ᠣᠳᠣᠬᠠᠨ ᠳᠤ ᠳᠤᠮᠳᠠᠲᠦ ᠰᠤᠷᠭᠠᠭᠤᠯᠢ ᠶᠢᠨ ᠰᠤᠷᠤᠭᠴᠢᠳ ᠤᠨ ᠰᠡᠳᠭᠢᠴᠡ ᠶᠢᠨ ᠲᠣᠬᠠᠢ ᠬᠦᠮᠦᠵᠢᠯ | ᠬᠦᠷᠲᠡᠭᠡᠬᠦ ᠠᠰᠠᠭᠤᠳᠠᠯ ᠲᠤᠯᠭᠠᠮ ᠱᠠᠭᠠᠷᠳᠠᠭᠳᠠᠵᠤ ᠪᠠᠶᠢᠨ᠎ᠠ᠃ ᠡᠶᠢᠮᠦ ᠠᠴᠠ ᠪᠢ ᠡᠭᠦᠨ ᠤ ᠲᠣᠬᠠᠢ | ᠰᠤᠷᠤᠭᠴᠢᠳ ᠤᠨ ᠪᠡᠶ᠎ᠡ ᠳᠡᠭᠡᠷ᠎ᠡ ᠠᠷᠪᠠᠨ ᠲᠠᠯ᠎ᠠ ᠪᠠᠷ ᠢᠯᠡᠷᠡᠵᠦ ᠪᠠᠶᠢᠭ᠎ᠠ ᠠᠰᠠᠭᠤᠳᠠᠯ ᠳᠤ ᠵᠠᠳᠠᠯᠤᠯᠲᠠ ᠬᠢᠵᠦ | ᠥᠪᠡᠷ ᠤᠨ ᠦᠵᠡᠯᠲᠡ ᠤᠶᠢᠯᠠᠭᠠᠯᠲᠠ ᠪᠠᠨ ᠶᠠᠷᠢᠶ᠎ᠠ᠃ | 1. ᠰᠤᠷᠤᠯᠴᠠᠯᠭ᠎ᠠ ᠶᠢ ᠬᠦᠨᠳᠦ ᠳᠠᠷᠤᠭᠠᠰᠤ ᠪᠣᠯᠭᠠᠬᠤ᠃ ᠰᠤᠷᠤᠭᠴᠢᠳ ᠡᠳᠦᠷ ᠲᠣᠳᠤᠮ ᠤᠨ | ᠠᠮᠢᠳᠤᠷᠠᠯ ᠤᠨ ᠳᠤᠮᠳᠠ ᠰᠤᠷᠤᠯᠴᠠᠯᠭ᠎ᠠ ᠶᠢ ᠬᠦᠨᠳᠦ ᠳᠠᠷᠤᠭᠠᠰᠤ ᠪᠣᠯᠭᠠᠵᠤ᠂ ᠰᠢᠯᠭᠠᠯᠲᠠ ᠬᠢᠵᠦ ᠬᠢᠷᠢ ᠪᠦᠲᠦᠮᠵᠢ | ᠠᠪᠬᠤ ᠶᠢ ᠰᠣᠨᠤᠰᠬᠤ ᠲᠠᠢ ᠵᠡᠷᠭᠡ ᠪᠠᠴᠢᠮᠳᠠᠵᠤ ᠰᠠᠨᠳᠤᠷᠬᠤ ᠪᠠᠶᠢᠳᠠᠯ ᠢᠯᠡᠷᠡᠳᠡᠭ᠃ | 2. ᠵᠦᠷᠢᠭᠦᠯᠡᠨ ᠥᠰᠢᠶᠡᠷᠬᠡᠬᠦ ᠪᠣᠳᠤᠯᠭ᠎ᠠ ᠲᠠᠢ ᠪᠣᠯᠬᠤ᠃ ᠭᠡᠨᠡᠳᠲᠡ ᠪᠠᠷ ᠬᠠᠮᠲᠦ ᠰᠤᠷᠤᠯᠭᠠᠲᠠᠨ ᠨᠠᠶᠢᠵᠠ | ᠨᠠᠷ ᠲᠠᠢ ᠪᠠᠨ ᠶᠠᠮᠠᠷ ᠴᠤ ᠤᠴᠢᠷ ᠰᠢᠯᠳᠠᠭᠠᠨ ᠦᠭᠡᠢ ᠪᠠᠷ ᠦᠰᠢᠶᠡᠷᠬᠡᠬᠦ ᠪᠣᠳᠤᠯᠭ᠎ᠠ ᠣᠷᠤᠵᠤ ᠬᠡᠨ ᠢ ᠴᠤ ᠢᠲᠡᠭᠡᠵᠦ | ᠪᠣᠯᠬᠤ ᠦᠭᠡᠢ ᠭᠡᠵᠦ ᠦᠵᠡᠳᠡᠭ᠃ | 3. ᠬᠠᠮᠲᠦ ᠨᠦᠬᠦᠳ ᠤᠨ ᠬᠤᠭᠤᠷᠤᠨᠳᠤᠬᠢ ᠬᠠᠷᠢᠴᠠᠭ᠎ᠠ ᠨᠢ ᠪᠠᠷᠤᠭᠲᠠᠢ ᠪᠣᠯᠬᠤ᠃ ᠪᠣᠰᠤᠳ ᠲᠠᠢ | ᠬᠠᠷᠢᠯᠴᠠᠬᠤ ᠳᠤ ᠪᠠᠨ ᠲᠡᠭᠦᠨ ᠢ ᠲᠣᠭᠤᠬᠤ ᠦᠭᠡᠢ ᠪᠣᠶᠤ ᠮᠠᠭᠤᠯᠠᠵᠤ ᠪᠠᠶᠢᠨ᠎ᠠ ᠭᠡᠵᠦ ᠰᠡᠵᠢᠭᠯᠡᠬᠦ᠂ ᠵᠠᠷᠢᠮ ᠡᠷᠡᠭᠲᠡᠢ | ᠡᠮᠡᠭᠲᠡᠢ ᠬᠠᠮᠲᠦ ᠰᠤᠷᠤᠯᠭᠠᠲᠠᠨ ᠨᠢ ᠴᠤᠭ ᠲᠤ ᠪᠠᠨ ᠶᠠᠪᠤᠪᠠᠯ ᠢᠨᠠᠭ ᠳᠤᠷᠠᠯᠠᠯ ᠤᠨ ᠬᠠᠷᠢᠴᠠᠭ᠎ᠠ ᠡᠭᠦᠰᠴᠦ ᠪᠠᠶᠢᠨ᠎ᠠ | ᠭᠡᠵᠦ ᠦᠢᠮᠡᠭᠡᠨ ᠳᠡᠪᠵᠢᠶᠡᠨ ᠭᠠᠷᠭᠠᠵᠤ ᠪᠠᠶᠢᠳᠠᠭ᠃ | 4. ᠭᠠᠩᠰᠠᠷᠠᠵᠤ ᠰᠠᠭᠤᠬᠤ᠃ ᠬᠠᠶᠠ ᠵᠠᠷᠢᠮ ᠰᠤᠷᠤᠭᠴᠢ ᠰᠤᠷᠤᠯᠭ᠎ᠠ ᠠᠮᠢᠳᠤᠷᠠᠯ ᠤᠨ ᠳᠤᠮᠳᠠ ᠪᠠᠨ ᠵᠣᠪᠠᠵᠤ | ᠪᠤᠬᠢᠨᠢᠳᠤᠬᠤ᠂ ᠴᠤᠭ ᠰᠦᠯᠲᠡ ᠦᠭᠡᠢ ᠪᠣᠯᠬᠤ᠂ ᠰᠤᠷᠤᠯᠭ᠎ᠠ ᠢᠷᠡᠭᠡᠳᠦᠢ ᠳᠤ ᠪᠠᠨ ᠢᠲᠡᠭᠡᠯ ᠦᠭᠡᠢ ᠪᠣᠯᠬᠤ᠃ | 5. ᠪᠠᠴᠢᠮᠳᠠᠵᠤ ᠵᠣᠪᠠᠨᠢᠬᠤ᠃ ᠶᠠᠮᠠᠷ ᠨᠢᠭᠡᠨ ᠤᠴᠢᠷ ᠭᠠᠷᠬᠤ ᠰᠢᠭ᠋ ᠰᠠᠨᠠᠭᠳᠠᠵᠤ ᠶᠡᠷᠦ ᠳᠤ ᠪᠠᠨ ᠲᠠᠶᠢᠪᠤᠩ | ᠪᠣᠰᠤ ᠪᠠᠶᠢᠳᠠᠯ ᠳᠤ ᠣᠷᠤᠬᠤ᠃ | 6. ᠥᠪᠡᠷ ᠢ ᠪᠠᠨ ᠠᠯᠪᠠᠳᠠᠬᠤ᠃ ᠬᠢᠬᠦ ᠴᠢᠬᠤᠯᠠ ᠦᠭᠡᠢ ᠶᠢ ᠮᠡᠳᠡᠵᠦ ᠪᠠᠶᠢᠭᠠᠳ ᠥᠪᠡᠷ ᠢ ᠪᠠᠨ ᠠᠯᠪᠠᠳᠠᠵᠤ | ᠪᠠᠶᠢᠭᠠᠳ ᠬᠢᠯᠭᠡᠬᠦ᠃ | 7. ᠳᠠᠶᠢᠰᠤᠩᠨᠠᠬᠤ ᠣᠪᠣᠷ ᠲᠠᠢ ᠪᠣᠯᠬᠤ᠃ ᠶᠡᠷᠦ ᠶᠢᠨ ᠪᠠᠶᠢᠳᠠᠯ ᠳᠣᠣᠷ᠎ᠠ ᠪᠣᠰᠤᠳ ᠲᠠᠢ ᠮᠠᠷᠭᠤᠯᠳᠤᠬᠤ ᠪᠣᠶᠦ | ᠪᠣᠰᠤᠳ ᠲᠤ ᠬᠠᠷᠢᠶᠠᠭᠳᠠᠵᠤ ᠵᠣᠳᠤᠭᠰᠠᠨ ᠤ ᠰᠡᠭᠦᠯᠡᠷ ᠰᠠᠶ᠋ᠢ ᠡᠨᠡ ᠬᠦ ᠪᠠᠶᠢᠳᠠᠯ ᠢᠯᠡᠷᠡᠳᠡᠭ᠃ ᠭᠡᠲᠡᠯ᠎ᠡ ᠶᠠᠮᠠᠷ ᠴᠤ | ᠤᠴᠢᠷ ᠰᠢᠯᠳᠠᠭᠠᠨ ᠦᠭᠡᠢ ᠪᠠᠷ ᠬᠠᠮᠲᠦ ᠨᠦᠬᠦᠳ ᠢᠶᠠᠨ ᠵᠣᠳᠤᠵᠤ ᠴᠣᠬᠢᠬᠤ ᠪᠣᠳᠣᠯ ᠣᠷᠤᠬᠤ᠃ | 8. ᠵᠣᠬᠢᠴᠠᠬᠤ ᠴᠢᠳᠠᠪᠤᠷᠢ ᠠᠨᠠᠢ ᠪᠣᠯᠬᠤ᠃ ᠰᠤᠷᠭᠠᠭᠤᠯᠢ ᠶᠢᠨ ᠠᠮᠢᠳᠤᠷᠠᠯ ᠳᠤ ᠵᠣᠬᠢᠴᠠᠯᠳᠤᠵᠤ ᠴᠢᠳᠠᠬᠤ | ᠦᠭᠡᠢ᠂ ᠪᠠᠭᠰᠢ ᠶᠢᠨ ᠢᠶᠠᠨ ᠵᠢᠭᠠᠨ ᠰᠤᠷᠭᠠᠬᠤ ᠠᠷᠭ᠎ᠠ ᠮᠠᠶ᠋ᠢᠭ ᠲᠤ ᠲᠡᠰᠴᠦ ᠴᠢᠳᠠᠬᠤ ᠦᠭᠡᠢ᠂ ᠰᠤᠷᠭᠠᠭᠤᠯᠢ ᠶᠢᠨ | ᠪᠣᠶᠤ ᠠᠩᠭᠢ ᠶᠢᠨ ᠡᠯ᠎ᠡ ᠵᠦᠢᠯ ᠤᠨ ᠬᠦᠳᠡᠯᠭᠡᠭᠡᠨ ᠳᠤ ᠢᠳᠡᠪᠬᠢᠲᠠᠢ ᠣᠷᠤᠯᠴᠠᠬᠤ ᠳᠤᠷ᠎ᠠ ᠦᠭᠡᠢ ᠪᠣᠯᠬᠤ᠃ | 9. ᠤᠷᠮ᠎ᠠ ᠵᠣᠷᠢᠭ ᠨᠢ ᠪᠠᠭᠤᠷᠠᠵᠤ᠂ ᠡᠳᠦᠷ ᠳᠤᠲᠤᠮ ᠤᠨ ᠠᠮᠢᠳᠤᠷᠠᠯ ᠤᠨ ᠵᠢᠮ᠎ᠡ ᠶᠣᠰᠤ ᠨᠢ ᠳᠣᠭᠳᠠᠪᠤᠷᠢ | ᠦᠭᠡᠢ ᠪᠣᠯᠬᠤ᠃ | 10. ᠰᠡᠳᠭᠢᠴᠡ ᠶᠢᠨ ᠡᠷᠡᠭᠦᠯ ᠴᠢᠬᠢᠷᠠᠭ ᠤᠨ ᠲᠡᠩᠴᠡᠭᠦᠷᠢᠲᠦ ᠪᠣᠰᠤ ᠴᠢᠨᠠᠷ ᠤᠨ ᠢᠯᠡᠷᠡᠯ ᠲᠠᠢ ᠪᠣᠯᠬᠤ᠃ | ᠪᠣᠰᠤᠳ ᠬᠦᠮᠦᠨ ᠪᠣᠶᠤ ᠬᠠᠮᠲᠦ ᠰᠤᠷᠤᠯᠭᠠᠲᠠᠨ ᠨᠢ ᠲᠡᠭᠦᠨ ᠠᠴᠠ ᠦᠨᠳᠦᠷ ᠠᠮᠵᠢᠯᠲᠠ ᠣᠯᠬᠤ ᠪᠠ ᠬᠢᠷᠢ | ᠬᠡᠮᠵᠢᠶ᠎ᠡ ᠨᠢ ᠰᠠᠶᠢᠨ ᠪᠣᠯᠪᠠᠯ ᠦᠵᠡᠵᠦ ᠴᠢᠳᠠᠬᠤ ᠦᠭᠡᠢ ᠪᠣᠯᠬᠤ᠃ | ᠳᠡᠭᠡᠷᠡᠬᠢ ᠶᠠᠷᠢᠵᠤ ᠥᠩᠭᠡᠷᠡᠭᠰᠡᠨ ᠠᠷᠪᠠᠨ ᠵᠦᠢᠯ ᠤᠨ ᠤᠴᠢᠷ ᠰᠢᠯᠲᠠᠭᠠᠨ ᠨᠢ ᠶᠠᠭᠠᠬᠢᠭᠠᠳ ᠡᠭᠦᠰᠦᠭᠰᠡᠨ ᠪᠣᠢ | ᠭᠡᠪᠡᠯ᠂ ᠲᠡᠭᠦᠨ ᠤ ᠦᠨᠳᠦᠰᠦᠨ ᠰᠢᠯᠲᠠᠭᠠᠨ ᠢ ᠳᠣᠣᠷᠠᠬᠢ ᠮᠡᠲᠦ ᠭᠤᠷᠪᠠᠨ ᠲᠠᠯ᠎ᠠ ᠪᠠᠷ ᠶᠠᠷᠢᠶ᠎ᠠ᠃ | ᠨᠢᠭᠡ᠂ ᠳᠤᠮᠳᠠᠲᠤ ᠰᠤᠷᠭᠠᠭᠤᠯᠢ ᠶᠢᠨ ᠰᠤᠷᠤᠭᠴᠢᠳ ᠤᠨ ᠰᠡᠳᠭᠢᠴᠡ ᠶᠢᠨ ᠡᠷᠡᠭᠦᠯ ᠴᠢᠬᠢᠷᠠᠭ ᠤᠨ | ᠬᠦᠮᠦᠵᠢᠯ ᠢ ᠴᠢᠬᠤᠯᠠᠴᠢᠯᠠᠭᠰᠠᠨ ᠦᠭᠡᠢ ᠠᠴᠠ ᠪᠣᠯᠵᠠᠢ᠃ ᠡᠨᠡ ᠨᠢ ᠮᠦᠨ ᠴᠦ ᠮᠠᠨ ᠤ ᠤᠯᠤᠰ ᠤᠨ ᠰᠤᠷᠭᠠᠨ | ᠬᠦᠮᠦᠵᠢᠯ ᠤᠨ ᠰᠠᠯᠠᠭ᠎ᠠ ᠮᠦᠴᠢᠷ ᠲᠤ ᠤᠷᠲᠤ ᠬᠤᠭᠤᠴᠠᠭ᠎ᠠ ᠪᠠᠷ ᠣᠷᠤᠰᠢᠵᠤ ᠪᠠᠶᠢᠭ᠎ᠠ ᠠᠰᠠᠭᠤᠳᠠᠯ ᠪᠣᠯᠤᠨ᠎ᠠ᠃ | ᠣᠶᠢᠷ᠎ᠠ ᠶᠢᠨ ᠬᠡᠳᠦᠨ ᠵᠢᠯ ᠤᠨ ᠰᠤᠷᠭᠠᠨ ᠬᠦᠮᠦᠵᠢᠯ ᠤᠨ ᠬᠦᠭᠵᠢᠯᠲᠡ ᠪᠠᠷ ᠳᠠᠮᠵᠢᠨ ᠡᠨᠡ ᠬᠦ ᠠᠰᠠᠭᠤᠳᠠᠯ ᠬᠡᠳᠦ᠋ᠢᠪᠡᠷ | ᠵᠣᠬᠢᠬᠤ ᠬᠡᠮᠵᠢᠶ᠎ᠡ ᠪᠠᠷ ᠰᠠᠶᠢᠵᠢᠷᠠᠭᠰᠠᠨ ᠪᠣᠯᠪᠠᠴᠤ ᠳᠤᠮᠳᠠᠲᠤ ᠰᠤᠷᠭᠠᠭᠤᠯᠢ ᠶᠢᠨ ᠰᠤᠷᠤᠭᠴᠢᠳ ᠤᠨ ᠰᠡᠳᠭᠢᠴᠡ ᠶᠢᠨ | ᠡᠷᠡᠭᠦᠯ ᠴᠢᠬᠢᠷᠠᠭ ᠤᠨ ᠬᠦᠮᠦᠵᠢᠯ ᠨᠢ ᠮᠦᠨ ᠴᠦ ᠳᠤᠮᠳᠠᠲᠦ ᠰᠤᠷᠭᠠᠭᠤᠯᠢ ᠶᠢᠨ ᠬᠢᠴᠢᠶᠡᠯ ᠤᠨ ᠭᠤᠣᠯ ᠲᠦᠷᠦᠯ | ᠪᠣᠯᠵᠦ ᠴᠢᠳᠠᠭ᠎ᠠ ᠦᠭᠡᠢ ᠪᠠᠶᠢᠭᠰᠠᠭᠠᠷ ᠶᠤᠮ᠃ ᠨᠢᠭᠡ ᠬᠡᠰᠡᠭ ᠰᠤᠷᠭᠠᠨ ᠬᠦᠮᠦᠵᠢᠯᠲᠡᠨ᠂ ᠳᠠᠷᠤᠭ᠎ᠠ ᠨᠠᠷ | ᠰᠡᠳᠭᠢᠴᠡ ᠶᠢᠨ ᠡᠷᠡᠭᠦᠯ ᠴᠢᠬᠢᠷᠠᠭ ᠤᠨ ᠬᠦᠮᠦᠵᠢᠯ ᠨᠢ ᠰᠤᠷᠤᠭᠴᠢᠳ ᠤᠨ ᠪᠦᠬᠦ ᠲᠠᠯ᠎ᠠ ᠪᠠᠷ ᠬᠦᠭᠵᠢᠬᠦ ᠶᠢᠨ ᠴᠢᠬᠤᠯᠠ | ᠴᠢᠨᠠᠷ ᠢ ᠮᠡᠳᠡᠬᠦ ᠦᠭᠡᠢ ᠪᠠᠶᠢᠨ᠎ᠠ᠂ ᠰᠠᠶᠢᠨ ᠰᠠᠶᠢᠬᠠᠨ ᠤᠷᠮ᠎ᠠ ᠵᠣᠷᠢᠭ᠂ ᠪᠦᠷᠢᠨ ᠪᠦᠲᠦᠨ ᠦᠨ᠎ᠡ ᠴᠡᠨ᠎ᠡ ᠶᠢᠨ | ᠦᠵᠡᠯᠲᠡ ᠪᠠ ᠵᠣᠬᠢᠴᠠᠬᠤ ᠴᠢᠳᠠᠪᠤᠷᠢ ᠨᠢ ᠰᠤᠷᠤᠭᠴᠢᠳ ᠤᠨ ᠮᠡᠳᠡᠯᠭᠡ ᠡᠵᠡᠮᠰᠢᠬᠦ᠂ ᠣᠶᠤᠨ ᠴᠢᠳᠠᠪᠣᠷᠢ ᠶᠢ ᠨᠢ | ᠬᠦᠭᠵᠢᠭᠦᠯᠬᠦ ᠲᠠᠯ᠎ᠠ ᠪᠠᠷ ᠮᠠᠰᠢ ᠴᠢᠬᠤᠯᠠ ᠦᠢᠯᠠᠳᠦᠯ ᠲᠠᠢ ᠭᠡᠳᠡᠭ ᠢ ᠪᠠᠰᠠ ᠣᠯᠵᠦ ᠲᠠᠨᠢᠭ᠎ᠠ ᠦᠭᠡᠢ ᠪᠠᠶᠢᠭᠰᠠᠭᠠᠷ᠂ | ᠰᠡᠳᠭᠢᠴᠡ ᠶᠢᠨ ᠤᠬᠠᠭᠠᠨ ᠤ ᠵᠣᠬᠢᠰᠲᠠᠢ ᠡᠮᠨᠡᠨ ᠵᠠᠰᠠᠬᠤ ᠠᠷᠭ᠎ᠠ ᠪᠠᠷ ᠰᠤᠷᠤᠭᠴᠢᠳ ᠤᠨ ᠡᠳᠦᠷ ᠠᠴᠠ ᠡᠳᠦᠷ | ᠣᠯᠠᠰᠢᠷᠠᠵᠤ ᠪᠠᠶᠢᠭ᠎ᠠ ᠰᠡᠳᠭᠢᠴᠡ ᠶᠢᠨ ᠲᠠᠯ᠎ᠠ ᠶᠢᠨ ᠠᠰᠠᠭᠤᠳᠠᠯ ᠢ ᠳᠠᠷᠤᠢ ᠲᠦᠷᠭᠡᠨ ᠰᠢᠢᠳᠪᠦᠷᠢᠯᠡᠪᠡᠯ ᠵᠣᠬᠢᠨ᠎ᠠ᠃ | ᠬᠤᠶᠠᠷ᠂ ᠰᠢᠯᠭᠠᠯᠲᠠ ᠶᠢ ᠠᠷᠭᠠᠴᠠᠬᠤ ᠬᠦᠮᠦᠵᠢᠯ ᠨᠢ ᠰᠤᠷᠤᠭᠴᠢᠳ ᠤᠨ ᠦᠵᠡᠯ ᠰᠠᠨᠠᠭᠠᠨ ᠤ ᠳᠠᠷᠤᠭᠠᠰᠤ ᠶᠢ | ᠬᠦᠨᠳᠦᠷᠡᠭᠦᠯᠦᠭᠰᠡᠨ ᠠᠴᠠ ᠪᠣᠯᠵᠠᠢ᠃ ᠡᠨᠡ ᠨᠢ ᠣᠳᠣᠬᠠᠨ ᠤ ᠳᠤᠮᠳᠠᠲᠦ ᠰᠤᠷᠭᠠᠭᠤᠯᠢ ᠶᠢᠨ ᠰᠤᠷᠤᠭᠴᠢᠳ ᠤᠨ | ᠰᠡᠳᠭᠢᠴᠡ ᠶᠢᠨ ᠠᠰᠠᠭᠤᠳᠠᠯ ᠲᠠᠢ ᠪᠣᠯᠵᠦ ᠪᠠᠶᠢᠬᠤ ᠶᠢᠨ ᠰᠢᠭᠤᠳ ᠰᠢᠯᠲᠠᠭᠠᠨ ᠪᠣᠯᠤᠨ᠎ᠠ᠃ ᠵᠠᠷᠢᠮ ᠰᠤᠷᠤᠭᠴᠢᠳ | ᠤᠯᠤᠰ ᠤᠨ ᠰᠢᠯᠭᠠᠯᠲᠠ ᠪᠣᠶᠤ ᠬᠤᠭᠤᠴᠠᠭᠠᠨ ᠰᠡᠭᠦᠯ ᠤᠨ ᠰᠢᠯᠭᠠᠯᠲᠠ ᠤᠶᠢᠷᠠᠳᠤᠬᠤ ᠳᠣᠲᠤᠮ ᠠᠶᠤᠨ ᠰᠠᠨᠳᠤᠷᠴᠤ᠂ | ᠢᠳᠡᠵᠦ ᠤᠤᠭᠤᠬᠤ᠂ ᠤᠨᠲᠠᠵᠤ ᠬᠡᠪᠳᠡᠬᠦ ᠪᠠᠨ ᠲᠣᠬᠢᠷᠠᠭᠤᠯᠵᠤ ᠴᠢᠳᠠᠬᠤ ᠦᠭᠡᠢ ᠪᠣᠯᠳᠠᠭ᠃ ᠰᠤᠷᠤᠯᠴᠠᠬᠤ ᠠᠴᠠ | ᠬᠠᠯᠠᠰᠢᠷᠠᠬᠤ ᠪᠣᠯ ᠣᠳᠣᠬᠢ ᠰᠤᠷᠤᠭᠴᠢᠳ ᠤᠨ ᠳᠤᠮᠳᠠ ᠣᠷᠤᠰᠢᠵᠤ ᠪᠠᠶᠢᠭ᠎ᠠ ᠨᠡᠶᠢᠳᠡᠮ ᠤᠨ ᠴᠢᠨᠠᠷᠲᠠᠢ ᠠᠰᠠᠭᠤᠳᠠᠯ | ᠪᠣᠯᠤᠨ᠎ᠠ᠃ ᠰᠤᠷᠤᠯᠭ᠎ᠠ ᠳᠤ ᠪᠠᠨ ᠪᠠᠷᠤᠭᠲᠠᠢ ᠰᠤᠷᠤᠭᠴᠢᠳ ᠰᠤᠷᠬᠤ ᠳᠤᠷ᠎ᠠ ᠦᠭᠡᠢ ᠪᠠᠷ ᠪᠠᠷᠠᠬᠤ ᠦᠭᠡᠢ ᠪᠠᠰᠠ | ᠰᠠᠶᠢᠨ ᠰᠤᠷᠤᠭᠴᠢᠳ ᠤᠨ ᠰᠤᠷᠤᠯᠴᠠᠬᠤ ᠤᠷᠮ᠎ᠠ ᠵᠣᠷᠢᠭ ᠢ ᠨᠢ ᠬᠠᠷᠰᠢᠯᠠᠵᠤ ᠪᠠᠶᠢᠨ᠎ᠠ᠃ ᠣᠨᠴᠠᠭᠠᠶᠢᠯᠠᠨ ᠵᠠᠷᠢᠮ | ᠰᠤᠷᠭᠠᠭᠤᠯᠢ ᠨᠢ ᠰᠤᠷᠭᠠᠭᠤᠯᠢ ᠳᠡᠪᠰᠢᠬᠤ ᠨᠤᠷᠮ᠎ᠠ ᠶᠢ ᠦᠷᠦᠭᠡᠰᠦᠯ ᠢᠶᠠᠷ ᠬᠦᠭᠡᠭᠡᠴᠡᠯᠳᠦᠵᠦ ᠰᠤᠷᠤᠭᠴᠢᠳ ᠤᠨ ᠪᠡᠶ᠎ᠡ | ᠰᠡᠳᠭᠢᠴᠡ ᠶᠢᠨ ᠣᠨᠴᠠᠯᠢᠭ ᠪᠠ ᠬᠦᠯᠢᠶᠡᠨ ᠠᠪᠴᠤ ᠳᠡᠶᠢᠯᠬᠦ ᠡᠰᠡᠬᠦ ᠶᠢ ᠬᠠᠮᠢᠶᠠᠷᠬᠤ ᠦᠭᠡᠢ ᠪᠠᠷ ᠰᠤᠷᠤᠭᠴᠢᠳ ᠤᠨ | ᠰᠤᠷᠤᠯᠭ᠎ᠠ ᠶᠢᠨ ᠳᠠᠷᠤᠭᠠᠰᠤ ᠶᠢ ᠨᠡᠮᠡᠭᠳᠡᠭᠦᠯᠦᠭᠰᠡᠨ ᠠᠴᠠ ᠵᠠᠷᠢᠮ ᠰᠤᠷᠤᠭᠴᠢ ᠶᠢᠨ ᠰᠡᠳᠭᠢᠴᠡ ᠨᠢ ᠰᠠᠮᠠᠭᠤᠷᠠᠵᠤ᠂ | ᠴᠢᠨᠠᠭᠰᠢᠯᠠᠨ ᠰᠡᠳᠭᠢᠴᠡ ᠶᠢᠨ ᠡᠷᠡᠭᠦᠯ ᠪᠣᠰᠤ ᠡᠪᠡᠳᠴᠢᠨ ᠣᠯᠤᠭᠰᠠᠨ ᠪᠠᠶᠢᠨ᠎ᠠ᠃ | ᠭᠤᠷᠪᠠ᠂ ᠭᠡᠷ ᠪᠦᠯᠢ ᠶᠢᠨ ᠬᠦᠮᠦᠵᠢᠯ ᠬᠢᠬᠦ ᠠᠷᠭ᠎ᠠ ᠮᠠᠶ᠋ᠢᠭ ᠨᠢ ᠵᠣᠬᠢᠰ ᠦᠭᠡᠢ ᠠᠴᠠ ᠪᠣᠯᠵᠠᠢ᠃ | ᠰᠤᠷᠤᠭᠴᠢᠳ ᠤᠨ ᠭᠡᠷ ᠤᠨ ᠠᠬᠠᠮᠠᠳ ᠤᠨ ᠬᠦᠮᠦᠵᠢᠯ ᠬᠢᠬᠦ ᠠᠷᠭ᠎ᠠ ᠮᠠᠶ᠋ᠢᠭ ᠨᠢ ᠠᠳᠠᠯᠢ ᠦᠭᠡᠢ ᠠᠴᠠ ᠪᠣᠯᠵᠦ ᠠᠳᠠᠯᠢ | ᠪᠣᠰᠤ ᠶᠢᠨ ᠪᠠᠶᠢᠳᠠᠯ ᠢᠯᠡᠷᠡᠳᠡᠭ᠃ ᠵᠠᠷᠢᠮ ᠭᠡᠷ ᠪᠦᠯᠢ ᠶᠢᠨ ᠬᠦᠮᠦᠵᠢᠯ ᠨᠢ ᠠᠷᠠᠳᠴᠢᠯᠠᠭᠰᠠᠨ ᠪᠦᠭᠡᠳ ᠶᠡᠭᠡ ᠡᠶ᠎ᠡ | ᠵᠣᠬᠢᠴᠠᠩᠭᠤᠢ ᠪᠠᠶᠢᠳᠠᠭ᠃ ᠵᠠᠷᠢᠮ ᠭᠡᠷ ᠤᠨ ᠠᠬᠠᠮᠠᠳ ᠵᠦᠪᠬᠡᠨ ᠬᠡᠦᠬᠡᠳ ᠤᠨ ᠢᠶᠠᠨ ᠰᠤᠷᠤᠯᠭ᠎ᠠ ᠶᠢᠨ ᠬᠢᠷᠢ | ᠪᠦᠲᠦᠮᠵᠢ ᠪᠠ ᠢᠳᠡᠵᠦ ᠡᠮᠦᠰᠬᠦ ᠶᠢ ᠨᠢ ᠠᠩᠬᠠᠷᠬᠤ ᠠᠴᠠ ᠪᠢᠰᠢ ᠲᠡᠳᠡᠨ ᠤ ᠦᠵᠡᠯ ᠰᠠᠨᠠᠭᠠᠨ ᠤ ᠬᠤᠪᠢᠷᠠᠯᠲᠠ᠂ | ᠰᠡᠳᠭᠢᠴᠡ ᠶᠢᠨ ᠪᠠᠶᠢᠳᠠᠯ ᠪᠠ ᠦᠰᠦᠯᠲᠡ ᠪᠤᠶᠢᠵᠢᠯᠲᠠ ᠶᠢᠨ ᠳᠤᠮᠳᠠᠬᠢ ᠬᠠᠷᠰᠢ ᠰᠠᠭᠠᠳ ᠢ ᠳᠠᠮᠠᠢ ᠠᠩᠬᠠᠷᠴᠤ | ᠤᠶᠢᠯᠠᠭᠠᠬᠤ ᠦᠭᠡᠢ ᠪᠠᠶᠢᠳᠠᠭ᠃ ᠡᠭᠦᠨ᠎ᠡ ᠠᠴᠠ ᠭᠠᠳᠠᠨ᠎ᠠ᠂ ᠪᠠᠰᠠ ᠡᠶ᠎ᠡ ᠵᠣᠬᠢᠴᠠᠩᠭᠤᠢ ᠪᠣᠰᠤ ᠭᠡᠷ ᠪᠦᠯᠢ ᠶᠢᠨ | ᠬᠦᠮᠦᠵᠢᠯ ᠨᠢ ᠰᠤᠷᠤᠭᠴᠢᠳ ᠤᠨ ᠪᠡᠶ᠎ᠡ ᠰᠡᠳᠭᠢᠴᠡ ᠶᠢᠨ ᠦᠰᠦᠯᠲᠡ ᠪᠤᠶᠢᠵᠢᠯᠲᠠ ᠳᠤ ᠮᠠᠭᠤ ᠨᠦᠯᠦᠭᠡ ᠳᠤᠰᠬᠠᠯ | ᠭᠠᠷᠭᠠᠳᠠᠭ᠃ | ᠪᠣᠳᠠᠲᠦ ᠬᠡᠷᠡᠭ ᠭᠡᠷᠡᠴᠢᠯᠡᠭᠰᠡᠨ ᠨᠢ᠂ ᠡᠷᠡᠭᠦᠯ ᠴᠢᠬᠢᠷᠠᠭ ᠰᠡᠳᠭᠢᠴᠡ ᠶᠢᠨ ᠪᠠᠶᠢᠳᠠᠯ ᠨᠢ ᠬᠦᠮᠦᠨ ᠤ ᠨᠢᠭᠡ | ᠨᠠᠰᠤᠨ ᠳᠤ ᠲᠤᠩ ᠴᠢᠬᠤᠯᠠ ᠪᠠᠶᠢᠳᠠᠭ᠃ ᠳᠤᠮᠳᠠᠲᠤ ᠰᠤᠷᠭᠠᠭᠤᠯᠢ ᠶᠢᠨ ᠰᠤᠷᠤᠭᠴᠢᠳ ᠤᠨ ᠰᠡᠳᠭᠢᠴᠡ ᠨᠢ | ᠲᠣᠭᠳᠠᠪᠤᠷᠢ ᠦᠭᠡᠢ᠂ ᠦᠵᠡᠯᠲᠡ ᠲᠠᠨᠢᠯᠲᠠ ᠨᠢ ᠭᠦᠨᠵᠡᠭᠡᠢ ᠪᠢᠰᠢ᠂ ᠪᠡᠶ᠎ᠡ ᠰᠡᠳᠭᠢᠴᠡ ᠶᠢᠨ ᠬᠦᠭᠵᠢᠯᠲᠡ ᠨᠢ | ᠪᠣᠯᠪᠠᠰᠤᠷᠠᠩᠭᠤᠢ ᠦᠭᠡᠢ᠂ ᠨᠡᠶᠢᠭᠡᠮ ᠪᠠ ᠭᠡᠷ ᠪᠦᠯᠢ ᠳᠤ ᠨᠠᠶᠢᠳᠠᠬᠤ ᠵᠡᠷᠭᠡ ᠣᠨᠴᠠᠯᠢᠭ ᠨᠢ ᠨᠠᠰᠤᠨ ᠳᠤ | ᠬᠦᠷᠦᠭᠰᠡᠳ ᠲᠠᠢ ᠬᠠᠷᠢᠴᠠᠭᠤᠯᠪᠠᠯ ᠨᠡᠩ ᠠᠮᠠᠷᠬᠠᠨ ᠵᠣᠪᠠᠨᠢᠬᠤ᠂ ᠠᠮᠠᠷᠬᠠᠨ ᠨᠤᠭᠤᠷᠠᠯ ᠪᠦᠳᠦᠷᠢᠯ ᠳᠤ ᠤᠴᠠᠷᠠᠬᠤ᠂ | ᠠᠮᠠᠷᠬᠠᠨ ᠡᠷᠡᠭᠦᠯ ᠪᠣᠰᠤ ᠰᠡᠳᠭᠢᠴᠡ ᠶᠢᠨ ᠡᠪᠡᠳᠴᠢᠨ ᠣᠯᠳᠠᠭ᠃ ᠡᠶᠢᠮᠦ ᠠᠴᠠ ᠲᠦᠷ ᠴᠠᠭ ᠤᠨ ᠴᠢᠨᠠᠷ ᠲᠠᠢ | ᠰᠡᠳᠭᠢᠴᠡ ᠶᠢᠨ ᠠᠰᠠᠭᠤᠳᠠᠯ ᠢ ᠳᠠᠷᠤᠢ ᠳᠤ ᠨᠢ ᠰᠢᠢᠳᠪᠦᠷᠢᠯᠡᠬᠦ ᠦᠭᠡᠢ ᠪᠣᠯ ᠰᠡᠳᠭᠢᠴᠡ ᠶᠢᠨ ᠡᠷᠡᠭᠦᠯ ᠢᠶᠠᠷ | ᠬᠦᠭᠵᠢᠬᠦ ᠶᠢ ᠨᠦᠯᠦᠭᠡᠯᠡᠵᠦ᠂ ᠴᠢᠨᠠᠭᠰᠢᠯᠠᠨ ᠨᠡᠩ ᠬᠦᠨᠳᠦ ᠨᠣᠴᠢᠲᠠᠢ ᠰᠡᠳᠭᠢᠴᠡ ᠶᠢᠨ ᠡᠪᠡᠳᠴᠢᠨ ᠢ ᠡᠭᠦᠰᠭᠡᠵᠦ | ᠮᠡᠳᠡᠨ᠎ᠡ᠃ ᠡᠶᠢᠮᠦ ᠠᠴᠠ ᠰᠤᠷᠭᠠᠨ ᠬᠦᠮᠦᠵᠢᠯ ᠤᠨ ᠵᠠᠰᠠᠭ ᠵᠠᠬᠢᠷᠭᠠᠨ ᠤ ᠭᠠᠵᠠᠷ ᠤᠨ ᠳᠠᠷᠤᠭ᠎ᠠ ᠨᠠᠷ ᠳᠤᠮᠳᠠᠲᠤ | ᠰᠤᠷᠭᠠᠭᠤᠯᠢ ᠶᠢᠨ ᠰᠤᠷᠤᠭᠴᠢᠳ ᠲᠤ ᠡᠷᠬᠡᠪᠰᠢ ᠰᠡᠳᠭᠢᠴᠡ ᠶᠢᠨ ᠡᠷᠡᠭᠦᠯ ᠴᠢᠬᠢᠷᠠᠭ ᠤᠨ ᠬᠦᠮᠦᠵᠢᠯ ᠬᠢᠬᠦ ᠶᠢ | ᠴᠢᠬᠤᠯᠠ ᠨᠢᠭᠡ ᠬᠢᠴᠢᠶᠡᠯ ᠪᠣᠯᠭᠠᠨ ᠴᠢᠩᠭᠠᠳᠬᠠᠵᠤ᠂ ᠳᠤᠮᠳᠠᠲᠤ ᠰᠤᠷᠭᠠᠭᠤᠯᠢ ᠶᠢᠨ ᠰᠤᠷᠭᠠᠨ ᠬᠦᠮᠦᠵᠢᠯ ᠤᠨ | ᠠᠵᠢᠯ ᠤᠨ ᠭᠤᠣᠯᠳᠠᠯᠭ᠎ᠠ ᠪᠣᠯᠭᠠᠨ ᠠᠳᠬᠤᠪᠠᠯ ᠵᠣᠬᠢᠨ᠎ᠠ᠃ | | |