ᠨᠣᠮ ᠵᠣᠬᠢᠶᠠᠯ ᠤᠡᠭᠰᠢᠬᠤ ᠲᠣᠬᠠᠢ ᠤᠴᠢᠷᠯᠠᠬᠤᠢ
ᠨᠡᠶᠢᠲᠡᠯᠡᠭᠰᠡᠨ ᠴᠠᠭ᠄
2020/10/28
     ᠵᠠᠯᠠᠭᠤ ᠨᠥᠬᠦᠳ ᠨᠣᠮ ᠵᠣᠬᠢᠶᠠᠯ ᠤᠡᠭᠰᠢᠵᠥ ᠺᠢᠨᠣ᠋ ᠵᠥᠴᠥᠭᠡ ᠰᠣᠨᠢᠷᠬᠠᠨ ᠥᠪᠡᠷ ᠤᠨ ᠮᠡᠳᠡᠯᠭᠡ ᠶᠢᠨ ᠬᠥᠷᠢᠶ᠎ᠡ ᠬᠡᠪᠴᠢᠶ᠎ᠡ ᠪᠠᠨ ᠥᠷᠭᠡᠳᠭᠡᠨ ᠥᠵᠡᠯ ᠤᠬᠠᠮᠰᠡᠷ᠂ ᠥᠵᠡᠯᠲᠡ ᠵᠣᠭᠰᠤᠯᠲᠠ ᠪᠠᠨ ᠪᠣᠯᠪᠠᠰᠤᠷᠠᠭᠤᠯᠤᠨ ᠳᠡᠭᠡᠭᠰᠢᠯᠡᠭᠦᠯᠬᠦ ᠨᠢ ᠮᠠᠰᠢ ᠴᠢᠬᠤᠯᠠ ᠪᠠᠶᠢᠳᠠᠭ ᠶᠤᠮ᠃ ᠭᠡᠪᠡᠴᠥ ᠵᠠᠷᠢᠮ ᠵᠠᠯᠠᠭᠤ ᠰᠤᠷᠤᠭᠴᠢ ᠨᠠᠷ ᠨᠣᠮ ᠵᠣᠬᠢᠶᠠᠯ ᠤᠡᠭᠰᠢᠨ ᠺᠢᠨᠣ᠋ ᠵᠥᠴᠥᠭᠡ ᠥᠵᠡᠬᠦ ᠳᠤ ᠪᠠᠨ ᠲᠣᠰ ᠵᠣᠬᠢᠶᠠᠯ ᠪᠥᠳᠥᠭᠡᠯ ᠤᠨ ᠵᠣᠬᠢᠶᠠᠨ ᠪᠥᠳᠥᠭᠡᠭᠰᠨᠨ ᠴᠠᠭ ᠥᠶ᠎ᠡ ᠶᠢᠨ ᠠᠬᠤᠢ ᠪᠠᠶᠢᠳᠠᠯ ᠪᠠ ᠵᠣᠬᠢᠶᠠᠯ ᠤᠨ ᠭᠤᠣᠯ ᠠᠭᠤᠯᠭ᠎ᠠ᠂ ᠵᠣᠬᠢᠶᠠᠯ ᠳᠤ ᠳᠤᠰᠬᠠᠭᠳᠠᠭᠰᠨᠨ ᠬᠥᠮᠥᠰ ᠤᠨ ᠲᠣᠬᠠᠢ ᠨᠡᠶᠢᠭᠡᠮ ᠳᠠᠬᠢ ᠪᠠᠶᠢᠷᠢ ᠰᠠᠭᠤᠷᠢ᠂ ᠨᠡᠶᠢᠭᠡᠮ ᠤᠨ ᠬᠠᠷᠢᠴᠠᠭ᠎ᠠ ᠵᠡᠷᠭᠡ ᠴᠢᠬᠤᠯᠠ ᠲᠠᠯ᠎ᠠ ᠶᠢ ᠤᠮᠳᠤᠭᠠᠶᠢᠯᠠᠵᠥ᠂ ᠭᠠᠭᠴᠠ ᠬᠦ ᠢᠨᠠᠭ ᠤᠷᠤᠭ ᠤᠨ ᠠᠰᠠᠭᠤᠳᠠᠯ ᠢ ᠳᠥᠷᠰᠥᠯᠡᠨ ᠪᠢᠴᠢᠭᠰᠡᠨ ᠲᠠᠯ᠎ᠠ ᠳᠤ ᠰᠢᠨᠥᠬᠠᠶᠢᠷᠠᠨ ᠰᠣᠭᠳᠤᠭᠤᠷᠠᠵᠤ ᠪᠠᠶᠢᠳᠠᠭ ᠪᠥᠭᠡᠳ ᠤᠷᠮ᠎ᠠ ᠪᠠᠬ᠎ᠠ ᠪᠠᠨ ᠲᠡᠭᠦᠨ ᠤ ᠳᠡᠭᠡᠷ᠎ᠡ ᠲᠥᠪᠯᠡᠷᠡᠭᠦᠯᠵᠥ ᠪᠠᠶᠢᠳᠠᠭ᠃      ᠢᠨᠠᠭ ᠤᠷᠤᠭ ᠤᠨ ᠶᠠᠪᠤᠳᠠᠯ ᠨᠢ ᠬᠥᠮᠥᠰ ᠤᠨ ᠨᠡᠶᠢᠭᠡᠮ ᠤᠨ ᠠᠮᠢᠳᠤᠷᠠᠯ ᠤᠨ ᠴᠢᠬᠤᠯᠠ ᠠᠭᠤᠯᠭ᠎ᠠ ᠪᠣᠯᠬᠤ ᠨᠢ ᠳᠠᠮᠵᠢᠭ ᠦᠭᠡᠢ ᠶᠤᠮ᠃ ᠤᠳᠬ᠎ᠠ ᠤᠷᠠᠯᠢᠭ ᠨᠢ ᠬᠥᠮᠥᠰ ᠤᠨ ᠨᠡᠶᠢᠭᠡᠮ ᠤᠨ ᠠᠮᠢᠳᠤᠷᠠᠯ ᠤᠨ ᠳᠤᠰᠬᠠᠯ ᠪᠣᠯᠬᠤ ᠲᠤᠯᠠ ᠺᠢᠨᠣ᠋ ᠵᠣᠬᠢᠶᠠᠯ ᠮᠡᠳᠥ ᠶᠢᠨ ᠤᠷᠠᠯᠢᠭ ᠤᠨ ᠪᠥᠳᠥᠭᠡᠯ ᠳᠤ ᠢᠨᠠᠭ ᠤᠷᠤᠭ ᠤᠨ ᠶᠠᠪᠤᠳᠠᠯ ᠠᠶᠠᠨᠳᠠᠭᠠᠨ ᠳᠤᠰᠬᠠᠬᠳᠠᠳᠠᠭ᠃ ᠵᠣᠬᠢᠶᠠᠯᠴᠢ ᠮᠠᠯᠴᠢᠨᠬᠦᠥ ᠶᠢᠨ ᠲᠠᠪᠢᠭᠠᠳ ᠣᠨ ᠤ ᠥᠶ᠎ᠡ ᠳᠤ ᠪᠢᠴᠢᠭᠰᠡᠨ ︽ᠬᠤᠷᠴᠢᠨ ᠨᠤᠲᠤᠭ ᠤᠨ ᠬᠥᠮᠥᠰ︾ ᠭᠡᠰᠡᠨ ᠥᠭᠦᠯᠡᠯᠭᠡ ᠳᠤ᠂ ᠮᠣᠩᠭᠤᠯ ᠵᠠᠯᠠᠭᠤ ᠰᠠᠮᠪᠤᠤ ᠰᠠᠷᠠᠩᠭᠤᠸ᠎ᠠ ᠬᠤᠶᠠᠷ ᠤᠨ ᠢᠨᠠᠭ ᠤᠷᠤᠭ ᠤᠨ ᠶᠠᠪᠤᠳᠠᠯ ᠢ ᠳᠥᠷᠰᠥᠯᠡᠨ ᠪᠢᠴᠢᠬᠦ ᠪᠠᠷ ᠳᠠᠮᠵᠢᠭᠤᠯᠤᠨ ᠴᠢᠯᠥᠭᠡᠯᠡᠭᠳᠡᠭᠰᠨᠨ ᠤ ᠳᠠᠷᠠᠭᠠᠬᠢ ᠡᠷᠬᠡ ᠴᠢᠯᠥᠭᠡ ᠵᠣᠯ ᠵᠢᠷᠭᠠᠯ ᠢ ᠣᠯᠣᠭᠰᠠᠨᠨ ᠮᠣᠩᠭᠤᠯᠴᠥᠳ ᠤᠨ ᠨᠡᠶᠢᠭᠡᠮ ᠵᠢᠷᠥᠮᠳᠥ ᠰᠢᠨ᠎ᠡ ᠲᠠᠯ᠎ᠠ ᠨᠤᠲᠤᠭ ᠢᠶᠠᠨ ᠪᠦᠲᠦᠭᠡᠨ ᠪᠠᠶᠢᠭᠤᠯᠤᠨ ᠪᠠᠳᠤᠯᠠᠨ ᠬᠠᠮᠠᠭᠠᠯᠠᠵᠥ ᠪᠠᠶᠢᠭ᠎ᠠ ᠠᠷᠢᠭᠤᠨ ᠲᠡᠮᠡᠴᠡᠯ ᠠᠵᠢᠯᠴᠢ ᠬᠥᠳᠡᠯᠮᠥᠷᠢᠴᠢ ᠪᠠᠶᠢᠬᠤ ᠠᠮᠢᠳᠤᠷᠠᠯ ᠢ ᠮᠠᠭᠲᠠᠨ ᠳᠠᠭᠤᠯᠠᠪᠠ᠃ ᠨᠡᠶᠢᠭᠡᠮ ᠤᠨ ᠠᠮᠢᠳᠤᠷᠠᠯ ᠪᠠ ᠨᠡᠶᠢᠭᠡᠮ ᠤᠨ ᠬᠠᠷᠢᠴᠠᠭ᠎ᠠ ᠠᠴᠠ ᠰᠠᠯᠤᠩᠭᠢᠳᠠ ᠢᠨᠠᠭ ᠤᠷᠤᠭ ᠤᠨ ᠶᠠᠪᠤᠳᠠᠯ ᠭᠡᠵᠥ ᠪᠠᠶᠢᠳᠠᠭ ᠦᠭᠡᠢ᠃ ᠬᠥᠮᠥᠨ ᠤ ᠨᠡᠶᠢᠭᠡᠮ ᠤᠨ ᠠᠮᠢᠳᠤᠷᠠᠯ ᠤᠨ ᠭᠤᠣᠯ ᠠᠭᠤᠯᠭ᠎ᠠ ᠶᠢᠨ ᠪᠥᠷᠢᠯᠳᠥᠭᠦᠨ ᠤ ᠬᠤᠪᠢ ᠠᠴᠠ ᠢᠨᠠᠭ ᠤᠷᠤᠭ ᠤᠨ ᠶᠠᠪᠤᠳᠠᠯ ᠨᠢ ᠤᠳᠬ᠎ᠠ ᠤᠷᠠᠯᠢᠭ ᠲᠤ ᠳᠤᠰᠬᠠᠭᠳᠠᠬᠤ ᠴᠢᠬᠤᠯᠠ ᠰᠡᠳᠥᠪ ᠪᠣᠯᠳᠠᠭ᠃ ᠭᠡᠬᠦ ᠳᠤ ᠪᠠᠨ ᠵᠠᠪᠠᠯ ᠲᠣᠰ ᠵᠣᠬᠢᠶᠠᠯ ᠪᠥᠲᠥᠭᠡᠯ ᠢᠶᠠᠨ ᠢᠯᠡᠳᠭᠡᠨ ᠳᠤᠰᠬᠠᠬᠤ ᠭᠡᠰᠡᠨ ᠭᠤᠣᠯ ᠠᠭᠤᠯᠭ᠎ᠠ ᠪᠠᠨ ᠲᠤᠪᠤᠶᠢᠯᠭᠠᠬᠤ ᠳᠤ ᠥᠢᠯᠡᠴᠢᠯᠡᠬᠦ ᠬᠡᠷᠡᠭᠲᠡᠢ᠃      ᠤᠯᠤᠰ ᠥᠨᠳᠥᠰᠥᠲᠡᠨ ᠤ ᠥᠪᠡᠷᠮᠢᠴᠡ ᠣᠨᠴᠠᠯᠢᠭ ᠪᠣᠯ ᠤᠷᠳᠤ ᠤᠳᠠᠭᠠᠨ ᠲᠡᠦᠬᠡ ᠶᠢᠨ ᠬᠤᠭᠤᠴᠠᠭᠠᠨ ᠤ ᠬᠥᠳᠡᠯᠮᠥᠷᠢ ᠲᠡᠮᠡᠴᠡᠯ ᠪᠠ ᠨᠡᠶᠢᠭᠡᠮ ᠤᠨ ᠳᠤᠮᠳᠠ ᠪᠥᠷᠢᠯᠳᠥᠨ ᠲᠣᠭᠲᠠᠳᠠᠭ᠃ ᠠᠯᠢ ᠥᠨᠳᠥᠰᠥᠲᠡᠨ ᠭᠡᠳ ᠪᠦᠷ ᠯᠡ ᠥᠪᠡᠷ ᠤᠨ ᠢᠨᠠᠭ ᠤᠨ ᠰᠡᠳᠭᠢᠯ ᠢᠶᠠᠨ ᠢᠯᠡᠳᠭᠡᠵᠥ᠂ ᠢᠨᠠᠭ ᠤᠷᠤᠭ ᠤᠨ ᠶᠠᠪᠤᠳᠠᠯ ᠢᠶᠠᠨ ᠰᠢᠢᠳᠪᠥᠷᠢᠯᠡᠬᠦ ᠳᠤ ᠪᠠᠨ ᠥᠨᠲᠥᠰᠥᠲᠡᠨ ᠤ ᠪᠠᠨ ᠲᠡᠦᠬᠡ ᠪᠠ ᠤᠯᠤᠰ ᠲᠥᠷᠥ᠂ ᠱᠠᠰᠢᠨ ᠰᠢᠲᠥᠯᠭᠡ᠂ ᠰᠣᠶᠣᠯ᠂ ᠠᠵᠤ ᠠᠬᠤᠢ ᠵᠡᠷᠭᠡ ᠠᠴᠠ ᠰᠢᠢᠳᠪᠥᠷᠢᠯᠡᠭᠳᠡᠳᠡᠭ᠃ ᠮᠠᠨ ᠤᠨ ᠤᠯᠤᠰ ᠪᠣᠯ ᠡᠷᠲᠡᠨ ᠤ ᠪᠣᠯᠪᠠᠰᠤᠨ ᠤᠯᠤᠰ ᠥᠨᠲᠥᠰᠥᠲᠡᠨ ᠤ ᠨᠢᠭᠡ ᠨᠢ ᠲᠤᠯᠠ ᠤᠷᠲᠤ ᠤᠳᠠᠭᠠᠨ ᠬᠤᠭᠤᠴᠠᠭᠠᠨ ᠤ ᠲᠡᠦᠬᠡ ᠶᠢᠨ ᠬᠥᠭᠵᠢᠯ ᠤᠨ ᠳᠤᠮᠳᠠ ᠡᠯ᠎ᠡ ᠥᠨᠳᠥᠰᠥᠲᠡᠨ ᠥᠪᠡᠷᠰᠡᠳ ᠤᠨ ᠢᠨᠠᠭ ᠤᠷᠤᠭ ᠤᠨ ᠶᠠᠪᠤᠳᠠᠯ ᠢᠶᠠᠨ ᠰᠶᠢᠳᠪᠥᠷᠢᠯᠡᠬᠦ ᠥᠪᠡᠷᠮᠢᠴᠡ ᠣᠨᠴᠠᠯᠢᠭ ᠢ ᠪᠥᠷᠢᠯᠳᠥᠭᠦᠯᠳᠡᠭ᠃ ᠲᠡᠷᠡ ᠨᠢ ᠬᠠᠷᠢᠨ ᠰᠢᠭᠤᠳ ᠰᠢᠯᠤᠭᠤᠨ ᠪᠣᠷᠣ ᠪᠥᠳᠥᠭᠦᠯᠢᠭ ᠪᠢᠰᠢ ᠬᠠᠷᠢᠨ ᠨᠢᠭᠤᠴᠠ ᠳᠠᠯᠳᠠ᠂ ᠨᠠᠷᠢᠨ ᠨᠢᠭᠲᠠ ᠪᠣᠯᠪᠠᠰᠤᠨ ᠪᠠᠶᠢᠳᠠᠭ᠃ ᠡᠭᠦᠨ ᠢ ᠨᠡᠶᠢᠭᠡᠮ ᠤᠨ ᠠᠮᠢᠳᠤᠷᠠᠯ ᠤᠨ ᠲᠣᠯᠢ ᠪᠣᠯᠤᠭᠰᠠᠨ ᠤᠳᠬ᠎ᠠ ᠤᠷᠠᠯᠢᠭ ᠲᠤ ᠳᠤᠰᠬᠠᠬᠤ ᠳᠤ ᠪᠠᠨ ᠤᠯᠠᠮ ᠬᠤᠷᠢᠶᠠᠩᠭᠤᠶᠢᠯᠠᠨ ᠳᠡᠭᠡᠭᠰᠢᠯᠡᠭᠦᠯᠵᠥ᠂ ᠨᠡᠶᠢᠲᠡᠯᠢᠭ ᠴᠢᠨᠠᠷ ᠲᠠᠢ ᠪᠣᠯᠭᠠᠨ ᠢᠯᠡᠳᠭᠡᠵᠥ᠂ ᠡᠷᠬᠢᠮ ᠳᠡᠭᠡᠲᠥ ᠳᠠᠪᠰᠢᠭᠰᠨᠨ ᠲᠠᠯ᠎ᠠ ᠶᠢ ᠤᠬᠠᠭᠤᠯᠤᠨ ᠰᠤᠷᠳᠠᠯᠴᠢᠯᠠᠵᠥ᠂ ᠰᠣᠯᠢᠭᠤ ᠪᠤᠷᠤᠭᠤ ᠵᠥᠢᠯ ᠢ ᠨᠢ ᠢᠯᠡᠴᠢᠯᠡᠨ ᠰᠢᠭᠦᠮᠵᠢᠯᠡᠵᠥ ᠣᠷᠬᠢᠨ ᠲᠠᠶᠠᠭᠳᠠᠪᠠᠯ ᠵᠣᠬᠢᠨ᠎ᠠ᠃      ᠮᠠᠨ ᠤ ᠵᠠᠯᠠᠭᠤ ᠰᠤᠷᠤᠭᠴᠢ ᠨᠤᠭᠤᠳ ᠤᠨ ᠣᠯᠠᠩᠬᠢ ᠨᠢ ᠪᠦᠷ ᠨᠣᠮ ᠣᠡᠭᠰᠢᠬᠤ ᠳᠤᠷᠠᠳᠠᠢ ᠪᠠᠶᠢᠳᠠᠭ ᠰᠠᠨ᠃ ᠭᠡᠬᠦ ᠳᠤ ᠪᠠᠨ ᠲᠡᠳᠡᠨ ᠳᠤ ᠪᠦᠷ ᠡᠶᠢᠮᠥ ᠨᠢᠭᠡᠨ ᠨᠡᠶᠢᠲᠡᠯᠢᠭ ᠡᠮᠵᠢᠭ ᠲᠠᠯ᠎ᠠ ᠪᠠᠶᠢᠳᠠᠭ᠂ ᠳᠠᠷᠤᠢ ᠨᠣᠮ ᠤᠡᠭᠰᠢᠬᠤ ᠳᠤ ᠪᠠᠨ ᠵᠥᠪᠬᠡᠨ ᠥᠯᠢᠭᠡᠷ ᠥᠢᠯᠡ ᠶᠠᠪᠤᠳᠠᠯ ᠢ ᠭᠤᠣᠯᠴᠢᠯᠠᠨ ᠥᠵᠡᠬᠦ ᠠᠴᠠ ᠪᠢᠰᠢ ᠴᠢᠨᠠᠭᠰᠢᠳᠠ ᠥᠪᠡᠷ ᠲᠤ ᠪᠠᠨ ᠲᠠᠷᠢᠬᠢ ᠬᠥᠳᠡᠯᠭᠡᠨ ᠰᠡᠳᠭᠢᠨ ᠪᠣᠳᠤᠬᠤ ᠪᠠ ᠬᠤᠯᠪᠤᠨ ᠪᠣᠳᠤᠬᠤ ᠰᠡᠳᠭᠢᠴᠡ ᠶᠢᠨ ᠠᠵᠢᠯᠯᠠᠭ᠎ᠠ ᠬᠢᠬᠦ ᠪᠠᠷ ᠳᠤᠲᠠᠮᠠᠭ ᠪᠠᠶᠢᠳᠠᠭ᠂ ᠵᠠᠷᠢᠮ ᠨᠢ ᠥᠯᠢᠭᠡᠷ ᠥᠢᠯᠡ ᠶᠠᠪᠤᠳᠠᠯ ᠳᠤ ᠨᠢ ᠲᠠᠲᠠᠭᠳᠠᠨ ᠵᠣᠬᠢᠶᠠᠯ ᠤᠨ ᠪᠠᠭᠠᠲᠤᠷ ᠤᠨ ᠬᠤᠪᠢ ᠵᠠᠶᠠᠭ᠎ᠠ ᠳᠤ ᠰᠡᠳᠭᠢᠯ ᠢᠶᠠᠨ ᠲᠠᠳᠠᠭᠳᠠᠭᠰᠨᠨ ᠠᠴᠠ ᠢᠳᠡᠵᠥ ᠤᠤᠭᠤᠬᠤ ᠤᠨᠲᠠᠵᠥ ᠬᠡᠪᠲᠡᠬᠦ ᠪᠠᠨ ᠴᠤ ᠤᠮᠠᠷᠲᠠᠨ ︽ᠨᠣᠮ ᠤᠨ ᠬᠤᠷᠣᠬᠠᠢ ᠪᠣᠯᠵᠥ︾ ᠨᠢᠭᠡ ᠯᠡ ᠠᠮᠢᠰᠬᠤᠭ᠎ᠠ ᠪᠠᠷ ᠤᠡᠭᠰᠢᠨ ᠳᠠᠭᠤᠰᠬᠠᠳᠠᠭ ᠪᠠᠶᠢᠨ᠎ᠠ᠃ ᠢᠡᠭᠭᠢᠵᠥ ᠥᠯᠢᠭᠡᠷ ᠥᠢᠯᠡ ᠶᠠᠪᠤᠳᠠᠯ ᠳᠤ ᠨᠢ ᠳᠠᠳᠠᠭᠳᠠᠨ ᠨᠣᠮ ᠣᠡᠭᠰᠢᠬᠤ ᠪᠣᠯ ᠣᠯᠤᠯᠲᠠ ᠪᠠᠷ ᠲᠤᠩ ᠪᠠᠭ᠎ᠠ ᠶᠤᠮ᠂ ᠤᠡᠭᠰᠢᠬᠤ ᠶᠠᠪᠤᠴᠠ ᠳᠤ ᠬᠡᠳᠦ᠋ᠢᠪᠡᠷ ᠵᠣᠬᠢᠶᠠᠯ ᠤᠨ ᠪᠠᠭᠠᠳᠤᠷ ᠤᠨ ᠪᠠᠶᠠᠰᠬᠤ ᠶᠢ ᠲᠠᠭᠠᠨ ᠪᠠᠶᠠᠰᠴᠥ᠂ ᠭᠤᠮᠣᠳᠠᠬᠤ ᠶᠢ ᠲᠠᠭᠠᠨ ᠭᠤᠮᠣᠳᠠᠵᠥ᠂ ᠠᠭᠤᠷᠯᠠᠬᠤ ᠶᠢ ᠲᠠᠭᠠᠨ ᠠᠭᠤᠷᠯᠠᠳᠠᠭ ᠪᠣᠯᠪᠠᠴᠥ ᠥᠯᠢᠭᠡᠷ ᠲᠡᠭᠦᠰᠴᠥ ᠵᠣᠬᠢᠶᠠᠯ ᠰᠡᠭᠦᠯ ᠬᠤᠷᠢᠶᠠᠬᠤ ᠶᠢ ᠳᠠᠭᠠᠯᠳᠤᠨ ᠴᠢᠨᠥ ᠳᠣᠲᠤᠷ᠎ᠠ ᠴᠤ ᠣᠯᠠᠩᠬᠢ ᠳᠤ ᠪᠠᠨ ᠬᠤᠭᠤᠰᠤᠨ ᠪᠣᠯᠴᠢᠬᠠᠳᠠᠭ᠂ ᠪᠠᠭ᠎ᠠ ᠰᠠᠭ᠎ᠠ ᠥᠯᠡᠳᠡᠭᠰᠨᠨ ᠴᠤ ᠳᠡᠮᠡᠢ ᠤᠳᠠᠬᠤ ᠦᠭᠡᠢ ᠮᠠᠷᠲᠠᠴᠢᠬᠠᠳᠠᠭ ᠶᠤᠮ᠃ ᠰᠥᠡᠭ ᠤᠯᠤᠰ ᠤᠨ ᠥᠶ᠎ᠡ ᠶᠢᠨ ᠪᠢᠴᠢᠭ ᠤᠨ ᠰᠤᠷᠭᠠᠯᠲᠠᠨ ᠵᠦ ᠰᠢ ᠨᠣᠮ ᠣᠡᠭᠰᠢᠬᠤ ᠳᠤ ︽ᠨᠢᠳᠥ ᠬᠥᠳᠡᠯᠬᠦ᠂ ᠠᠮᠠ ᠬᠥᠳᠡᠯᠬᠦ᠂ ᠰᠡᠳᠭᠢᠴᠡ ᠬᠥᠳᠡᠯᠬᠦ︾ ᠵᠡᠷᠭᠡ ︽ᠭᠤᠷᠪᠠᠨ ᠬᠥᠳᠡᠯᠥᠯ︾ ᠢ ᠳᠤᠷᠠᠳᠤᠨ ᠭᠠᠷᠭᠠᠭᠰᠠᠨ ᠪᠥᠭᠡᠳ ᠣᠶᠢᠷ᠎ᠠ ᠶᠢᠨ ᠥᠶ᠎ᠡ ᠶᠢᠨ ᠬᠤ᠋ ᠱᠢ ᠳᠡᠭᠡᠷ᠎ᠡ ᠨᠢ ︽ᠭᠠᠷ ᠬᠥᠳᠡᠯᠬᠦ︾ ᠭᠡᠳᠡᠭ ᠢ ᠨᠡᠮᠡᠭᠡᠳ ︽ᠳᠥᠷᠪᠡᠨ ᠬᠥᠳᠡᠯᠦᠯ︾ ᠪᠣᠯᠭᠠᠵᠠᠢ᠃ ᠡᠳᠡᠭᠡᠷ ᠨᠢ ᠳᠠᠷᠤᠢ ᠥᠵᠡᠬᠦ ᠶᠢᠨ ᠳᠠᠭᠠᠤ ᠤᠡᠭᠰᠢᠵᠥ᠂ ᠪᠢᠴᠢᠵᠥ᠂ ᠰᠡᠳᠭᠢᠬᠦ ᠭᠡᠰᠡᠨ ᠰᠠᠨᠠᠭ᠎ᠠ ᠪᠣᠯᠤᠨ᠎ᠠ᠃ ᠡᠭᠦᠨ ᠤ ᠳᠡᠭᠡᠷ᠎ᠡ ᠠᠭᠤᠤ ᠶᠡᠭᠡ ᠵᠣᠬᠢᠶᠠᠯᠴᠢ ᠯᠦ ᠰᠢᠶᠥ᠋ᠨ ︽ᠲᠠᠷᠢᠬᠢ ᠪᠠᠨ ᠬᠡᠷᠡᠭᠯᠡᠬᠦ︾ ᠭᠡᠳᠡᠭ ᠢ ᠨᠡᠮᠡᠭᠡᠳ ︽ᠲᠠᠪᠤᠨ ᠬᠡᠷᠡᠭᠯᠡᠯ︾ ᠪᠣᠯᠭᠠᠵᠥ᠂ ᠰᠡᠳᠭᠢᠯ ᠳᠤ ᠪᠠᠨ ᠲᠡᠮᠳᠡᠭᠯᠡᠬᠦ ᠪᠠᠷ ᠪᠠᠷᠠᠬᠤ ᠦᠭᠡᠢ ᠪᠠᠰᠠ ᠲᠠᠷᠢᠬᠢ ᠪᠠᠨ ᠬᠡᠷᠡᠭᠯᠡᠨ ᠴᠢᠨᠠᠭᠰᠢᠳᠠ ᠰᠡᠳᠭᠢᠨ ᠪᠤᠳᠤᠵᠥ᠂ ᠵᠢᠮ᠎ᠡ ᠶᠣᠰᠤᠨ ᠤ ᠴᠢᠷᠨᠠᠲᠠᠢ ᠵᠦᠢᠯ ᠢ ᠢᠯᠡᠷᠡᠭᠦᠯᠥᠨ ᠠᠰᠠᠭᠤᠳᠠᠯ ᠢ ᠳᠤᠷᠠᠳᠴᠥ᠂ ᠰᠢᠨ᠎ᠡ ᠶᠢ ᠡᠭᠦᠳᠬᠦ ᠶᠢ ᠣᠨᠴᠠᠭᠠᠢ ᠴᠢᠬᠤᠯᠠᠴᠢᠯᠠᠭᠰᠨᠨ ᠪᠠᠶᠢᠨ᠎ᠠ᠃ ᠡᠨᠡ ᠬᠦ ︽ᠲᠠᠪᠤᠨ ᠬᠡᠷᠡᠭᠯᠡᠯ︾ ᠪᠣᠯ ᠮᠠᠨ ᠤ ᠰᠤᠷᠤᠭᠴᠢ ᠨᠥᠬᠦᠳ ᠤᠨ ᠡᠷᠬᠡᠪᠰᠢ ᠪᠠᠷᠢᠮᠲᠠᠯᠠᠬᠤ ᠴᠢᠬᠤᠯᠠᠳᠠᠢ ︽ᠵᠠᠷᠴᠢᠮ︾ ᠪᠣᠯᠬᠤ ᠶᠤᠮ᠃ ᠭᠠᠭᠴᠠ ᠬᠦ ᠪᠢᠳᠡ ᠢᠡᠭᠭᠢᠵᠦ ᠣᠡᠭᠰᠢᠬᠤ ᠶᠢᠨ ᠳᠠᠭᠠᠤ ᠪᠠᠰᠠ ᠴᠢᠬᠤᠯᠠᠳᠠᠢ ᠭᠤᠣᠯ ᠪᠣᠯᠬᠤ ᠵᠦᠢᠯ᠂ ᠬᠡᠷᠡᠭᠴᠡᠭᠡᠳᠡᠢ ᠵᠦᠢᠯ ᠢᠶᠠᠨ ᠲᠡᠮᠳᠡᠭᠯᠡᠯ ᠤᠨ ᠲᠡᠪᠳᠡᠷ ᠳᠡᠭᠡᠷ᠎ᠡ ᠪᠠᠨ ᠲᠡᠮᠳᠡᠭᠯᠡᠨ ᠠᠪᠴᠥ ᠲᠠᠯᠪᠢᠬᠤ ᠬᠡᠷᠡᠭᠳᠡᠢ᠃ ᠢᠡᠭᠭᠢᠪᠠᠯ ᠬᠤᠵᠢᠮ ᠬᠡᠷᠡᠭᠯᠡᠵᠥ ᠰᠢᠨᠵᠢᠯᠡᠬᠦ ᠳᠤ ᠲᠤᠰᠠᠯᠠᠮᠵᠢ ᠥᠵᠡᠭᠦᠯᠵᠥ ᠴᠢᠳᠠᠨ᠎ᠠ᠃      ᠵᠠᠯᠠᠭᠤ ᠨᠠᠶᠢᠵᠠ ᠰᠤᠷᠤᠭᠴᠢ ᠨᠥᠬᠦᠳ ᠡ᠂ ᠲᠠ ᠨᠠᠷ ᠨᠣᠮ ᠤᠨ ᠰᠠᠩ ᠲᠤ ᠣᠴᠢᠵᠥ ᠨᠣᠮ ᠣᠡᠭᠰᠢᠬᠤ ᠥᠶ᠎ᠡ ᠳᠤ ᠳᠡᠭᠡᠷᠡᠬᠢ ︽ᠲᠠᠪᠤᠨ ᠬᠡᠷᠡᠭᠯᠡᠯ︾ ᠤᠨ ᠠᠷᠭ᠎ᠠ ᠪᠠᠷᠢᠯ ᠢ ᠬᠡᠷᠡᠭᠯᠡᠵᠥ ᠣᠡᠭᠰᠢᠬᠤ ᠳᠤ ᠬᠥᠷᠪᠡᠯ ᠨᠣᠮ ᠣᠡᠭᠰᠢᠬᠰᠨᠨ ᠲᠥᠷᠥᠭᠳᠡᠯ ᠳᠤ ᠴᠢᠨᠢ ᠯᠠᠪᠲᠠᠢ ᠰᠠᠶᠢᠨ ᠥᠷ᠎ᠡ ᠳ᠋ᠥᠡᠭ ᠢ ᠣᠯᠵᠥ ᠴᠢᠳᠠᠬᠤ ᠶᠤᠮ ᠡ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号