ᠬᠢᠴᠢᠶᠡᠯ ᠰᠤᠷᠤᠯᠭ᠎ᠠ ᠳᠤ ᠪᠠᠨ ᠤᠷᠮ᠎ᠠ ᠦᠬᠡᠢ ᠬᠡᠤᠬᠡᠳ ᠤᠨ ᠢᠲᠡᠪᠬᠢᠵᠢᠯ ᠢ ᠬᠡᠷᠬᠢᠨ ᠪᠡᠲᠠᠷᠡᠭᠤᠯᠬᠤ  ᠪᠢᠯᠡ⁉
ᠨᠡᠶᠢᠲᠡᠯᠡᠭᠰᠡᠨ ᠴᠠᠭ᠄
2020/12/9
           
     ᠪᠠᠭ᠎ᠠ ᠰᠤᠷᠭᠠᠭᠤᠯᠢ ᠳᠤ ᠬᠢᠴᠢᠶᠡᠯᠯᠡᠵᠤ ᠪᠠᠶᠢᠭ᠎ᠠ ᠤᠯᠡᠩᠬᠢ ᠪᠠᠭᠰᠢ ᠬᠡᠤᠬᠡᠳ ᠲᠤ ᠮᠡᠲᠡᠯᠬᠡ ᠵᠢᠭᠠᠵᠤ᠂ ᠬᠦᠮᠤᠨ ᠪᠤᠯᠬᠤ ᠶᠤᠰᠤ ᠶᠢ ᠤᠯᠠᠮᠵᠢᠯᠠᠬᠤ ᠳᠤ ᠪᠠᠨ ᠬᠡᠤᠬᠡᠳ ᠤᠨ ᠰᠡᠳᠬᠢᠬᠦᠢ᠂ ᠤᠷᠮ᠎ᠠ᠂ ᠰᠡᠳᠬᠢᠯᠬᠡ ᠶᠢᠨ ᠬᠤᠪᠢᠷᠡᠯᠲᠡ ᠵᠢᠱᠢᠶᠡᠯᠡᠪᠡᠯ᠄ ᠭᠤᠮᠤᠲᠠᠬᠤ᠂ ᠭᠤᠲᠤᠷᠡᠬᠤ᠂ ᠲᠤᠷ᠎ᠠ ᠦᠬᠡᠶᠢᠴᠡᠬᠦ ᠵᠡᠷᠬᠡ ᠶᠢ ᠲᠠᠮᠠᠢ ᠠᠩᠬᠠᠷᠲᠠᠬ ᠦᠬᠡᠢ ᠃ ᠢᠯᠡᠩᠭᠤᠶ᠎ᠠ ᠵᠡᠷᠢᠮ ᠪᠠᠭᠰᠢ ᠤᠷᠮ᠎ᠠ ᠮᠠᠭᠤᠲᠠᠢ ᠪᠠᠶᠢᠲᠠᠯ ᠢᠶᠠᠨ ᠰᠢᠭᠤᠳ ᠰᠤᠷᠤᠬᠴᠢᠳ ᠤᠨ ᠪᠠᠶ᠎ᠠ ᠲᠡᠭᠡᠷ᠎ᠠ ᠢᠯᠡᠷᠡᠬᠦᠯᠵᠤ ᠠᠭᠤᠷᠯᠠᠬᠤ ᠪᠤᠶᠤ ᠵᠤᠲᠤᠬᠤ ᠦᠵᠡᠭᠲᠡᠯ ᠭᠠᠷᠲᠠᠬ᠃ ᠡᠶᠢᠨ ᠬᠦ ᠰᠤᠷᠤᠬᠴᠢ ᠪᠠᠭᠰᠢ ᠠᠴᠠ ᠪᠠᠨ ᠡᠲᠦᠷ ᠠᠴᠠ ᠡᠲᠦᠷ ᠵᠠᠶᠢᠲᠠᠵᠤ᠂ ᠴᠢᠨᠠᠬᠰᠢᠯᠡᠪᠡᠯ ᠠᠯᠪᠡ ᠶᠢᠨ ᠲᠠᠲᠤᠢ ᠡᠲᠦᠷ ᠦᠡᠭᠬᠡᠷᠡᠭᠡᠲᠡᠭ᠃ ᠡᠲᠡᠬᠡᠷ ᠰᠢᠯᠲᠠᠭᠠᠨ ᠠᠴᠠ ᠵᠢᠭᠠᠨ ᠰᠤᠷᠭᠠᠯᠲᠡ ᠤᠯᠡᠮ ᠬᠦᠴᠢᠷᠲᠠᠵᠤ ᠰᠤᠷᠤᠯᠭ᠎ᠠ ᠠᠨᠠᠢ ᠰᠤᠷᠤᠬᠴᠢ ᠡᠲᠦᠷ ᠢᠷᠡᠬᠦᠶ᠎ᠠ ᠨᠠᠮᠡᠭᠲᠡᠵᠤ ᠪᠤᠢ᠃ ᠦᠨᠡᠨ ᠳᠤ ᠪᠠᠨ ᠬᠡᠤᠬᠡᠳ ᠤᠨ ᠲᠤᠲᠤᠭᠠᠲᠦ ᠰᠡᠳᠬᠢᠯ ᠨᠢᠯᠬᠠᠰᠠᠬ ᠮᠦᠷᠲᠡᠬᠡᠨ ᠰᠠᠶᠢᠨ ᠰᠠᠶᠢᠬᠠᠨ ᠬᠦᠰᠠᠯ ᠲᠠᠢ᠂ ᠪᠠᠭᠰᠢ ᠠᠴᠠ ᠲᠡᠭᠦᠨ ᠢ ᠦᠢᠯᠠᠭᠠᠵᠤ᠂ ᠨᠠᠶᠢᠷᠰᠠᠬ ᠢᠶᠠᠷ ᠬᠠᠷᠢᠴᠠᠬᠤ ᠶᠢ ᠶᠡᠭᠡ ᠬᠦᠰᠡᠲᠡᠭ ᠠᠵᠢ᠃ ᠬᠡᠪᠡᠴᠤ ᠮᠡᠨ ᠤ ᠵᠡᠷᠢᠮ ᠪᠠᠭᠰᠢ ᠵᠦᠪᠬᠡᠨ ᠵᠢᠭᠠᠨ ᠰᠤᠷᠭᠠᠯᠲᠡ ᠶᠢᠨ ᠠᠷᠭ᠎ᠠ ᠠᠪᠴᠡᠯ ᠢ ᠴᠢᠬᠤᠯᠡᠴᠢᠯᠡᠬᠰᠠᠨ ᠠᠴᠠ ᠪᠢᠰᠢ ᠰᠤᠷᠤᠬᠴᠢᠳ ᠤᠨ ᠢᠶᠠᠨ ᠲᠤᠬᠠᠢ ᠤᠶᠢᠢᠯᠠᠭᠠᠯᠲᠠ ᠠᠨᠠᠢ᠃ ᠲᠤᠤᠷ᠎ᠠ ᠪᠢ ᠪᠠᠭᠰᠢᠯᠠᠵᠤ ᠠᠵᠢᠯᠯᠠᠬᠰᠠᠨ ᠲᠤᠷᠰᠢᠯᠭ᠎ᠠ ᠲᠠᠢ ᠪᠠᠨ ᠣᠶᠠᠯᠳᠤᠭᠤᠯᠵᠤ ᠣᠶᠢᠯᠠᠭᠠᠯᠳᠠ ᠪᠠᠨ ᠲᠦᠭᠦᠮ ᠶᠠᠷᠢᠶ᠎ᠠ᠃     ᠰᠤᠷᠤᠬᠴᠢᠳ ᠲᠤ ᠪᠠᠨ ᠰᠠᠶᠢᠨ ᠰᠠᠶᠢᠬᠠᠨ ᠰᠡᠳᠭᠢᠯᠭᠡ ᠶᠢᠨ ᠣᠷᠴᠢᠨ ᠢ ᠪᠦᠷᠢᠯᠳᠦᠭᠦᠯᠵᠦ ᠦᠭᠬᠦ ᠬᠡᠷᠡᠭᠳᠡᠢ      ᠬᠢᠴᠢᠶᠡᠯᠯᠡᠭᠡ ᠶᠢᠨ ᠲᠤᠮᠲᠡ ᠬᠡᠤᠬᠡᠳ ᠲᠤ ᠰᠠᠶᠢᠨ ᠰᠠᠶᠢᠬᠠᠨ ᠰᠡᠳᠬᠢᠯᠬᠡ ᠶᠢᠨ ᠤᠷᠴᠢᠨ ᠢ ᠪᠦᠷᠢᠯᠲᠦᠬᠦᠯᠬᠦ ᠪᠤᠯ ᠰᠠᠨᠠᠭᠠᠴᠢᠯᠠᠭ᠎ᠠ ᠦᠬᠡᠢ ᠰᠤᠷᠤᠬᠴᠢ ᠶᠢᠨ ᠤᠷᠮ᠎ᠠ ᠶᠢ ᠬᠦᠭᠵᠢᠬᠦᠯᠬᠦ ᠬᠠᠮᠤᠬ ᠤᠨ ᠤᠨᠤᠪᠴᠢᠲᠡᠢ ᠠᠷᠭ᠎ᠠ᠂ ᠮᠦᠨ ᠴᠤ ᠵᠢᠭᠠᠨ ᠰᠤᠷᠭᠠᠯᠲᠠ ᠶᠢᠨ ᠰᠠᠭᠤᠷᠢ ᠮᠦᠨ᠃ ︽ᠮᠡᠨ ᠤ ᠤᠯᠡᠩᠬᠢ ᠰᠤᠷᠤᠬᠴᠢ ᠶᠠᠭᠠᠬᠢᠭᠠᠳ ᠬᠢᠴᠢᠶᠡᠯ ᠲᠡᠭᠡᠷ᠎ᠠ ᠦᠬᠡ ᠶᠠᠷᠢᠬᠤ ᠲᠤᠷ᠎ᠠ ᠦᠬᠡᠢ ᠪᠤᠢ︖ ᠦᠵᠡᠬᠦᠯᠬᠡ ᠶᠢᠨ ᠬᠢᠴᠢᠶᠡᠯ᠂ ᠨᠡᠬᠡᠭᠡᠯᠲᠡ ᠶᠢᠨ ᠬᠢᠴᠢᠶᠡᠯ ᠬᠡᠰᠡᠨ ᠴᠦ ᠲᠡᠷᠡ ᠴᠡᠭ ᠢᠶᠠᠷ ᠢᠶᠠᠨ ᠮᠠᠯᠠᠶᠢᠵᠤ ᠰᠠᠭᠤᠭᠠᠳ ᠪᠠᠶᠢᠲᠠᠭ︾ ᠬᠡᠵᠤ ᠵᠡᠷᠢᠮ ᠪᠠᠭᠰᠢ ᠰᠡᠬᠦᠷᠡᠰᠤᠯᠡᠨ᠎ᠠ᠃ ᠡᠨᠡ ᠨᠢ ᠬᠡᠤᠬᠡᠳ ᠲᠤ ᠶᠠᠷᠢᠬᠤ ᠲᠤᠷᠡᠲᠡᠢ ᠰᠡᠳᠬᠢᠯᠬᠡ ᠶᠢ ᠪᠦᠷᠢᠯᠲᠤᠬᠦᠯᠵᠤ ᠦᠭᠬᠦᠭᠰᠡᠨ ᠦᠬᠡᠢ ᠳᠤ ᠤᠷᠤᠰᠢᠨ᠎ᠠ᠃ ᠪᠠᠭᠰᠢ ᠬᠦᠮᠤᠨ ᠰᠤᠷᠤᠬᠴᠢ ᠳᠤ ᠠᠪᠴᠤ ᠬᠡᠯᠡᠪᠡᠯ ᠬᠤᠪᠢ ᠵᠠᠶᠠᠭ᠎ᠠ ᠶᠢ ᠨᠢ ᠬᠤᠪᠢᠷᠡᠭᠠᠵᠤ ᠴᠢᠲᠠᠬᠤ ᠮᠦᠡᠭᠬᠡ ᠶᠢᠨ ᠨᠡᠷᠡ ᠨᠢ ᠪᠢᠯᠡ᠃ ᠡᠶᠢᠮᠤ ᠠᠴᠠ ᠦᠪᠡᠷ ᠤᠨ ᠬᠡᠤᠬᠡᠳ ᠦᠷᠤᠬᠡᠯ ᠤᠨ ᠬᠡᠤᠬᠡᠳ ᠬᠡᠵᠤ ᠢᠯᠭᠠᠯ ᠦᠬᠡᠢ᠂ ᠰᠢᠯᠢᠲᠡᠭ ᠠᠨᠠᠢ ᠬᠡᠵᠤ ᠰᠠᠯᠭᠠᠯ ᠦᠬᠡᠢ᠂ ᠦᠭᠬᠢᠶᠠᠮᠤᠷᠴᠢ ᠬᠠᠶᠢᠷ᠎ᠠ ᠪᠠᠷ ᠲᠡᠲᠡᠨ ᠢ ᠤᠮᠲᠠᠯᠠᠵᠤ ᠬᠡᠤᠬᠡᠳ ᠤᠨ ᠲᠤᠲᠤᠭᠠᠲᠦ ᠰᠡᠳᠬᠢᠯᠬᠡ ᠶᠢ ᠦᠢᠯᠠᠭᠠᠵᠤ ᠶᠠᠪᠤᠪᠡᠯ ᠲᠠᠲᠡᠨ ᠤ ︽ᠴᠠᠪᠠᠤᠲᠠᠬᠰᠠᠨ︾ ᠠᠮᠠ ᠠᠶᠠᠨᠲᠠᠭᠠᠨ ᠨᠡᠬᠡᠬᠡᠭᠲᠡᠵᠤ᠂ ︽ᠴᠡᠷᠴᠠᠬᠰᠠᠨ︾ ᠲᠡᠷᠢᠬᠢ ᠠᠶᠠᠨᠲᠠᠭᠠᠨ ᠰᠡᠷᠬᠡᠭᠵᠢᠨ᠎ᠠ ᠬᠡᠲᠡᠭ ᠲᠤ ᠪᠢ ᠢᠲᠡᠬᠡᠵᠤ ᠪᠠᠶᠢᠨ᠎ᠠ᠃      ᠰᠤᠷᠤᠬᠴᠢᠳ ᠲᠤ ᠪᠠᠨ ᠢᠯᠡᠭᠦᠬᠡᠨ ᠬᠠᠷᠠᠭᠠᠯᠵᠠᠯ ᠦᠵᠡᠭᠦᠯᠪᠡᠯ ᠵᠤᠬᠢᠨ᠎ᠠ      ︽ᠦᠨᠲᠦᠷ ᠮᠠᠯᠠᠭᠠᠢ ᠵᠡᠬᠦᠯᠬᠡᠵᠤ︾᠂ ᠦᠷᠦᠬᠡᠯ ᠠᠴᠠ ᠢᠯᠡᠬᠦᠦ ᠬᠠᠷᠡᠭᠠᠯᠵᠡᠯ ᠦᠵᠡᠬᠦᠯᠬᠦ ᠪᠤᠯ ᠲᠡᠲᠡᠨ ᠤ ᠤᠷᠮ᠎ᠠ ᠶᠢ ᠬᠦᠭᠵᠢᠬᠡᠬᠦ ᠦᠨᠲᠦᠰᠤᠨ ᠠᠷᠭ᠎ᠠ ᠬᠡᠵᠤ ᠦᠵᠡᠵᠤ ᠪᠤᠢ᠃ ᠰᠠᠶᠢᠨ ᠦᠬᠡ ᠶᠢᠨ ᠡᠰᠡᠷᠬᠦ᠂ ᠰᠠᠶᠢᠬᠠᠨ ᠰᠠᠨᠠᠭᠠᠨ ᠤ ᠦᠵᠤᠬᠦᠷ ᠲᠤ ᠨᠤᠯᠮᠤᠬᠤ ᠬᠦᠮᠤᠨ ᠦᠬᠡᠢ᠃ ᠬᠡᠤᠬᠡᠳ ᠴᠤ ᠲᠡᠷᠡ᠂ ᠬᠦᠭᠰᠢᠨ ᠴᠤ ᠲᠡᠷᠡ᠂ ᠮᠠᠬᠲᠠᠭᠠᠯ ᠰᠠᠶᠢᠰᠢᠶᠠᠯ ᠤᠨ ᠦᠬᠡ ᠶᠢ ᠪᠦᠷ ᠰᠤᠨᠤᠰᠬᠤ ᠲᠤᠷ᠎ᠠ ᠲᠠᠢ ᠶᠤᠮ᠃ ᠲᠤᠤᠷ᠎ᠠ ᠪᠢ ᠪᠠᠶ᠎ᠠ ᠲᠡᠭᠡᠷ᠎ᠠ ᠪᠠᠨ ᠡᠬᠦᠰᠦᠭᠰᠠᠨ ᠨᠢᠬᠡᠨ ᠤᠴᠢᠷ ᠠᠴᠠ ᠵᠢᠱᠢᠶᠡᠯᠡᠨ ᠶᠠᠷᠢᠶ᠎ᠠ᠃ ᠮᠢᠨᠤ ᠠᠩᠬᠢ ᠶᠢᠨ ᠨᠢᠬᠡᠨ ᠰᠤᠷᠤᠬᠴᠢ ᠰᠤᠷᠤᠯᠭ᠎ᠠ ᠠᠨᠠᠢ ᠮᠦᠷᠲᠡᠬᠡᠨ ᠦᠬᠡ ᠲᠠᠭᠤ ᠴᠦᠬᠡᠨ ᠴᠢᠨᠠᠬᠰᠢᠯᠡᠪᠡᠯ ᠮᠤᠩᠭᠤᠯ ᠦᠰᠦᠭ ᠢᠶᠠᠨ ᠰᠠᠶᠢᠬᠠᠨ ᠪᠢᠴᠢᠵᠤ ᠴᠢᠲᠠᠬᠤ ᠦᠬᠡᠢ᠃ ᠡᠬᠦᠨ ᠳᠤ ᠪᠢ ᠬᠡᠴᠢᠨᠡᠨ ᠵᠢᠭᠠᠵᠤ ᠠᠭᠤᠷᠯᠠᠬᠰᠠᠨ ᠴᠤ ᠦᠴᠤᠬᠡᠨ ᠲᠡᠪᠰᠢᠯᠲᠡ ᠦᠬᠡᠢ᠂ ᠡᠴᠤᠰ ᠲᠤ ᠪᠠᠨ ᠲᠡᠷᠡ ᠪᠢᠲᠡ ᠬᠤᠶᠠᠭᠤᠯᠡ ᠬᠠᠷᠢᠯᠴᠡᠨ ᠦᠢᠰᠢᠶᠠᠬᠤ ᠪᠠᠨ ᠪᠤᠯᠢᠵᠡᠢ᠃ ᠨᠢᠬᠡᠨ ᠡᠲᠦᠷ ᠰᠤᠷᠭᠠᠭᠤᠯᠢ ᠠᠴᠠ ᠰᠠᠶ᠋ᠢᠬᠠᠨ ᠲᠡᠬᠦᠰᠦᠭᠰᠡᠨ ᠤᠶᠤᠲᠡᠨ ᠢ ᠮᠢᠨᠤ ᠡᠷᠬᠢᠯᠡᠵᠤ ᠪᠠᠶᠢᠭ᠎ᠠ ᠠᠩᠬᠢ ᠳᠤ ᠬᠤᠪᠢᠶᠡᠷᠢᠯᠡᠨ ᠨᠠᠮᠠᠶᠢ ᠲᠠᠭᠠᠭᠤᠯᠤᠭᠠᠷᠡᠢ ᠬᠡᠵᠡᠢ᠃ ᠤᠲᠤ ᠪᠤᠲᠤᠪᠡᠯ ᠪᠢ ᠲᠡᠬᠦᠨ ᠠᠴᠠ ᠰᠤᠷᠤᠬᠰᠡᠨ ᠵᠦᠢᠯ ᠠᠷᠪᠢᠨ ᠪᠠᠶᠢᠨ᠎ᠠ᠃ ᠬᠡᠲᠦᠬᠡᠨ ᠰᠡᠷ᠎ᠠ ᠶᠢᠨ ᠬᠤᠭᠤᠴᠠᠭᠠᠨ ᠳᠤ ᠮᠢᠨᠤ ᠰᠤᠷᠤᠯᠭ᠎ᠠ ᠠᠨᠠᠢ ᠪᠠᠶᠢᠬᠰᠠᠨ ᠲᠡᠷᠡ ᠰᠤᠷᠤᠬᠴᠢ ᠬᠤᠪᠢᠷᠡᠯ᠎ᠠ᠃ ᠦᠰᠦᠭ ᠢᠶᠠᠨ ᠴᠡᠪᠡᠷ ᠲᠡᠭᠰᠢ ᠪᠢᠴᠢᠬᠦ ᠪᠤᠯᠵᠡᠢ᠃ ᠡᠲᠦᠷᠵᠢᠨ ᠤᠷᠤᠭᠤ ᠴᠢᠷᠡᠶᠢᠯᠡᠲᠠᠬ ᠪᠠᠶᠢᠬᠰᠠᠨ ᠢᠶᠠᠨ ᠦᠬᠡᠲᠡ ᠲᠠᠢ ᠴᠤᠬ ᠲᠠᠢ ᠪᠤᠯᠵᠤ ᠢᠨᠢᠶᠡᠲᠦ ᠪᠢᠯᠬᠠᠭᠤᠯᠬᠤ ᠪᠤᠯᠤᠬᠰᠠᠨ᠃ ᠬᠠᠶᠠ ᠪᠠᠰᠠ ᠡᠬᠦᠲᠡᠨ ᠵᠡᠪᠰᠡᠷ ᠢᠶᠠᠷ ᠨᠠᠮᠠᠶᠢ ᠬᠠᠷᠡᠭᠠᠳ᠄ ︽ᠪᠠᠭᠰᠢ ᠡ᠂ ᠪᠢ ᠮᠤᠩᠭᠤᠯ ᠦᠰᠦᠭ ᠢᠶᠠᠨ ᠴᠤᠬᠤᠮ ᠰᠠᠶᠢᠬᠠᠨ ᠪᠢᠴᠢᠬᠦ ᠪᠤᠯᠤᠬᠰᠠᠨ︾ ᠬᠡᠵᠤ ᠪᠡᠶᠡᠰᠲᠠᠬ᠃ ᠮᠢᠨᠤ ᠬᠠᠮᠤᠬ ᠤᠨ ᠲᠡᠷᠢᠬᠢ ᠪᠢᠲᠠᠭᠤ ᠬᠡᠵᠤ ᠪᠤᠲᠤᠵᠤ ᠪᠠᠶᠢᠬᠰᠠᠨ ᠰᠤᠷᠤᠬᠴᠢ ᠡᠶᠢᠮᠤᠷᠬᠦᠦ ᠲᠡᠪᠰᠢᠯᠲᠡ ᠲᠠᠢ ᠪᠤᠯᠤᠬᠰᠠᠨ ᠳᠤ ᠪᠢ ᠶᠡᠭᠡ ᠭᠠᠶᠢᠬᠠᠰᠢᠷᠡᠨ ᠤᠶᠤᠲᠡᠨ ᠪᠠᠭᠰᠢ ᠠᠴᠠ ᠠᠰᠠᠭᠤᠪᠡᠯ᠂ ︽ᠪᠢ ᠲᠡᠬᠦᠨ ᠤ ᠦᠴᠤᠬᠡᠨ ᠲᠡᠪᠰᠢᠯᠲᠡ ᠶᠢ ᠨᠢ ᠤᠷᠬᠢᠬᠲᠠᠭᠤᠯᠤᠯ ᠦᠬᠡᠢ ᠮᠠᠬᠲᠠᠵᠤ᠂ ᠬᠦᠴᠢᠷᠲᠡᠵᠤ ᠲᠦᠪᠡᠭᠲᠡᠵᠤ ᠪᠠᠶᠢᠭ᠎ᠠ ᠵᠦᠢᠯᠠᠰ ᠢ ᠨᠢ ᠢᠯᠡᠬᠦᠦ ᠨᠦᠬᠦᠭᠰᠡᠨ ᠢᠶᠠᠷ ᠲᠡᠬᠦᠨ ᠤ ᠬᠡᠯᠡ ᠪᠢᠴᠢᠭ ᠰᠤᠷᠬᠤ ᠢᠲᠡᠪᠬᠢᠵᠢᠯ ᠲᠡᠭᠡᠭᠰᠢᠯᠡᠭᠰᠡᠨ︾ ᠬᠡᠯ᠎ᠠ᠃ ᠡᠨᠡ ᠶᠠᠪᠤᠲᠠᠯ ᠠᠴᠠ ᠪᠢ ᠰᠤᠷᠴᠤ ᠲᠠᠶᠢᠯᠬᠦ ᠦᠬᠡᠢ ᠰᠤᠷᠤᠬᠴᠢ ᠪᠠᠶᠢᠬᠤ ᠦᠬᠡᠢ᠂ ᠬᠠᠷᠢᠨ ᠰᠤᠷᠭᠠᠵᠤ ᠲᠠᠶᠢᠯᠬᠦ ᠦᠬᠡᠢ ᠪᠠᠭᠰᠢ ᠪᠠᠶᠢᠨ᠎ᠠ ᠬᠡᠲᠡᠭ ᠢ ᠦᠢᠯᠠᠭᠠᠯ᠎ᠠ᠃     ᠰᠤᠷᠤᠬᠴᠢᠳ ᠲᠠᠢ ᠪᠠᠨ ᠰᠡᠳᠬᠢᠯ ᠢᠶᠠᠷ ᠢᠶᠠᠨ ᠬᠠᠷᠢᠯᠴᠠᠬᠤ ᠬᠡᠷᠡᠭᠳᠡᠢ      ᠰᠤᠷᠤᠬᠴᠢ ᠲᠠᠢ ᠰᠡᠳᠬᠢᠯ ᠢᠶᠠᠷ ᠢᠶᠠᠨ ᠬᠠᠷᠢᠯᠴᠠᠬᠤ ᠪᠤᠯ ᠲᠡᠲᠡᠨ ᠤ ᠤᠷᠮᠡᠰ ᠢ ᠬᠦᠭᠵᠢᠬᠡᠬᠦ ᠬᠠᠮᠤᠬ ᠤᠨ ᠤᠷᠡᠨ ᠠᠷᠭ᠎ᠠ ᠮᠦᠨ᠃ ᠰᠡᠳᠬᠢᠯ ᠢᠶᠠᠷ ᠢᠶᠠᠨ ᠬᠠᠷᠢᠯᠴᠡᠨ᠎ᠠ ᠬᠡᠪᠡᠯ ᠤᠯᠡᠩᠬᠢ ᠪᠠᠭᠰᠢ ︽ᠮᠠᠨᠤᠰ ᠰᠤᠷᠤᠬᠴᠢ ᠲᠠᠢ ᠨᠠᠶᠢᠲᠠᠮ ᠬᠠᠷᠢᠯᠴᠠᠵᠤ ᠪᠠᠶᠢᠨ᠎ᠠ ᠬᠡᠲᠡᠯ᠎ᠠ ᠮᠦᠨ ᠲᠠᠶᠢᠮᠤ ᠯᠡ︾ ᠬᠡᠵᠡᠬᠡᠲᠡᠭ᠃ ᠲᠡᠭᠡᠪᠡᠯ ᠲᠠᠨᠤᠰ ᠬᠡᠤᠬᠡᠳ ᠲᠠᠢ ᠪᠠᠨ ᠰᠡᠳᠬᠢᠯ ᠢᠶᠠᠷ ᠢᠶᠠᠨ ᠬᠠᠷᠢᠯᠴᠠᠬᠰᠠᠨ ᠤᠤ︖ ᠬᠡᠲᠦ ᠤᠲᠠᠭ᠎ᠠ ᠬᠠᠷᠢᠯᠴᠠᠬᠰᠠᠨ ᠪᠤᠢ︖ ᠡᠨᠡ ᠲᠤᠬᠠᠢ ᠪᠠᠭᠰᠢ ᠪᠤᠯᠤᠬᠰᠠᠨ ᠤ ᠬᠤᠪᠢ ᠳᠤ ᠪᠢ ᠦᠢᠯᠠᠭᠠᠨ᠎ᠠ᠃ ᠰᠤᠷᠤᠬᠴᠢ ᠬᠡᠷᠡᠭ ᠭᠠᠷᠭᠠᠬᠰᠠᠨ ᠦᠶᠡᠰ ᠪᠢᠲᠡ ᠲᠠᠭᠤᠲᠡᠨ ᠠᠪᠠᠴᠢᠵᠤ ᠶᠠᠷᠢᠯᠴᠠᠨ᠎ᠠ᠃ ᠡᠨᠡ ᠨᠢ ᠪᠠᠭᠰᠢ ᠠᠴᠠ ᠲᠡᠲᠡᠨ ᠢ ᠰᠢᠢᠳᠬᠡᠬᠦ ᠶᠢᠨ ᠲᠦᠯᠤᠬᠡ᠃ ᠬᠡᠲᠡᠯ᠎ᠡ ᠡᠩ ᠤᠨ ᠦᠶᠠᠰ ᠰᠤᠷᠤᠯᠭ᠎ᠠ ᠠᠨᠠᠢ ᠰᠤᠷᠤᠬᠴᠢ ᠪᠠᠨ ᠬᠠᠷᠡᠭᠠᠯᠵᠠᠬᠤ ᠡᠬᠦᠲᠡᠨ ᠠᠴᠠ ᠲᠤᠰᠬᠠᠢ ᠶᠠᠷᠢᠯᠴᠠᠬᠤ ᠤᠲᠠᠭ᠎ᠠ ᠲᠤᠩ ᠴᠦᠬᠡᠨ ᠪᠠᠶᠢᠵᠤ᠂ ᠲᠡᠲᠡᠨ ᠤ ᠲᠤᠲᠤᠭᠠᠲᠦ ᠰᠡᠳᠬᠢᠯᠬᠡ ᠶᠢᠨ ᠶᠢᠷᠲᠢᠨᠴᠤ ᠶᠠᠮᠠᠷᠰᠢᠤ ᠪᠠᠶᠢᠬᠤ᠂ ᠶᠠᠮᠡᠷ ᠰᠡᠳᠬᠢᠯ ᠤᠨ ᠵᠤᠪᠠᠭᠤᠷᠢ ᠲᠠᠢ ᠬᠡᠲᠡᠭ ᠢ ᠨᠢ ᠮᠡᠲᠡᠬᠦ ᠦᠬᠡᠢ᠃ ᠪᠠᠭᠰᠢ ᠰᠤᠷᠤᠬᠴᠢ ᠶᠢᠨ ᠬᠠᠷᠢᠴᠠᠭ᠎ᠠ ᠲᠡᠩᠲᠡᠬᠦᠦ ᠵᠠᠶᠢᠲᠡᠭᠤ᠂ ᠲᠡᠩᠲᠡᠬᠦᠦ ᠬᠦᠢᠲᠡᠮᠰᠦᠭ ᠪᠤᠯᠵᠡᠢ᠃ ᠲᠡᠬᠡᠬᠦ ᠳᠤ ᠪᠠᠨ ᠬᠡᠤᠬᠡᠳ ᠤᠳ ᠮᠠᠨᠤᠰ ᠠᠴᠠ ᠬᠤᠯᠠᠳᠴᠤ᠂ ᠬᠡᠯᠡᠶ᠎ᠠ ᠬᠡᠰᠡᠨ ᠦᠬᠡ ᠪᠠᠨ ᠬᠡᠲᠦᠨᠲᠡ ᠲᠤᠩᠭᠠᠨ ᠶᠠᠷᠢᠲᠠᠬ᠃ ᠡᠰᠡ ᠲᠡᠭᠡᠪᠡᠯ ᠪᠠᠭᠰᠢ ᠳᠤ ᠰᠢᠬᠦᠮᠵᠢᠯᠡᠭᠲᠡᠴᠢᠬᠡᠬᠦ ᠮᠠᠭᠠᠳ ᠦᠬᠡᠢ ᠬᠡᠵᠤ ᠪᠤᠲᠤᠲᠠᠬ᠃ ᠬᠡᠷᠪᠡ ᠪᠢᠲᠡ ᠰᠤᠷᠤᠬᠴᠢ ᠲᠠᠢ ᠪᠠᠨ ᠦᠶ᠎ᠠ ᠶᠢᠨ ᠨᠠᠶᠢᠵᠡ ᠰᠢᠬ ᠵᠦᠡᠭᠲᠡᠬᠡᠨ ᠰᠡᠳᠬᠢᠯ ᠢᠶᠠᠷ ᠢᠶᠠᠨ ᠬᠠᠷᠢᠯᠴᠠᠲᠠᠬ ᠶᠤᠮ ᠪᠤᠯ ᠲᠡᠲᠡᠨ ᠢ ᠨᠠᠩ ᠦᠢᠯᠠᠭᠠᠵᠤ᠂ ᠴᠡᠪᠡᠷ ᠴᠠᠶᠢᠯᠭᠠᠨ ᠬᠡᠤᠬᠡᠳ ᠤᠳ ᠮᠢᠨᠢ ᠠᠶᠠᠨᠲᠠᠭᠠᠨ ᠦᠬᠡᠲᠡᠷᠬᠡᠭ ᠮᠦᠷᠲᠡᠬᠡᠨ ᠪᠡᠶᠠᠰᠤᠩᠭᠤᠢ ᠪᠤᠯᠲᠠᠬ᠃ ᠡᠬᠦᠨ ᠤ ᠤᠯᠡᠮ ᠢᠶᠠᠷ ᠪᠠᠭᠰᠢ ᠪᠠᠨ ᠦᠢᠯᠠᠭᠠᠵᠤ᠂ ᠪᠠᠭᠰᠢ ᠲᠠᠢ ᠪᠠᠨ ᠤᠶᠢᠢᠷᠡᠳᠬᠤ ᠶᠢ ᠰᠠᠨᠠᠵᠤ᠂ ᠪᠠᠭᠰᠢ ᠪᠠᠨ ᠬᠦᠨᠲᠦᠳᠬᠡᠨ᠂ ᠬᠢᠴᠢᠶᠡᠯ ᠰᠤᠷᠤᠯᠭ᠎ᠠ ᠳᠤ ᠪᠠᠨ ᠴᠢᠷᠮᠠᠶᠢᠵᠤ᠂ ᠬᠢᠴᠢᠶᠡᠯᠯᠡᠭᠡ ᠶᠢᠨ ᠦᠷ᠎ᠠ ᠠᠰᠢᠬ ᠠᠶᠠᠨᠲᠠᠭᠠᠨ ᠲᠡᠭᠡᠭᠰᠢᠯᠡᠲᠡᠭ ᠶᠤᠮ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号