠ ᠤᠨᠠᠵᠤ ᠳᠣᠰᠣᠮᠠᠷ ᠪᠤᠯᠣᠨ᠎ᠠ᠃ ᠨᠠᠶᠢᠷ ᠤᠨ ᠳᠠᠯᠠᠪᠤᠷ ᠮᠦᠠ ᠨᠢᠬᠡ ᠦᠶ᠎ᠡ ᠢᠨᠢᠶᠠᠯᠴᠠᠵᠤ ᠬᠠᠨᠢᠶᠠᠯᠴᠠᠠ ᠬᠦᠭᠵᠢᠶᠠᠠ ᠨᠠᠷᠬᠢᠶᠠᠠ ᠢᠶᠠᠷ ᠪᠢᠯᠬᠠᠳᠠᠭ᠃ ᠡᠳᠡᠭᠡᠷ ᠶᠠᠪᠤᠳᠠᠯ ᠢ ᠬᠡᠳᠦ᠋ᠢᠪᠠᠷ ᠱᠤᠭ ᠨᠠᠭᠠᠳᠣᠮ ᠬᠡᠬᠦ ᠪᠤᠯᠪᠠᠴᠤ ᠦᠨᠠᠠ ᠳᠡᠭᠡᠨ ᠪᠠᠰᠠ ᠬᠦᠷᠬᠡᠠ ᠬᠦᠤ ᠶᠢᠨ ᠤᠬᠠᠭᠠᠠ ᠰᠠᠨᠠᠭ᠎ᠠ᠂ ᠠᠷᠭ᠎ᠠ ᠳᠠᠮ᠂ ᠬᠦᠴᠤ ᠳᠠᠮᠢᠷ ᠵᠢᠴᠢ ᠳᠡᠰᠪᠦᠷᠢ ᠳᠠᠭᠠᠭᠠᠮᠠᠭᠠᠢ ᠴᠢᠨᠠᠷ ᠢ ᠰᠣᠷᠢᠵᠤ ᠪᠠᠶᠢᠭ᠎ᠠ ᠳᠤ ᠳᠣᠭᠠᠴᠠᠬᠳᠠᠬᠤ ᠶᠣᠮ᠃      ᠱᠠᠭᠠᠨᠳᠣ ᠶᠢᠨ ᠨᠠᠶᠢᠷ ᠲᠤ ᠬᠢ ᠰᠢᠨ᠎ᠡ ᠬᠦᠷᠭᠡᠨ      ᠬᠡᠣᠬᠡᠠ ᠤ ᠳᠠᠯ᠎ᠠ ᠶᠢᠨ ᠨᠠᠶᠢᠷ ᠤᠨ ᠰᠢᠷᠡᠭᠡ ᠬᠤᠷᠢᠶᠠᠬᠰᠠᠠ ᠤ ᠰᠠᠬᠦᠯᠠᠷ᠂ ᠪᠦᠷᠣᠢ ᠪᠤᠯᠬᠤ ᠪᠠᠷ ᠱᠠᠭᠠᠠᠳᠤ ᠶᠢᠨ ᠰᠢᠷᠡᠭᠡ ᠳᠠᠯᠪᠢᠨ᠎ᠠ᠃ ᠡᠬᠦᠨ ᠢ ᠱᠠᠭᠠᠨᠳᠣ ᠶᠢᠨ ᠬᠤᠷᠢᠮ ᠭᠡᠬᠦ ᠪᠣᠶᠣ ᠱᠠᠭ᠎ᠠ ᠶᠢᠨ ᠬᠤᠷᠢᠮ ᠭᠡᠳᠡᠭ᠃ ᠳᠠᠷᠣᠢ ᠬᠡᠥᠬᠡᠨ ᠳᠠᠯ᠎ᠠ ᠶᠢᠨ ᠡᠷᠡᠭᠳᠡᠢ ᠡᠮᠡᠭᠳᠡᠢ ᠵᠠᠯᠠᠭᠤᠴᠣᠳ᠂ ᠰᠢᠨ᠎ᠡ ᠬᠦᠷᠭᠡᠨ᠂ ᠬᠦᠷᠭᠡᠨ ᠳᠠᠭᠠᠭᠴᠢ ᠲᠠᠢ ᠱᠠᠭᠠᠨᠳᠣ ᠴᠢᠮᠦᠭᠡ ᠶᠢᠨ ᠱᠠᠭ᠎ᠠ ᠶᠢ ᠪᠣᠯᠢᠶᠠᠯᠳᠣᠳᠠᠭ ᠪᠣᠯᠬᠤᠷ ᠱᠠᠭᠠᠨᠳᠣ ᠶᠢᠨ ᠬᠤᠷᠢᠮ ᠬᠡᠵᠡᠢ᠃ ᠡᠨᠡ ᠬᠦ ᠳᠣᠭᠯᠠᠭᠠᠮ ᠢᠶᠠᠷ ᠳᠠᠮᠵᠢᠨ ᠵᠠᠯᠠᠭᠤᠴᠣᠳ ᠦᠪᠡᠷ ᠦᠪᠡᠷ ᠤᠨ ᠣᠶᠣᠨ ᠣᠬᠠᠭᠠᠨ᠂ ᠮᠡᠳᠡᠯᠭᠡ ᠴᠢᠳᠠᠪᠣᠷᠢ᠂ ᠬᠤᠷᠴᠠ ᠱᠠᠯᠠᠮᠠᠭᠠᠢ᠂ ᠳᠡᠰᠪᠦᠷᠢ ᠳᠠᠭᠠᠭᠠᠮᠠᠭᠠᠢ ᠪᠠᠨ ᠠᠳᠠᠯᠢᠳᠬᠠᠳᠠᠭ᠃ ᠡᠨᠡ ᠬᠦ ᠳᠣᠭᠯᠠᠭᠠᠮ ᠨᠢ ᠰᠢᠨ᠎ᠡ ᠬᠦᠷᠭᠡᠨ ᠪᠣᠯᠢᠶᠠᠵᠣ ᠣᠯᠣᠭᠰᠠᠨ ᠱᠠᠭ᠎ᠠ ᠪᠠᠨ ᠬᠠᠳᠠᠭ ᠲᠤ ᠪᠠᠭᠯᠠᠨ ᠭᠤᠳᠣᠯ ᠤᠨ ᠲᠦᠷᠡᠢ ᠳᠡᠭᠡᠨ ᠬᠢᠬᠦ ᠪᠣᠯᠳᠠᠯ᠎ᠠ ᠶᠠᠪᠣᠭᠳᠠᠳᠠᠭ ᠪᠢᠯᠠ᠃ ᠡᠬᠦᠨ ᠢ ᠬᠡᠥᠬᠡᠨ ᠳᠠᠯ᠎ᠠ ᠶᠢᠨ ᠬᠤᠷᠢᠮ ᠤᠨ ᠬᠤᠶᠠᠳᠣᠭᠠᠷ ᠶᠠᠪᠣᠴᠠ ᠪᠠᠷ ᠦᠵᠡᠵᠦ ᠪᠣᠯᠣᠨ᠎ᠠ᠃ ᠮᠥᠨ ᠴᠦ ᠳᠣᠰ ᠬᠤᠷᠢᠮ ᠤᠨ ᠶᠣᠰᠣᠯᠠᠯ ᠳᠠᠬᠢ ᠬᠠᠮᠤᠭ ᠤᠨ ᠬᠦᠭᠵᠢᠶᠡᠨ ᠨᠠᠷᠬᠢᠶᠠᠨ ᠲᠠᠢ᠂ ᠦᠪᠡᠳᠡᠭᠰᠢ ᠶᠡᠭᠡ ᠪᠠᠷ ᠨᠠᠶᠢᠷᠠᠯᠳᠣᠳᠠᠭ ᠶᠠᠪᠣᠴᠠ ᠪᠣᠯᠬᠤ ᠶᠤᠮ᠃ ᠡᠷᠳᠡ ᠳᠤ ᠡᠬᠦᠨ ᠢ ᠳᠡᠭᠰᠢ ᠳᠠᠯᠪᠢᠬᠤ ᠭᠡᠳᠡᠭ᠃ ᠳᠠᠷᠣᠢ ᠦᠬᠢᠨ ᠳᠠᠯ᠎ᠠ ᠶᠢᠨ ᠬᠢᠨ ᠪᠠ ᠬᠦᠷᠭᠡᠨ ᠳᠠᠯ᠎ᠠ ᠶᠢᠨ ᠬᠢᠨ ᠳᠡᠭᠰᠢ ᠡᠷᠬᠡᠳᠣ ᠪᠠᠶᠢᠷᠢ ᠳᠤ ᠪᠣᠯᠢᠶᠠᠯᠳᠣᠵᠣ᠂ ᠱᠠᠭᠠᠨᠳᠣ ᠴᠢᠮᠦᠭᠡ ᠶᠢᠨ ᠮᠢᠬ᠎ᠠ᠂ ᠱᠠᠭ᠎ᠠ ᠶᠢ ᠠᠯᠢ ᠨᠢ ᠣᠯᠵᠣ ᠪᠣᠯᠢᠶᠠᠭᠰᠠᠨ ᠢᠶᠠᠷ ᠴᠢᠬᠢᠷᠠᠭ ᠬᠦᠴᠦᠳᠡᠢ᠂ ᠪᠡᠯᠭᠡ ᠵᠡᠯᠭᠡ ᠲᠠᠢ ᠪᠣᠯᠬᠤ ᠪᠠᠨ ᠢᠯᠡᠷᠡᠬᠦᠯᠦᠨ᠎ᠡ᠃ ᠱᠠᠭᠠᠨᠳᠣ ᠶᠢᠨ ᠰᠢᠷᠡᠭᠡᠨ ᠳᠤ ᠬᠡᠣᠬᠡᠠ ᠤ ᠳᠠᠯ᠎ᠠ ᠠᠴᠠ ᠬᠦᠷᠬᠡᠠ ᠬᠦᠤ ᠶᠢᠨ ᠤᠬᠠᠭᠠᠠ ᠴᠢᠳᠠᠯ ᠢ ᠳᠠᠩᠰᠠᠠ ᠦᠵᠠᠬᠦ ᠶᠢᠨ ᠡᠬᠦᠳᠡᠨ ᠠᠴᠠ ᠡᠪᠴᠢᠬᠦᠤ ᠳᠦᠷᠣᠬᠦᠤ ᠲᠠᠢ ᠬᠦᠵᠣᠬᠦᠤ ᠪᠠ ᠱᠠᠭᠠᠠᠳᠤ ᠤᠷᠣᠭᠤᠯᠵᠤ ᠳᠠᠯᠪᠢᠬᠤ ᠳᠤ ᠬᠦᠷᠬᠡᠠ ᠬᠦᠤ ᠠᠴᠠ ᠱᠠᠭᠠᠠᠳᠤ ᠶᠢᠨ ᠱᠠᠭ᠎ᠠ ᠶᠢ ᠳᠦᠷᠬᠡᠠ ᠮᠣᠯᠳᠣᠯᠣᠠ ᠠᠪᠴᠤ ᠬᠠᠳᠠᠭ ᠲᠤ ᠪᠤᠭᠤᠠ ᠭᠤᠳᠣᠯ ᠤᠨ ᠳᠦᠷᠠᠢ ᠳᠡᠭᠡᠨ ᠬᠢᠨ᠎ᠠ᠃ ᠱᠠᠭ᠎ᠠ ᠶᠢᠨ ᠮᠢᠬ᠎ᠠ ᠶᠢ ᠢᠳᠠᠳᠡᠭ ᠦᠬᠡᠢ᠃ ︽ᠱᠠᠭ᠎ᠠ ᠶᠢᠨ ᠮᠢᠬ᠎ᠠ ᠢᠳᠡᠭᠰᠠᠠ ᠬᠦᠮᠣᠠ ᠱᠠᠯᠳᠠᠩ ᠭᠤᠶᠢᠷᠠᠠᠴᠢ ᠪᠤᠯᠣᠨ᠎ᠠ︾ ᠭᠡᠳᠡᠭ ᠠᠴᠠ ︽ᠳᠠᠯᠪᠠᠷᠠᠵᠤ ᠦᠬᠦᠪᠠᠴᠤ ᠪᠤᠬᠳᠤ ᠴᠢᠮᠣᠬᠡᠠ ᠤ ᠬᠠᠯᠢᠰᠤ ᠶᠢ ᠤᠷᠬᠢᠳᠠᠭ ᠦᠬᠡᠢ᠂ ᠦᠯᠪᠠᠷᠴᠤ ᠦᠬᠦᠪᠠᠴᠤ ᠱᠠᠭ᠎ᠠ ᠴᠢᠮᠣᠬᠡᠠ ᠤ ᠬᠠᠯᠢᠰᠤ ᠶᠢ ᠢᠳᠠᠳᠡᠭ ᠦᠬᠡᠢ︾ ᠬᠡᠬᠦ ᠬᠡᠯᠠᠴᠠ ᠪᠤᠢ᠃ ᠱᠠᠭ᠎ᠠ ᠶᠠᠰᠤ ᠶᠢ ᠤᠷᠬᠢᠵᠤ ᠬᠠᠶᠠᠪᠠᠯ ᠬᠦᠷᠣᠩᠬᠡ ᠪᠠᠨ ᠪᠠᠷᠠᠨ᠎ᠠ ᠬᠡᠬᠦ᠃      ᠱᠠᠭᠠᠠᠳᠤ ᠶᠢᠨ ᠨᠠᠶᠢᠷ ᠳᠠᠬᠡᠷ᠎ᠠ ᠱᠠᠭ᠎ᠠ ᠣᠯᠵᠣ ᠪᠣᠯᠢᠶᠠᠪᠠᠯ ᠬᠤᠷᠢᠮᠯᠠᠬᠰᠠᠠ ᠤ ᠰᠠᠬᠦᠯᠠᠷ ᠬᠦᠤ ᠲᠠᠢ ᠪᠤᠯᠬᠤ ᠶᠢᠨ ᠪᠠᠯᠡᠭ ᠰᠢᠨᠵᠢ ᠬᠡᠨ᠎ᠠ᠃ ᠡᠶᠢᠮᠦ ᠠᠴᠠ ᠨᠠᠶᠢᠷ ᠲᠤ ᠣᠷᠣᠯᠴᠠᠭᠰᠠᠨ ᠦᠬᠢᠳ ᠬᠦᠪᠡᠬᠦᠳ ᠬᠦᠴᠦᠯᠡᠨ ᠪᠣᠯᠢᠶᠠᠯᠳᠣᠳᠠᠭ᠃ᠱᠠᠭᠠᠠᠳᠤ ᠴᠢᠮᠣᠬᠡ ᠤᠷᠣᠭᠤᠯᠬᠤ ᠶᠣᠰᠤ ᠨᠢ ᠤᠳᠤ ᠬᠢᠯᠪᠠᠷᠰᠢᠵᠤ᠂ ᠳᠣᠭᠤᠭᠠᠴᠢ ᠠᠴᠠ ᠱᠠᠭᠠᠠᠳᠤ ᠶᠢ ᠳᠠᠪᠠᠭ ᠲᠠᠢ ᠤᠷᠣᠭᠤᠯᠬᠤ ᠳᠠᠭᠠᠨ ᠱᠠᠭ᠎ᠠ ᠶᠢ ᠨᠢ ᠤᠷᠢᠣᠠ ᠢᠶᠠᠷ ᠰᠠᠯᠭᠠᠵᠤ᠂ ᠱᠠᠭᠠᠠᠳᠤ ᠶᠢᠨ ᠶᠠᠰᠣᠠ ᠳᠤ ᠤᠯᠠᠭᠠᠠ ᠤᠳᠠᠰᠤ ᠪᠠᠷ ᠣᠶᠠᠭᠠᠳ ᠰᠢᠷᠠᠬᠡᠠ ᠳᠤ ᠳᠠᠯᠪᠢᠬᠤ ᠶᠢᠨ ᠳᠠᠭᠠᠣ᠂ ᠱᠠᠭ᠎ᠠ ᠶᠢ ᠦᠬᠢᠣᠠ ᠤᠨ ᠵᠦᠭ ᠬᠦᠴᠣᠳᠠᠢ ᠨᠢᠰᠡᠯᠣᠨ ᠶᠠᠪᠣᠭᠤᠯᠵᠣ ᠱᠤᠭ ᠭᠠᠷᠭᠠᠨ᠎ᠠ᠃ ᠦᠬᠡᠢ ᠪᠤᠯ ᠬᠦᠷᠬᠡᠠ ᠳᠠᠭᠠᠬᠴᠢ ᠠᠴᠠ ᠳᠠᠪᠠᠭ ᠢ ᠰᠢᠷᠠᠬᠡᠠ ᠳᠤ ᠳᠠᠯᠪᠢᠬᠤ ᠶᠢᠨ ᠳᠠᠯᠢᠮ ᠳᠤ ᠱᠠᠭ᠎ᠠ ᠶᠢ ᠪᠤᠯᠳᠤ ᠳᠠᠳᠠᠠ ᠠᠪᠴᠣ ᠵᠠᠪᠳᠣᠨ᠎ᠠ᠃ ᠬᠡᠷᠪᠠ ᠦᠬᠢᠣᠠ ᠤᠯᠵᠤ ᠪᠤᠯᠢᠶᠠᠬᠰᠠᠭᠠᠷ ᠰᠠᠬᠦᠯᠴᠢ ᠪᠠᠷ ᠪᠤᠯᠬᠤ ᠱᠠᠭᠠᠠᠳᠤ ᠶᠢᠨ ᠨᠠᠶᠢᠷ ᠲᠤ ᠦᠬᠢᠣᠠ ᠲᠤ ᠠᠰᠢᠬᠳᠠᠢ ᠪᠤᠯᠣᠨ᠎ᠠ᠃ ᠱᠠᠭ᠎ᠠ ᠪᠠᠨ ᠪᠣᠯᠢᠶᠠᠭᠳᠠᠭᠰᠠᠨ ᠰᠢᠨ᠎ᠡ ᠬᠦᠷᠭᠡᠨ ᠰᠠᠨᠳᠣᠷᠬᠤ ᠳᠠᠭᠠᠨ᠄ ︽ᠪᠢ ᠡᠷᠳᠡ ᠬᠦᠦ ᠲᠠᠢ ᠪᠣᠯᠣᠶ᠎ᠠ ᠭᠡᠵᠤ ᠶᠠᠭᠠᠷᠠᠵᠣ ᠪᠠᠶᠢᠭᠰᠠᠨ ᠴᠢᠨᠢ ᠴᠢ ᠪᠠᠰᠠ ᠡᠷᠳᠡ ᠬᠦᠦ ᠲᠠᠢ ᠪᠣᠯᠬᠤ ᠭᠡᠵᠤ ᠰᠠᠨᠳᠣᠷᠴᠣ ᠪᠠᠶᠢᠨ᠎ᠠ ᠰᠢᠳᠡ︕︾ ᠭᠡᠪᠡᠯ ᠱᠠᠭ᠎ᠠ ᠪᠣᠯᠢᠶᠠᠭᠰᠠᠨ ᠦᠬᠢᠨ ᠬᠡᠷᠪᠡ ᠲᠡᠩ ᠴᠢᠩᠭ᠎ᠠ ᠪᠣᠯ᠄ ︽ᠳᠡᠭᠡᠯᠬᠦᠢ ᠶᠠᠭᠠᠬᠢᠬᠤ ᠪᠣᠢ︕ ᠪᠢ ᠣᠳᠠᠯ ᠦᠭᠡᠢ ᠬᠤᠷᠢᠮᠯᠠᠭᠰᠠᠭᠠᠷ ᠴᠢᠮ᠎ᠠ ᠠᠴᠠ ᠡᠷᠳᠡ ᠬᠦᠦ ᠲᠠᠢ ᠪᠣᠯᠣᠨ᠎ᠠ ᠳ᠋ᠠ︕︾ ᠭᠡᠵᠤ ᠦᠭᠡ ᠬᠤᠨᠵᠢᠭᠠᠳ ᠱᠠᠭ᠎ᠠ ᠶᠢ ᠨᠢᠭᠤᠵᠣ᠂ ᠰᠢᠨ᠎ᠡ ᠬᠦᠷᠭᠡᠨ ᠢᠶᠠᠷ ᠳᠠᠬᠢᠨ ᠳᠠᠪᠳᠠᠨ ᠳᠠᠮᠠᠬᠢ ᠪᠠᠷᠢᠭᠤᠯᠣᠨ ᠰᠢᠮᠰᠢᠢᠯᠭᠡᠵᠦ ᠪᠠᠶᠢᠮᠠᠨᠵᠢᠨ ᠰᠠᠶ᠋ᠢ ᠱᠠᠭ᠎ᠠ ᠶᠢ ᠪᠣᠴᠠᠭᠠᠵᠣ ᠦᠭᠳᠡᠭ᠃ ᠵᠠᠷᠢᠮ ᠠᠭᠠᠰᠢ ᠢᠴᠢᠮᠡᠳᠡᠭᠡᠢ ᠬᠡᠥᠬᠡᠨ ᠰᠢᠨ᠎ᠡ ᠬᠦᠷᠭᠡᠨ ᠤ ᠳᠡᠷᠡ ᠬᠦ ᠦᠭᠡᠨ ᠳᠤ ᠴᠢᠷᠠᠢ ᠣᠯᠠᠶᠢᠵᠣ ᠪᠣᠯᠢᠶᠠᠭᠰᠠᠨ ᠱᠠᠭ᠎ᠠ ᠪᠠᠨ ᠶᠠᠭᠠᠷᠠᠨ ᠡᠰᠡᠷᠬᠦᠦ ᠠᠴᠠ ᠨᠢ ᠪᠢᠯᠠᠭᠤᠳᠠᠨ ᠦᠭᠳᠡᠭ᠃      ᠰᠢᠨ᠎ᠡ ᠬᠦᠷᠭᠡᠨ ᠠᠴᠠ ᠳᠠᠬᠢᠠ ᠠᠮᠠᠠ ᠬᠦᠵᠣᠬᠦᠤ ᠶᠢ ᠡᠪᠳᠠᠢ ᠰᠠᠶᠢᠬᠠᠠ ᠮᠣᠰᠬᠢᠵᠤ ᠰᠠᠯᠭᠠᠨ᠎ᠠ᠃ ᠨᠣᠠ ᠬᠤᠷᠴᠢᠨᠴᠣᠳ ᠠᠮᠠᠨ ᠬᠦᠵᠦᠬᠦᠦ ᠶᠢᠨ ᠶᠠᠰᠣ ᠶᠢ ᠪᠡᠯᠭᠡᠳᠦ ᠶᠠᠰᠣ ᠪᠠᠷ ᠦᠵᠡᠳᠡᠭ᠃ ᠠᠮᠠᠠ ᠬᠦᠵᠣᠬᠦᠠ ᠤ ᠮᠢᠬ᠎ᠠ ᠶᠢ ᠱᠣᠯᠣᠵᠤ ᠶᠠᠰᠣᠠ ᠳᠠᠬᠡᠷ᠎ᠠ ᠨᠢ ᠰᠢᠷ᠎ᠠ ᠳᠣᠰᠤ ᠳᠦᠷᠬᠢᠵᠤ᠂ ᠨᠦᠬᠡᠠ ᠳᠤᠨᠢ ᠦᠬᠡᠬᠦ ᠴᠢᠬᠢᠬᠡᠣᠠ ᠭᠠᠯ ᠳᠠᠭᠠᠨ ᠡᠷᠬᠦᠨ᠎ᠠ᠃ ᠰᠢᠳᠠᠬᠰᠠᠠ ᠶᠠᠰᠤ ᠶᠢ ᠦᠨᠠᠰᠣᠠ ᠤᠪᠤᠭᠠᠠ ᠳᠠᠬᠡᠷ᠎ᠠ ᠪᠠᠨ ᠤᠷᠬᠢᠭᠠᠣᠠ ᠮᠠᠷᠭᠠᠰᠢ ᠦᠷᠯᠣᠬᠡ ᠨᠢ ᠬᠡᠷ ᠤᠨ ᠡᠵᠠᠠ ᠳᠠᠷᠠ ᠶᠠᠰᠤ ᠶᠢ ᠤᠴᠢᠵᠤ ᠦᠵᠡᠨ ᠶᠠᠮᠠᠷ ᠮᠠᠯ ᠤᠨ ᠦᠰᠤ ᠨᠠᠭᠠᠯᠳᠣᠬᠰᠠᠠ ᠪᠤᠯ ᠳᠠᠷᠠ ᠮᠠᠯ ᠨᠢ ᠤᠯᠠᠮ ᠢᠯᠠᠬᠦᠤ ᠦᠰᠣᠨ᠎ᠠ ᠬᠡᠵᠤ ᠦᠵᠠᠳᠡᠭ᠃ ᠳᠣᠰ ᠶᠣᠰᠣᠠ ᠳᠤ ᠨᠢᠬᠡ ᠳᠠᠯ᠎ᠠ ᠪᠠᠷ ᠪᠠᠭᠠᠯᠵᠠᠭᠤᠷ ᠮᠣᠰᠬᠢᠬᠤ ᠪᠠᠷ ᠬᠦᠷᠬᠡᠠ ᠬᠦᠤ ᠶᠢᠨ ᠤᠬᠠᠭᠠᠠ ᠴᠢᠳᠠᠯ᠂ ᠠᠷᠭ᠎ᠠ ᠳᠠᠮ ᠢ ᠰᠣᠷᠢᠵᠤ ᠪᠠᠶᠢᠬᠤ ᠪᠦᠬᠡᠣᠠ ᠨᠦᠬᠦᠬᠡ ᠳᠠᠯ᠎ᠠ ᠪᠠᠷ ᠪᠠᠭᠠᠯᠵᠠᠭᠤᠷ ᠤᠨ ᠶᠠᠰᠤ ᠢᠳᠠᠬᠦ ᠪᠠᠷ ᠰᠢᠨ᠎ᠠ ᠤᠷᠣᠬᠯᠠᠬᠰᠠᠠ ᠬᠤᠶᠠᠷ ᠤᠨ ᠡᠷ᠎ᠠ ᠡᠮ᠎ᠠ ᠶᠢᠨ ᠬᠠᠷᠢᠴᠠᠭ᠎ᠠ ᠪᠠᠭᠠᠯᠵᠠᠭᠤᠷ ᠤᠨ ᠶᠠᠰᠣᠠ ᠮᠠᠳᠤ ᠠᠮᠠ ᠰᠠᠬᠡᠷ ᠵᠠᠭᠤᠯᠴᠠᠠ ᠪᠠᠳᠤ ᠪᠠᠬᠢ ᠪᠠᠶᠢᠬᠤ ᠶᠢ ᠪᠠᠯᠬᠡᠳᠡᠭᠰᠠᠠ ᠰᠠᠨᠠᠭ᠎ᠠ ᠲᠠᠢ᠃ ᠳᠠᠬᠡᠬᠡᠣᠠ ᠱᠠᠭᠠᠠᠳᠤ ᠶᠢᠨ ᠰᠢᠷᠠᠬᠡᠠ ᠤ ᠨᠠᠶᠢᠷ ᠡᠬᠢᠯᠠᠨ᠎ᠠ᠃ ᠡᠨᠠ ᠦᠶ᠎ᠡ ᠳᠤ ᠨᠢᠬᠡ ᠳᠠᠰᠣᠯᠭ᠎ᠠ ᠬᠡᠷ ᠪᠠᠭᠳᠠᠵᠤ ᠶᠠᠳᠠᠮ᠎ᠠ ᠦᠬᠢᠣᠠ ᠪᠠᠷᠢᠶᠠᠣᠠ ᠴᠣᠬᠯᠠᠵᠤ᠂ ᠬᠠᠨᠵᠣᠠ ᠳᠠᠬᠡᠷ᠎ᠠ ᠰᠠᠭᠤᠬᠤ ᠨᠢ ᠰᠠᠭᠤᠵᠤ᠂ ᠬᠦᠰᠡᠷ ᠵᠣᠬᠰᠣᠬᠤ ᠨᠢ ᠵᠣᠬᠰᠣᠭᠠᠣᠠ ᠬᠤᠶᠠᠷ ᠬᠦᠷᠬᠡᠠ ᠢ ᠬᠠᠨᠵᠣᠨ ᠳᠤ ᠰᠠᠭᠤᠯᠭᠠᠬᠤ ᠦᠭᠡᠢ ᠭᠡᠵᠤ ᠰᠢᠬᠠᠬᠰᠠᠭᠠᠷ ᠪᠠᠶᠢᠭᠠᠣᠠ ᠭᠠᠵᠠᠷ ᠤᠨ ᠳᠣᠮᠳᠠ ᠰᠢᠬᠠᠵᠤ ᠵᠣᠭᠰᠣᠭᠠᠳᠠᠭ᠃ ᠳᠠᠭᠤᠤ ᠰᠣᠨᠣᠰᠬᠤ᠂ ᠨᠠᠭᠠᠳᠣᠮ ᠦᠵᠠᠬᠦ ᠬᠡᠣᠬᠡᠣᠠ ᠪᠠᠰᠠ ᠵᠠᠭᠠᠭ ᠵᠠᠪᠰᠠᠷ ᠢᠶᠠᠷ ᠨᠢ ᠰᠢᠬᠠᠴᠠᠯᠳᠣᠨ᠎ᠠ᠃ ᠦᠬᠢᠣᠠ ᠪᠠᠷᠬᠡᠣᠠ ᠬᠠᠨᠵᠣᠠ ᠳᠠᠬᠡᠷ᠎ᠠ ᠶᠡᠭᠡ ᠯᠠ ᠶᠠᠩᠪᠠ ᠲᠠᠢ ᠰᠠᠭᠤᠵᠠᠭᠠᠬᠤ ᠳᠤ ᠬᠤᠶᠠᠷ ᠬᠦᠷᠬᠡᠠ ᠭᠠᠵᠠᠷ ᠲᠤ ᠵᠣᠬᠰᠣᠵᠤ᠂ ᠪᠠᠷᠬᠡᠣᠠ ᠦᠬᠢᠣᠠ ᠲᠤ ᠨᠢᠬᠡ ᠨᠢᠬᠡ ᠪᠠᠷ ᠳᠠᠮᠠᠬᠢ ᠨᠣᠴᠣᠭᠠᠨ ᠪᠠᠷᠢᠨ᠎ᠠ᠃ ᠬᠦᠷᠬᠡᠠ ᠳᠠᠭᠠᠬᠴᠢ ᠠᠴᠠ ᠳᠠᠮᠠᠬᠢ ᠪᠠᠨ ᠨᠣᠴᠣᠭᠠᠠ ᠦᠭᠪᠠᠯ ᠰᠢᠨ᠎ᠠ ᠬᠦᠷᠬᠡᠠ ᠠᠴᠠ ᠪᠠᠷᠢᠨ᠎ᠠ᠃ ᠳᠠᠮᠠᠬᠢ ᠪᠠᠷᠢᠵᠤ ᠪᠠᠶᠢᠬᠤ ᠳᠤ ᠪᠡᠷᠭᠡᠨ ᠤᠯᠵᠤ ᠦᠵᠡᠭᠰᠠᠠ ᠦᠬᠡᠢ ᠰᠢᠭ ᠤᠪᠯᠠᠵᠤ ᠦᠯᠤ ᠮᠠᠳᠡᠭ ᠰᠠᠭᠤᠬᠤ ᠳᠤ ᠰᠢᠨ᠎ᠠ ᠬᠦᠷᠬᠡᠠ ᠠᠷᠭ᠎ᠠ ᠦᠬᠡᠢ ᠨᠢᠬᠡ ᠰᠢᠮᠰᠢᠢᠠ ᠪᠠᠷᠢᠨ᠎ᠠ᠃ ︽ᠰᠢᠮᠰᠢᠢᠬᠦ︾ ᠪᠤᠯ ᠨᠣᠨ ᠬᠤᠷᠴᠢᠨᠴᠣᠳ ᠤᠨ ᠳᠣᠮᠳᠠ ᠣᠨᠴᠠᠭᠠᠢ ᠪᠠᠶᠢᠭ᠎ᠠ ᠪᠠᠰᠠ ᠨᠢᠬᠡ ᠵᠦᠢᠯ ᠤᠨ ᠤᠴᠠᠷᠠᠠ ᠵᠣᠯᠠᠭᠠᠬᠤ ᠶᠢᠨ ᠶᠣᠰᠣᠨ ᠪᠤᠯᠣᠨ᠎ᠠ᠃ ᠤᠯᠠᠩᠬᠢ ᠳᠠᠭᠠᠨ ᠬᠤᠷᠢᠮ ᠨᠠᠶᠢᠷ ᠳᠠᠬᠡᠷ᠎ᠠ ᠶᠠᠪᠤᠬᠳᠠᠳᠠᠭ᠃ ᠳᠠᠷᠣᠢ ᠨᠦᠬᠦᠬᠡ ᠡᠳᠠᠬᠡᠣᠠ ᠢᠶᠠᠨ ᠤᠠᠴᠠᠭᠠᠢ ᠬᠦᠨᠳᠣᠣᠠᠬᠡᠵᠤ ᠪᠠᠶᠢᠭ᠎ᠠ ᠶᠢᠨ ᠢᠯᠠᠷᠠᠯ ᠶᠤᠮ᠃ ᠡᠩ ᠤᠨ ᠦᠶ᠎ᠡ ᠳᠤ ᠪᠤᠯ ᠠᠮᠣᠷ ᠠᠰᠠᠭᠤᠬᠤ ᠶᠣᠰᠤ ᠬᠢᠨ᠎ᠠ᠃ ᠨᠠᠭᠠᠳᠣᠮ ᠱᠤᠭ ᠭᠠᠷᠭᠠᠬᠤ ᠳᠣᠷᠠᠳᠠᠢ ᠦᠬᠢᠣᠠ ᠰᠢᠨ᠎ᠡ ᠬᠦᠷᠬᠡᠠ ᠠᠬ᠎ᠠ ᠪᠠᠷ ᠢᠶᠠᠨ ᠬᠤᠶᠠᠷ ᠭᠤᠷᠪᠠ ᠰᠢᠮᠰᠢᠢᠯᠬᠡᠠ ᠪᠠᠶᠢᠵᠤ ᠰᠠᠶ᠋ᠢ ᠳᠠᠮᠠᠬᠢ ᠳᠣᠰᠣᠨ᠎ᠠ᠃ ᠬᠠᠨᠵᠣᠠ ᠳᠣᠳᠣᠭᠤᠷ ᠰᠠᠭᠤᠬᠰᠠᠠ ᠦᠬᠢᠣᠠ ᠲᠤ ᠳᠠᠮᠠᠬᠢ ᠪᠠᠷᠢᠬᠤ ᠳᠤ ᠬᠦᠷᠬᠡᠠ ᠤ ᠭᠠᠷ ᠬᠦᠷᠬᠦ ᠦᠬᠡᠢ ᠪᠠᠶᠢᠳᠠᠯ᠎ᠠ ᠳᠠᠳᠠ ᠤᠯᠠᠮ ᠬᠤᠶᠢᠰᠢ ᠮᠠᠳᠠᠶᠢᠵᠤ ᠰᠠᠭᠤᠭᠠᠣᠠ ᠪᠠᠰᠠ᠄ ︽ᠰᠢᠮᠰᠢ︕ ᠰᠢᠮᠰᠢ︕ ᠰᠣᠨᠠᠢ︕ ᠰᠣᠨᠠᠢ︕︾ ᠬᠡᠵᠤ ᠳᠠᠮᠠᠬᠢ ᠳᠣᠰᠬᠤ ᠦᠬᠡᠢ ᠶᠠᠷᠰᠢᠬᠯᠠᠨ᠎ᠠ᠃      ᠳᠠᠮᠠᠬᠢ ᠪᠠᠷᠢᠵᠤ ᠪᠠᠷᠠᠬᠰᠠᠠ ᠤ ᠰᠠᠬᠦᠯᠠᠷ᠂ ᠦᠬᠢᠳ ᠪᠡᠷᠢᠶᠡᠳ ᠬᠤᠶᠠᠷ ᠬᠦᠷᠬᠡᠠ ᠠᠴᠠ ᠳᠠᠭᠤᠤ ᠳᠠᠭᠤᠯᠠᠬᠤ ᠪᠠ ᠢᠨᠢᠶᠡᠳᠦᠮ ᠱᠤᠭ ᠭᠠᠷᠭᠠᠬᠤ ᠶᠢ ᠱᠠᠭᠠᠷᠳᠠᠨ᠎ᠠ᠃ ᠬᠡᠷᠪᠠ ᠭᠤᠳᠣᠯ ᠪᠠ ᠱᠠᠭ᠎ᠠ ᠪᠠᠨ ᠪᠤᠯᠢᠶᠠᠬᠳᠠᠬᠰᠠᠠ ᠦᠬᠡᠢ ᠪᠤᠯ ᠳᠠᠭᠤᠤ ᠳᠠᠭᠤᠯᠠᠵᠤ ᠦᠭᠬᠦ ᠦᠬᠡᠢ ᠬᠡᠵᠤ ᠮᠠᠷᠭᠤᠯᠳᠣᠵᠣ ᠪᠣᠯᠣᠨ᠎ᠠ᠃ ᠪᠤᠯᠢᠶᠠᠬᠳᠠᠴᠢᠬᠠᠬᠰᠠᠠ ᠪᠤᠯ ᠠᠷᠭ᠎ᠠ ᠦᠬᠡᠢ ᠦᠬᠢᠣᠠ ᠪᠠᠷᠬᠡᠣᠠ ᠤᠨ ︽ᠭᠤᠳᠣᠯ ᠤᠨ ᠬᠤᠣᠰ︾ ᠬᠡᠳᠠᠯ᠎ᠠ ︽ᠱᠠᠭ᠎ᠠ ᠶᠢᠨ ᠳᠦᠷᠪᠠ︾ ᠭᠡᠰᠡᠨ ᠱᠠᠭᠠᠷᠳᠠᠯᠭ᠎ᠠ ᠶᠢ ᠨᠣᠮᠣᠬᠠᠨ ᠢᠶᠠᠷ ᠳᠠᠭᠠᠵᠣ ᠬᠦᠢᠴᠡᠳᠭᠡᠳᠡᠭ᠃ ᠬᠦᠷᠬᠡᠠ ᠬᠦᠤ᠂ ᠬᠦᠷᠬᠡᠠ ᠳᠠᠭᠠᠬᠴᠢ ᠨᠢ ᠬᠡᠣᠬᠡᠨᠴᠣᠣᠠ ᠤᠨ ᠰᠠᠨᠠᠭ᠎ᠠ ᠪᠠᠷ ᠳᠠᠭᠤᠯᠠᠵᠤ ᠦᠭᠬᠦ ᠦᠬᠡᠢ ᠪᠤᠯ ᠴᠢᠬᠢᠷᠠᠭ ᠬᠡᠳᠣᠠ ᠦᠬᠢᠣᠠ ᠪᠡᠷᠭᠡᠳ ᠬᠠᠨᠵᠣᠨ ᠠᠴᠠ ᠪᠠᠭᠤᠵᠤ ᠢᠷᠠᠬᠡᠣᠠ ᠬᠤᠶᠠᠷ ᠬᠦᠷᠬᠡᠠ ᠢ ᠨᠠᠭᠠᠰᠢ ᠴᠠᠭᠠᠰᠢ ᠳᠦᠯᠬᠢᠵᠤ᠂ ᠳᠠᠭᠤᠤ ᠳᠠᠭᠤᠯᠠᠵᠤ ᠳᠣᠬᠯᠠᠭᠠᠮ ᠭᠠᠷᠭᠠᠬᠤ ᠶᠢ ᠱᠠᠭᠠᠷᠳᠠᠳᠠᠭ᠃ ᠣᠯᠠᠩᠭᠢ ᠳᠠᠭᠠᠨ ᠬᠦᠷᠭᠡᠨ ᠳᠠᠭᠠᠭᠴᠢ ᠠᠴᠠ ᠰᠢᠨ᠎ᠡ ᠬᠦᠷᠭᠡᠨ ᠢ ᠣᠷᠣᠯᠠᠨ ᠳᠠᠭᠤᠣ ᠳᠠᠭᠤᠯᠠᠳᠠᠭ᠃ ᠬᠡᠬᠦ ᠳ᠋ᠡᠭᠡᠨᠨ ᠬᠦᠷᠬᠡᠠ ᠳᠠᠭᠠᠬᠴᠢ ᠠᠴᠠ ᠰᠢᠨ᠎ᠠ ᠬᠦᠷᠬᠡᠠ ᠳᠤ ᠰᠠᠠᠳᠠᠯᠢ ᠳᠠᠯᠪᠢᠵᠤ ᠦᠭᠬᠦᠠ ᠰᠠᠭᠤᠯᠭᠠᠬᠤ ᠨᠦᠬᠦᠴᠠᠯ ᠳᠣᠷᠠᠳᠴᠣ᠂ ᠰᠠᠨᠠᠭ᠎ᠠ ᠪᠠᠷ ᠨᠢ ᠪᠣᠯᠪᠠᠯ ᠰᠠᠶ᠋ᠢ ᠳᠠᠭᠤᠣ ᠪᠠᠨ ᠳᠠᠭᠤᠯᠠᠵᠣ ᠨᠠᠶᠢᠷ ᠢᠶᠠᠨ ᠦᠷᠬᠦᠯᠵᠢᠯᠡᠳᠡᠭ᠃      ᠱᠠᠭᠠᠠᠳᠤ ᠶᠢᠨ ᠨᠠᠶᠢᠷ ᠳᠠᠭᠤᠯᠠᠵᠤ ᠨᠠᠶᠢᠷᠠᠯᠳᠣᠭᠰᠠᠭᠠᠷ ᠪᠠᠶᠢᠭᠠᠳ ᠰᠦᠨᠢ ᠳᠦᠯᠢ ᠪᠤᠯᠵᠤ᠂ ᠪᠦᠬᠦᠳᠡ ᠣᠯᠠᠨ ᠤ ᠪᠠᠶᠠᠷ ᠵᠢᠷᠭᠠᠯ ᠢᠨᠢᠶᠡᠳᠦ ᠬᠠᠨᠢᠶᠠᠳᠣ ᠶᠢᠨ ᠳᠣᠮᠳᠠ ᠦᠠᠳᠣᠷᠯᠠᠨ᠎ᠠ᠃ ᠳᠠᠬᠡᠬᠡᠣᠠ ᠪᠠᠷᠬᠡᠣᠠ ᠳᠠᠬᠢᠠ ᠰᠢᠷᠡᠭᠡ ᠤᠷᠣᠭᠤᠯᠵᠤ᠂ ᠬᠤᠶᠠᠷ ᠬᠦᠷᠬᠡᠠ ᠪᠠ ᠰᠢᠨ᠎ᠠ ᠪᠠᠷᠢ ᠵᠢᠴᠢ ᠰᠢᠨ᠎ᠠ ᠪᠠᠷᠢ ᠶᠢᠨ ᠨᠢᠬᠡ ᠳᠠᠭᠠᠯᠳᠠ ᠲᠠᠢ ᠳᠦᠷᠪᠠᠬᠦᠯᠠ ᠪᠠᠩᠰᠢ ᠢᠳᠠᠨ᠎ᠠ᠃ ᠡᠨᠠ ᠬᠦ ᠪᠠᠩᠰᠢ ᠢᠳᠠᠬᠦ ᠶᠣᠰᠤ ᠪᠤᠯ ᠰᠢᠨ᠎ᠠ ᠬᠡᠷ ᠪᠦᠯᠢ ᠪᠦᠳᠣᠭ᠍ᠰᠠᠠ᠂ ᠪᠦᠬᠦᠳᠠᠬᠡᠷ ᠪᠦᠷᠢᠯᠳᠣᠭ᠍ᠰᠠᠠ ᠢ ᠪᠡᠯᠭᠡᠳᠡᠵᠦ ᠪᠠᠶᠢᠭ᠎ᠠ ᠣᠴᠢᠷ ᠲᠠᠢ᠃ ᠬᠠᠮᠢᠶ᠎ᠡ ᠪᠦᠬᠦᠢ ᠮᠠᠲ᠋ᠧᠷᠢᠶᠠᠯ ᠢ ᠦᠠᠳᠣᠰᠣᠯᠠᠪᠠᠯ᠂ ᠮᠣᠩᠭᠤᠯᠴᠣᠣᠠ ᠶᠣᠧᠠᠠ ᠤᠯᠣᠰ ᠤᠨ ᠦᠶ᠎ᠡ ᠠᠴᠠ ᠡᠬᠢᠯᠠᠬᠡᠣᠠ ᠪᠠᠩᠰᠢ ᠢᠳᠡᠬᠦ ᠪᠣᠯᠣᠭᠰᠠᠨ ᠭᠡᠳᠡᠭ᠃ ᠰᠢᠨ᠎ᠠ ᠬᠤᠶᠠᠷ ᠬᠦᠮᠣᠠ ᠳᠤ ᠪᠠᠩᠰᠢ ᠢᠳᠠᠬᠦᠯᠵᠤ ᠪᠠᠶᠢᠭ᠎ᠠ ᠤᠴᠢᠷ ᠨᠢ ᠡᠩ ᠳᠠᠷᠢᠬᠦᠠ ᠳᠤ ᠡᠷᠳᠠᠬᠡᠠ ᠬᠡᠣᠬᠡᠣᠠ ᠲᠠᠢ ᠪᠤᠯᠬᠤ ᠶᠢ ᠪᠠᠯᠬᠡᠳᠠᠵᠤ ᠪᠠᠶᠢᠭ᠎ᠠ ᠬᠡᠯᠳᠠᠢ᠃ ᠤᠴᠢᠷ ᠨᠢ ᠡᠷᠳᠠᠠ ᠤ ᠮᠣᠩᠭᠤᠯᠴᠣᠣᠠ ᠤᠨ ᠬᠦᠮᠣᠠ ᠠᠮᠠ ᠪᠠᠨ ᠣᠯᠠᠰᠢᠷᠠᠭᠤᠯᠵᠣ᠂ ᠬᠦᠴᠣᠠ ᠴᠢᠳᠠᠯ ᠢᠶᠠᠨ ᠨᠠᠮᠡᠭᠳᠠᠬᠦᠯᠬᠦ ᠪᠤᠯ ᠳᠣᠬᠠᠢ ᠶᠢᠨ ᠦᠶ᠎ᠡ ᠶᠢᠨ ᠬᠠᠳᠠᠭᠤ ᠪᠡᠷᠬᠡᠰᠢᠶᠡᠯᠳᠣ ᠣᠷᠴᠢᠨ ᠲᠣᠭᠤᠷᠢᠨ ᠳᠠᠬᠢ ᠨᠡᠶᠢᠭᠡᠮ ᠪᠠᠶᠢᠭᠠᠯᠢ ᠶᠢᠨ ᠳᠠᠶᠢᠰᠣᠨ ᠢᠶᠠᠨ ᠢᠯᠠᠵᠣ᠂ ᠠᠮᠣᠷ ᠲᠠᠶᠢᠪᠣᠩ ᠤᠷᠣᠰᠢᠠ ᠳᠣᠬᠳᠠᠨᠢᠬᠤ ᠶᠢᠨ ᠳᠣᠯᠭᠠᠮ᠎ᠠ ᠱᠠᠭᠠᠷᠳᠠᠯᠭ᠎ᠠ ᠪᠠᠶᠢᠬᠰᠠᠠ ᠪᠤᠯᠬᠤᠷ ᠰᠢᠨ᠎ᠠ ᠬᠦᠤ ᠪᠠᠷᠢ ᠶᠢᠨ ᠢᠶᠠᠨ ᠡᠷᠳᠠᠬᠡᠠ ᠬᠡᠣᠬᠡᠣᠠ ᠲᠠᠢ ᠪᠤᠯᠬᠤ ᠶᠢ ᠴᠢᠩᠭ᠎ᠠ ᠬᠦᠰᠠᠳᠡᠭ ᠶᠣᠮ᠃      ᠳᠠᠬᠢᠪᠠᠯ᠂ ᠮᠣᠩᠭᠤᠯᠴᠣᠣᠠ ᠪᠦᠯᠬᠦᠮᠳᠠᠯ ᠢ ᠤᠠᠴᠠᠯᠠᠠ ᠴᠢᠬᠤᠯᠠᠴᠢᠯᠠᠳᠠᠭ᠃ ᠪᠠᠩᠰᠢ ᠪᠤᠯ ᠪᠢᠳᠠᠬᠦᠤ ᠢᠳᠠᠬᠡᠠ ᠪᠤᠯᠬᠤᠷ ᠳᠠᠬᠦᠠ ᠢ ︽ᠪᠦᠷᠢᠣᠠᠬᠦ᠂ ᠪᠦᠯᠬᠦᠮᠳᠠᠬᠦ︾ ᠶᠢᠨ ᠳᠦᠯᠣᠬᠡᠯᠠᠯ ᠪᠤᠯᠭᠠᠵᠤ ᠦᠵᠠᠳᠡᠭ ᠶᠣᠮ᠃ ᠪᠠᠩᠰᠢ ᠬᠡᠳᠦ᠋ᠢᠪᠠᠷ ᠵᠢᠵᠢᠭᠬᠡᠠ ᠪᠤᠯᠪᠠᠴᠤ ᠳᠠᠬᠦᠠ ᠤ ᠳᠣᠳᠣᠷ᠎ᠠ ᠨᠢ ᠶᠠᠩᠵᠤ ᠪᠦᠷᠢ ᠶᠢᠨ ᠠᠮᠳᠠ ᠶᠢᠨ ᠵᠦᠢᠯᠠᠰ ᠪᠠᠭᠯᠠᠬᠳᠠᠵᠤ ᠪᠠᠶᠢᠨ᠎ᠠ᠃ ᠡᠬᠦᠠ ᠢᠶᠠᠷ ᠬᠡᠣᠬᠡᠠ ᠤ ᠪᠠᠨ ᠬᠠᠳᠠᠮ ᠤᠨ ᠭᠠᠵᠠᠷ ᠲᠠᠭᠠᠨ ᠪᠦᠯᠬᠦᠮᠳᠠᠯ ᠲᠠᠢ᠂ ᠡᠶ᠎ᠡ ᠨᠠᠶᠢᠷᠠᠮᠳᠠᠭᠤ᠂ ᠪᠦᠬᠦᠳᠠ ᠶᠢ ᠪᠠᠨ ᠪᠦᠬᠡᠮᠨᠠᠷᠠᠬᠦᠯᠵᠤ ᠪᠠᠭᠴᠠᠯᠠᠨ ᠶᠠᠪᠤᠵᠤ ᠴᠢᠳᠠᠬᠤ ᠶᠢ ᠪᠠᠯᠬᠡᠳᠠᠵᠤ ᠪᠠᠶᠢᠭ᠎ᠠ ᠤᠴᠢᠷᠳᠠᠢ᠃      ᠬᠦᠮᠦᠨ ᠤ ᠣᠳᠣᠮ ᠴᠢᠨᠠᠷ ᠢ ᠰᠠᠶᠢᠵᠢᠷᠠᠭᠤᠯᠬᠤ ᠨᠢ ᠡᠷ᠎ᠡ ᠡᠮ᠎ᠡ ᠬᠤᠶᠠᠷ ᠤᠨ ᠬᠡᠪ ᠴᠢᠨᠠᠷ ᠲᠤ ᠰᠢᠭᠤᠳ ᠬᠤᠯᠪᠣᠭᠳᠠᠨ᠎ᠠ᠃ ᠮᠣᠩᠭᠤᠯᠴᠣᠳ ᠡᠷᠳᠡ ᠣᠵᠠᠭᠤᠷ ᠠᠴᠠ ᠦᠪᠡᠷ ᠤᠨ ᠠᠶᠢᠮᠠᠭ ᠣᠭᠰᠠᠭ᠎ᠠ ᠶᠢᠨ ᠢᠶᠠᠨ ᠣᠳᠣᠮ ᠴᠢᠨᠠᠷ ᠢ ᠰᠠᠶᠢᠵᠢᠷᠠᠭᠤᠯᠬᠤ ᠶᠢ ᠠᠩᠬᠠᠷᠣᠯ ᠳᠠᠭᠠᠨ ᠠᠪᠣᠭᠰᠠᠭᠠᠷ ᠢᠷᠡᠭᠰᠡᠨ ᠪᠠᠶᠢᠨ᠎ᠠ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号