︽ᠳᠦᠡᠭᠯᠢᠶᠤᠤ ᠶᠢᠨ ᠡᠳᠦᠷ ᠤᠨ ᠰᠤᠨᠢᠨ︾ ᠤ ︽ᠠᠯᠳᠠᠨ ᠵᠢᠷᠢᠮ ᠪᠤᠯᠵᠤᠭ᠎ᠠ︾ ᠸᠢᠴᠠᠲ ᠳᠠᠪᠴᠠᠩ ᠳᠠ | ᠪᠦᠬᠦᠨ ᠲᠠᠢ ᠪᠠᠨ ᠪᠤᠯᠵᠤᠭᠰᠠᠨ ᠶᠤᠰᠤᠭᠠᠷ ᠵᠤᠯᠭᠠᠵᠦ ᠪᠠᠶᠢᠨ᠎ᠠ᠃ | ᠡᠨᠡ ᠳ᠋ᠤᠭᠠᠷ ᠲᠠᠭᠠᠨ ᠪᠢᠳᠡ ᠬᠤᠷᠴᠢᠨ ᠬᠤᠪᠴᠠᠰᠤ ᠵᠠᠰᠠᠯ ᠤᠨ ᠳᠤᠬᠠᠢ ᠤᠴᠢᠷᠳᠠᠢ ᠰᠠᠶᠢᠬᠠᠨ ᠵᠤᠭᠤᠭ | ᠳᠡᠯᠭᠡᠬᠦ ᠪᠠᠷ ᠪᠤᠯᠤᠭᠰᠠᠨ ᠶᠤᠮ᠃ ᠬᠤᠷᠴᠢᠨ ᠬᠤᠪᠴᠠᠰᠤ ᠵᠠᠰᠠᠯ ᠪᠤᠯ ᠬᠤᠷᠴᠢᠨ ᠰᠤᠶᠤᠯ ᠤᠨ ᠴᠢᠬᠤᠯᠠ | ᠪᠦᠷᠢᠯᠳᠦᠬᠦᠨ ᠬᠡᠰᠡᠭ᠂ ᠮᠦᠨ ᠴᠤ ᠮᠤᠩᠭᠤᠯ ᠦᠨᠳᠦᠰᠦᠳᠡᠨ ᠤ ᠤᠯᠠᠮᠵᠢᠯᠠᠯᠳᠤ ᠰᠤᠶᠤᠯ ᠤᠨ ᠨᠠᠨᠳᠢᠨ ᠦᠪ | ᠪᠤᠯᠤᠨ᠎ᠠ᠃ ᠳᠡᠬᠡᠪᠡᠯ ᠬᠤᠷᠴᠢᠨ ᠬᠤᠪᠴᠠᠰᠤ ᠵᠠᠰᠠᠯ ᠬᠡᠷᠬᠢᠨ ᠤᠯᠠᠷᠢᠨ ᠬᠤᠪᠢᠰᠴᠤ᠂ ᠶᠠᠮᠠᠷ ᠦᠪᠡᠷᠮᠢᠴᠡ | ᠤᠨᠴᠠᠯᠢᠭ ᠢ ᠬᠠᠳᠠᠭᠠᠯᠠᠨ᠂ ᠢᠷᠡᠭᠡᠳᠦᠢ ᠳᠤ ᠶᠠᠭᠠᠬᠢᠵᠦ ᠳᠠᠪᠠᠭᠤᠯᠢᠭ ᠢᠶᠠᠨ ᠪᠠᠳᠠᠷᠠᠭᠤᠯᠵᠦ ᠬᠦᠭᠵᠢᠯᠳᠡ ᠪᠠᠨ ᠤᠯᠬᠤ | ᠪᠤᠢ᠃ ᠡᠨᠡ ᠳᠤᠬᠠᠢ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠪᠤᠳᠠᠰ ᠤᠨ ᠪᠤᠰᠤ ᠰᠤᠶᠤᠯ ᠤᠨ | ᠦᠪ ᠤᠨ ᠰᠤᠳᠤᠯᠭᠠᠨ ᠤ ᠬᠦᠷᠢᠶᠡᠯᠡᠩ ᠤᠨ ᠪᠠᠶᠢᠡᠭᠭᠤ ᠶᠢᠨ ᠳᠡᠳ᠋ ᠵᠠᠬᠢᠷᠤᠯ ᠳ᠋ᠤᠺᠲ᠋ᠤᠷ ᠤᠨ ᠵᠢᠯᠤᠭᠤᠳᠤᠭᠴᠢ ᠪᠠᠭᠰᠢ | ᠤᠴᠢ ᠠᠴᠠ ᠰᠤᠷᠪᠤᠯᠵᠢᠯᠠᠭ᠎ᠠ ᠠᠪᠤᠭᠰᠠᠨ ᠪᠠᠶᠢᠨ᠎ᠠ᠃ | ᠬᠤᠷᠴᠢᠨ ᠬᠤᠪᠴᠠᠰᠤ ᠵᠠᠰᠠᠯ ᠢᠶᠠᠷ ᠠᠪᠴᠤ ᠵᠢᠱᠢᠶᠡᠯᠡᠵᠦ ᠦᠵᠡᠪᠡᠯ ᠡᠨᠡ ᠳᠤᠳᠤᠷ᠎ᠠ ︽ᠬᠤᠷᠴᠢᠨ︾ ᠬᠡᠰᠡᠨ | ᠨᠡᠷ᠎ᠠ ᠨᠢᠳᠡᠷ ᠲᠡᠭᠡᠨ ᠳᠡᠩᠴᠡᠭᠰᠡᠨ ᠬᠠᠰᠠᠷ ᠤᠨ ᠬᠤᠶᠢᠴᠢᠰ ᠤᠨ ᠤᠨᠴᠠᠯᠢᠭ ᠰᠢᠨᠵᠢ ᠳᠤᠳᠤᠷᠬᠠᠢ ᠢᠯᠡᠷᠡᠵᠦ ᠪᠤᠢ᠃ | ᠤᠴᠢᠷ ᠨᠢ ᠬᠤᠷᠴᠢᠨ ᠤ ᠡᠷᠡᠭᠳᠡᠶᠢᠴᠤᠳ ᠪᠤᠯ ᠳᠡᠪᠡᠯ ᠳᠡᠷᠯᠢᠭ ᠠᠴᠠ ᠠᠪᠤᠭᠠᠳ ᠵᠡᠰᠡᠯ ᠵᠡᠮᠰᠡᠭ ᠨᠢ ᠬᠦᠷᠳᠡᠯ᠎ᠠ ᠪᠦᠷ | ᠬᠤᠷᠴᠢᠨ ᠰᠤᠶᠤᠯ ᠤᠨ ᠤᠨᠴᠠᠯᠢᠭ ᠳᠤᠳᠤᠷᠬᠠᠢ ᠢᠯᠡᠷᠡᠳᠡᠭ᠃ ᠳᠡᠷᠯᠢᠭ ᠠᠴᠠ ᠠᠪᠴᠤ ᠦᠵᠡᠪᠡᠯ᠂ ᠤᠯᠠᠩᠬᠢ | ᠭᠠᠵᠠᠷ ᠤᠨ ᠡᠷᠡᠭᠳᠡᠶᠢᠴᠤᠳ ᠤᠨ ᠳᠡᠷᠯᠢᠭ ᠤᠨ ᠬᠤᠶᠠᠷ ᠳᠠᠯ᠎ᠠ ᠳᠤᠨᠢ ᠵᠠᠶᠢᠴᠠ ᠦᠭᠡᠢ ᠪᠠᠶᠢᠳᠠᠭ᠃ ᠬᠤᠷᠴᠢᠨ ᠤ | ᠡᠷᠡᠭᠳᠡᠶᠢᠴᠤᠳ ᠤᠨ ᠳᠡᠷᠯᠢᠭ ᠤᠨ ᠵᠠᠶᠢᠴᠠ ᠨᠢ ᠳᠤᠳᠤᠷᠬᠠᠢ ᠮᠦᠷᠳᠡᠬᠡᠨ ᠡᠮᠵᠢᠶᠠᠷᠢ ᠪᠠᠷ ᠨᠢ ᠵᠠᠶᠢᠴᠠ ᠪᠠᠨ ᠳᠤᠳᠤᠷᠬᠠᠢ | ᠢᠯᠡᠷᠡᠬᠦᠯᠳᠡᠭ᠃ ᠡᠨᠡ ᠨᠢ ᠳᠠᠶᠢᠨ ᠳᠠᠵᠢᠨ ᠳᠤ ᠱᠠᠯᠠᠮᠠᠭᠠᠢ ᠶᠠᠪᠤᠵᠦ ᠰᠠᠭᠤᠬᠤ ᠳᠤ ᠳᠦᠬᠦᠮ ᠪᠠᠶᠢᠬᠤ ᠡᠷᠳᠡ | ᠦᠶ᠎ᠠ ᠶᠢᠨ ᠤᠨᠴᠠᠯᠢᠭ ᠰᠢᠨᠵᠢ ᠶᠢ ᠬᠤᠷᠴᠢᠨ ᠤ ᠬᠤᠪᠴᠠᠰᠤ ᠵᠠᠰᠠᠯ ᠳᠤ ᠳᠤᠳᠤᠷᠬᠠᠢ ᠬᠠᠷᠠᠭᠤᠯᠵᠦ ᠪᠠᠶᠢᠨ᠎ᠠ᠃ | ᠤᠴᠢᠷ ᠨᠢ ᠵᠠᠶᠢᠰᠠ ᠲᠠᠢ ᠬᠤᠪᠴᠠᠰᠤ ᠵᠠᠰᠠᠯ ᠨᠢ ᠳᠠᠶᠢᠨ ᠪᠠᠶᠢᠯᠳᠤᠭᠠᠨ ᠳᠤ ᠮᠤᠷᠢᠨ ᠳᠠᠭᠠᠨ ᠮᠤᠷᠳᠠᠬᠤ ᠳᠤ ᠨᠡᠩ | ᠬᠤᠷᠳᠤᠨ ᠮᠦᠷᠳᠡᠬᠡᠨ ᠨᠡᠩ ᠱᠠᠯᠠᠮᠠᠭᠠᠢ ᠪᠠᠶᠢᠳᠠᠭ᠃ ᠡᠨᠡ ᠬᠦ ᠤᠨᠴᠠᠯᠢᠭ ᠰᠢᠨᠵᠢ ᠶᠢ ᠳᠤᠳᠤᠷᠠᠭᠤᠯᠵᠦ ᠴᠢᠳᠠᠭᠰᠠᠨ | ᠪᠠᠶᠢᠨ᠎ᠠ᠃ | ᠬᠠᠪᠤᠳᠤ ᠬᠠᠰᠠᠷ ᠪᠤᠯ ᠮᠦᠨ ᠴᠤ ᠮᠡᠷᠬᠡᠨ ᠬᠠᠷᠪᠤᠭᠠᠴᠢ ᠪᠤᠯᠤᠨ᠎ᠠ᠃ ᠬᠤᠷᠴᠢᠨ ᠡᠷᠡᠭᠳᠡᠶᠢᠴᠤᠳ ᠡᠷᠡᠬᠡᠢ | ᠬᠤᠷᠤᠭᠤ ᠳᠠᠭᠠᠨ ᠡᠷᠡᠭᠡᠶᠢᠪᠴᠢ ᠵᠡᠬᠦᠵᠦ᠂ ᠡᠷᠡᠬᠡᠢ ᠮᠡᠷᠬᠡᠨ ᠤ ᠡᠷᠡᠮᠡᠬᠡᠢ ᠵᠠᠩ ᠴᠢᠨᠡᠷ ᠢ ᠬᠠᠷᠠᠭᠤᠯᠤᠭᠰᠠᠨ ᠪᠠᠶᠢᠨ᠎ᠠ᠃ | ᠬᠤᠷᠴᠢᠨ ᠡᠷᠡᠭᠳᠡᠶᠢᠴᠤᠳ ᠡᠷᠡᠭᠡᠶᠢᠪᠴᠢ ᠬᠢᠬᠦ ᠦᠶᠡᠰ ᠲᠤ ᠦᠭᠡᠷ᠎ᠠ ᠤᠷᠤᠨ ᠨᠤᠳᠤᠭ ᠠᠴᠠ ᠤᠨᠴᠠᠯᠢᠭᠳᠠᠭᠰᠠᠨ | ᠨᠠᠷᠢᠨ ᠤᠷᠠᠨ ᠤᠷ᠎ᠠ ᠮᠡᠷᠭᠡᠵᠢᠯ ᠳᠤᠳᠤᠷᠬᠠᠢ ᠢᠯᠡᠷᠡᠵᠦ ᠪᠠᠶᠢᠳᠠᠭ᠃ ᠨᠤᠮᠤ ᠰᠠᠭᠠᠳᠠᠭ᠂ ᠬᠡᠳᠡ ᠴᠠᠬᠢᠭᠤᠷ ᠬᠡᠬᠦ | ᠮᠡᠳᠦ ᠶᠢᠨ ᠬᠤᠷᠴᠢᠨ ᠡᠷᠡᠭᠳᠡᠶᠢᠴᠤᠳ ᠤᠨ ᠵᠡᠮᠰᠡᠭ ᠤᠨ ᠵᠦᠢᠯᠡᠰ ᠢ ᠬᠤᠷᠴᠢᠨ ᠮᠦᠽᠧᠢ ᠠᠴᠠ ᠳᠡᠬᠦᠨ ᠤ ᠤᠨᠴᠠᠯᠢᠭ | ᠰᠢᠨᠵᠢ ᠶᠢ ᠳᠤᠳᠤᠷᠬᠠᠢ ᠤᠯᠵᠦ ᠬᠠᠷᠠᠵᠦ ᠪᠤᠯᠤᠨ᠎ᠠ᠃ ᠵᠢᠱᠢᠶᠡᠯᠡᠪᠡᠯ᠂ ᠡᠳᠡᠭᠡᠷ ᠵᠡᠮᠰᠡᠭ ᠤᠨ ᠳᠡᠭᠡᠷ᠎ᠠ ᠰᠠᠶᠢᠯᠦᠭᠰᠡᠨ ᠬᠡ | ᠤᠭᠠᠯᠵᠠ ᠨᠢ ᠦᠭᠡᠷ᠎ᠠ ᠤᠷᠤᠨ ᠨᠤᠳᠤᠭ ᠠᠴᠠ ᠢᠯᠭᠠᠭᠳᠠᠳᠠᠭ ᠤᠨᠴᠠᠯᠢᠭ ᠰᠢᠨᠵᠢ ᠪᠠᠶᠢᠳᠠᠭ᠃ | ᠬᠤᠷᠴᠢᠨ ᠡᠮᠡᠭᠳᠡᠶᠢᠴᠤᠳ ᠤᠨ ᠤᠳᠤ ᠪᠤᠯᠳᠠᠯ᠎ᠠ ᠤᠯᠠᠮᠵᠢᠯᠠᠵᠦ ᠢᠷᠡᠭᠰᠡᠨ ᠬᠤᠪᠴᠠᠰᠤ ᠵᠠᠰᠠᠯ ᠳᠤ ᠶᠠᠷᠢᠶᠠᠨ | ᠦᠭᠡᠢ ᠴᠢᠩ ᠤᠯᠤᠰ ᠠᠴᠠ ᠬᠤᠶᠢᠰᠢᠬᠢ ᠬᠤᠪᠴᠠᠰᠤ ᠵᠠᠰᠠᠯ ᠤᠨ ᠤᠨᠴᠠᠯᠢᠭ ᠰᠢᠨᠵᠢ ᠳᠤᠳᠤᠷᠬᠠᠢ ᠢᠯᠡᠷᠡᠵᠦ ᠪᠠᠶᠢᠨ᠎ᠠ | ᠃ ᠤᠴᠢᠷ ᠨᠢ ᠡᠨᠡ ᠦᠶ᠎ᠠ ᠶᠢᠨ ᠬᠤᠪᠴᠠᠰᠤ ᠵᠠᠰᠠᠯ ᠳᠤ ᠨᠢᠭᠡᠨᠳᠡ ᠮᠠᠨᠵᠦ ᠦᠨᠳᠦᠰᠦᠳᠡᠨ ᠤ ᠰᠤᠶᠤᠯ ᠪᠤᠯᠤᠨ | ᠳᠤᠮᠳᠠᠳᠤ ᠤᠷᠤᠨ ᠤ ᠰᠤᠶᠤᠯ ᠤᠨ ᠡᠯᠧᠮᠧᠨ᠋ᠲ ᠨᠢ ᠤᠯᠠᠮᠵᠢᠯᠠᠯᠳᠤ ᠮᠤᠩᠭᠤᠯ ᠬᠤᠪᠴᠠᠰᠤ ᠵᠠᠰᠠᠯ ᠲᠠᠢ ᠤᠷᠭᠠᠨᠢᠭ | ᠤᠶᠠᠯᠳᠤᠭᠤᠯᠤᠭᠰᠠᠨ ᠦᠷ᠎ᠠ ᠳ᠋ᠦᠡᠭ ᠳᠤ ᠤᠨᠴᠠᠭᠠᠢ ᠨᠢᠭᠡ ᠵᠦᠢᠯ ᠤᠨ ᠬᠤᠪᠴᠠᠰᠤ ᠵᠠᠰᠠᠯ ᠪᠤᠯᠵᠦ ᠢᠯᠡᠷᠡᠭᠰᠡᠨ | ᠪᠠᠶᠢᠨ᠎ᠠ᠃ ᠤᠷᠤᠭ ᠬᠤᠷᠢᠮ ᠤᠨ ᠦᠶ᠎ᠠ ᠳᠤ ᠡᠮᠦᠰᠳᠡᠭ ᠪᠤᠶᠤ ᠬᠡᠷᠯᠡᠭᠰᠡᠨ ᠡᠮᠡᠭᠳᠡᠶᠢᠴᠤᠳ ᠤᠨ ᠡᠮᠦᠰᠳᠡᠭ | ᠬᠤᠪᠴᠠᠰᠤ ᠵᠠᠰᠠᠯ ᠠᠴᠠ ᠡᠨᠡ ᠬᠦ ᠤᠨᠴᠠᠯᠢᠭ ᠨᠢ ᠨᠡᠩ ᠳᠤᠳᠤᠷᠬᠠᠢ ᠢᠯᠡᠷᠡᠳᠡᠭ᠃ ᠵᠢᠱᠢᠶᠡᠯᠡᠪᠡᠯ᠂ ᠳᠡᠷᠯᠢᠭ ᠤᠨ | ᠬᠤᠪᠢ ᠠᠴᠠ ᠠᠪᠴᠤ ᠦᠵᠡᠪᠡᠯ᠂ ᠬᠤᠷᠴᠢᠨ ᠤ ᠳᠡᠷᠯᠢᠭ ᠤᠨ ᠡᠮᠵᠢᠶᠡᠷᠢ ᠨᠢ ᠮᠠᠯᠵᠢᠬᠤ ᠤᠷᠤᠨ ᠤ ᠬᠤᠷᠠᠭᠠᠨ ᠠᠷᠠᠰᠤ | ᠳᠠᠷᠤᠭᠤᠯᠤᠭᠰᠠᠨ ᠨᠠᠷᠢᠨ ᠡᠮᠵᠢᠶᠡᠷᠢ ᠠᠴᠠ ᠢᠯᠭᠠᠭᠳᠠᠬᠤ ᠦᠷᠬᠡᠨ ᠡᠮᠵᠢᠶᠡᠷᠢ ᠲᠠᠢ ᠮᠦᠷᠳᠡᠭᠡᠨ ᠡᠮᠵᠢᠶᠡᠷᠢ ᠳᠡᠭᠡᠷ᠎ᠠ ᠨᠢ | ᠴᠡᠴᠡᠭ ᠬᠤᠸᠠᠷ ᠬᠠᠳᠬᠤᠭᠰᠠᠨ ᠬᠠᠳᠬᠤᠮᠠᠯ ᠲᠠᠢ᠃ ᠤᠨᠴᠠᠭᠠᠶᠢᠯᠠᠨ ᠭᠠᠳᠠᠨᠠᠬᠢ ᠤᠭᠤᠵᠢ ᠲᠠᠢ ᠪᠠᠨ ᠨᠡᠩ ᠰᠠᠶᠢᠨ | ᠤᠶᠠᠯᠳᠤᠭᠤᠯᠬᠤ ᠶᠢᠨ ᠡᠬᠦᠳᠡᠨ ᠠᠴᠠ ᠬᠠᠨᠴᠦᠢ ᠳᠡᠭᠡᠷ᠎ᠠ ᠨᠢ ᠳᠦᠭᠡ ᠦᠷᠬᠡᠨ ᠭᠤᠷᠪᠠᠰᠣᠯᠠᠭᠰᠠᠨ ᠪᠤᠶᠤ ᠤᠯᠠᠨ | ᠳᠦᠷᠦᠯ ᠤᠨ ᠳᠤᠤᠵᠠ ᠳᠠᠷᠤᠭᠤᠯᠤᠭᠰᠠᠨ᠂ ᠳᠤᠤᠵᠠ ᠠᠴᠠ ᠭᠠᠳᠠᠨ᠎ᠠ ᠪᠠᠰᠠ ᠳᠡᠭᠡᠷ᠎ᠠ ᠨᠢ ᠳᠦᠷᠪᠡᠨ ᠬᠤᠷᠤᠭᠤ | ᠬᠢᠷᠢ ᠲᠠᠢ ᠬᠠᠷ᠎ᠠ ᠳᠤᠷᠭᠠᠨ ᠳᠡᠭᠡᠷ᠎ᠠ ᠴᠡᠴᠡᠭ ᠬᠤᠸᠠᠷ ᠢ ᠰᠠᠶᠢᠬᠠᠨ ᠤᠭᠠᠯᠵᠠᠯᠠᠨ ᠬᠠᠳᠬᠤᠭᠰᠠᠨ ᠬᠠᠳᠬᠤᠮᠠᠯ | ᠳᠤᠳᠤᠷᠬᠠᠢ ᠪᠠᠶᠢᠳᠠᠭ᠃ | ᠨᠡᠩ ᠤᠨᠴᠠᠭᠠᠶᠢᠯᠠᠨ ᠬᠤᠷᠴᠢᠨ ᠬᠤᠪᠴᠠᠰᠤ ᠵᠠᠰᠠᠯ ᠪᠦᠬᠦᠢ ᠤᠭᠤᠵᠢ ᠨᠢ ᠨᠡᠩ ᠦᠪᠡᠷᠮᠢᠴᠡ ᠤᠨᠴᠠᠯᠢᠭ ᠲᠠᠢ | ᠪᠠᠶᠢᠳᠠᠭ᠃ ᠤᠭᠤᠵᠢ ᠨᠢ ᠦᠷᠬᠡᠨ ᠡᠮᠵᠢᠶᠡᠷᠢ ᠲᠠᠢ᠂ ᠦᠷᠬᠡᠨ ᠡᠮᠵᠢᠶᠡᠷᠢ ᠳᠡᠭᠡᠷ᠎ᠠ ᠨᠢ ᠨᠠᠷᠢᠨ ᠰᠠᠶᠢᠬᠠᠨ | ᠬᠠᠳᠬᠤᠮᠠᠯ ᠲᠠᠢ᠃ ᠤᠭᠤᠵᠢ ᠶᠢᠨ ᠳᠤᠮᠳᠠ ᠨᠢ ᠠᠷᠤ ᠦᠪᠤᠷ ᠬᠤᠶᠠᠷ ᠳᠠᠯ᠎ᠠ ᠳᠤᠨᠢ ᠳᠤᠭᠤᠷᠢᠭ ᠰᠢᠨᠵᠢ ᠪᠠᠷ ᠳᠦᠪ | ᠪᠤᠯᠭᠠᠭᠰᠠᠨ ᠬᠤᠶᠠᠷ ᠳᠡᠯ᠎ᠠ ᠶᠢᠨ ᠳᠡᠩᠴᠡᠬᠦᠷᠢᠳᠦ ᠭᠤᠸ᠎ᠠ ᠶᠢ ᠡᠷᠬᠢᠮᠯᠡᠭᠰᠡᠨ ᠬᠠᠳᠬᠤᠮᠠᠯ ᠢ ᠬᠠᠳᠬᠤᠳᠠᠭ᠃ | ᠬᠡᠬᠦ ᠳᠡᠭᠡᠨ ᠳᠤᠭᠤᠷᠢᠭ ᠬᠡᠯᠪᠡᠷᠢ ᠶᠢᠨ ᠬᠡ ᠤᠭᠠᠯᠵᠠ ᠨᠢ ᠵᠡᠯᠡᠯᠡᠭᠰᠡᠨ ᠬᠡ ᠤᠭᠠᠯᠵᠠ ᠪᠠᠷ ᠳᠤᠭᠤᠷᠢᠭᠤᠯᠤᠨ | ᠵᠤᠬᠢᠴᠠᠭᠤᠯᠵᠦ᠂ ᠳᠤᠭᠤᠷᠢᠭ ᠬᠡᠯᠪᠡᠷᠢ ᠶᠢᠨ ᠬᠡ ᠤᠭᠠᠯᠵᠠ ᠶᠢᠨ ᠳᠤᠮᠳᠠ ᠨᠢ ᠳᠡᠯ᠎ᠠ ᠨᠤᠳᠤᠭ ᠳᠡᠭᠡᠷ᠎ᠠ ᠦᠷᠬᠦᠯᠵᠢ | ᠳᠡᠯᠭᠡᠷᠡᠳᠡᠭ ᠤᠯᠠᠨ ᠳᠦᠷᠦᠯ ᠤᠨ ᠴᠡᠴᠡᠭ ᠬᠤᠸᠠᠷ ᠤᠨ ᠬᠠᠳᠬᠤᠮᠠᠯ ᠢ ᠤᠷᠤᠭᠤᠯᠵᠠᠢ᠃ ᠡᠨᠡ ᠳᠡᠯ᠎ᠠ ᠪᠠᠷ ᠮᠠᠰᠢ ᠶᠡᠭᠡ | ᠤᠷᠤᠨ ᠨᠤᠳᠤᠭ ᠤᠨ ᠤᠨᠴᠠᠯᠢᠭ ᠲᠠᠢ ᠶᠤᠮ᠃ | ᠴᠡᠴᠡᠭ ᠬᠤᠸᠠᠷ ᠮᠢᠷᠡᠯᠵᠨᠨ ᠳᠡᠯᠭᠡᠷᠡᠵᠦ ᠪᠠᠶᠢᠭ᠎ᠠ ᠦᠶᠡᠰ ᠲᠤ ᠶᠡᠭᠡ ᠭᠤᠶᠤ ᠰᠠᠶᠢᠬᠠᠨ ᠬᠠᠷᠠᠭᠳᠠᠳᠠᠭ᠃ | ᠴᠡᠴᠡᠭ ᠬᠤᠸᠠᠷ ᠤᠨ ᠦᠡᠭᠭᠡ ᠶᠢ ᠨᠡᠩ ᠳᠤᠪᠤᠶᠢᠯᠭᠠᠬᠤ ᠶᠢᠨ ᠳᠦᠯᠦᠭᠡ᠂ ᠳᠡᠪᠢᠰᠬᠡᠷ ᠦᠡᠭᠭᠡ ᠶᠢ ᠪᠠᠷᠠᠭᠠᠨ ᠦᠡᠭᠭᠡ | ᠰᠤᠩᠭᠤᠨ ᠬᠡᠷᠡᠭᠯᠡᠳᠡᠭ᠃ ᠡᠮᠡᠭᠳᠡᠶᠢᠴᠤᠳ ᠤᠤᠯ ᠳᠠᠭᠠᠨ ᠰᠢᠭᠤᠳ ᠬᠠᠷ᠎ᠠ ᠦᠡᠭᠭᠡ ᠲᠠᠢ ᠳᠡᠷᠯᠢᠭ ᠡᠮᠦᠰᠳᠡᠭ ᠦᠭᠡᠢ᠂ | ᠬᠡᠬᠦ ᠳᠡᠭᠡᠨ ᠤᠭᠤᠵᠢ ᠳᠡᠭᠡᠷ᠎ᠠ ᠪᠠᠨ ᠮᠠᠰᠢ ᠤᠯᠠᠨ ᠦᠡᠭᠭᠡ ᠢᠯᠭᠠᠷᠠᠭᠰᠠᠨ ᠤᠯᠠᠨ ᠵᠦᠢᠯ ᠤᠨ ᠬᠠᠳᠬᠤᠮᠠᠯ ᠲᠠᠢ | ᠤᠴᠢᠷ ᠠᠴᠠ ᠬᠠᠳᠬᠤᠮᠠᠯ ᠢᠶᠠᠨ ᠳᠤᠪᠤᠶᠢᠯᠭᠠᠬᠤ ᠡᠬᠦᠳᠡᠨ ᠠᠴᠠ ᠬᠤᠷᠴᠢᠨ ᠪᠦᠰᠡᠬᠦ᠋ᠢᠴᠤᠳ ᠤᠨ ᠤᠭᠤᠵᠢ ᠶᠢᠨ | ᠳᠡᠪᠢᠰᠭᠡᠷ ᠦᠡᠭᠭᠡ ᠨᠢ ᠬᠠᠷ᠎ᠠ ᠦᠡᠭᠭᠡ ᠪᠠᠶᠢᠳᠠᠭ᠃ ᠬᠠᠷ᠎ᠠ ᠦᠡᠭᠭᠡ ᠪᠠᠶᠢᠳᠠᠭ ᠠᠴᠠ ᠴᠡᠴᠡᠭ ᠨᠠᠪᠴᠢ ᠨᠢ ᠤᠯᠠᠮ | ᠦᠡᠭᠭᠡ ᠢᠯᠭᠠᠷᠠᠨ ᠨᠡᠩ ᠳᠤᠳᠤᠷᠠᠭᠰᠠᠨ ᠪᠠᠶᠢᠨ᠎ᠠ᠃ | ᠬᠠᠳᠬᠤᠮᠠᠯ ᠤᠨ ᠦᠡᠭᠭᠡ ᠶᠢᠨ ᠢᠯᠭᠠᠯ ᠤᠨ ᠬᠤᠪᠢ ᠠᠴᠠ ᠠᠪᠴᠤ ᠬᠡᠯᠡᠪᠡᠯ᠂ ᠶᠠᠭᠠᠨ ᠦᠡᠭᠭᠡ᠂ ᠨᠤᠭᠤᠭᠠᠨ | ᠦᠡᠭᠭᠡ᠂ ᠳᠤᠭᠤᠷᠢᠭᠯᠠᠨ ᠵᠠᠯᠠᠭᠰᠠᠨ ᠵᠡᠯ᠎ᠠ ᠶᠢᠨ ᠦᠡᠭᠭᠡ ᠨᠢ ᠤᠯᠠᠩᠬᠢ ᠳᠠᠭᠠᠨ ᠴᠡᠩᠭᠡᠷ ᠦᠡᠭᠭᠡ ᠶᠢ ᠢᠯᠡᠬᠦᠦ | ᠡᠷᠬᠢᠮᠯᠡᠨ᠎ᠠ᠃ ᠬᠡᠬᠦ ᠳᠡᠭᠡᠨ ᠨᠢᠭᠡ ᠦᠡᠭᠭᠡ ᠶᠢ ᠬᠡᠷᠡᠭᠯᠡᠬᠦ ᠦᠶᠡᠰ ᠲᠡᠭᠡᠨ ᠳᠠᠩ ᠭᠠᠭᠴᠠ ᠦᠡᠭᠭᠡ ᠶᠢ ᠦᠬᠦᠮᠡᠯ ᠢᠶᠠᠷ | ᠬᠡᠷᠡᠭᠯᠡᠳᠡᠭ ᠪᠢᠰᠢ᠂ ᠬᠠᠷᠢᠨ ᠤᠶᠢᠷᠠᠳᠤᠭᠰᠠᠨ ᠦᠡᠭᠭᠡ ᠶᠢ ᠬᠡᠷᠡᠭᠯᠡᠳᠡᠭ ᠤᠨᠴᠠᠯᠢᠭ ᠶᠡᠭᠡ ᠳᠤᠳᠤᠷᠬᠠᠢ᠃ ᠵᠢᠱᠢᠶᠡᠯᠡᠪᠡᠯ | ᠨᠠᠪᠴᠢ ᠶᠢ ᠬᠠᠳᠬᠤᠬᠤ ᠦᠶᠡᠰ ᠲᠤ ᠵᠢᠷᠭᠤᠭ᠎ᠠ ᠠᠴᠠ ᠳᠡᠭᠡᠭᠰᠢ ᠤᠶᠢᠷᠠᠯᠴᠠᠬᠢ ᠨᠤᠭᠤᠭᠠᠨ ᠦᠡᠭᠭᠡ ᠶᠢ ᠬᠡᠷᠡᠭᠯᠡᠵᠦ | ᠪᠠᠶᠢᠭᠠᠳ ᠵᠢᠩᠬᠢᠨᠢ ᠠᠮᠢᠳᠤᠷᠠᠯ ᠤᠨ ᠳᠤᠮᠳᠠᠬᠢ ᠨᠡᠷᠡᠨ ᠤ ᠬᠡᠷᠡᠯ ᠳᠤ ᠳᠤᠰᠤᠭᠰᠠᠨ ᠴᠡᠴᠡᠭ ᠤᠨ ᠰᠢᠨᠵᠢ ᠶᠢ ᠪᠦᠷᠢᠨ | ᠭᠤᠶᠤᠯᠠᠵᠦ ᠰᠠᠶᠢᠬᠠᠨ ᠢᠯᠡᠷᠡᠬᠦᠯᠬᠦ ᠡᠶᠢᠮᠦ ᠨᠢᠭᠡ ᠤᠨᠴᠠᠯᠢᠭ ᠰᠢᠨᠵᠢ ᠪᠠᠷ ᠢᠶᠠᠨ ᠶᠡᠭᠡ ᠳᠤᠳᠤᠷᠬᠠᠢ ᠪᠠᠶᠢᠳᠠᠭ᠃ | ᠡᠨᠡ ᠪᠠᠷ ᠳᠠᠮᠵᠢᠭᠤᠯᠵᠦ ᠪᠠᠶᠢᠭᠠᠳ ᠡᠬᠦᠨ ᠢᠶᠠᠷ ᠬᠤᠷᠴᠢᠨ ᠪᠦᠰᠡᠬᠦ᠋ᠢᠴᠤᠳ ᠤᠨ ᠭᠤᠸ᠎ᠠ ᠰᠠᠶᠢᠬᠠᠨ ᠤ ᠤᠨᠴᠠᠯᠢᠭ | ᠰᠢᠨᠵᠢ ᠶᠢ ᠢᠯᠡᠷᠡᠬᠦᠯᠦᠭᠰᠡᠨ ᠢᠶᠠᠷ ᠪᠠᠷᠠᠬᠤ ᠦᠭᠡᠢ᠂ ᠮᠦᠨ ᠴᠤ ᠳᠡᠳᠡᠨ ᠤ ᠭᠠᠷ ᠤᠷᠠᠯᠠᠯ ᠨᠠᠷᠢᠨ ᠭᠤᠶᠢᠳᠠ ᠪᠠᠶᠢᠳᠠᠭ | ᠤᠨᠴᠠᠯᠢᠭ ᠢ ᠳᠤᠳᠤᠷᠬᠠᠢ ᠢᠯᠡᠷᠡᠬᠦᠯᠵᠠᠢ᠃ | ᠤᠳᠤ ᠶᠢᠨ ᠪᠠᠶᠢᠳᠠᠯ ᠠᠴᠠ ᠠᠪᠴᠤ ᠬᠡᠯᠡᠪᠡᠯ᠂ ᠨᠡᠶᠢᠭᠡᠮ ᠰᠤᠶᠤᠯ ᠤᠨ ᠬᠦᠭᠵᠢᠯᠳᠡ ᠶᠢᠨ ᠶᠠᠪᠤᠴᠠ ᠳᠤ | ᠬᠦᠮᠦᠰ ᠤᠨ ᠭᠤᠸ᠎ᠠ ᠰᠠᠶᠢᠬᠠᠨ ᠤ ᠬᠤᠪᠢᠷᠠᠯᠳᠠ ᠭᠠᠷᠴᠠᠢ᠃ ᠮᠦᠨ ᠴᠤ ᠮᠠᠰᠢ ᠤᠯᠠᠨ ᠬᠦᠮᠦᠨ ᠬᠤᠳᠠ ᠶᠢᠨ | ᠰᠠᠭᠤᠷᠢᠰᠢᠯ ᠠᠮᠢᠳᠤᠷᠠᠯ ᠢ ᠠᠮᠢᠳᠤᠷᠠᠬᠤ ᠪᠤᠯᠤᠭᠰᠠᠨ ᠪᠠᠶᠢᠨ᠎ᠠ᠃ ᠴᠢᠩᠬᠢᠪᠡᠯ ᠡᠶᠢᠮᠦ ᠰᠠᠭᠤᠷᠢᠰᠢᠯ ᠪᠠᠶᠢᠳᠠᠯ ᠤᠨ | ᠳᠤᠤᠷ᠎ᠠ ᠤᠳᠤᠮᠰᠢᠯ ᠢᠶᠠᠨ ᠬᠠᠳᠠᠭᠠᠯᠠᠬᠤ ᠶᠢᠨ ᠬᠠᠮᠳᠤ᠂ ᠰᠤᠶᠤᠯ ᠤᠨ ᠳᠡᠮᠳᠡᠭ ᠤᠨ ᠡᠬᠦᠳᠡᠨ ᠠᠴᠠ ᠤᠷᠴᠢᠨ | ᠴᠠᠭ ᠤᠨ ᠬᠤᠪᠴᠠᠰᠤ ᠵᠠᠰᠠᠯ ᠳᠡᠭᠡᠷ᠎ᠠ ᠭᠤᠶᠤ ᠳᠤᠳᠤ ᠪᠤᠯᠬᠤ ᠡᠬᠦᠳᠡᠨ ᠠᠴᠠ ᠦᠡᠭᠭᠡ ᠶᠢᠨ ᠵᠤᠬᠢᠴᠠᠯ ᠤᠨ | ᠳᠡᠯ᠎ᠠ ᠠᠴᠠ ᠤᠯᠠᠨ ᠬᠤᠪᠢᠷᠠᠯᠳᠠ ᠲᠠᠢ ᠪᠤᠯᠬᠤ ᠶᠢ ᠬᠦᠰᠡᠨ ᠨᠠᠶᠢᠳᠠᠵᠦ ᠪᠠᠶᠢᠨ᠎ᠠ᠃ | ᠬᠤᠷᠴᠢᠨ ᠬᠤᠪᠴᠠᠰᠤ ᠵᠠᠰᠠᠯ ᠳᠡᠭᠡᠷ᠎ᠠ ᠮᠠᠰᠢ ᠰᠠᠶᠢᠬᠠᠨ ᠤᠯᠠᠨ ᠵᠦᠢᠯ ᠤᠨ ᠭᠠᠷ ᠤᠷᠠᠯᠠᠯ ᠤᠨ ᠡᠯᠧᠮᠧᠨ᠋ᠲ | ᠪᠠᠶᠢᠳᠠᠭ ᠤᠴᠢᠷ ᠠᠴᠠ ᠰᠢᠨ᠎ᠠ ᠴᠠᠭ ᠦᠶ᠎ᠠ ᠲᠠᠢ ᠵᠤᠬᠢᠴᠠᠭᠤᠯᠵᠦ ᠪᠠᠶᠢᠭᠠᠳ ᠮᠦᠨ ᠴᠤ ᠪᠤᠰᠤᠳ ᠭᠠᠷ ᠤᠷᠠᠯᠠᠯ ᠤᠨ | ᠪᠦᠳᠦᠭᠡᠭᠳᠡᠬᠦᠨ ᠲᠠᠢ ᠤᠶᠠᠯᠳᠤᠭᠤᠯᠵᠦ᠂ ᠤᠳᠤᠬᠢ ᠠᠮᠢᠳᠤᠷᠠᠯ ᠤᠨ ᠬᠡᠷᠡᠭᠴᠡᠭᠡᠨ ᠳᠤ ᠨᠡᠩ ᠢᠯᠡᠬᠦᠦ ᠬᠡᠷᠡᠭᠯᠡᠬᠦ ᠶᠢ | ᠤᠯᠠᠮ ᠢᠯᠡᠬᠦᠦ ᠪᠤᠳᠤᠯᠬᠢᠯᠠᠨ᠎ᠠ᠃ ᠵᠢᠱᠢᠶᠡᠯᠡᠪᠡᠯ᠂ ᠭᠠᠷ ᠤᠳᠠᠰᠤᠨ ᠳᠡᠭᠡᠷ᠎ᠠ ᠡᠯᠬᠦᠳᠡᠭ ᠭᠤᠸ᠎ᠠ ᠰᠠᠶᠢᠬᠠᠨ ᠤ ᠵᠦᠢᠯᠡᠰ | ᠂ ᠭᠠᠷ ᠤᠳᠠᠰᠤᠨ ᠤ ᠤᠭᠤᠳᠠ᠂ ᠡᠮᠡᠭᠳᠡᠶᠢᠴᠤᠳ ᠤᠨ ᠬᠡᠷᠡᠭᠯᠡᠳᠡᠭ ᠭᠠᠷ ᠪᠤᠭᠴᠤ ᠬᠡᠬᠦ ᠮᠡᠳᠦ ᠶᠢᠨ ᠭᠠᠷ ᠤᠷᠠᠯᠠᠯ ᠤᠨ | ᠵᠦᠢᠯᠡᠰ ᠳᠡᠭᠡᠷ᠎ᠠ ᠬᠤᠷᠴᠢᠨ ᠪᠦᠰᠡᠬᠦ᠋ᠢᠴᠤᠳ ᠴᠢᠷᠮᠠᠶᠢᠨ ᠠᠵᠢᠯᠯᠠᠵᠦ ᠪᠠᠶᠢᠨ᠎ᠠ᠃ | ᠡᠬᠦᠨ ᠢᠶᠠᠨ ᠨᠡᠩ ᠢᠯᠡᠬᠦᠦ ᠵᠠᠬ᠎ᠠ ᠳᠡᠯᠭᠡᠬᠦᠷ ᠲᠤ ᠭᠠᠷᠭᠠᠬᠤ ᠶᠢᠨ ᠳᠦᠯᠦᠭᠡ ᠨᠡᠩ ᠢᠯᠡᠬᠦᠦ ᠤᠷᠤᠨ ᠵᠠᠢ ᠳᠤ | ᠬᠤᠷᠴᠢᠨ ᠤ ᠭᠠᠷ ᠤᠷᠠᠯᠠᠯ ᠢ ᠤᠬᠠᠭᠤᠯᠵᠦ ᠳᠡᠯᠭᠡᠷᠡᠬᠦᠯᠬᠦᠳᠤ ᠬᠤᠷᠴᠢᠨ ᠪᠦᠰᠡᠬᠦ᠋ᠢᠴᠤᠳ ᠤᠨ ᠴᠢᠬᠤᠯᠠ ᠡᠬᠦᠷᠭᠡ | ᠬᠠᠷᠢᠭᠤᠴᠠᠯᠭ᠎ᠠ ᠬᠡᠵᠦ ᠬᠡᠯᠡᠵᠦ ᠪᠤᠯᠤᠨ᠎ᠠ᠃ ᠮᠦᠨ ᠴᠤ ᠭᠠᠷ ᠤᠷᠠᠯᠠᠯ ᠢᠶᠠᠷ ᠢᠶᠠᠨ ᠳᠠᠮᠵᠢᠵᠦ ᠬᠤᠷᠴᠢᠨᠴᠤᠳ ᠤᠨ | ᠰᠤᠶᠤᠯ ᠢᠶᠠᠨ ᠤᠯᠠᠮ ᠴᠢᠨᠠᠭᠰᠢᠳᠠ ᠤᠯᠠᠮᠵᠢᠯᠠᠵᠦ ᠳᠡᠯᠭᠡᠷᠡᠬᠦᠯᠬᠦ ᠪᠤᠯ ᠬᠤᠷᠴᠢᠨ ᠪᠦᠰᠡᠬᠦ᠋ᠢᠴᠤᠳ ᠨᠢᠭᠡᠪᠤᠷᠢ ᠶᠢᠨ | ᠨᠠᠨᠳᠢᠨ ᠡᠬᠦᠷᠭᠡ ᠬᠠᠷᠢᠭᠤᠴᠠᠯᠭ᠎ᠠ ᠬᠡᠵᠦ ᠦᠵᠡᠵᠦ ᠪᠠᠶᠢᠨ᠎ᠠ᠃ | | |