ᠵᠠᠮᠤᠬ᠎ᠠ ᠭᠡᠭᠰᠡᠭᠡᠷ ᠶᠢᠷᠲᠢᠨᠴᠤ ᠪᠠᠷ ᠢᠶᠠᠨ ᠮᠠᠭᠤᠯᠠᠳᠠᠭ︕ ᠬᠤᠯᠵᠢᠨ ᠵᠠᠯᠢᠬᠠᠢ᠂ ᠬᠤᠶᠠᠷ ᠨᠢᠭᠤᠷᠲᠠᠨ᠂ | ᠬᠤᠩᠰᠢᠶᠠᠷ ᠬᠤᠳᠠᠯᠳᠤᠭᠴᠢ ᠭᠡᠬᠦ ᠵᠡᠷᠭᠡ ᠪᠠᠷ ᠳᠦᠷᠰᠤᠯᠡᠬᠦ ᠶᠢᠨ ᠮᠠᠭᠤ ᠪᠠᠷ ᠳᠦᠷᠰᠤᠯᠡᠬᠦ ᠪᠠᠷ ᠪᠠᠷᠠᠬᠤ ᠦᠭᠡᠢ᠂ ᠺᠢᠨᠣ᠋ | ᠲᠧᠯᠸᠢᠰ ᠬᠦᠷᠲᠡᠯ᠎ᠡ ᠠᠪᠬᠤ ᠶᠢᠨ ᠠᠷᠭ᠎ᠠ ᠦᠭᠡᠢ ᠳᠦᠷᠢ ᠪᠠᠷ ᠪᠦᠲᠦᠭᠡᠭᠰᠡᠨ ᠪᠠᠶᠢᠳᠠᠭ︕ ᠭᠡᠶ᠎ᠡ᠂ ᠴᠢᠩᠭᠢᠰ ᠬᠠᠭᠠᠨ | ᠬᠦᠷᠲᠡᠯ᠎ᠡ ᠵᠠᠮᠤᠬ᠎ᠠ ᠶᠢ ᠮᠠᠭᠤ ᠭᠡᠵᠤ ᠬᠡᠯᠡᠭᠰᠡᠨ ᠦᠭᠡᠢ ᠪᠠᠶᠢᠲᠠᠯ᠎ᠠ᠂ ᠣᠣᠯᠢᠬᠠᠢ ᠮᠠᠭᠤ ᠲᠡᠣᠬᠡᠴᠢᠳ ᠯᠠ ᠣᠬᠠᠭᠠᠨ ᠨᠢ | ᠲᠣᠲᠠᠭᠤ ᠶᠣᠮ ᠪᠣᠯᠬᠤᠷ ᠳᠣᠷ᠎ᠠ ᠮᠡᠳᠡᠨ ᠴᠠᠯᠴᠢᠭᠰᠠᠨ ᠠᠴᠠ ᠪᠣᠯᠣᠭᠰᠠᠨ ᠭᠡᠳᠡᠭ ᠨᠢ ᠭᠠᠷᠴᠠᠭ᠎ᠠ ᠦᠭᠡᠢ ᠶᠣᠮ᠃ | ᠬᠠᠷᠢᠨ ᠣᠷᠴᠢᠮ ᠤᠨ ᠬᠡᠳᠣᠨ ᠵᠢᠯ ᠠᠴᠠ ᠵᠠᠮᠤᠬ᠎ᠠ ᠶᠢ ᠴᠠᠭᠠᠳᠬᠠᠬᠤ ᠬᠠᠨᠳᠤᠰᠢ ᠭᠠᠷᠴᠤ ᠪᠠᠶᠢᠭ᠎ᠠ ᠨᠢ ᠨᠢᠭᠡ ᠶᠡᠭᠡ | ᠳᠠᠪᠰᠢᠯᠲᠠ ᠭᠡᠵᠤ ᠬᠡᠯᠡᠵᠤ ᠪᠣᠯᠬᠤ ᠶᠣᠮ᠃ ᠠᠲᠡ᠂ ᠪᠢ ᠪᠠᠷ ᠲᠡᠮᠤᠵᠢᠨ᠂ ᠵᠠᠮᠤᠬ᠎ᠠ ᠬᠤᠶᠠᠷ ᠤᠨ ᠠᠨᠳᠠ ᠶᠢᠨ | ᠰᠠᠪᠳᠠᠯ ᠡᠭᠦᠰᠦᠭᠰᠡᠨ ᠰᠢᠯᠲᠠᠭᠠᠨ ᠢ ᠮᠣᠩᠭᠤᠯ ᠤᠨ ᠵᠠᠩ ᠰᠡᠳᠭᠢᠬᠦᠢ ᠪᠠᠷ ᠨᠢᠭᠤᠴᠠ ᠲᠣᠪᠴᠢᠶᠠᠨ ᠳᠤ | ᠲᠣᠯᠭᠠᠭᠤᠷᠢᠯᠠᠵᠤ ᠮᠦᠷᠳᠠᠯᠲᠠ ᠬᠢᠵᠤ ᠦᠵᠡᠯ᠎ᠡ᠃ | ︽ᠣᠰᠣᠨ ᠳᠠᠮᠵᠢᠭᠤᠷ ᠢᠶᠠᠷ ᠭᠠᠯᠵᠠᠭᠤ ᠨᠣᠬᠠᠢ ᠶᠢ ᠴᠣᠬᠢᠪᠠᠯ ᠠᠯᠠᠳᠠᠭ ᠲᠠᠩᠭᠠᠷᠢᠭ ᠲᠠᠢ︕︾ ︽ᠲᠠᠶᠠ ︵ | ᠲᠠᠮᠠᠬᠢ ᠲᠠᠲᠠᠬᠤ ᠳ᠋ᠠᠢ︶ ᠪᠠᠷ ᠬᠦᠮᠤᠨ ᠤ ᠲᠤᠯᠤᠭᠠᠢ ᠶᠢ ᠴᠣᠬᠢᠪᠠᠯ ᠦᠮᠦᠷᠳᠡᠭ ᠲᠠᠩᠭᠠᠷᠢᠭ ᠲᠠᠢ︕︾ ᠁ ᠭᠡᠬᠦ | ᠵᠡᠷᠭᠡ ᠠᠴᠠ ᠲᠠᠩᠭᠠᠷᠢᠭ ᠨᠢ ᠶᠠᠮᠠᠷ ᠨᠢᠭᠡᠨ ᠳᠠᠯᠳᠠ ᠶᠢᠨ ᠷᠢᠳᠢ ᠰᠢᠳᠢ ᠠᠴᠠ ᠪᠣᠯᠵᠤ ᠵᠠᠶᠢᠯᠠᠰᠢ ᠦᠭᠡᠢ ᠦᠷ᠎ᠡ | ᠳ᠋ᠦᠩ ᠢ ᠠᠪᠴᠢᠷᠠᠳᠠᠭ ᠭᠡᠮᠡᠨ ᠦᠵᠡᠳᠡᠭ᠃ | ᠦᠨᠡᠨ ᠳᠡᠭᠡᠨ ᠲᠡᠭᠦᠨ ᠤ ᠴᠠᠭᠠᠨ᠎ᠠ ᠨᠢ ᠪᠦᠷ ᠶᠣᠰᠣ ᠣᠴᠢᠷ ᠪᠠᠶᠢᠳᠠᠭ ᠶᠣᠮ᠃ ᠲᠠᠪᠣᠨ ᠮᠠᠬᠠᠪᠣᠳ ᠢᠶᠠᠷ | ᠦᠵᠡᠪᠡᠯ ᠭᠠᠯ ᠣᠰᠣ ᠬᠠᠷᠰᠢ ᠲᠣᠯᠠ ᠭᠠᠯ ᠤᠨ ᠢᠵᠠᠭᠤᠷ ᠲᠠᠢ ᠭᠠᠯᠵᠠᠭᠤ ᠶᠢ ᠣᠰᠣᠨ ᠤ ᠡᠳ᠋ᠯᠡᠯ ᠣᠰᠣᠨ | ᠳᠠᠮᠵᠢᠭᠤᠷ ᠢᠶᠠᠷ ᠴᠤᠬᠢᠳᠠᠭ ᠨᠢ ᠶᠣᠰᠣᠲᠠᠢ᠂ ᠵᠦᠢᠲᠠᠢ᠂ ᠲᠠᠩᠭᠠᠷᠢᠭ ᠲᠠᠢ᠂ ᠵᠠᠶᠢᠯᠠᠰᠠᠢ ᠭᠡᠰᠡᠨ ᠣᠴᠢᠷ ᠶᠣᠮ᠃ | ᠲᠠᠮᠠᠬᠢ ᠶᠢᠨ ᠭᠠᠩᠰᠠ ︵ᠲᠠᠶᠠ︶ ᠪᠠᠷ ᠬᠦᠮᠣᠨ ᠢ ᠴᠤᠬᠢᠵᠤ ᠪᠣᠯᠬᠤ ᠦᠭᠡᠢ ᠲᠠᠩᠭᠠᠷᠢᠭ ᠲᠠᠢ ᠭᠡᠳᠡᠭ ᠨᠢ ᠭᠠᠩᠰᠠ ᠨᠢ | ᠭᠠᠯ ᠬᠡᠷᠡᠭᠰᠡᠳᠡᠭ ᠲᠣᠯᠠ ᠲᠡᠭᠦᠨ ᠢ ᠪᠠᠨ ᠬᠠᠮᠤᠭ ᠵᠢᠵᠢᠭ ᠭᠤᠯᠣᠮᠲᠠ ᠭᠡᠵᠤ ᠦᠵᠡᠳᠡᠭ᠂ ᠬᠦᠮᠤᠨ ᠤ ᠲᠤᠯᠤᠭᠠᠢ ᠶᠢ | ᠴᠤᠬᠢᠬᠤ ᠨᠢ ᠲᠤᠯᠭ᠎ᠠ ᠪᠠᠷ ᠢᠶᠠᠨ ᠬᠦᠮᠤᠨ ᠴᠤᠬᠢᠭᠰᠠᠨ ᠣᠴᠢᠷ ᠪᠣᠯᠬᠤ ᠶᠣᠮ ᠪᠠᠶᠢᠨ᠎ᠠ᠃ ᠣᠷᠳᠣᠰᠴᠣᠳ ᠡᠴᠢᠭᠡ | ᠬᠦᠤ ᠡᠰᠡ ᠲᠠᠭᠠᠷᠠᠯᠴᠠᠵᠤ ᠰᠠᠯᠣᠯᠴᠠᠬᠤ ᠶᠢ ︽ᠲᠠᠩᠭᠠᠷᠢᠭ ᠠᠯᠳᠠᠪᠠ︾ ᠭᠡᠳᠡᠭ ᠨᠢ ᠵᠠᠶᠢᠯᠠᠰᠢ ᠦᠭᠡᠢ ᠵᠢᠮ᠎ᠠ | ᠶᠣᠰᠣ ᠠᠴᠠ ᠭᠠᠵᠢᠭᠰᠠᠨ ᠲᠡᠷᠰᠡᠯᠡᠭᠰᠡᠨ ᠤᠴᠢᠷ ᠢ ᠵᠢᠭᠠᠭᠰᠠᠨ ᠪᠠᠶᠢᠳᠠᠭ᠃ ᠁ ᠡᠭᠦᠨ ᠲᠠᠢ ᠠᠳᠠᠯᠢ ᠬᠦᠮᠣᠨ ᠤ | ᠴᠡᠭᠡᠵᠢᠨ ᠠᠴᠠ ᠭᠠᠷᠣᠭᠰᠠᠨ ᠦᠭᠡᠨ ᠨᠢ ᠴᠤ ᠰᠠᠶᠢᠨ ᠪᠣᠯ ᠰᠠᠶᠢᠨ ᠦᠷ᠎ᠡ᠂ ᠮᠠᠭᠤ ᠪᠣᠯ ᠮᠠᠭᠤ ᠦᠷ᠎ᠡ ᠶᠢ | ᠠᠪᠴᠢᠷᠠᠳᠠᠭ ᠵᠠᠶᠢᠯᠠᠰᠢ ᠦᠭᠡᠢ ᠵᠢᠮ᠎ᠠ ᠲᠠᠩᠭᠠᠷᠢᠭ ᠲᠠᠢ ᠭᠡᠵᠤ ᠮᠣᠩᠭᠤᠯᠴᠣᠳ ᠦᠵᠡᠵᠤ ᠪᠠᠶᠢᠭᠰᠠᠨ ᠪᠦᠭᠡᠳ | ᠬᠡᠯᠡᠭᠡᠳ ᠪᠠᠲᠣᠯᠠᠭᠠᠳ ᠭᠠᠷᠭᠠᠭᠰᠠᠨ ᠦᠭᠡ ᠪᠠᠨ ᠪᠡᠶᠡᠯᠡᠭᠦᠯᠬᠦ ᠶᠢᠨ ᠲᠦᠯᠤᠭᠡ ᠨᠠᠰᠣᠨ ᠲᠣᠷᠰᠢ ᠲᠡᠮᠡᠴᠡᠳᠡᠭ ᠪᠦᠯᠤᠭᠡ | ︕ ᠲᠡᠮᠣᠵᠢᠨ᠂ ᠵᠠᠮᠤᠬ᠎ᠠ ᠶᠢᠨ ᠠᠨᠳᠠᠯᠠᠭᠰᠠᠨ ᠲᠡᠣᠬᠡ ᠴᠤ ᠲᠡᠶᠢᠮᠤ ᠶᠣᠮ︕ ᠭᠡᠬᠦ ᠳᠤ ᠮᠠᠨ ᠲᠡᠣᠬᠡᠴᠢᠳ ᠠᠨᠳᠠᠭᠠᠢ | ᠲᠠᠩᠭᠠᠷᠢᠭ ᠤᠨ ᠶᠤᠰᠤ ᠶᠢ ᠬᠡᠣᠬᠡᠳ ᠤᠨ ᠨᠠᠭᠠᠳᠣᠮ ᠢᠶᠠᠷ ᠦᠵᠡᠵᠤ ᠰᠣᠶᠣᠯ ᠰᠡᠳᠭᠢᠬᠦᠢ ᠣᠷᠣᠭᠤ ᠪᠠᠨ ᠣᠰᠣ | ᠴᠢᠳᠬᠤᠭᠰᠠᠨ ᠨᠣᠮ ᠪᠢᠴᠢᠳᠡᠭ ᠢ ᠶᠠᠭᠠᠬᠢᠨ᠎ᠠ ᠳ᠋ᠠ︕ | ᠵᠠᠮᠤᠬ᠎ᠠ᠂ ᠲᠡᠮᠣᠵᠢᠨ ᠤ ᠠᠨᠳᠠ ᠪᠣᠯᠣᠯᠴᠠᠭᠰᠠᠨ ᠦᠩᠭᠡᠷᠡᠯᠲᠡ ᠪᠣᠯ ᠲᠡᠮᠣᠵᠢᠨ ᠢ ᠠᠷᠪᠠᠨ ᠨᠢᠭᠡ ᠲᠠᠢ ᠵᠢᠯ ᠳᠤ | ᠬᠠᠷᠢᠯᠴᠠᠨ ᠱᠠᠭ᠎ᠠ ᠰᠣᠯᠢᠯᠴᠠᠨ ᠠᠨᠳᠠᠯᠠᠪᠠ᠃ ᠳᠠᠷᠠᠭ᠎ᠠ ᠵᠢᠯ ᠨᠢ ᠬᠠᠷᠢᠯᠴᠠᠨ ᠰᠣᠮᠣ ᠰᠣᠯᠢᠯᠴᠠᠨ ᠠᠨᠳᠠᠯᠠᠪᠠ᠃ ᠡ᠊ᠨᠳᠡ | ᠲᠣᠳᠣᠷᠬᠠᠶᠢᠯᠠᠬᠤ ᠨᠢ᠂ ᠮᠠᠨ ᠤ ᠡᠷᠳᠡᠮᠲᠡᠨ ᠮᠡᠷᠭᠡᠲᠡᠨ ᠲᠠᠩᠭᠠᠷᠢᠭ ᠰᠣᠯᠢᠯᠴᠠᠬᠤ ᠶᠢ ᠬᠠᠷᠢᠨ ᠪᠡᠯᠡᠭ ᠰᠣᠯᠢᠯᠴᠠᠵᠤ | ᠪᠠᠶᠢᠬᠤ ᠪᠠᠷ ᠨᠣᠮ ᠵᠣᠬᠢᠶᠠᠯ ᠳᠠᠭᠠᠨ ᠲᠡᠮᠳᠡᠭᠯᠡᠵᠤ ᠪᠠᠶᠢᠳᠠᠭ᠃ ᠲᠡᠷᠡ ᠪᠣᠯ ᠪᠣᠷᠣᠭᠤ ᠶᠣᠮ᠃ ᠣᠴᠢᠷ ᠨᠢ ᠠᠨᠳᠠ ᠶᠢᠨ | ᠵᠢᠷᠣᠮ ᠠᠴᠠ ᠬᠠᠷᠢᠯᠴᠠᠨ ᠭᠠᠵᠠᠭᠤ ᠦᠭᠡᠢ ᠪᠣᠯ ᠶᠠᠷᠢᠶᠠᠨ ᠦᠭᠡᠢ ᠬᠠᠷᠢᠯᠴᠠᠨ ᠰᠣᠯᠢᠯᠴᠠᠭᠰᠠᠨ ᠡᠳ᠋ ᠨᠢ ᠮᠦᠩᠬᠡ ᠶᠢᠨ | ᠰᠠᠶᠢᠬᠠᠨ ᠳᠣᠷᠠᠰᠬᠠᠯ ᠪᠣᠯᠵᠤ ᠪᠡᠯᠡᠭ ᠪᠣᠯᠵᠤ ᠬᠤᠴᠣᠷᠤᠨ᠎ᠠ᠃ ᠬᠡᠷᠪᠡ ᠲᠠᠩᠭᠠᠷᠢᠭ ᠠᠯᠳᠠᠪᠠᠯ ᠰᠤᠯᠢᠯᠴᠠᠭᠰᠠᠨ | ᠬᠢᠲᠤᠭ᠎ᠠ᠂ ᠰᠤᠮᠤᠨ ᠤ ᠪᠠᠨ ᠲᠣᠣᠷ᠎ᠡ ᠠᠮᠢ ᠪᠠᠨ ᠦᠭᠳᠡᠭ ᠬᠠᠲᠠᠭᠤ ᠶᠤᠰᠤ ᠲᠠᠢ ᠲᠤᠯᠠ ᠪᠡᠯᠡᠭ ᠤᠨ ᠶᠠᠭᠤᠮ᠎ᠠ ᠪᠠᠷ | ᠦᠵᠡᠵᠤ ᠪᠤᠯᠬᠤ ᠦᠭᠡᠢ ᠶᠤᠮ᠃ ᠲᠡᠭᠦᠨ ᠢ ᠪᠡᠯᠡᠭ ᠭᠡᠬᠦ ᠦᠭᠡᠢ ᠲᠠᠩᠭᠠᠷᠢᠭ ᠭᠡᠳᠡᠭ︕ ᠠᠩᠬ᠎ᠠ ᠱᠠᠭ᠎ᠠ | ᠰᠣᠯᠢᠯᠴᠠᠭᠰᠠᠨ ᠪᠤᠯ ᠡᠩ ᠤᠨ ᠨᠠᠶᠢᠵᠠ ᠨᠦᠬᠦᠷ ᠤᠨ ᠬᠡᠯᠪᠡᠷᠢ ᠲᠠᠢ ᠠᠨᠳᠠ ᠪᠠᠶᠢᠭᠰᠠᠨ ᠪᠤᠯ ᠬᠤᠶᠠᠳᠤᠭᠠᠷ ᠤᠳᠠᠭ᠎ᠠ | ᠰᠤᠮᠤ ᠰᠤᠯᠢᠯᠴᠠᠭᠰᠠᠨ ᠪᠤᠯ ᠨᠢᠭᠡᠨᠲᠡ ᠠᠮᠢᠨ ᠳᠤ ᠣᠷᠣᠬᠤ ᠬᠠᠲᠠᠭᠤ ᠲᠠᠩᠭᠠᠷᠢᠭ ᠲᠠᠯᠪᠢᠭᠰᠠᠨ ᠪᠠᠶᠢᠨ᠎ᠠ᠃ ︽ᠠᠨᠳᠠ | ᠬᠦᠮᠤᠨ ᠠᠮᠢᠨ ᠨᠢᠭᠡ᠂ ᠦᠯᠤ ᠲᠠᠪᠴᠢᠯᠳᠤᠨ᠂ ᠠᠮᠢᠨ ᠤ ᠠᠷᠠᠴᠢ ᠪᠤᠯᠤᠶᠤ︕︾ ᠭᠡᠬᠦ ᠦᠭᠡ ᠠᠴᠠ ᠦᠢᠯᠠᠭᠠᠵᠤ | ᠪᠤᠯᠤᠨ᠎ᠠ᠃ ᠲᠡᠭᠡᠪᠡᠯ ᠪᠦᠷᠲᠡ ᠦᠵᠡᠨ ᠢ ᠮᠡᠷᠭᠡᠳ ᠠᠴᠠ ᠪᠤᠴᠠᠭᠠᠵᠤ ᠠᠪᠴᠢᠷᠠᠬᠤ ᠳᠠᠶᠢᠨ ᠳᠤ ᠤᠯᠵᠠᠯᠠᠭᠰᠠᠨ ᠬᠤᠪᠢ | ᠬᠤᠪᠢᠨ ᠤ ᠠᠯᠲᠠᠨ ᠪᠦᠰᠠ ᠪᠠᠨ ᠬᠠᠷᠢᠯᠴᠠᠨ ᠰᠤᠯᠢᠯᠴᠠᠭᠰᠠᠨ ᠪᠤᠯ ᠨᠡᠩ ᠣᠳᠬ᠎ᠠ ᠭᠦᠨ ᠶᠤᠮ᠃ ᠮᠤᠩᠭᠤᠯ | ᠶᠤᠰᠤᠨ ᠳᠤ ᠡᠩ ᠤᠨ ᠪᠠᠶᠢᠳᠠᠯ ᠳᠤ ᠪᠦᠰᠠ ᠪᠠᠨ ᠬᠦᠮᠤᠨ ᠳᠤ ᠦᠭᠬᠦ ᠪᠤᠶᠤ ᠰᠤᠯᠢᠯᠴᠠᠳᠠᠭ ᠦᠭᠡᠢ ᠶᠤᠮ᠃ | ᠣᠴᠢᠷ ᠨᠢ ᠡᠷ᠎ᠡ ᠬᠦᠮᠤᠨ ᠤ ᠪᠦᠰᠠᠨ ᠳᠤ ᠬᠡᠢ ᠮᠤᠷᠢ ᠰᠦᠯᠲᠠ ᠪᠤᠶᠤ ᠰᠦᠨᠡᠰᠤ ᠮᠦᠷ ᠨᠢ ᠣᠷᠣᠰᠢᠳᠠᠭ ᠭᠡᠬᠦ ᠶᠠᠷᠢᠶ᠎ᠠ | ᠪᠤᠢ ᠶᠤᠮ᠃ ᠡᠭᠦᠨ ᠢᠶᠠᠷ ᠮᠦᠷᠳᠡᠪᠡᠯ ᠵᠠᠮᠤᠬ᠎ᠠ ᠲᠡᠮᠤᠵᠢᠨ ᠤ ᠠᠨᠳᠠ ᠪᠤᠯ ᠡᠩ ᠵᠢᠷ ᠤᠨ ᠪᠢᠰᠢ᠂ ᠰᠦᠭ | ᠰᠦᠨᠡᠰᠤ ᠪᠠᠨ ᠬᠦᠷᠲᠡᠯ᠎ᠡ ᠰᠤᠯᠢᠯᠴᠠᠵᠤ ᠬᠠᠭᠠᠴᠠᠵᠤ ᠪᠤᠯᠤᠰᠢ ᠦᠭᠡᠢ ᠠᠮᠢᠨ ᠳᠤ ᠤᠷᠤᠭᠰᠠᠨ ᠠᠨᠳᠠ ᠭᠡᠳᠡᠭ ᠨᠢ | ᠵᠠᠶᠢᠯᠠᠰᠢ ᠦᠭᠡᠢ ᠶᠤᠮ ᠪᠠᠶᠢᠨ᠎ᠠ︕ ᠢᠩᠬᠢᠵᠤ ᠡᠨᠡ ᠬᠤᠶᠠᠷ ᠠᠨᠳᠠ ᠴᠢᠨᠤ ᠮᠢᠨᠤ ᠦᠭᠡᠢ ᠵᠢᠯ ᠭᠠᠷᠤᠢ ᠨᠢᠭᠡ | ᠬᠦᠨᠵᠢᠯᠡ ᠳᠤ ᠦᠩᠬᠦᠷᠢᠵᠤ ᠦᠵᠡᠭᠰᠡᠨ ᠪᠠᠶᠢᠳᠠᠭ︕ ᠨᠤᠲᠤᠭ ᠨᠡᠭᠦᠬᠦ ᠳᠤ ᠵᠠᠮᠤᠬ᠎ᠠ ︽᠁ ᠭᠤᠤᠯ ᠰᠢᠬᠠᠨ | ᠪᠠᠭᠤᠶ᠎ᠠ᠂ ᠬᠤᠨᠢᠴᠢᠳ ᠬᠤᠷᠠᠭᠠᠴᠢᠳ ᠪᠢᠳᠠᠨᠤ ᠬᠤᠭᠤᠯᠠᠶᠠ ᠬᠦᠷᠲᠤᠭᠡᠢ︕︾ ᠭᠡᠰᠡᠨ ᠢ ᠲᠡᠮᠤᠵᠢᠨ ᠤᠬᠠᠵᠤ ᠶᠠᠳᠠᠨ | ᠦᠭᠡᠯᠤᠨ ᠡᠬᠡ ᠠᠴᠠ ᠠᠰᠠᠭᠤᠬᠤ ᠪᠠᠷ ᠬᠦᠷᠴᠤ ᠤᠴᠢᠬᠤ ᠳᠤ ᠦᠭᠡᠯᠤᠨ ᠡᠬᠡ ᠶᠢ ᠳᠣᠣᠭᠠᠷᠴᠤ ᠠᠮᠵᠢᠬᠤ ᠠᠴᠠ | ᠡᠮᠤᠨ᠎ᠠ ᠡᠬᠡᠨᠡᠷ ᠪᠦᠷᠲᠡ ︽ᠵᠠᠮᠤᠬ᠎ᠠ ᠠᠨᠳᠠ ᠦᠢᠳᠠᠩᠬᠠ ᠭᠡᠮᠡᠭᠲᠡ ᠪᠦᠯᠤᠭᠡ᠂ ᠡᠳᠤᠭᠡ ᠪᠢᠳᠠᠨ ᠠᠴᠠ ᠦᠢᠳᠬᠤ | ᠴᠠᠭ ᠪᠤᠯᠪᠠ᠃ ᠁ ᠪᠢᠳᠠ ᠪᠤᠤ ᠪᠠᠭᠤᠶ᠎ᠠ᠂ ᠡᠨᠠ ᠬᠦᠳᠡᠯᠦᠭᠰᠡᠭᠡᠷ ᠰᠢᠯᠤᠭᠤᠶᠠ ᠁︾ ᠭᠡᠵᠤ ᠵᠠᠮᠤᠬ᠎ᠠ ᠠᠴᠠ | ᠰᠠᠯᠵᠤ ᠶᠠᠪᠤᠭᠰᠠᠨ ᠪᠠᠶᠢᠨ᠎ᠠ᠃ | ᠡᠭᠦᠨ ᠳᠤ ᠵᠠᠮᠤᠬ᠎ᠠ ᠦᠨᠡᠨ ᠲᠡᠶᠢᠮᠤ ᠰᠠᠨᠠᠭ᠎ᠠ ᠲᠠᠢ ᠬᠡᠯᠡᠭᠰᠡᠨ ᠢᠶᠠᠷ ᠪᠤᠳᠤᠬᠤ ᠳᠤ ᠴᠢᠨᠤ ᠮᠢᠨᠤ ᠦᠭᠡᠢ | ᠪᠠᠶᠢᠭᠰᠠᠨ ᠠᠨᠳᠠ ᠠᠴᠠ ᠪᠠᠨ ᠲᠡᠮᠤᠵᠢᠨ᠂ ᠦᠭᠡ ᠳᠠᠭᠤᠨ ᠦᠭᠡᠢ ᠪᠠᠷ ᠡᠬᠡᠨᠡᠷ ᠤᠨ ᠢᠶᠠᠨ ᠦᠭᠡ ᠪᠠᠷ ᠰᠠᠯᠵᠤ | ᠤᠳᠬᠤ ᠳᠤ ᠵᠠᠮᠤᠬ᠎ᠠ ᠪᠠᠶᠢᠲᠤᠭᠠᠢ ᠡᠩ ᠵᠢᠷ ᠤᠨ ᠠᠷᠠᠳ ᠪᠤᠯᠪᠠᠴᠤ ᠭᠤᠮᠳᠠᠬᠤ ᠦᠭᠡᠢ ᠴᠤ ᠭᠡᠰᠡᠨ ᠶᠠᠭᠤᠮ᠎ᠠ | ᠪᠤᠳᠤᠬᠤ ᠦᠭᠡᠢ ᠣᠴᠢᠷ ᠪᠠᠶᠢᠨ᠎ᠠ ᠤᠤ︖ ᠲᠡᠭᠡᠪᠡᠯ᠂ ᠲᠡᠮᠤᠵᠢᠨ ᠨᠢ ᠡᠬᠡᠨᠡᠷ ᠤᠨ ᠢᠶᠠᠨ ᠦᠭᠡ ᠠᠴᠠ ᠳᠠᠪᠠᠵᠤ | ᠴᠢᠳᠠᠬᠤ ᠦᠭᠡᠢ ᠣᠤᠯᠢᠬᠠᠢ ᠡᠷ᠎ᠡ ᠪᠤᠯᠴᠢᠬᠠᠪᠠᠣ ᠭᠡᠪᠡᠯ ᠠᠷᠡᠢ ᠲᠡᠶᠢᠮᠤ ᠪᠢᠰᠢ ᠶᠤᠮ᠃ ᠶᠠᠭᠤ ᠭᠡᠪᠡᠯ᠂ ᠲᠡᠮᠤᠵᠢᠨ | ᠡᠮ᠎ᠡ ᠦᠷ᠎ᠡ ᠠᠪᠴᠤ᠂ ᠡᠷ᠎ᠡ ᠶᠢᠨ ᠴᠡᠭᠡᠯ ᠳᠤ ᠬᠦᠷᠦᠭᠰᠡᠨ ᠭᠡᠳᠡᠭ ᠴᠤ ᠠᠷᠪᠠᠨ ᠨᠠᠰᠤᠨ ᠳᠠᠭᠠᠨ ᠠᠪᠦ ᠶᠢᠨ | ᠬᠠᠶᠢᠷ᠎ᠠ ᠠᠴᠠ ᠬᠠᠭᠠᠴᠠᠵᠤ᠂ ᠠᠭᠤᠤ ᠶᠡᠭᠡ ᠦᠭᠡᠯᠤᠨ ᠡᠬᠡ ᠶᠢᠨ ᠬᠠᠶᠢᠷ᠎ᠠ ᠰᠤᠷᠭᠠᠯ ᠳᠤ ᠦᠰᠴᠤ ᠲᠤᠷᠨᠢᠭᠰᠡᠨ ᠤ | ᠬᠤᠪᠢ ᠳᠤ ᠡᠮᠡᠭᠲᠠᠢ ᠬᠦᠮᠤᠨ ᠤ ᠨᠠᠷᠢᠨ ᠣᠬᠠᠪᠣᠷᠢ ᠲᠦᠰᠢᠵᠤ ᠮᠣᠩᠭᠤᠯ ᠤᠨ ᠦᠨᠳᠦᠷᠯᠢᠭ ᠲᠤ ᠠᠩᠬᠠᠯᠠᠨ ᠪᠤᠰᠴᠤ | ᠵᠤᠭᠰᠤᠭᠰᠠᠨ ᠲᠠᠢ ᠨᠢᠭᠳᠠ ᠬᠠᠷᠢᠴᠠᠭ᠎ᠠ ᠲᠠᠢ ᠶᠤᠮ᠃ ᠶᠠᠭ ᠡ᠊ᠨᠡ ᠬᠦ ᠲᠠᠯ᠎ᠠ ᠳᠡᠭᠡᠷ᠎ᠡ ᠡᠬᠡᠨᠡᠷ ᠤᠨ ᠦᠭᠡᠨ ᠳᠤ | ᠣᠷᠣᠵᠤ᠂ ᠵᠠᠮᠤᠬ᠎ᠠ ᠠᠨᠳᠠ ᠶᠢᠨ ᠰᠠᠳᠭᠢᠯ ᠳᠤ ᠰᠠᠪ ᠰᠠᠭᠤᠯᠭᠠᠭᠰᠠᠨ ᠶᠤᠮ᠃ | ᠵᠠᠮᠤᠬ᠎ᠠ ᠪᠠᠷ ᠵᠢᠭᠠᠬᠠᠨ ᠴᠤ ᠭᠡᠰᠡᠨ ᠰᠡᠳᠭᠢᠯ ᠳᠡᠭᠡᠨ ᠰᠡᠵᠢᠭ ᠲᠠᠭᠠᠪᠤᠷᠢ ᠲᠠᠢ ᠪᠠᠶᠢᠭᠰᠠᠨ ᠦᠶ᠎ᠡ ᠳᠤ ᠳᠡᠮᠡᠢ | ᠤᠳᠠᠯ ᠦᠭᠡᠢ ᠲᠡᠮᠤᠵᠢᠨ ︽ᠴᠢᠩᠭᠢᠰ︾ ᠴᠤᠯᠠ ᠲᠠᠢ ᠬᠠᠭᠠᠨ ᠪᠤᠯᠤᠭᠰᠠᠨ ᠶᠠᠪᠤᠳᠠᠯ ᠲᠠᠪᠬᠤᠴᠠᠵᠤ ᠵᠠᠮᠤᠬ᠎ᠠ ᠶᠢ | ᠣᠯᠠᠮ ᠨᠢᠭᠡ ᠠᠯᠬᠤᠮ ᠰᠡᠵᠢᠭ ᠲᠦᠷᠦᠭᠦᠯᠪᠡ᠃ ︽ᠠᠯᠲᠠᠨ᠂ ᠬᠤᠴᠠᠷ ᠲᠠ ᠬᠤᠶᠠᠷ ᠁ ᠠᠨᠳᠠ ᠪᠢᠳᠠᠨ | ᠬᠤᠶᠠᠷ ᠢ ᠰᠠᠯᠬᠤ ᠠᠴᠠ ᠡᠮᠤᠨ᠎ᠡ ᠬᠠᠮᠲᠤ ᠪᠠᠶᠢᠬᠤ ᠦᠶ᠎ᠡ ᠳᠤ ᠲᠡᠮᠤᠵᠢᠨ ᠢ ᠬᠠᠨ ᠡᠷᠭᠦᠮᠵᠢᠯᠡᠭᠰᠡᠨ ᠦᠭᠡᠢ᠂ ᠡᠳᠤᠭᠡ | ᠶᠠᠮᠠᠷ ᠰᠠᠨᠠᠭ᠎ᠠ ᠪᠠᠷ ᠪᠣᠯᠭᠠᠪᠠ︖ ᠁︾ ᠭᠡᠰᠡᠨ ᠵᠠᠮᠤᠬ᠎ᠠ ᠶᠢᠨ ᠠᠯᠲᠠᠨ᠂ ᠬᠤᠴᠠᠷ ᠬᠤᠶᠠᠷ ᠲᠤ ᠬᠡᠯᠡᠵᠤ | ᠶᠠᠪᠤᠭᠤᠯᠤᠭᠰᠠᠨ ᠦᠭᠡ ᠪᠤᠯ ᠢᠯᠡᠷᠬᠢᠢᠶᠠ ᠲᠡᠮᠤᠵᠢᠨ ᠠᠨᠳᠠ ᠳᠠᠭᠠᠨ ᠰᠤᠨᠤᠰᠬᠠᠭᠰᠠᠨ ᠦᠭᠡ ᠪᠤᠯᠬᠤ ᠶᠤᠮ᠃ ᠡᠶᠢᠨ | ᠬᠦ ᠵᠠᠮᠤᠬ᠎ᠠ ᠶᠢᠨ ᠬᠤᠪᠢ ᠳᠤ ᠰᠡᠳᠭᠢᠯ ᠳᠤᠨᠢ ᠶᠤᠰᠤᠲᠠᠢ ᠬᠢᠷᠠᠭᠤ ᠳᠡᠭᠡᠷ᠎ᠡ ᠨᠢ ᠴᠠᠰᠤ ᠪᠠᠭᠤᠭᠰᠠᠨ ᠪᠤᠯᠵᠤ | ᠵᠢᠭᠡᠭᠦᠰᠦᠭᠰᠡᠨ ᠶᠤᠮ᠃ ᠭᠡᠬᠦ ᠳᠤ ᠲᠡᠮᠤᠵᠢᠨ ᠤ ᠬᠤᠪᠢ ᠳᠤ ᠠᠪᠴᠤ ᠬᠡᠯᠡᠪᠡᠯ ᠦᠪᠡᠷᠲᠡᠭᠡᠨ ᠬᠠᠨ ᠰᠠᠭᠤᠶ᠎ᠠ ᠭᠡᠬᠦ | ᠰᠠᠨᠠᠭ᠎ᠠ ᠪᠠᠶᠢᠭᠰᠠᠨ ᠢᠶᠠᠷ ᠪᠤᠳᠤᠬᠤ ᠳᠤ ᠢᠯᠡ ᠪᠠᠷ ᠬᠡᠯᠡᠬᠦ ᠪᠤᠯᠤᠮᠵᠢ ᠦᠭᠡᠢ ᠶᠤᠮ᠃ ᠣᠴᠢᠷ ᠨᠢ ᠣᠪᠣᠭ | ᠠᠶᠢᠮᠠᠭ ᠤᠨ ᠳᠣᠲᠣᠷ᠎ᠠ ᠲᠡᠮᠤᠵᠢᠨ ᠬᠠᠨ ᠰᠠᠭᠤᠬᠤ ᠪᠠᠶᠢᠷᠢ ᠰᠠᠭᠤᠷᠢ ᠦᠭᠡᠢ ᠶᠤᠮ᠃ | ᠤᠳᠤᠮ ᠤᠭᠰᠠᠭ᠎ᠠ ᠶᠢᠨ ᠶᠤᠰᠤᠭᠠᠷ ᠪᠤᠯ ᠠᠯᠲᠠᠨ᠂ ᠬᠤᠴᠠᠷ᠂ ᠰᠡᠴᠡᠨ ᠪᠠᠬᠢ ᠨᠠᠷ ᠬᠠᠨ ᠪᠤᠯᠬᠤ ᠶᠤᠰᠤᠲᠠᠢ | ᠶᠤᠮ᠃ ᠨᠦᠭᠦᠭᠡ ᠲᠠᠯᠠᠭᠠᠷ ᠬᠠᠨ ᠪᠤᠯᠬᠤ ᠨᠢ ᠤᠪᠤᠭ ᠠᠶᠢᠮᠠᠭ ᠤᠨ ᠳᠤᠲᠤᠷ᠎ᠡ ᠬᠤᠷᠠᠯᠲᠠᠢ ᠪᠠᠷ ᠳᠠᠮᠵᠢᠬᠤ ᠶᠤᠰᠤᠲᠠᠢ | ᠶᠤᠮ᠃ ᠲᠡᠮᠤᠵᠢᠨ ᠦᠪᠡᠷᠲᠡᠭᠡᠨ ᠬᠠᠨ ᠪᠤᠯᠬᠤ ᠡᠷᠬᠡ ᠦᠭᠡᠢ ᠶᠤᠮ᠃ ᠭᠡᠶ᠎ᠡ᠂ ᠵᠠᠮᠤᠬ᠎ᠠ ᠶᠢᠨ ᠮᠠᠭᠤ ᠰᠠᠨᠠᠬᠤ ᠶᠢ ᠴᠤ | ᠪᠤᠷᠤᠭᠤ ᠭᠡᠵᠤ ᠬᠡᠯᠡᠵᠤ ᠪᠤᠯᠬᠤ ᠦᠭᠡᠢ ᠶᠤᠮ᠃ ︽ᠠᠨᠳᠠ ᠬᠦᠮᠤᠨ ᠤ ᠠᠮᠢᠨ ᠨᠢᠭᠡ︕︾ ᠪᠠᠶᠢᠲᠠᠯ᠎ᠠ ᠪᠠᠨ ᠦ | ᠰᠠᠪ ᠮᠡᠳᠡᠭᠳᠡᠯ ᠦᠭᠡᠢ ᠵᠠᠶᠢᠯᠠᠵᠤ ᠬᠠᠶᠠᠵᠤ ᠶᠠᠪᠤᠭᠠᠳ ᠤᠬᠤᠷᠬᠠᠨ ᠴᠠᠭ ᠤᠨ ᠳᠤᠲᠤᠷ᠎ᠠ ᠬᠠᠨ ᠰᠠᠭᠤᠭᠰᠠᠨ ᠨᠢ ᠨᠢᠭᠡ | ᠶᠤᠰᠤᠨ ᠤ ᠰᠡᠵᠢᠭ ᠲᠠᠭᠠᠪᠤᠷᠢ ᠡᠭᠦᠰᠭᠡᠬᠦ ᠨᠢ ᠶᠠᠷᠢᠶᠠᠨ ᠦᠭᠡᠢ ᠶᠤᠮ᠃ ᠭᠡᠬᠦ ᠳᠤ ᠵᠠᠮᠤᠬ᠎ᠠ ᠳᠤ ᠠᠪᠴᠤ ᠬᠡᠯᠡᠪᠡᠯ ︽ | ᠲᠠᠩᠭᠠᠷᠢᠭ ᠠᠰᠠᠭᠤᠬᠤ︾ ︽ᠠᠨᠳᠠᠭᠠᠢ ᠨᠡᠬᠡᠬᠦ︾ ᠬᠡᠮᠵᠢᠶᠡᠨ ᠬᠦᠷᠤᠭᠡ ᠦᠭᠡᠢ ᠪᠠᠶᠢᠭᠰᠠᠨ ᠶᠤᠮ᠃ ︵ᠲᠠᠩᠭᠠᠷᠢᠭ | ᠠᠰᠠᠭᠤᠬᠤ᠂ ᠠᠨᠳᠠᠭᠠᠢ ᠨᠡᠬᠡᠬᠦ ᠭᠡᠵᠤ ᠨᠢᠭᠡ ᠡᠳᠡᠭᠡᠳ ᠨᠢ ᠠᠨᠳᠠᠭᠠᠢ᠂ ᠲᠠᠩᠭᠠᠷᠢᠭ ᠠᠯᠳᠠᠭᠰᠠᠨ ᠪᠠᠶᠢᠪᠠᠯ ᠨᠦᠭᠦᠭᠡ | ᠡᠳᠡᠭᠡᠳ ᠨᠢ ᠡᠯᠴᠢ ᠲᠤᠮᠢᠯᠠᠨ ᠳᠠᠭᠤᠤ ᠪᠠᠷᠢᠭᠤᠯᠵᠤ᠂ ᠤᠷᠢᠳᠤ ᠶᠢᠨ ᠠᠮᠠᠯᠳᠠᠭᠰᠠᠨ ᠤᠴᠢᠷ᠂ ᠠᠨᠳᠠᠭᠠᠶᠢᠯᠠᠭᠰᠠᠨ | ᠲᠠᠩᠭᠠᠷᠢᠭ ᠢᠶᠠᠨ ᠳᠣᠷᠠᠳᠬᠠᠨ ᠰᠠᠨᠠᠭᠤᠯᠵᠣ᠂ ᠠᠨᠳᠠᠭᠠᠢ ᠠᠯᠳᠠᠭᠰᠠᠨ ᠠᠵᠢᠯᠯᠠᠭ᠎ᠠ ᠶᠢ ᠰᠢᠭᠦᠮᠵᠢᠯᠡᠨ ᠲᠤᠩᠭᠤᠳᠬᠤ ᠶᠢ | ᠬᠡᠯᠡᠨ᠎ᠠ︶ ᠭᠡᠪᠡᠴᠤ ᠵᠠᠮᠤᠬ᠎ᠠ ᠪᠠᠷ ᠰᠡᠵᠢᠭ ᠠᠯᠳᠠᠷᠠᠭᠰᠠᠨ ᠦᠭᠡᠢ ᠮᠦᠷᠲᠡᠭᠡᠨ ᠲᠡᠮᠤᠵᠢᠨ ᠢ ᠲᠡᠩᠰᠡᠵᠤ ᠦᠵᠡᠬᠦ ᠪᠤᠳᠤᠯ | ᠡᠭᠦᠰᠦᠭᠰᠡᠨ ᠶᠤᠮ᠃ | ᠵᠠᠮᠤᠬ᠎ᠠ ᠶᠢᠨ ᠳᠡᠭᠦᠤ ᠲᠠᠶᠢᠴᠢᠷ ᠲᠡᠮᠤᠵᠢᠨ ᠤ ᠠᠳᠤᠭᠤ ᠶᠢ ᠲᠠᠭᠤᠵᠤ᠂ ᠠᠳᠤᠭᠤᠴᠢᠨ ᠳᠤᠨᠢ ᠠᠯᠠᠭᠳᠠᠯ᠎ᠠ᠃ | ᠡ᠊ᠨᠳᠡ ᠰᠡᠵᠢᠭᠯᠡᠬᠦ ᠨᠢ ᠵᠠᠮᠤᠬ᠎ᠠ ᠰᠢᠭ᠋ ᠠᠪᠤᠨ ᠳᠣᠣᠷ᠎ᠡ ᠨᠢ ᠲᠦᠮᠡᠨ ᠴᠡᠷᠢᠭ ᠢ ᠵᠤᠬᠢᠶᠠᠨ ᠪᠠᠶᠢᠭᠤᠯᠬᠤ ᠴᠢᠳᠠᠯ ᠲᠠᠢ | ᠮᠤᠩᠭᠤᠯ ᠤᠨ ᠲᠤᠮᠤ ᠢᠵᠠᠭᠤᠷᠲᠠᠨ ᠤ ᠳᠡᠭᠦᠤ ᠲᠠᠶᠢᠴᠢᠷ ᠠᠳᠤᠭᠤ ᠪᠠᠷ ᠳᠣᠲᠠᠪᠠ ᠤᠤ︖ ᠲᠠᠭᠤᠬᠤ ᠳᠠᠭᠠᠨ | ᠦᠭᠡᠷ᠎ᠡ ᠬᠦᠮᠤᠨ ᠤ ᠠᠳᠤᠭᠤ ᠪᠢᠰᠢ ᠶᠠᠭᠤᠨ ᠳᠤ ᠲᠡᠮᠤᠵᠢᠨ ᠤ ᠠᠳᠣᠭᠤ ᠶᠢ ᠲᠠᠭᠤᠪᠠ︖ ᠡᠭᠦᠨ ᠤ | ᠬᠠᠷᠢᠭᠤᠯᠲᠠ ᠨᠢ ︽ᠨᠢᠭᠡ ᠮᠤᠷᠢ ᠪᠠᠶᠢᠪᠠᠯ ᠡᠭᠡᠯᠵᠢᠯᠡᠵᠤ ᠣᠨᠤᠨ᠎ᠠ︾ ︽ᠴᠢᠨᠤᠬᠢ ᠴᠤ ᠮᠢᠨᠤᠬᠢ︕︾ ︽ᠮᠢᠨᠤᠬᠢ | ᠴᠤ ᠴᠢᠨᠤᠬᠢ︾ ︽ᠠᠨᠳᠡ ᠬᠦᠮᠤᠨ ᠤ ᠠᠮᠢ ᠨᠢ ᠨᠢᠭᠡ︾ ᠭᠡᠳᠡᠭ ᠠᠨᠳᠠ ᠶᠢᠨ ᠶᠤᠰᠤ ᠪᠠᠶᠢᠳᠠᠭ ᠲᠤᠯᠠ | ᠵᠤᠷᠢᠯᠭ᠎ᠠ ᠲᠠᠢ ᠪᠠᠷ ᠳᠡᠭᠦᠤ ᠪᠠᠨ ᠲᠤᠬᠢᠵᠤ ᠲᠡᠮᠤᠵᠢᠨ ᠤ ᠠᠳᠣᠭᠤ ᠶᠢ ᠬᠦᠭᠡᠭᠡᠯᠭᠡᠵᠤ ᠳᠡᠩᠰᠠᠯᠲᠠ ᠬᠢᠭᠰᠡᠨ ᠶᠤᠮ᠃ | ᠭᠡᠲᠡᠯ᠎ᠡ᠂ ᠭᠠᠢ ᠪᠤᠯᠵᠤ ᠳᠡᠭᠦᠤ ᠨᠢ ᠠᠯᠠᠭᠳᠠᠭᠰᠠᠨ ᠤᠴᠢᠷ ᠪᠤᠯᠤᠭᠰᠠᠨ ᠶᠤᠮ ᠪᠠᠶᠢᠨ᠎ᠠ᠃ ᠬᠤᠶᠠᠷ ᠠᠨᠳᠠ ᠶᠢᠨ | ᠰᠠᠪᠳᠠᠬᠦ ᠴᠠᠭ ᠪᠤᠯᠤᠭᠰᠠᠨ ᠤ ᠬᠢ ᠤᠤ︕ ᠦᠨᠡᠨ ᠳᠡᠭᠡᠨ ᠲᠡᠮᠤᠵᠢᠨ ᠲᠠᠶᠢᠴᠢᠷ ᠢ ᠠᠯᠠᠭᠰᠠᠨ ᠦᠭᠡᠢ ᠮᠦᠷᠲᠡᠭᠡᠨ | ᠠᠯᠠ ᠭᠡᠰᠡᠨ ᠵᠠᠷᠯᠢᠭ ᠴᠤ ᠦᠭᠭᠦᠭᠰᠡᠨ ᠦᠭᠡᠢ ᠪᠠᠷ ᠠᠳᠣᠭᠤᠴᠢᠨ ᠨᠢ ᠠᠯᠠᠭᠰᠠᠨ ᠶᠤᠮ᠃ | ᠡᠭᠦᠨ ᠳᠤ ᠲᠡᠮᠤᠵᠢᠨ ᠤ ᠦᠢᠯᠡ ᠳᠤ ᠬᠤᠶᠠᠷ ᠤᠳᠠᠭ᠎ᠠ ᠰᠡᠵᠢᠭ ᠲᠦᠷᠦᠵᠤ ᠪᠠᠶᠢᠭᠰᠠᠨ ᠵᠠᠮᠤᠬ᠎ᠠ᠂ ᠡᠨᠡ | ᠣᠳᠠᠭ᠎ᠠ ᠶᠢᠨ ᠬᠡᠳᠣᠨ ᠠᠳᠣᠭᠤ ᠶᠢᠨ ᠣᠴᠢᠷ ᠲᠤ ᠳᠡᠭᠦᠤ ᠪᠠᠨ ᠠᠯᠠᠭᠤᠯᠤᠭᠰᠠᠨ ᠶᠠᠪᠤᠳᠠᠯ ᠨᠢ ᠠᠨᠳᠠ ᠲᠡᠮᠤᠵᠢᠨ ᠳᠤ | ᠨᠢᠭᠡᠮᠤᠰᠤᠨ ᠢᠲᠡᠭᠡᠯ ᠠᠯᠳᠠᠵᠤ ︽ᠲᠠᠩᠭᠠᠷᠢᠭ ᠠᠰᠠᠭᠤᠬᠤ︾ ︽ᠠᠨᠳᠠᠭᠠᠢ ᠨᠡᠭᠡᠬᠦ︾ ᠳᠠᠶᠢᠨ ᠢ ᠡᠭᠦᠰᠭᠡᠭᠰᠡᠨ | ᠪᠠᠶᠢᠨ᠎ᠠ᠃ ᠭᠡᠬᠦ ᠳᠤ ᠡ᠊ᠨᠳᠡ ᠲᠤᠳᠣᠷᠬᠠᠶᠢᠯᠠᠬᠤ ᠨᠢ ᠵᠠᠮᠤᠬ᠎ᠠ᠂ ᠲᠡᠮᠤᠵᠢᠨ ᠬᠤᠭᠤᠷᠤᠨᠳᠤᠬᠢ ᠳᠠᠶᠢᠨ ᠨᠢ ᠦᠰᠢᠶᠡᠲᠡᠨ | ᠳᠠᠶᠢᠰᠤᠨ ᠤ ᠳᠠᠶᠢᠨ ᠪᠢᠰᠢ᠂ ᠬᠠᠷᠢᠨ ᠲᠠᠩᠭᠠᠷᠢᠭ ᠠᠰᠠᠭᠤᠬᠤ᠂ ᠠᠨᠳᠠᠭᠠᠢ ᠨᠡᠬᠡᠬᠦ ᠳᠠᠶᠢᠨ ᠭᠡᠳᠡᠭ ᠢ ᠮᠡᠳᠡᠬᠦ ᠬᠡᠷᠡᠭᠲᠠᠢ | ᠶᠤᠮ᠃ ᠮᠦᠨ ᠴᠤ ᠬᠤᠶᠠᠷ ᠠᠨᠳᠠ ᠶᠢᠨ ᠪᠤᠷᠤᠭᠤ ᠦᠢᠯᠭᠠᠯᠲᠠ ᠠᠴᠠ ᠡᠭᠦᠰᠦᠭᠰᠡᠨ ᠳᠠᠶᠢᠨ ᠪᠤᠯᠬᠤ ᠶᠤᠮ᠃ ᠡᠨᠡ | ᠳᠠᠶᠢᠨ ᠳᠤ ᠦᠩᠭᠡᠨ ᠲᠠᠯ᠎ᠠ ᠠᠴᠠ ᠨᠢ ᠦᠵᠡᠪᠡᠯ ᠳᠡᠭᠦᠤ ᠪᠠᠨ ᠠᠯᠠᠭᠤᠯᠤᠭᠰᠠᠨ ᠵᠠᠮᠤᠬ᠎ᠠ ᠳᠤ ᠶᠠᠷᠢᠶᠠᠨ ᠦᠭᠡᠢ | ᠠᠰᠢᠭᠲᠠᠢ᠂ ᠶᠤᠰᠤᠲᠠᠢ ᠪᠠᠶᠢᠬᠤ ᠶᠤᠮ᠃ ᠮᠦᠨ ᠴᠤ ᠶᠤᠰᠤ ᠶᠢ ᠣᠯᠣᠭᠴᠢᠳ ᠢᠯᠠᠳᠠᠭ ᠤᠨ ᠵᠢᠮ ᠢᠶᠠᠷ ᠡᠨᠡ | ᠳᠠᠶᠢᠨ ᠳᠤ ᠵᠠᠮᠤᠬ᠎ᠠ ᠳᠠᠶᠢᠯᠠᠵᠤ ᠲᠡᠮᠤᠵᠢᠨ ᠢᠶᠠᠷ ᠵᠢᠷᠭᠤᠭᠠᠳᠠᠢ ᠳᠤ ᠬᠦᠵᠤᠭᠦᠤ ᠪᠠᠨ ᠬᠠᠷᠪᠤᠭᠤᠯᠵᠤ ᠠᠮᠢᠨ | ᠲᠤᠯᠤᠭᠰᠠᠨ ᠶᠤᠮ᠃ ᠡᠭᠦᠨ ᠠᠴᠠ ᠬᠤᠵᠢᠮ᠂ ᠵᠠᠮᠤᠬ᠎ᠠ ᠪᠠᠷ ᠭᠡᠷᠡᠶᠢᠳ᠂ ᠨᠠᠶᠮᠠᠨ ᠢ ᠦᠳᠡᠭᠡᠵᠤ ᠲᠡᠮᠤᠵᠢᠨ ᠳᠤ | ᠳᠠᠶᠢᠰᠤᠨ ᠪᠤᠯᠭᠠᠭᠰᠠᠨ ᠭᠡᠳᠡᠭ ᠴᠤ ᠵᠠᠮᠤᠬ᠎ᠠ ᠶᠢᠨ ᠬᠤᠪᠢ ᠳᠤ ᠦᠰᠢᠶᠡᠲᠡᠨ ᠳᠠᠶᠢᠰᠣᠨ ᠢᠶᠠᠷ ᠲᠡᠮᠤᠵᠢᠨ ᠢ ᠦᠵᠡᠭᠰᠡᠨ | ᠦᠭᠡᠢ ᠮᠦᠨ ᠯᠠ ︽ᠲᠠᠩᠭᠠᠷᠢᠭ ᠠᠰᠠᠭᠤᠬᠤ︾ ︽ᠠᠨᠳᠠᠭᠠᠢ ᠨᠡᠬᠡᠬᠦ︾ ᠪᠠᠨ ᠪᠠᠷᠢᠮᠲᠠᠯᠠᠭᠰᠠᠭᠠᠷ ᠪᠠᠶᠢᠭᠰᠠᠨ ᠶᠤᠮ᠃ | ᠭᠡᠷᠡᠶᠢᠳ᠂ ᠨᠠᠶᠮᠠᠨ ᠤ ᠴᠡᠷᠢᠭ ᠤᠨ ᠨᠢᠭᠤᠴᠠ ᠶᠢ ᠲᠡᠮᠤᠵᠢᠨ ᠳᠤ ᠵᠠᠳᠠᠷᠠᠭᠤᠯᠵᠤ ᠪᠠᠶᠢᠭᠰᠠᠨ ᠨᠢ ᠭᠡᠷᠡᠴᠢ ᠪᠤᠯᠬᠤ ᠶᠤᠮ᠃ | ᠭᠡᠲᠡᠯ᠎ᠡ᠂ ᠮᠠᠨ ᠤ ᠲᠡᠣᠬᠡᠴᠢᠳ ᠵᠠᠮᠤᠬ᠎ᠠ ᠶᠢ ᠬᠤᠶᠠᠷ ᠨᠢᠭᠤᠷᠲᠠᠨ᠂ ᠬᠤᠩᠰᠢᠶᠠᠷ ᠵᠦᠭᠡᠭᠴᠢ ᠭᠡᠵᠤ ᠵᠦᠭᠡᠳᠡᠭ ᠪᠠᠶᠢᠯ᠎ᠠ | ᠃ ᠴᠣᠬᠤᠮ ᠬᠦ ᠲᠠᠩᠭᠠᠷᠢᠭ ᠢᠶᠠᠨ ᠪᠠᠷᠢᠭᠰᠠᠨ᠂ ᠰᠠᠬᠢᠭᠰᠠᠨ ᠵᠠᠮᠤᠬ᠎ᠠ ᠶᠢᠨ ᠬᠤᠰᠢᠭᠤ ᠮᠠᠭᠤ ᠤᠤ︖ ᠶᠤᠰᠤ ᠪᠠᠨ | ᠮᠡᠳᠡᠬᠦ ᠦᠭᠡᠢ ᠲᠡᠤᠬᠡᠴᠢᠳ ᠤᠨ ᠦᠮᠡᠬᠡᠢ ᠬᠤᠩᠰᠢᠶᠠᠷ ᠠᠰᠠᠭᠤᠳᠠᠯ ᠲᠠᠢ ᠤᠤ︖ | ᠵᠠᠮᠤᠬ᠎ᠠ ᠲᠤᠤᠷᠠᠬᠢ ᠨᠦᠬᠦᠳ ᠲᠡᠭᠡᠨ ᠪᠠᠷᠢᠭᠳᠠᠵᠤ ᠲᠡᠮᠤᠵᠢᠨ ᠳᠤ ᠢᠷᠡᠯ᠎ᠡ᠃ ᠵᠠᠮᠤᠬ᠎ᠠ᠄ ︽ᠢᠯᠡᠭᠦᠤ ᠦᠭᠡ ᠲᠠᠢ | ᠲᠤᠮᠤᠭᠴᠢ ᠡᠬᠡᠨᠡᠷ ᠲᠠᠢ ᠪᠤᠯᠡᠢ᠃ ᠁ ᠠᠨᠳᠠ ᠴᠢᠮ᠎ᠠ ᠳᠤ ᠳᠠᠶᠢᠯᠦᠭᠳᠠᠪᠠ᠃︾ ᠭᠡᠵᠤ ᠦᠪᠡᠷ ᠤᠨ ᠡᠬᠡᠨᠡᠷ ᠢᠶᠠᠨ | ᠮᠠᠭᠤᠯᠠᠭᠰᠠᠨ ᠨᠢ ᠲᠡᠮᠤᠵᠢᠨ ᠪᠦᠷᠲᠡ ᠦᠵᠡᠨ ᠤ ᠦᠭᠡᠨ ᠳᠤ ᠤᠷᠤᠵᠤ ᠠᠨᠳᠠ ᠤᠷᠬᠢᠵᠤ ᠶᠠᠪᠤᠭᠰᠨ ᠢ ᠪᠢᠲᠡᠭᠦᠤ ᠪᠠᠷ | ᠶᠠᠷᠢᠭᠰᠠᠨ ᠶᠤᠮ᠃ ︽᠁ ᠡᠷᠳᠡᠮ ᠪᠢᠯᠢᠭᠲᠦ ᠳᠡᠭᠦᠤ ᠨᠠᠷ ᠲᠠᠢ ᠁ ᠮᠢᠨᠤ ᠪᠡᠶ᠎ᠡ ᠁ ᠡᠯᠢᠭᠡ ᠲᠠᠢ | ᠳᠡᠭᠦᠦ ᠨᠠᠷ ᠦᠭᠡᠢ ᠁︾ ᠭᠡᠰᠡᠨ ᠨᠢ ᠭᠠᠭᠴᠠ ᠳᠡᠭᠦᠤ ᠪᠠᠨ ᠠᠯᠠᠭᠤᠯᠤᠭᠰᠠᠨ ᠢᠶᠠᠨ ᠲᠠᠮ ᠶᠠᠷᠢᠭᠰᠠᠨ ᠴᠤ ᠶᠤᠮ | ᠰᠢᠭ︕ ᠶᠠᠭᠤ ᠴᠤ ᠪᠤᠯ ᠬᠤᠶᠠᠷ ᠠᠨᠳᠠ ᠣᠴᠢᠷ ᠤᠬᠠᠭᠠᠨ ᠢᠶᠠᠨ ᠤᠯᠤᠭᠰᠠᠨ ᠮᠦᠷᠲᠡᠭᠡᠨ ᠲᠡᠮᠤᠵᠢᠨ ᠢᠶᠠᠷ᠄ ︽ | ᠡᠳᠣᠭᠡ ᠪᠢᠳᠠ ᠬᠤᠶᠠᠷ ᠬᠠᠮᠲᠤᠷᠠᠵᠤ ᠨᠦᠬᠦᠷᠯᠡᠶᠡ︕︾ ᠭᠡᠰᠡᠨ ᠪᠤᠯᠪᠠᠴᠤ ᠵᠠᠮᠤᠬ᠎ᠠ ᠪᠠᠷ ︽ᠨᠦᠬᠦᠷᠯᠡᠬᠦ ᠴᠠᠭ ᠲᠤ | ᠨᠦᠬᠦᠷᠯᠡᠭᠰᠡᠨ ᠦᠭᠡᠢ ᠪᠢᠯᠡ᠃︾ ︽ᠠᠨᠳᠠ ᠮᠢᠨᠢ ᠦᠷᠤᠰᠢᠶᠡᠪᠡᠯ ᠨᠠᠮᠠᠶᠢ ᠦᠬᠦᠬᠦᠯᠵᠤ ᠦᠪᠡᠷ ᠤᠨ ᠰᠡᠳᠭᠢᠯ ᠢᠶᠠᠨ | ᠠᠮᠤᠷᠵᠢᠭᠤᠯᠲᠤᠭᠠᠢ᠃ ᠠᠨᠳᠠ ᠲᠠ ᠰᠤᠶᠤᠷᠬᠠᠵᠤ ᠠᠯᠠᠬᠤ ᠳᠤ ᠬᠦᠷᠪᠡᠯ ᠴᠢᠰᠤ ᠭᠠᠷᠭᠠᠯ ᠦᠭᠡᠢ ᠦᠬᠦᠭᠦᠯᠬᠦ ᠪᠤᠯᠪᠠ | ᠤᠤ︖︾ ᠭᠡᠮᠡᠪᠡ᠃ ᠡᠭᠦᠨ ᠳᠤ ᠵᠠᠮᠤᠬ᠎ᠠ ᠶᠢᠨ ᠬᠤᠪᠢ ᠳᠤ ᠬᠡᠯᠡᠪᠡᠯ ᠭᠤᠷᠪᠠ ᠣᠳᠠᠭ᠎ᠠ ᠶᠢᠨ ᠠᠨᠳᠠ ᠳᠠᠭᠠᠨ | ᠭᠤᠮᠤᠳᠠᠭᠰᠠᠨ ᠶᠠᠪᠤᠳᠠᠯ ᠨᠢ ᠪᠤᠳᠠᠲᠤ ᠪᠠᠶᠢᠳᠠᠯ ᠳᠤ ᠦᠯᠤ ᠨᠡᠶᠢᠴᠡᠭᠰᠡᠨ ᠢᠶᠠᠨ ᠰᠡᠷᠡᠵᠤ ᠣᠬᠠᠭᠠᠷᠠᠭᠰᠠᠨ ᠪᠦᠭᠡᠳ | ᠴᠢᠨᠠᠭᠰᠢ ᠪᠤᠳᠠᠯᠠᠵᠤ ᠨᠦᠬᠦᠰᠢ ᠦᠭᠡᠢ ᠪᠤᠯᠤᠭᠰᠠᠨ ᠢᠶᠠᠨ ᠴᠤ ᠮᠡᠳᠡᠭᠰᠡᠨ ᠪᠤᠯᠤᠨ᠎ᠠ᠃ ᠲᠡᠮᠤᠵᠢᠨ ᠤ ᠬᠤᠪᠢ ᠳᠤ | ᠮᠦᠨ ᠵᠠᠮᠤᠬ᠎ᠠ ᠶᠢ ᠪᠤᠷᠤᠭᠤᠳᠬᠠᠬᠤ ᠦ ᠰᠠᠪ ᠤᠯᠤᠭᠰᠠᠨ ᠦᠭᠡᠢ ᠨᠢ ᠵᠠᠷᠢᠮ ᠦᠶ᠎ᠡ ᠳᠤ ᠠᠨᠳᠠ ᠳᠠᠭᠠᠨ ᠰᠡᠵᠢᠭ | ᠠᠵᠢᠭ ᠲᠦᠷᠦᠭᠦᠯᠦᠭᠰᠡᠨ ᠢᠶᠠᠨ ᠮᠡᠳᠡᠷᠡᠭᠰᠡᠨ ᠣᠴᠢᠷ ᠪᠤᠯᠬᠤ ᠶᠤᠮ᠃ ᠲᠡᠮᠤᠵᠢᠨ ᠢᠶᠠᠷ ᠵᠠᠮᠤᠬ᠎ᠠ ᠠᠨᠳᠠ ᠪᠠᠨ ᠠᠯᠠᠬᠤ | ᠰᠢᠯᠲᠠᠭ ᠤᠯᠬᠤ ᠦᠭᠡᠢ ᠪᠤᠯᠵᠤ᠂ ᠠᠷᠭ᠎ᠠ ᠦᠭᠡᠢ ᠠᠷᠪᠠᠨ ᠭᠤᠷᠪᠠᠨ ᠬᠦᠷᠢᠶ᠎ᠠ ᠶᠢᠨ ᠪᠠᠶᠢᠯᠳᠤᠭᠠᠨ ᠳᠤ | ᠬᠦᠵᠤᠭᠦᠤ ᠪᠠᠨ ᠬᠠᠷᠪᠤᠭᠤᠯᠵᠤ ᠠᠮᠢᠨ ᠲᠤᠯᠤᠭᠰᠠᠨ ᠢᠶᠠᠷ ᠰᠢᠯᠲᠠᠭᠠᠨ ᠪᠤᠯᠭᠠᠭᠰᠠᠨ ᠶᠤᠮ᠃ ᠨᠦᠭᠦᠭᠡ ᠲᠠᠯ᠎ᠠ ᠪᠠᠷ ︽ | ᠴᠢᠰᠤ ᠦᠵᠡᠬᠦ ᠦᠭᠡᠢ ᠪᠠᠷ ᠦᠬᠦᠭᠦᠯᠬᠦ︾ ᠭᠡᠳᠡᠭ ᠪᠤᠯ ᠵᠠᠮᠤᠬ᠎ᠠ ᠠᠴᠠ ᠦᠪᠡᠷ ᠢ ᠪᠠᠨ ᠲᠠᠩᠭᠠᠷᠢᠭ ᠡᠪᠳᠡᠭᠰᠡᠨ ᠦᠭᠡᠢ | ᠭᠡᠳᠡᠭ ᠢᠶᠠᠨ ᠪᠠᠲᠤᠯᠠᠭᠰᠠᠨ ᠮᠦᠷᠲᠡᠭᠡᠨ ᠲᠡᠮᠤᠵᠢᠨ ᠴᠤ ᠲᠡᠭᠡᠵᠤ ᠦᠬᠦᠭᠦᠯᠬᠦ ᠶᠢ ᠵᠦᠪᠰᠢᠶᠡᠷᠡᠭᠰᠡᠨ ᠨᠢ ᠵᠠᠮᠤᠬ᠎ᠠ ᠠᠨᠳᠠ | ᠲᠠᠩᠭᠠᠷᠢᠭ ᠠᠯᠳᠠᠭᠰᠠᠨ ᠦᠭᠡᠢ ᠭᠡᠳᠡᠭ ᠢ ᠮᠡᠳᠡᠷᠡᠭᠰᠡᠨ ᠶᠠᠪᠣᠳᠠᠯ ᠪᠤᠯᠬᠤ ᠶᠤᠮ᠃ | ᠶᠠᠭᠤ ᠭᠡᠪᠡᠯ᠂ ᠠᠨᠳᠠ ᠪᠠᠨ ᠪᠠᠲᠤᠳᠭᠠᠬᠤ ᠦᠶ᠎ᠡ ᠳᠤ ᠬᠠᠷᠢᠯᠴᠠᠨ ᠰᠤᠮᠤ ᠰᠤᠯᠢᠯᠴᠠᠨ ᠬᠠᠲᠠᠭᠤ ᠲᠠᠩᠭᠠᠷᠢᠭ | ᠲᠠᠯᠪᠢᠭᠰᠠᠨ ᠶᠠᠪᠤᠳᠠᠯ ᠢ ᠮᠠᠷᠲᠠᠭ᠎ᠠ ᠦᠭᠡᠢ ᠪᠢᠵᠠ᠃ ᠮᠣᠩᠭᠤᠯ ᠤᠨ ᠶᠣᠰᠣᠨ ᠳᠤ ᠨᠢᠭᠡᠨ ᠲᠠᠩᠭᠠᠷᠢᠭ ᠠᠯᠳᠠᠪᠠᠯ | ᠰᠤᠯᠢᠯᠴᠠᠭᠰᠠᠨ ᠰᠣᠮᠣ ᠪᠣᠶᠣ ᠬᠢᠲᠣᠭᠠᠨ ᠳᠡᠭᠡᠨ ᠦᠬᠦᠬᠦ ᠲᠠᠩᠭᠠᠷᠢᠭ ᠲᠠᠢ ᠶᠤᠮ᠃ ᠬᠢᠲᠤᠭ᠎ᠠ᠂ ᠰᠤᠮᠤᠨ ᠳᠤ | ᠦᠬᠦᠬᠦ ᠨᠢ ᠴᠢᠰᠤ ᠭᠠᠷᠬᠤ ᠨᠢ ᠳᠠᠮᠵᠢᠭ ᠦᠭᠡᠢ᠃ ︽ᠴᠢᠰᠤ ᠦᠵᠡᠬᠦ ᠦᠭᠡᠢ︾ ᠦᠬᠦᠨ᠎ᠠ ᠭᠡᠳᠡᠭ ᠨᠢ ᠳᠠᠷᠤᠢ | ᠠᠨᠳᠠ ᠶᠢᠨ ᠲᠠᠩᠭᠠᠷᠢᠭ ᠡᠪᠳᠡᠷᠡᠭᠰᠡᠨ ᠦᠭᠡᠢ ᠭᠡᠰᠡᠨ ᠢ ᠡᠰᠡᠷᠭᠦᠤ ᠨᠤᠲᠠᠯᠠᠵᠤ ᠪᠠᠶᠢᠭ᠎ᠠ ᠶᠤᠮ︕ | ᠡᠶᠢᠮᠤᠷᠬᠦᠤ᠂ ᠳᠡᠯᠡᠬᠡᠢ ᠶᠢᠨ ᠠᠭᠤᠤ ᠶᠡᠭᠡ ᠰᠡᠴᠡᠨ ᠮᠡᠷᠭᠡᠨ ᠴᠢᠩᠭᠢᠰ ᠬᠠᠭᠠᠨ ᠬᠦᠷᠲᠡᠯ᠎ᠠ ᠵᠠᠮᠤᠬ᠎ᠠ ᠶᠢ ᠮᠠᠭᠤ | ᠭᠡᠵᠤ ᠠᠮᠠᠨ ᠵᠠᠪᠵᠢ ᠠᠴᠠ ᠪᠠᠨ ᠭᠠᠷᠭᠠᠭᠰᠠᠨ ᠦᠭᠡᠢ ᠪᠠᠶᠢᠲᠠᠯ᠎ᠠ ᠮᠠᠨ ᠤ ᠲᠡᠣᠬᠡᠴᠢᠳ ᠴᠢᠩᠭᠢᠰ ᠠᠴᠠ ᠠᠬᠠᠳᠠᠭᠰᠠᠨ | ᠮᠡᠷᠭᠡᠳ ᠪᠣᠯᠵᠣ ᠵᠠᠮᠤᠬ᠎ᠠ ᠶᠢ ᠮᠠᠭᠤᠯᠠᠬᠤ ᠳᠠᠭᠠᠨ ᠢᠴᠢᠳᠡᠭ ᠦᠭᠡᠢ ᠨᠢ ᠭᠤᠲᠤᠮᠰᠢᠭ ᠪᠢᠰᠢ ᠭᠡᠵᠤ ᠤᠤ︖ ᠡᠶᠢᠮᠤ | ᠴᠤ ᠣᠴᠢᠷ ᠠᠴᠠ ᠪᠢᠳᠠ ᠦᠨᠳᠣᠰᠣᠲᠡᠨ ᠤ ᠪᠠᠨ ᠦᠤᠬᠡ ᠲᠡᠤᠬᠡ ᠶᠢ ᠦᠢᠯᠠᠭᠠᠵᠤ ᠮᠡᠳᠡᠶ᠎ᠠ ᠭᠡᠪᠡᠯ | ᠦᠨᠳᠤᠰᠤᠲᠡᠨ ᠤ ᠪᠠᠨ ᠰᠤᠶᠤᠯ ᠰᠡᠳᠭᠢᠬᠦᠢ᠂ ᠵᠠᠩ ᠰᠣᠷᠲᠠᠬᠤᠨ ᠢ ᠣᠷᠢᠳᠠᠪᠡᠷ ᠮᠡᠳᠡᠵᠤ ᠪᠠᠶᠢᠪᠠᠯ ᠵᠤᠬᠢᠬᠤ ᠶᠤᠮ᠃ | ᠨᠦᠬᠦᠭᠡᠳ ᠬᠡᠯᠡᠪᠡᠯ᠂ ᠮᠤᠩᠭᠤᠯ ᠤᠨ ᠢᠷᠠᠭᠤ ᠲᠤᠤᠯᠢ ᠠᠴᠠ ᠬᠡᠯᠡᠬᠦ ᠦᠭᠡᠢ᠂ ᠡᠷᠲᠡᠨ ᠤ ᠮᠤᠩᠭᠤᠯᠴᠣᠳ ᠤᠨ | ᠠᠨᠳᠠᠭᠠᠢ ᠲᠠᠩᠭᠠᠷᠢᠭ ᠭᠡᠵᠤ ᠶᠠᠮᠠᠷ ᠬᠡᠴᠡᠭᠦᠣ ᠶᠠᠭᠤᠮ᠎ᠠ ᠪᠠᠶᠢᠵᠡᠢ ᠭᠡᠰᠡᠨ ᠢ ᠲᠡᠮᠤᠵᠢᠨ᠂ ᠵᠠᠮᠤᠬ᠎ᠠ᠂ ᠡᠨᠠ ᠬᠤᠶᠠᠷ | ᠠᠭᠤᠤ ᠬᠦᠮᠤᠨ ᠤ ᠨᠦᠬᠦᠷᠯᠡᠯ ᠠᠴᠠ ᠮᠡᠳᠡᠵᠤ ᠪᠤᠯᠤᠨ᠎ᠠ ᠭᠡᠵᠤ ᠢᠲᠡᠭᠡᠵᠤ ᠪᠠᠶᠢᠨ᠎ᠠ᠃ | ᠳᠠᠭᠠᠯᠳᠣᠭᠤᠯᠣᠭᠠᠳ ᠶᠠᠷᠢᠪᠠᠯ ᠵᠠᠮᠤᠬ᠎ᠠ ᠶᠢᠨ ᠬᠠᠮᠤᠭ ᠡᠴᠤᠰ ᠤᠨ ᠭᠡᠷᠢᠶᠡᠰ᠄ | ︽ᠦᠬᠦᠭᠡᠳ ᠬᠡᠪᠲᠡᠬᠦ ᠶᠠᠰᠤ ᠶᠢ | ᠦᠨᠳᠤᠷ ᠡᠳᠤᠭᠡᠨ ᠭᠠᠵᠠᠷ ᠲᠠᠯᠪᠢᠭᠲᠤᠨ | ᠦᠨᠢ ᠡᠭᠦᠷᠢᠳᠡ | ᠣᠷᠤᠭ ᠤᠨ ᠣᠷᠤᠭ ᠲᠤ ᠴᠢᠨᠢ | ᠢᠪᠡᠭᠡᠨ ᠲᠡᠳᠭᠦᠬᠦ | ᠢᠷᠤᠭᠡᠯ ᠲᠠᠯᠪᠢᠶ᠎ᠠ︕ ᠁︾ ᠭᠡᠬᠦ ᠦᠭᠡ ᠠᠴᠠ ᠦᠪᠡᠷ ᠤᠨ ᠢᠶᠠᠨ ᠣᠪᠤᠭᠠᠨ ᠤ ᠰᠠᠬᠢᠭᠤᠰᠤ ᠪᠤᠯᠵᠦ | ᠠᠨᠳᠠ ᠪᠠᠨ ᠲᠡᠳᠭᠦᠬᠦ ᠰᠠᠨᠠᠭ᠎ᠠ ᠶᠤᠮ ᠪᠠᠶᠢᠨ᠎ᠠ᠃ ᠲᠡᠮᠤᠵᠢᠨ ᠴᠤ᠄ ︽ᠶᠠᠰᠤ ᠶᠢ ᠠᠨᠤ ᠢᠯᠠ ᠪᠤᠤ ᠭᠡᠭᠡᠭᠲᠤᠨ︕ | ᠰᠠᠶᠢᠲᠣᠷ ᠪᠠᠷᠢᠭᠲᠤᠨ︕︾ ᠭᠡᠵᠤ ᠵᠠᠷᠯᠢᠭ ᠪᠠᠭᠤᠯᠭᠠᠭᠰᠠᠨ ᠪᠠᠶᠢᠨ᠎ᠠ᠃ | ᠣᠷᠴᠢᠮ ᠤᠨ ᠴᠢᠩᠭᠢᠰ ᠬᠠᠭᠠᠨ ᠤ ᠬᠡᠭᠦᠷ ᠢ ᠡᠷᠢᠭᠴᠢᠳ ᠪᠤᠷᠬᠠᠨ ᠭᠠᠯᠳᠣᠨ ᠭᠡᠪᠡ ᠤᠤ︖ ᠲᠡᠭᠦᠯᠡᠨ | ᠪᠤᠯᠳᠠᠭ ᠭᠡᠪᠡ ᠤᠤ︖ ᠣᠷᠣᠢ ᠳᠤᠨᠢ ᠨᠢᠭᠡ ᠣᠪᠤᠭ᠎ᠠ ᠴᠤ ᠰᠢᠭ᠋᠂ ᠣᠩᠭᠤᠨ ᠴᠤ ᠰᠢᠭ᠋ ᠲᠤᠮᠤ ᠶᠠᠭᠤᠮ᠎ᠠ ᠪᠠᠶᠢᠨ᠎ᠠ | ᠭᠡᠰᠠᠨ ᠮᠡᠳᠡᠭᠡᠯᠡᠯ ᠪᠠᠶᠢᠭᠰᠠᠨ ᠨᠢ ᠵᠠᠮᠤᠬ᠎ᠠ ᠶᠢᠨ ᠰᠠᠬᠢᠭᠤᠰᠣ ᠣᠪᠣᠭ᠎ᠠ ᠪᠠᠶᠢᠵᠣ ᠮᠡᠳᠡᠨ᠎ᠠ ᠭᠡᠵᠤ ᠪᠢ ᠬᠤᠪᠢᠨ ᠳᠠᠭᠠᠨ | ᠰᠠᠨᠠᠵᠤ ᠪᠠᠶᠢᠨ᠎ᠠ︕ | | |