︽ᠨᠠᠢᠮᠠᠨ︾ ᠬᠡᠳᠡᠭ ᠦᠬᠡ ᠪᠣᠯ ᠣᠣᠭᠠᠯ ᠮᠣᠩᠭᠤᠯ ᠦᠬᠡ ᠪᠣᠯᠣᠯᠳᠠᠢ᠃ ︽ᠨᠠᠢᠮᠠᠨ︾ ᠬᠡᠰᠡᠨ ᠦᠬᠡ᠂ | ᠣᠶᠢᠭᠤᠷᠵᠢᠨ ᠪᠢᠴᠢᠭ ᠠᠴᠠ ᠲᠡᠷᠡ ᠬᠡᠪ ᠢᠶᠠᠷ ᠢᠶᠠᠨ ᠣᠯᠠᠮᠵᠢᠯᠠᠨ ᠢᠷᠡᠭᠰᠡᠨ ︽ᠲᠡᠭᠷᠢ᠂ ᠴᠢᠨ᠋ᠸ᠎ᠠ᠂ ᠦᠬᠢᠨ᠂ ᠨᠠᠢᠮᠠᠨ | ︾ ᠵᠡᠷᠭᠡ ᠴᠦᠬᠡᠨ ᠪᠠᠶᠢᠳᠠᠭ ᠲᠣᠭᠳᠠᠭᠰᠠᠨ ᠪᠢᠴᠢᠯᠬᠡ ᠲᠠᠢ ᠦᠬᠡ ᠶᠢᠨ ᠨᠢᠬᠡ ᠪᠣᠯᠣᠨ᠎ᠠ᠃ ᠮᠣᠩᠭᠤᠯ ᠲᠦᠷᠣᠯ ᠤᠨ | ᠬᠡᠯᠡ ᠬᠡᠵᠣ ᠦᠵᠡᠳᠡᠭ ᠡᠷᠳᠡᠨ ᠤ ᠬᠢᠳᠠᠨ ᠬᠡᠯᠡ ᠪᠠᠷ ᠪᠠᠰᠠ ᠨᠠᠢᠮᠠᠨ ᠭᠡᠳᠡᠭ ᠪᠠᠶᠢᠪᠠ᠃ ᠣᠳᠣ ᠲᠣᠰᠬᠠᠶᠢᠯᠠᠨ ᠦᠪᠣᠷ | ᠮᠣᠩᠭᠤᠯ ᠤᠨ ︽ᠨᠠᠢᠮᠠᠨ ᠬᠤᠰᠢᠭᠤ︾ ᠶᠢ ᠵᠢᠭᠠᠳᠠᠭ ᠭᠠᠵᠠᠷ ᠤᠨ ᠨᠡᠷᠡᠰ ᠪᠣᠯᠬᠤ ᠮᠦᠷᠳᠡᠭᠡᠨ ᠡᠷᠳᠡᠨ ᠠᠴᠠ | ᠠᠪᠣᠭᠠᠳ ᠣᠮᠠᠷᠠᠳᠣ ᠶᠢᠨ ᠨᠢᠬᠡᠨ ᠠᠶᠢᠮᠠᠭ ᠣᠭᠰᠠᠭᠠᠳᠠᠨ ᠢ ᠨᠡᠷᠡᠯᠡᠭᠡᠳ ᠢᠷᠡᠭᠰᠡᠨ ᠲᠡᠣᠭᠡ ᠶᠢᠨ ᠨᠡᠷᠡᠰ ᠪᠣᠯᠬᠤ ᠶᠣᠮ᠃ | ᠵᠠᠷᠢᠮ ᠬᠦᠮᠣᠨ ︽ᠨᠠᠢᠮᠠᠨ︾ ᠢ ᠲᠣᠭᠠᠨ ᠤ ᠨᠠᠢᠮᠠᠨ ᠪᠠᠷ ᠬᠡᠯᠡᠵᠣ᠂ ᠵᠠᠷᠢᠮ ᠨᠢ ᠮᠠᠨᠵᠣ ᠶᠢᠨ ᠦᠶ᠎ᠡ ᠶᠢᠨ ᠮᠣᠩᠭᠤᠯ | ᠨᠠᠢᠮᠠᠨ ᠬᠤᠰᠢᠭᠤ ᠲᠠᠢ ᠬᠤᠳᠬᠤᠵᠣ ᠪᠠᠶᠢᠳᠠᠭ᠂ ᠵᠠᠷᠢᠮ ᠨᠢ ᠴᠠᠬᠠᠷ ᠨᠠᠢᠮᠠᠨ ᠬᠤᠰᠢᠭᠤ ᠭᠡᠵᠣ ᠴᠦ ᠪᠠᠶᠢᠳᠠᠭ᠃ | ᠵᠠᠷᠢᠮ ᠨᠢ ᠨᠠᠢᠮᠠᠨ ᠬᠤᠰᠢᠭᠤᠨ ᠤ ᠬᠦᠮᠣᠨ ᠢ ᠴᠠᠬᠠᠷ ᠨᠠᠢᠮᠠᠨ ᠬᠤᠰᠢᠭᠤᠨ ᠤ ᠬᠦᠮᠣᠨ ᠪᠣᠯᠭᠠᠵᠣ ᠪᠢᠴᠢᠭᠰᠡᠨ ᠬᠦᠮᠣᠰ | ᠪᠠᠰᠠ ᠪᠠᠶᠢᠳᠠᠭ᠃ ︽ᠨᠠᠢᠮᠠᠨ︾ ᠭᠡᠳᠡᠭ ᠤᠨ ᠦᠵᠡᠯᠳᠡ ᠪᠣᠯ ᠦᠬᠡ ᠶᠢᠨ ᠢᠵᠠᠭᠤᠷ ᠨᠢ ᠨᠠᠢᠮᠠᠨ᠂ ᠲᠠᠷᠣᠢ 8 ᠭᠡᠰᠡᠨ | ᠲᠣᠭᠠᠨ ᠤ ᠨᠡᠷ᠎ᠡ ᠦᠬᠡ ᠪᠣᠯᠣᠨ᠎ᠠ᠃ ᠨᠠᠢᠮᠠᠨ᠂ ᠨᠠᠢᠮᠠᠳ᠂ ᠨᠠᠢᠮᠠᠨᠴᠤᠳ ᠪᠣᠯ ᠨᠠᠢᠮᠠ ᠶᠢᠨ ᠣᠯᠠᠨ ᠲᠤᠭ᠎ᠠ ᠶᠢ | ᠵᠢᠭᠠᠭᠰᠠᠨ ᠬᠡᠯᠪᠡᠷᠢ ᠭᠡᠵᠣ ᠦᠵᠡᠵᠣ᠂ ᠲᠠᠭᠤᠳᠠᠯᠭ᠎ᠠ ᠪᠢᠴᠢᠯᠬᠡ ᠶᠢᠨ ᠬᠤᠪᠢᠷᠠᠯᠳᠠ ᠠᠴᠠ ᠨᠢ ᠨᠠᠢᠮᠠᠨ᠂ ᠨᠠᠢᠮᠠᠳ᠂ | ᠨᠠᠢᠮᠠᠨᠴᠤᠳ ᠠᠴᠠ ᠭᠠᠳᠠᠨ᠎ᠠ᠂ ᠬᠦᠭᠡ ᠶᠢᠨ ᠨᠠᠢᠮᠠᠨ ᠤ ᠬᠢᠨ᠂ ᠪᠠᠭ᠎ᠠ ᠨᠠᠢᠮᠠᠨ᠂ ᠨᠠᠢᠮᠠᠨ ᠭᠠᠵᠢᠳ᠂ ᠨᠠᠢᠮᠠᠨᠵᠠᠠ᠂ | ᠨᠠᠷᠢᠨ ᠨᠠᠢᠮᠠᠨ᠂ ᠶᠡᠭᠡ ᠨᠠᠢᠮᠠᠨ ᠬᠡᠵᠣ ᠪᠠᠶᠢᠨ᠎ᠠ᠃ ᠲᠣᠭᠠᠨ ᠤ ᠨᠠᠢᠮᠠᠨ ᠬᠡᠵᠣ ᠦᠵᠡᠳᠡᠭ ᠨᠢ ᠲᠠᠷᠣᠢ ᠮᠠᠨᠵᠣ ᠴᠢᠩ ᠤᠨ | ᠦᠶ᠎ᠡ ᠶᠢᠨ ᠨᠠᠢᠮᠠᠨ ᠬᠤᠰᠢᠭᠤ ᠶᠢᠨ ᠲᠦᠷᠢᠮ ᠲᠠᠢ ᠡ᠊ᠠᠳᠡᠬᠦᠷᠡᠵᠣ ᠪᠠᠶᠢᠭ᠎ᠠ ᠪᠣᠯᠣᠯᠳᠠᠢ᠃ ᠳᠤᠤᠷ᠎ᠠ ︽ᠨᠠᠢᠮᠠᠨ︾ ᠤ | ᠨᠡᠷᠡᠶᠢᠳᠣᠯ ᠤᠨ ᠲᠣᠬᠠᠢ ᠦᠬᠦᠯᠡᠶ᠎ᠡ᠃ | ︽ᠨᠠᠢᠮᠠᠨ︾ ᠬᠡᠵᠣ ᠴᠢᠩ ᠤᠨ ᠡᠬᠢᠨ ᠤ ᠦᠶ᠎ᠡ ᠠᠴᠠ ᠡᠬᠢᠯᠡᠨ ᠨᠢᠬᠡᠨ ᠬᠤᠰᠢᠭᠤ ᠨᠣᠳᠤᠭ ᠢ ᠨᠡᠷᠡᠯᠡᠵᠣ᠂ | ᠴᠢᠩ ᠣᠯᠣᠰ ᠠᠴᠠ ᠡᠮᠣᠨ᠎ᠡ ᠨᠢᠬᠡᠨ ᠠᠶᠢᠮᠠᠭ ᠣᠭᠰᠠᠭᠠᠳᠠᠨ ᠢ ᠵᠢᠭᠠᠵᠣ ᠪᠠᠶᠢᠭᠰᠠᠨ ᠭᠡᠵᠣ ᠲᠡᠣᠭᠡ ᠰᠣᠳᠣᠷ ᠲᠤ | ᠲᠡᠮᠳᠡᠭᠯᠡᠯ ᠲᠠᠢ ᠪᠠᠶᠢᠳᠠᠭ᠃ ᠲᠡᠣᠭᠡ ᠶᠢᠨ ᠮᠠᠲ᠋ᠧᠷᠢᠶᠠᠯ ᠢ ᠦᠨᠳᠣᠰᠣᠯᠡᠪᠡᠯ᠂ ᠣᠳᠣᠬᠢ ᠨᠠᠢᠮᠠᠨ ᠬᠤᠰᠢᠭᠤᠨ ᠤ ᠭᠠᠵᠠᠷ | ᠨᠣᠳᠤᠭ ᠲᠤ ᠭᠤᠣᠯᠳᠠᠭᠤ ᠰᠢᠪᠡᠭᠡ ︵ᠰᠢᠶᠠᠨᠪᠸᠢ︶᠂ ᠬᠢᠳᠠᠨ᠂ ᠮᠣᠩᠭᠤᠯ ᠭᠤᠷᠪᠠᠨ ᠶᠡᠭᠡ ᠦᠨᠳᠣᠰᠣᠳᠡᠨ | ᠨᠦᠬᠦᠷᠰᠡᠭ ᠲᠣᠳᠣᠨᠣ ᠪᠠᠷ ᠬᠤᠯᠢᠯᠳᠣᠨ ᠰᠠᠭᠤᠷᠢᠰᠢᠵᠣ ᠪᠠᠶᠢᠵᠠᠢ᠃ ᠰᠢᠪᠡᠭᠡ᠂ ᠬᠢᠳᠠᠨ ᠵᠢᠴᠢ ᠵᠦᠷᠴᠢᠨ ᠬᠦᠮᠣᠨ | ᠣᠳᠣ ᠨᠢᠬᠡᠨᠳᠡ ᠨᠢᠬᠡᠨ ᠦᠨᠳᠣᠰᠣᠳᠡᠨ ᠤ ᠬᠡᠯᠪᠡᠷᠢ ᠪᠠᠷ ᠣᠷᠣᠰᠢᠬᠤ ᠪᠠᠨ ᠪᠣᠯᠢᠵᠡᠢ᠃ ᠬᠡᠪᠡᠴᠣ ᠲᠡᠳᠡᠨ ᠤ | ᠬᠤᠶᠢᠴᠢᠰ ᠨᠢ ᠬᠠᠷᠢᠯᠴᠠᠨ ᠨᠡᠪᠳᠡᠷᠡᠨ ᠢᠵᠢᠯᠢᠰᠢᠵᠣ ᠮᠠᠨ ᠤ ᠡ᠊ᠨᠳᠡᠬᠢ ᠡᠯ᠎ᠡ ᠠᠬ᠎ᠠ ᠲᠡᠬᠦᠣ ᠦᠨᠳᠣᠰᠣᠳᠡᠨ ᠢ | ᠪᠣᠵᠠᠭᠠᠶᠢᠷᠠᠭᠤᠯᠣᠨ ᠬᠦᠭᠵᠢᠭᠦᠯᠣᠭ᠍ᠰᠡᠨ ᠨᠢ ᠲᠠᠮᠵᠢᠭ ᠦᠬᠡᠢ ᠶᠣᠮ᠃ ᠨᠠᠶᠢᠮᠠᠨᠴᠣᠳ ᠡᠷᠳᠡᠨ ᠤ ᠯᠢᠶᠣᠤ ᠣᠯᠣᠰ ᠤᠨ | ᠶᠧᠯᠢᠣᠢ ᠠᠪᠣᠣᠵᠡᠢ ᠶᠢᠨ ᠲᠣᠬᠠᠢ ᠰᠣᠳᠣᠯᠣᠯᠳᠠ ᠬᠢᠵᠣ ᠪᠠᠶᠢᠨ᠎ᠠ᠃ ᠰᠢᠪᠡᠬᠡᠴᠣᠳ ᠤᠨ ᠦᠯᠡᠳᠡᠴᠡ ᠶᠢ ᠣᠯᠬᠤ ᠳᠤ | ᠶᠡᠭᠡ ᠲᠦᠪᠡᠭᠳᠠᠢ ᠪᠣᠯᠵᠡᠢ᠃ ᠭᠡᠪᠡᠴᠣ ᠨᠠᠶᠢᠮᠠᠨ ᠬᠤᠰᠢᠭᠤᠨ ᠤ ᠪᠠᠶᠠᠨᠴᠠᠩ ᠰᠢᠶᠠᠩ ︵ᠣᠳᠣ ᠲᠦᠴᠸᠡᠭᠽᠢ | ᠰᠢᠶᠠᠩ ᠳᠤ ᠬᠠᠷᠢᠶᠠᠯᠠᠭᠳᠠᠵᠣ ᠪᠠᠶᠢᠨ᠎ᠠ︶ ᠳᠤ ᠰᠢᠪᠡᠭᠡᠨ ᠠᠭᠤᠯᠠ ᠭᠡᠵᠣ ᠪᠠᠶᠢᠳᠠᠭ ᠪᠠ ᠲᠡᠬᠦᠨ ᠤ ᠡᠩᠭᠡᠷ ᠢᠶᠠᠷ | ᠪᠠᠷᠠᠭᠤᠨᠰᠢ ᠣᠷᠣᠰᠴᠣ ᠪᠠᠶᠢᠬᠤ ᠭᠤᠣᠯ ᠢ ᠰᠢᠪᠡᠭᠡᠨ ᠭᠤᠣᠯ ︵ᠤᠳᠤ ᠭᠤᠤᠯ ᠬᠠᠳᠠᠭᠰᠠᠨ ᠪᠠᠶᠢᠨ᠎ᠠ︶ ᠬᠡᠳᠡᠭ ᠶᠣᠮ᠃ | ᠵᠠᠷᠢᠮ ᠨᠣᠮ ᠳᠤ᠄ ︽ᠲᠡᠬᠦᠨ ᠤ ᠡᠩᠭᠡᠷ ᠢᠶᠠᠷ ᠪᠠᠷᠠᠭᠤᠨᠰᠢ ᠣᠷᠣᠰᠴᠣ ᠪᠦᠬᠦᠢ ᠭᠤᠣᠯ ︵ᠮᠠᠩ ᠨᠢᠣ ᠾᠧ ᠶᠢᠨ | ᠲᠡᠭᠡᠳᠣ ᠣᠷᠣᠰᠬᠠᠯ︶ ᠢ ᠰᠢᠪᠡᠭᠡᠨ ᠭᠤᠣᠯ ᠬᠡᠵᠣ ᠨᠡᠷᠡᠯᠡᠵᠣ ᠪᠣᠢ᠃ ᠁ ︽ᠰᠢᠪᠡᠭᠡ︾ ᠭᠡᠳᠡᠭ ᠮᠣᠩᠭᠤᠯ ᠦᠬᠡ | ᠡᠷᠳᠡ ᠣᠷᠢᠳᠣ ᠳᠤ ᠡ᠊ᠨᠳᠡ ᠰᠢᠪᠡᠴᠣᠳ ︵ᠬᠢᠶᠠᠨᠪᠠᠬᠢ᠂ ᠲᠠᠷᠣᠢ ᠰᠢᠶᠠᠨᠪᠸᠢ︶ ᠠᠮᠢᠳᠣᠷᠠᠵᠣ ᠪᠠᠶᠢᠭᠰᠠᠨ ᠠᠴᠠ | ᠰᠢᠪᠡᠭᠡ ᠠᠭᠤᠯᠠ᠂ ᠰᠢᠪᠡᠭᠡ ᠭᠤᠣᠯ ᠭᠡᠰᠡᠨ ᠨᠡᠷ᠎ᠡ ᠰᠢᠩᠭᠡᠭᠰᠡᠨ ᠪᠣᠯᠣᠯᠴᠠᠭ᠎ᠠ ᠪᠣᠢ︾ ᠬᠡᠵᠣ ᠪᠣᠢ᠃ ᠨᠠᠢᠮᠠᠨ | ᠬᠤᠰᠢᠭᠤᠨ ᠳᠤ ᠰᠢᠪᠡᠭᠡ ᠭᠡᠵᠣ ᠭᠠᠵᠠᠷ ᠣᠰᠣᠨ ᠤ ᠨᠡᠷ᠎ᠡ ᠪᠠᠷ ᠬᠤᠴᠣᠷᠣᠭᠰᠠᠨ ᠨᠢ ᠭᠠᠶᠢᠬᠠᠯᠳᠠᠢ ᠪᠣᠯᠪᠠᠴᠣ ᠨᠠᠢᠮᠠᠨ | ᠬᠡᠰᠡᠨ ᠦᠬᠡ ᠲᠠᠢ ᠶᠠᠮᠠᠷ ᠴᠦ ᠬᠤᠯᠪᠣᠭ᠎ᠠ ᠦᠬᠡᠢ ᠶᠣᠮ᠃ | ᠲᠡᠭᠡᠪᠡᠯ ᠨᠠᠢᠮᠠᠨ ᠬᠡᠰᠡᠨ ᠦᠬᠡ ᠶᠢᠨ ᠢᠷᠡᠯᠳᠡ ᠨᠢ ᠶᠠᠭᠤ ᠪᠣᠯᠬᠤ ᠪᠤᠢ︖ ᠨᠠᠢᠮᠠᠨ ︵耐蛮︶ ᠬᠡᠰᠡᠨ | ᠦᠬᠡ ᠬᠠᠮᠤᠭ ᠡᠷᠳᠡ ︽ᠯᠢᠶᠣᠤ ᠣᠯᠣᠰ ᠤᠨ ᠰᠣᠳᠣᠷ︾ ᠤᠨ ᠲᠣᠪᠬᠢᠮᠠᠯ ᠤᠨ ᠲᠢᠶᠠᠨ ᠽᠦᠸᠧ ᠬᠠᠭᠠᠨ ︵1101 | ᠊᠊᠊᠊ 1126︶ ᠤ ᠱᠠᠰᠳᠢᠷ ᠲᠤ ᠲᠡᠮᠳᠡᠭᠯᠡᠭᠳᠡᠨ ᠣᠷᠣᠪᠠ᠃ ᠲᠡᠮᠳᠡᠭᠯᠡᠯ ᠳᠤ᠄ ︽ᠲᠠᠶᠢᠯᠢᠶᠣᠤ ᠣᠯᠣᠰ ᠤᠨ ᠨᠠᠢᠮᠠᠨ | ᠠᠶᠢᠮᠠᠭ ᠤᠨ ᠲᠣᠯᠣᠭᠠᠨ ᠠᠶᠢᠮᠠᠭ ᠠᠨᠣ ᠠᠯᠳᠠᠨ ᠣᠯᠣᠰ ᠲᠤᠷ ᠣᠷᠣᠯᠤᠭᠠ᠂ ᠭᠠᠭᠴᠠ ᠫᠢᠡᠭ ᠵᠸᠣ ᠬᠤᠳᠠᠨ ᠤ | ᠬᠦᠮᠣᠨ ᠬᠤᠶᠠᠭ ᠦᠯᠣ ᠲᠠᠶᠢᠯᠠᠬᠤ ᠰᠢᠯᠳᠠᠭᠠᠨ ᠠᠨᠣ᠂ ᠰᠢᠶᠣᠤ ᠭᠠᠨ ᠠᠴᠠ ᠠᠶᠣᠭᠰᠠᠨ ᠪᠣᠢ ᠬᠡᠮᠡᠬᠡᠳ ᠭᠠᠨᠭ᠌ ᠬᠦᠡᠭ | ᠪᠢ ᠳᠤᠷ ᠡᠳ᠋ ᠶᠡᠬᠡᠳᠡ ᠦᠭᠴᠣ ᠢᠯᠡᠭᠡᠪᠡ︾ ᠬᠡᠵᠣ ᠪᠣᠢ᠃ ᠡᠬᠦᠨ ᠠᠴᠠ ᠡᠮᠣᠨ᠎ᠡ ᠲᠣᠰ ᠰᠣᠳᠣᠷ ᠤᠨ | ᠲᠣᠪᠬᠢᠮᠠᠯ ᠳᠤ ᠲᠢᠶᠠᠨ ᠽᠦᠡᠭ ᠬᠠᠭᠠᠨ ᠤᠨ ᠱᠠᠰᠳᠢᠷ᠂ ᠱᠸᠣ ᠯᠦᠡᠭ ︵ᠴᠠᠩ︶ ᠤᠨ ᠭᠤᠷᠪᠠᠳᠣᠭᠠᠷ ᠣᠨ ︵ | 1097︶ ᠤ ᠲᠡᠮᠳᠡᠭᠯᠡᠯ ᠳᠤ ︽ᠨᠢᠮᠪᠠᠭ ︵粘八葛︶︾ ᠭᠡᠵᠣ ᠲᠣᠷᠠᠳᠣᠭᠳᠠᠵᠣ ᠦᠡᠭᠭᠡᠷᠡᠵᠡᠢ᠃ ︽ | ᠠᠯᠳᠠᠨ ᠣᠯᠣᠰ ᠤᠨ ᠰᠣᠳᠣᠷ︾ ᠤᠨ ᠲᠣᠪᠬᠢᠮᠠᠯ᠂ ᠳ᠋ᠠ ᠳ᠋ᠢᠩ ᠤᠨ ᠠᠷᠪᠠᠨ ᠲᠠᠪᠣᠳᠣᠭᠠᠷ ᠣᠨ ︵1175︶ ᠤ | ᠲᠡᠮᠳᠡᠭᠯᠡᠯ ᠳᠤ ︽ᠨᠢᠮᠪᠠᠭᠠᠨ ︵粘拔恩︶︾ ᠬᠡᠵᠣ ᠪᠢᠴᠢᠵᠣ ᠪᠠᠶᠢᠨ᠎ᠠ᠃ ᠡᠮᠣᠨᠡᠳᠣ ᠰᠦᠡᠭ ᠣᠯᠣᠰ ᠤᠨ | ᠬᠦᠮᠣᠨ ᠤ ᠪᠢᠴᠢᠭᠰᠡᠨ ︽ᠬᠠᠷ᠎ᠠ ᠲᠠᠲ᠋ᠠᠷ ᠤᠨ ᠲᠣᠬᠠᠢ ᠬᠡᠷᠡᠭ ᠤᠨ ᠲᠣᠪᠴᠢ︾ ᠳᠤ ︽ᠨᠠᠢᠮᠠᠨ 奈蛮︾ ᠭᠡᠵᠣ᠂ | ︽ᠶᠣᠸᠠᠨ ᠣᠯᠣᠰ ᠤᠨ ᠰᠣᠳᠣᠷ︾ ᠲᠤ ︽ᠨᠠᠢᠮᠠᠨ᠂ 乃蛮,乃满,乃马︾ ᠢ ᠠᠳᠠᠯᠢ ᠪᠣᠰᠣ | ᠭᠤᠷᠪᠠᠨ ᠶᠠᠩᠵᠣ ᠪᠠᠷ ᠲᠡᠮᠳᠡᠭᠯᠡᠵᠣ ᠪᠠᠶᠢᠨ᠎ᠠ᠃ ︽ᠮᠣᠩᠭᠤᠯ ᠤᠨ ᠨᠢᠭᠤᠴᠡ ᠲᠣᠪᠴᠢᠶᠠᠨ︾ ᠳᠤ ︽ᠨᠠᠢᠮᠠᠨ 乃蛮 | ︾ ᠪᠣᠶᠣ ︽ᠨᠠᠢᠮᠠᠳ 乃马惕︾ ᠭᠡᠵᠣ ᠣᠯᠠᠨ ᠲᠤᠭ᠎ᠠ ᠪᠠᠷ ᠬᠤᠪᠢᠯᠭᠠᠨ ᠪᠢᠴᠢᠵᠣ ᠪᠠᠶᠢᠨ᠎ᠠ᠃ ᠮᠢᠩ | ᠣᠯᠣᠰ ᠤᠨ ᠦᠶ᠎ᠡ ᠶᠢᠨ ᠲᠡᠣᠭᠡ ᠰᠣᠳᠣᠷ ᠲᠤ ᠴᠠᠬᠠᠷ ᠲᠦᠮᠡᠨ ᠤ ᠨᠠᠢᠮᠠᠨ ᠨᠣᠳᠤᠭ ᠤᠨ ᠨᠢᠬᠡ ᠶᠢ ︽ᠨᠠᠢᠮᠠᠨ ᠠᠶᠢᠮᠠᠭ | 乃蛮部︾ ᠬᠡᠵᠣ ᠨᠡᠷᠡᠯᠡᠵᠣ ᠪᠠᠶᠢᠵᠡᠢ᠃ ᠲᠣᠰ ᠠᠶᠢᠮᠠᠭ ᠢ ᠴᠢᠩ ᠣᠯᠣᠰ ᠤᠨ ᠦᠶ᠎ᠡ ᠳᠤ ᠨᠢᠬᠡᠨ ᠵᠠᠰᠠᠭ | ᠬᠤᠰᠢᠭᠤ ᠪᠣᠯᠭᠠᠨ ᠪᠠᠶᠢᠭᠤᠯᠵᠣ ︽ᠨᠠᠢᠮᠠᠨ ᠬᠤᠰᠢᠭᠤ︾ ᠬᠡᠵᠣ ᠨᠡᠷᠡᠶᠢᠳᠬᠦ ᠪᠣᠯᠵᠡᠢ᠃ ᠲᠡᠶᠢᠮᠣ ᠠᠴᠠ ᠨᠠᠢᠮᠠᠨ | ᠲᠡᠣᠭᠡ ᠶᠢᠨ ᠡᠯ᠎ᠡ ᠱᠠᠳᠣᠨ ᠤ ᠦᠶ᠎ᠡ ᠳᠤ ᠪᠦᠷ ᠨᠢᠬᠡᠨ ᠠᠶᠢᠮᠠᠭ ᠣᠭᠰᠠᠭ᠎ᠠ ᠶᠢᠨ ᠬᠦᠮᠣᠨ ᠪᠣᠯᠣᠨ ᠲᠡᠬᠦᠨ ᠤ | ᠡᠷᠬᠡᠰᠢᠶᠡᠭᠰᠡᠨ ᠭᠠᠵᠠᠷ ᠨᠣᠳᠤᠭ ᠢ ᠨᠡᠷᠡᠯᠡᠭᠰᠠᠭᠡᠷ ᠢᠷᠡᠭᠰᠡᠨ ᠪᠠᠶᠢᠨ᠎ᠠ᠃ | ︽ᠭᠠᠨᠭ᠍ᠭ᠎ᠠ ᠶᠢᠨ ᠣᠷᠣᠰᠬᠠᠯ︾ ᠳᠤ᠂ ︽ᠡᠰᠡᠨ ᠣᠶᠢᠵᠣᠩ ᠨᠣᠶᠠᠨ ᠤ ᠬᠦᠪᠡᠬᠦᠨ ᠬᠦᠡᠴᠢᠭ ︵ᠭᠤᠨᠴᠤᠭ︶ | ᠲᠠᠷᠬᠠᠨ ᠸᠠᠩ᠂ ᠲᠡᠬᠦᠨᠣ ᠲᠦᠷᠪᠡᠨ ᠬᠦᠪᠡᠬᠦᠨ᠄ ᠪᠠᠳᠠᠷᠢ ᠡᠸᠡᠣ᠂ ᠠᠭᠰᠠᠨ ᠸᠠᠩ᠂ ᠵᠠᠩᠰᠠᠩ ᠸᠠᠩ᠂ ᠣᠯᠠᠮᠵᠢ | ᠪᠠᠶᠢᠰᠠ ᠡᠳᠡᠨ ᠪᠣᠶᠣ᠃ ᠪᠠᠳᠠᠷᠢ ᠡᠸᠠᠣ ᠶᠢᠨ ᠬᠦᠪᠡᠬᠦᠨ ᠸᠴᠢᠷ ᠲᠣᠷᠬᠠᠨ ᠸᠠᠩ᠂ ᠲᠡᠬᠦᠨᠣ ᠬᠦᠪᠡᠬᠦᠨ ᠪᠠᠨᠳᠠᠢ | ᠲᠣᠷᠬᠠᠨ ᠸᠠᠩ᠃ ᠣᠣᠬᠠᠨ ᠨᠠᠶᠢᠮᠠᠨ ᠨᠣᠶᠠᠳ ᠡᠳᠡᠨ ᠪᠣᠢ︾ ᠬᠡᠪᠡ᠃ ︽ᠮᠣᠩᠭᠤᠯ ᠤᠨ ᠨᠡᠬᠦᠬᠦ ᠮᠠᠯᠵᠢᠯ ᠤᠨ | ᠲᠡᠮᠳᠡᠭᠯᠡᠯ︾ ᠳᠤ ︽ᠨᠠᠢᠮᠠᠨ ᠠᠶᠢᠮᠠᠭ ᠠᠨᠣ ᠪᠠᠶᠠᠰᠬᠤᠯᠠᠩ ᠬᠠᠳᠠᠳᠤ ᠬᠠᠭᠠᠯᠭ᠎ᠠ ︵喜峰口︶ ᠠᠴᠠ ᠵᠡᠬᠦᠨ | ᠬᠤᠶᠢᠰᠢ ᠲᠣᠯᠣᠭᠠᠨ ᠵᠠᠭᠤᠨ ᠭᠠᠵᠠᠷ ᠲᠤ ᠬᠦᠷᠣᠮᠣᠢ᠃ ᠨᠡᠶᠢᠰᠯᠡᠯ ᠬᠤᠳᠠᠨ ᠳᠤᠷ ᠬᠦᠷᠴᠣ ᠢᠷᠡᠬᠦᠶ ᠢᠨᠣ ᠨᠢᠬᠡ | ᠮᠢᠩᠭ᠎ᠠ ᠨᠢᠬᠡ ᠵᠠᠭᠤᠨ ᠠᠷᠪᠠᠨ ᠭᠠᠵᠠᠷ ᠪᠣᠶᠣ᠃ ᠵᠡᠬᠦᠨᠰᠢ ᠪᠠᠷᠠᠭᠤᠨᠰᠢ ᠬᠠᠷᠢᠯᠴᠠᠨ ᠠᠯᠣᠰᠯᠠᠭᠰᠠᠨ ᠠᠨᠣ ᠶᠡᠷᠡᠨ | ᠲᠠᠪᠣᠨ ᠭᠠᠵᠠᠷ᠂ ᠡᠮᠣᠨ᠎ᠡ ᠣᠮᠠᠷ᠎ᠠ ᠬᠠᠷᠢᠯᠴᠠᠨ ᠠᠯᠣᠰᠯᠠᠭᠰᠠᠨ ᠠᠨᠣ ᠬᠤᠶᠠᠷ ᠵᠠᠭᠤ ᠬᠤᠷᠢᠨ ᠭᠠᠵᠠᠷ ᠠᠵᠣᠭᠤ᠃ | ᠵᠡᠬᠦᠨ ᠡᠳᠡᠭᠡᠳ ᠢᠨᠣ ᠬᠠᠯᠬ᠎ᠠ ᠵᠡᠬᠦᠨ ᠭᠠᠷᠣᠨ ᠬᠤᠰᠢᠭᠤᠨ ᠳᠤᠷ ᠵᠠᠬ᠎ᠠ ᠨᠡᠶᠢᠯᠡᠵᠣᠬᠦᠢ᠃ ᠪᠠᠷᠠᠭᠤᠨ ᠡᠳᠡᠭᠡᠳ ᠢᠨᠣ | ᠠᠤᠬᠠᠨ ᠳᠤ ᠵᠠᠬ᠎ᠠ ᠨᠡᠶᠢᠯᠡᠵᠣᠬᠦᠢ᠃ ᠡᠮᠣᠨ᠎ᠡ ᠡᠳᠡᠭᠡᠳ ᠢᠨᠣ ᠲᠦᠮᠡᠳ ᠲᠤᠷ ᠵᠠᠬ᠎ᠠ ᠨᠡᠶᠢᠯᠡᠵᠣᠬᠦᠢ᠂ ᠣᠮᠠᠷ᠎ᠠ | ᠡᠳᠡᠭᠡᠳ ᠢᠨᠣ ᠣᠡᠭᠨᠢᠭᠤᠳ ᠲᠤᠷ ᠵᠠᠬ᠎ᠠ ᠨᠡᠶᠢᠯᠡᠵᠣᠬᠦᠢ᠃ ᠡᠷᠳᠡᠨ ᠤ ᠰᠢᠶᠠᠨᠪᠸᠢ ᠶᠢᠨ ᠨᠣᠳᠤᠭ ᠠᠭᠰᠠᠨ ᠢᠶᠠᠨ ᠰᠦᠢ | ᠣᠯᠣᠰ ᠤᠨ ᠦᠶ᠎ᠡ ᠳᠤ ᠬᠢᠳᠠᠨ ᠤ ᠨᠣᠳᠤᠭ ᠪᠣᠯᠪᠠᠢ᠃ ᠲᠠᠩ ᠣᠯᠣᠰ ᠤᠨ ᠦᠶ᠎ᠡ ᠳᠤ ᠢᠡᠭ ᠵᠸᠣ ᠳ᠋ᠦᠳᠣ ᠶᠢᠨ | ᠶᠠᠮᠣᠨ ᠳᠤ ᠬᠠᠷᠢᠶᠠᠯᠠᠭᠳᠠᠵᠦ ᠠᠭᠰᠠᠨ ᠢᠶᠠᠨ ᠬᠤᠶᠢᠨ᠎ᠠ ᠨᠢ ᠺᠢᠮᠣᠰᠢ ᠶᠢᠨ ᠨᠣᠳᠤᠭ ᠲᠤ ᠪᠠᠭᠳᠠᠯᠤᠭᠠ᠃ ᠯᠢᠶᠣᠤ | ᠣᠯᠣᠰ᠂ ᠠᠯᠳᠠᠨ ᠣᠯᠣᠰ ᠤᠨ ᠦᠶ᠎ᠡ ᠳᠤ ᠰᠢᠩ ᠵᠦᠡᠭ ᠹᠦ᠋ ᠶᠠᠮᠣᠨ ᠤ ᠬᠤᠶᠢᠳᠣ ᠬᠢᠵᠠᠭᠠᠷ ᠪᠣᠯᠵᠣ ᠶᠣᠸᠠᠨ | ᠣᠯᠣᠰ ᠤᠨ ᠦᠶ᠎ᠡ ᠳᠤ ᠯᠢᠶᠣᠤ ᠸᠠᠩ ᠤᠨ ᠡᠷᠬᠦᠮᠵᠢᠯᠡᠭᠳᠡᠭᠰᠡᠨ ᠨᠣᠳᠤᠭ ᠪᠣᠯᠵᠣᠬᠤᠢ᠃ ᠮᠢᠩ ᠣᠯᠣᠰ ᠤᠨ ᠦᠶ᠎ᠡ ᠳᠤ | ᠮᠣᠩᠭᠤᠯ ᠳᠤ ᠣᠷᠣᠪᠠᠢ᠃ ᠶᠣᠸᠠᠨ ᠲᠠᠶᠢᠽᠣ ᠶᠢᠨ ᠲᠡᠬᠦᠣ ᠬᠠᠪᠣᠳᠣ ᠬᠠᠰᠠᠷ ᠨᠠᠶᠢᠮᠠᠨ ᠢ ᠲᠦᠪᠰᠢᠳᠭᠡᠪᠡᠢ᠂ | ᠲᠠᠶᠢᠽᠣ ᠶᠢᠨ ᠠᠷᠪᠠᠨ ᠵᠢᠷᠭᠤᠳᠣᠭᠠᠷ ᠦᠶ᠎ᠡ ᠶᠢᠨ ᠠᠴᠢ ᠲᠦᠷᠣᠪᠣᠯᠣᠳ ᠠᠴᠠ ᠲᠣᠷᠣᠭᠰᠢ ᠭᠤᠷᠪᠠᠨ ᠦᠶ᠎ᠡ ᠪᠣᠯᠵᠣ | ᠡᠰᠡᠨ ᠣᠶᠢᠵᠣᠩ ᠨᠣᠶᠠᠨ ᠤ ᠦᠶ᠎ᠡ ᠳᠤ ᠦᠪᠡᠷ ᠤᠨ ᠬᠠᠷᠢᠶᠠᠳᠣ ᠠᠶᠢᠮᠠᠭ ᠢᠶᠠᠨ ᠨᠠᠶᠢᠮᠠᠨ ᠬᠡᠮᠡᠨ ᠨᠠᠷᠠᠶᠢᠳᠵᠣᠬᠦᠢ︾ | ᠬᠡᠵᠣ ᠲᠡᠮᠳᠡᠭᠯᠡᠵᠣ ᠪᠠᠶᠢᠨ᠎ᠠ᠃ | ︽ᠨᠠᠢᠮᠠᠨ ᠰᠣᠶᠣᠯ︾ ︵ᠪᠣᠤ᠂ ᠰᠠᠶᠢᠨᠪᠠᠶᠠᠷ︶ ᠳᠤ᠄ ︽ᠨᠠᠢᠮᠠᠨ ᠬᠤᠰᠢᠭᠤ ᠶᠢ ᠲᠣᠭᠤᠷᠢᠭᠠᠳ ᠡᠮᠣᠨ᠎ᠡ ᠪᠠᠨ | ᠬᠦᠷᠢᠶ᠎ᠡ᠂ ᠵᠡᠬᠦᠨ ᠡᠮᠣᠨ᠎ᠡ ᠪᠠᠨ ᠬᠦᠷᠢᠶ᠎ᠡ᠂ ᠪᠠᠷᠠᠭᠤᠨ ᠡᠮᠣᠨ᠎ᠡ ᠪᠠᠨ ᠮᠣᠩᠭᠤᠯᠵᠢᠨ᠂ ᠲᠦᠮᠡᠳ᠂ ᠪᠠᠷᠠᠭᠤᠨ ᠢᠶᠠᠨ | ᠠᠣᠬᠠᠨ᠂ ᠬᠤᠶᠢᠨ᠎ᠠ ᠪᠠᠨ ᠣᠡᠭᠨᠢᠭᠤᠳ᠂ ᠠᠷᠣ ᠬᠤᠷᠴᠢᠨ᠂ ᠵᠡᠬᠦᠨ ᠬᠤᠶᠢᠨ᠎ᠠ ᠪᠠᠨ ᠵᠠᠷᠣᠳ᠂ ᠵᠡᠬᠦᠨ ᠢᠶᠠᠨ ᠲᠠᠷᠬᠠᠨ | ᠬᠤᠰᠢᠭᠤ ᠵᠡᠷᠭᠡ ᠨᠠᠶᠢᠮᠠᠨ ᠠᠬ᠎ᠠ ᠲᠡᠬᠦᠣ ᠬᠤᠰᠢᠭᠤ ᠲᠠᠢ ᠬᠢᠯᠢ ᠵᠠᠭᠠᠭ ᠨᠡᠶᠢᠯᠡᠵᠣ ᠪᠠᠶᠢᠬᠤ ᠲᠣᠯᠠ ᠢᠡᠭᠬᠢᠵᠣ | ᠲᠠᠭᠤᠳᠠᠪᠠ ᠭᠡᠳᠡᠭ᠃ ᠁ ᠨᠠᠢᠮᠠᠨ ᠤ ᠲᠤᠭ ᠪᠣᠯ ᠣᠯᠠᠭᠠᠨ ᠰᠠᠷᠵᠤᠭ ᠤᠨ ᠵᠢᠯᠠᠭᠠᠳᠣ ᠬᠠᠷ᠎ᠠ ᠬᠡᠯᠡ ᠲᠠᠢ | ᠭᠤᠷᠪᠠᠯᠵᠢᠨ ᠣᠯᠠᠭᠠᠨ ᠲᠤᠭ ᠲᠣᠯᠠ ᠨᠠᠶᠢᠮᠠᠨ ᠤ ᠴᠡᠷᠢᠭ ᠲᠠᠶᠢᠨ ᠪᠠᠶᠢᠯᠳᠣᠭᠠᠨ ᠳᠤ ᠭᠠᠯ ᠤᠨ ᠣᠷᠣᠨ ᠢᠶᠠᠨ ᠡᠵᠡᠯᠡᠨ | ᠬᠤᠰᠢᠭᠤᠴᠢ ᠶᠠᠪᠣᠳᠠᠭ᠃ ᠲᠡᠷᠡ ᠦᠶ᠎ᠡ ᠳᠤ ᠨᠢᠬᠡ ᠴᠢᠭᠤᠯᠭᠠᠨ ᠤ ᠠᠷᠪᠠᠨ ᠨᠢᠬᠡᠨ ᠬᠤᠰᠢᠭᠤ ᠶᠢ ᠠᠷᠪᠠᠨ ᠬᠤᠶᠠᠷ | ᠡᠰᠢ ᠡᠷᠭᠡᠳᠡᠨ ᠢᠶᠠᠷ ᠬᠤᠪᠢᠶᠠᠷᠢᠯᠠᠭᠤᠯᠵᠣ᠂ ᠶᠠᠮᠠᠷ ᠡᠰᠢ ᠡᠷᠭᠡᠳᠡᠨ ᠢ ᠡᠵᠡᠯᠡᠭᠰᠡᠨ ᠬᠤᠰᠢᠭᠤ ᠪᠣᠯ ᠡᠰᠢ ᠡᠷᠭᠡᠳᠡᠨ ᠢ | ᠬᠤᠰᠢᠭᠤᠨ ᠲᠠᠮᠠᠭ᠎ᠠ ᠶᠢᠨ ᠪᠠᠷᠢᠭᠤᠯ ᠲᠡᠭᠡᠷ᠎ᠡ ᠰᠠᠶᠢᠯᠳᠡᠭ᠃ ᠨᠠᠶᠢᠮᠠᠨ ᠤ ᠡᠰᠢ ᠡᠷᠭᠡᠳᠡᠨ ᠨᠢ ᠬᠤᠯᠣᠭᠠᠨ᠎ᠠ ᠬᠡᠨ᠎ᠡ᠃ | ᠠᠷᠣ ᠬᠤᠷᠴᠢᠨ ᠤ ᠨᠣᠬᠠᠢ᠂ ᠣᠡᠭᠨᠢᠭᠤᠳ ᠤᠨ ᠲᠠᠬᠢᠶ᠎ᠠ ᠬᠡᠳᠡᠭ᠂ ᠪᠠᠷᠰ ᠡᠰᠢ ᠡᠷᠭᠡᠳᠡᠨ ᠢ ᠴᠢᠭᠤᠯᠭᠠᠨ ᠤ ᠡᠰᠢ | ᠡᠷᠭᠡᠳᠡᠨ ᠢᠶᠠᠷ ᠲᠣᠭᠳᠠᠭᠠᠵᠣ᠂ ᠪᠠᠷᠰ ᠪᠠᠷᠢᠭᠤᠯᠳᠣ ᠲᠠᠮᠠᠭ᠎ᠠ ᠪᠠᠷ ᠴᠢᠭᠤᠯᠭᠠᠨ ᠤ ᠲᠠᠮᠠᠭ᠎ᠠ ᠪᠣᠯᠭᠠᠵᠣ ᠠᠷᠪᠠᠨ ᠨᠢᠬᠡᠨ | ᠬᠤᠰᠢᠭᠤᠨ ᠠᠴᠠ ᠨᠢᠬᠡ ᠶᠢ ᠪᠠᠨ ᠳ᠋ᠠ ᠲᠠᠯᠪᠢᠵᠣ᠂ ᠪᠣᠰᠣᠳ ᠠᠷᠪᠠᠨ ᠬᠤᠰᠢᠭᠤ ᠪᠠᠨ ᠵᠠᠬᠢᠷᠳᠠᠭ᠃ ᠲᠠᠷᠣᠢ ᠳ᠋ᠠ | ᠪᠣᠯᠣᠭᠰᠠᠨ ᠬᠤᠰᠢᠭᠤᠨ ᠸᠠᠩ ᠨᠢ ᠲᠣᠰ ᠴᠢᠭᠤᠯᠭᠠᠨ ᠤ ᠪᠠᠨ ᠲᠠᠷᠤᠭ᠎ᠠ ᠨᠢ ᠪᠣᠯᠣᠨ᠎ᠠ︾ ᠬᠡᠪᠡ᠃ | ᠨᠢᠬᠡᠨ ᠲᠡᠣᠭᠡᠨ ᠲᠡᠮᠳᠡᠭᠯᠡᠯ ᠳᠤ᠄ ︽ᠨᠠᠢᠮᠠᠨ ᠠᠶᠢᠮᠠᠭ ᠨᠢ ᠨᠠᠶᠢᠮᠠᠨ ᠵᠢᠵᠢᠭ ᠣᠪᠣᠭ ᠠᠶᠢᠮᠠᠭ ᠢᠶᠠᠷ | ᠪᠦᠷᠢᠯᠳᠣᠭ᠍ᠰᠡᠨ ᠣᠴᠢᠷ ᠠᠶᠢᠮᠠᠭ ᠤᠨ ᠨᠡᠷ᠎ᠡ ᠪᠠᠨ ᠨᠠᠶᠢᠮᠠᠨ ᠭᠡᠵᠣ ᠠᠪᠴᠡᠢ᠃ ᠮᠢᠩᠭᠠᠨ᠂ ᠬᠦᠷᠣᠨ᠂ ᠬᠦᠵᠣᠬᠦᠳ ︵ | ᠬᠦᠴᠣᠬᠦᠷ︶ ᠪᠣᠯ ᠨᠠᠶᠢᠮᠠᠨ ᠠᠶᠢᠮᠠᠭ ᠤᠨ ᠪᠦᠷᠢᠯᠳᠣᠬᠦᠨ᠃ ᠲᠣᠯᠢᠺᠧᠲ᠋ᠠᠶ᠋ᠢ ᠪᠣᠯ ᠨᠠᠢᠮᠠᠨ ᠠᠶᠢᠮᠠᠭ ᠤᠨ ᠲᠣᠳᠣᠷᠠᠬᠢ | ᠶᠡᠭᠡ ᠣᠪᠣᠭ᠂ ᠲᠣᠯᠢᠺᠧᠲ᠋ᠠᠶ᠋ᠢ ᠲᠣᠳᠣᠷ᠎ᠠ ᠪᠠᠨ ᠪᠠᠰᠠ ᠳ᠋ᠣᠷᠲ᠋ᠣᠭᠤᠷ᠂ ᠬᠠᠷ᠎ᠠ ᠬᠡᠷᠢᠶ᠎ᠡ᠂ ᠰᠡᠳᠧᠷ᠂ ᠮᠠᠲ᠋ᠠᠢ ᠵᠡᠷᠭᠡ | ᠲᠦᠷᠪᠡᠨ ᠰᠠᠯᠪᠣᠷᠢ ᠣᠪᠣᠭ ᠲᠠᠢ ᠪᠠᠶᠢᠵᠡᠢ᠃ ᠨᠠᠢᠮᠠᠨ ᠠᠶᠢᠮᠠᠭ ᠪᠣᠯ ᠡᠷᠳᠡᠨ ᠤ ᠢᠵᠠᠭᠤᠷ ᠮᠣᠩᠭᠤᠯ ᠬᠤᠨᠣᠳ ᠤᠨ | ᠬᠤᠶᠢᠴᠢ ᠦᠶ᠎ᠡ᠂ ᠣᠶᠢᠷᠠᠳ ᠣᠭᠰᠠᠭᠠᠳᠠᠨ᠂ ᠴᠢᠨ᠋ᠸ᠎ᠠ ᠰᠢᠳᠣᠬᠡᠨᠳᠡᠨ ᠪᠣᠯᠣᠨ᠎ᠠ᠃ ᠨᠡᠶᠢᠳᠡ ᠶᠢᠨ ᠣᠨ ᠲᠣᠭᠠᠯᠠᠯ ᠤᠨ | 750 ᠣᠨ ᠤ ᠦᠶ᠎ᠡ ᠳᠤ ᠰᠡᠯᠡᠩᠭᠡ ᠮᠦᠷᠡᠨ ᠤ ᠬᠦᠪᠡᠬᠡᠨ ᠲᠡᠭᠡᠷᠡᠬᠢ ᠪᠣᠰᠬᠠᠭᠰᠠᠨ ᠣᠶᠢᠭᠤᠷ ᠦᠰᠣᠭ᠌ ᠤᠨ ᠬᠦᠰᠢᠶ᠎ᠡ | ᠲᠡᠭᠡᠷ᠎ᠡ sekjogui ᠬᠡᠬᠦ ᠦᠰᠣᠭ᠌ ᠪᠠᠶᠢᠭᠰᠠᠨ ᠪᠦᠬᠡᠳ ᠲᠡᠷᠡ ᠨᠢ ᠨᠠᠢᠮᠠᠨ ᠠᠶᠢᠮᠠᠭ ᠬᠡᠰᠡᠨ ᠣᠳᠬ᠎ᠠ ᠲᠠᠢ ᠭᠡᠳᠡᠭ | ᠃ ᠨᠡᠶᠢᠳᠡ ᠶᠢᠨ ᠣᠨ ᠲᠣᠭᠠᠯᠠᠯ ᠤᠨ 841 ᠊᠊᠊᠊ 846 ᠣᠨ ᠤ ᠦᠶ᠎ᠡ ᠪᠠᠷ ᠨᠠᠶᠢᠮᠠᠨᠴᠣᠳ ᠪᠠᠷᠠᠭᠤᠨᠰᠢ ᠨᠡᠬᠦᠵᠣ | ᠠᠯᠳᠠᠢ᠂ ᠬᠠᠨᠭ᠍ᠭᠠᠢ ᠠᠭᠤᠯᠠᠨ ᠤ ᠬᠤᠭᠤᠷᠣᠨᠳᠣ ᠣᠴᠢᠵᠣ ᠨᠣᠳᠣᠭᠯᠠᠪᠠ᠃ ᠨᠠᠢᠮᠠᠨ ᠠᠶᠢᠮᠠᠭ ᠤᠨ ᠨᠣᠳᠤᠭ ᠨᠢ ᠶᠡᠭᠡ | ᠲᠦᠯᠣᠪ ᠶᠡᠭᠡ ᠠᠯᠳᠠᠢ᠂ ᠬᠠᠷ᠎ᠠ ᠬᠤᠷᠣᠮ ᠤᠨ ᠠᠭᠤᠯᠠᠨ ᠣᠷᠣᠨ᠂ ᠡᠯᠴᠢ ᠰᠡᠷᠢᠰ ᠤᠨ ᠠᠭᠤᠯᠠᠨ ᠣᠷᠣᠨ᠂ | ᠠᠳᠠᠯᠢ ᠶᠢᠨ ᠠᠭᠤᠯᠠᠰ᠂ ᠬᠡᠮᠴᠢ ᠡᠬᠦᠳᠡ ᠶᠢᠨ ᠣᠷᠭᠠᠨ ᠭᠤᠣᠯ᠂ ᠡᠷᠴᠢᠰ ᠨᠠᠭᠤᠷ ︵ᠵᠠᠶᠢᠰᠠᠩ ᠨᠠᠭᠤᠷ︶᠂ ᠡᠷᠴᠢᠰ | ᠮᠦᠷᠡᠨ ᠵᠢᠴᠢ ᠲᠣᠰ ᠮᠦᠷᠡᠨ ᠠᠴᠠ ᠬᠢᠷᠬᠢᠰ ᠬᠦᠷᠳᠡᠯᠡᠬᠢ ᠠᠭᠤᠯᠠᠨ ᠣᠷᠣᠨ ᠪᠠᠶᠢᠵᠡᠢ᠃ ᠨᠠᠶᠢᠮᠠᠨᠴᠣᠳ ᠣᠮᠠᠷᠠᠰᠢ | ᠬᠢᠷᠬᠢᠰ᠂ ᠵᠡᠬᠦᠨᠰᠢ ᠬᠡᠷᠡᠶᠢᠳ᠂ ᠡᠮᠣᠨᠡᠰᠢ ᠣᠦᠭᠤᠷ᠂ ᠪᠠᠷᠠᠭᠤᠨᠰᠢ ᠬᠠᠨᠭ᠍ᠯᠢᠨ ᠲᠠᠢ ᠵᠠᠬ᠎ᠠ ᠬᠢᠵᠠᠭᠠᠷ ᠵᠠᠯᠭᠠᠵᠣ | ᠪᠠᠶᠢᠭᠰᠠᠨ ᠠᠵᠢ᠃ 1199 ᠣᠨ ᠤ ᠦᠶ᠎ᠡ ᠳᠤ ᠨᠠᠢᠮᠠᠨ ᠠᠶᠢᠮᠠᠭ ᠤᠨ ᠴᠢᠰᠣᠨ ᠣᠳᠣᠮᠳᠣ ᠣᠪᠣᠭ ᠤᠨ ᠪᠠᠶᠢᠭᠤᠯᠣᠯ | ᠨᠢᠬᠡᠨᠳᠡ ᠵᠠᠳᠠᠷᠠᠭᠠᠳ ᠣᠷᠣᠨ ᠤ ᠴᠢᠨᠠᠷᠳᠠᠢ ᠵᠣᠬᠢᠶᠠᠨ ᠪᠠᠶᠢᠭᠤᠯᠣᠯᠳᠠ ᠪᠣᠯᠵᠣ 13 ᠳ᠋ᠣᠭᠠᠷ ᠵᠠᠭᠤᠨ ᠤᠨ ᠡᠬᠢᠨ | ᠦᠶ᠎ᠡ ᠪᠠᠷ ᠨᠠᠢᠮᠠᠨ ᠣᠯᠣᠰ ᠢ ᠪᠠᠶᠢᠭᠤᠯᠪᠠ᠃ ᠪᠠᠷᠠᠭᠤᠨ ᠮᠣᠩᠭᠤᠯ ᠳᠠᠭᠠᠨ ᠬᠠᠮᠤᠭ ᠤᠨ ᠬᠦᠴᠣᠷᠭᠡᠭ ᠠᠶᠢᠮᠠᠭ ᠤᠨ | ᠨᠢᠬᠡ ᠨᠢ ᠪᠠᠶᠢᠵᠣ ᠪᠢᠯᠠ᠃ ᠲᠣᠬᠠᠢ ᠶᠢᠨ ᠦᠶᠡᠰ ᠨᠢᠬᠡᠨᠳᠡ ᠣᠶᠢᠭᠤᠷ ᠦᠰᠣᠭ᠌ ᠪᠢᠴᠢᠭ ᠪᠠ ᠲᠠᠮᠠᠭ᠎ᠠ ᠬᠡᠷᠡᠭᠯᠡᠵᠦ | ᠪᠠᠶᠢᠵᠡᠢ᠃ ᠲᠣᠮᠳᠠᠳᠣ ᠠᠽᠢᠶ᠎ᠠ ᠶᠢᠨ ᠬᠤᠳᠠᠯᠳᠣᠭᠠᠴᠢᠨ ᠲᠠᠢ ᠠᠷᠠᠯᠵᠢᠶ᠎ᠡ ᠬᠢᠳᠡᠭ᠃ 12 ᠳ᠋ᠣᠭᠠᠷ ᠵᠠᠭᠤᠨ ᠤ | ᠲᠣᠮᠳᠡᠴᠢ ᠦᠶ᠎ᠡ ᠪᠠᠷ ᠬᠢᠷᠬᠢᠰ ᠢ ᠢᠯᠠᠭᠠᠳ ᠢᠨᠠᠴᠡ ᠪᠡᠯᠬᠡ ᠪᠦᠬᠦ ᠬᠠᠭᠠᠨ ᠭᠡᠵᠣ ᠠᠯᠳᠠᠷᠰᠢᠪᠠ᠃ ᠨᠠᠢᠮᠠᠨ ᠤ | ᠨᠣᠳᠤᠭ ᠦᠷᠭᠡᠵᠢᠵᠣ ᠵᠡᠬᠦᠨᠰᠢ ᠬᠡᠷᠡᠶᠢᠳ᠂ ᠮᠡᠷᠬᠢᠳ᠂ ᠪᠠᠷᠠᠭᠤᠨᠰᠢ ᠬᠡᠷᠯᠣᠭ᠌᠂ ᠣᠮᠠᠷᠠᠰᠢ ᠣᠶᠢᠷᠠᠳ᠂ ᠪᠠᠷᠠᠭᠤᠨ | ᠡᠮᠣᠨᠡᠰᠢ ᠣᠶᠢᠭᠤᠷ᠂ ᠡᠮᠣᠨᠡᠰᠢ ᠲᠠᠩᠭᠤᠳ᠂ ᠣᠡᠭᠭᠤᠳ ᠲᠠᠢ ᠵᠠᠬ᠎ᠠ ᠵᠠᠯᠭᠠᠨ ᠬᠦᠷᠰᠢᠯᠡᠪᠡ᠃ ᠨᠠᠢᠮᠠᠨ ᠬᠠᠭᠠᠨ ᠤ | ᠣᠣᠭᠠᠨ ᠬᠦᠣ ᠪᠠᠶᠢᠪᠣᠬᠠ ᠶᠢ ᠠᠯᠳᠠᠨ ᠣᠯᠣᠰ ᠶᠡᠭᠡ ᠸᠠᠩ᠂ ᠲᠠᠶᠠᠨ ᠬᠠᠭᠠᠨ ᠡᠷᠬᠦᠮᠵᠢᠯᠡᠵᠡᠢ᠃ ᠢᠨᠠᠴᠡ | ᠪᠡᠯᠭᠡ ᠠᠴᠠ ᠬᠤᠶᠢᠰᠢ ᠨᠠᠶᠢᠮᠠᠨᠴᠣᠳ ᠲᠣᠳᠣᠭᠠᠳᠣ ᠳᠠᠭᠠᠨ ᠬᠠᠭᠠᠷᠠᠯ ᠭᠠᠷᠴᠣ ᠡᠮᠣᠨᠡᠳᠣ ᠣᠮᠠᠷᠠᠳᠣ ᠬᠤᠶᠠᠷ ᠨᠠᠢᠮᠠᠨ | ᠣᠯᠣᠰ ᠪᠣᠯᠣᠨ ᠰᠠᠯᠣᠭᠰᠠᠨ ᠶᠣᠮ︾ ᠬᠡᠵᠡᠢ᠃ | ᠷᠠᠰᠢᠳ᠋ — ᠠᠳ᠋ — ᠳ᠋ᠢᠨ ᠤ ︽ᠰᠣᠳᠣᠷ ᠤᠨ ᠴᠢᠭᠤᠯᠭᠠᠨ︾ ᠳᠤ᠄ ︽ᠨᠠᠢᠮᠠᠨ ᠪᠣᠯ ᠬᠠᠨᠭ᠍ᠭᠠᠢ᠂ | ᠠᠯᠳᠠᠢ ᠬᠤᠶᠠᠷ ᠨᠢᠷᠣᠭᠤᠨ ᠤ ᠬᠤᠭᠤᠷᠣᠨᠳᠣ ᠬᠠᠷ᠎ᠠ ᠡᠷᠴᠢᠰ ᠮᠦᠷᠡᠨ ᠬᠢᠬᠡᠳ ᠵᠠᠶᠢᠰᠠᠩ ᠨᠠᠭᠤᠷ ᠤᠨ ᠰᠠᠪᠠ ᠲᠠᠭᠠᠣ | ᠦᠷᠭᠡᠨ ᠠᠭᠤᠳᠠᠮ ᠪᠡᠯᠴᠢᠬᠡᠷ ᠨᠣᠳᠤᠭ ᠲᠤ ᠨᠡᠬᠦᠳᠡᠯᠯᠡᠨ ᠮᠠᠯᠵᠢᠳᠠᠭ ᠬᠠᠮᠤᠭ ᠤᠨ ᠲᠣᠮᠣ ᠮᠣᠩᠭᠤᠯ ᠠᠶᠢᠮᠠᠭ ᠤᠨ | ᠨᠢᠬᠡ ᠶᠣᠮ᠃ ᠨᠠᠢᠮᠠᠨ ᠤ ᠨᠣᠶᠠᠷᠬᠠᠭᠴᠢ ᠲᠠᠶᠠᠨ ᠬᠠᠭᠠᠨ 1204 ᠣᠨ ᠳᠤ ᠴᠢᠩᠬᠢᠰ ᠬᠠᠭᠠᠨ ᠳᠤ ᠢᠯᠠᠭᠳᠠᠨ | ᠡᠵᠡᠯᠡᠭᠳᠡᠵᠡᠢ᠃ ︿ᠨᠠᠢᠮᠠᠨ﹀ ᠬᠡᠳᠡᠭ ᠦᠬᠡ ᠨᠢ ᠲᠣᠭᠠᠨ ᠤ ︿ᠨᠠᠢᠮᠠᠨ﹀ ᠶᠢ ᠵᠢᠭᠠᠵᠣ ᠪᠠᠶᠢᠬᠤ ᠠᠴᠠ ᠲᠦᠰᠣᠬᠡᠯᠡᠵᠣ | ᠪᠣᠳᠣᠪᠠᠯ ᠨᠠᠢᠮᠠᠨᠴᠤᠳ ᠨᠢ ᠠᠯᠢ ᠨᠢᠬᠡᠨ ᠴᠠᠭ ᠦᠶ᠎ᠡ ᠳᠤ ᠨᠠᠢᠮᠠᠨ ᠠᠶᠢᠮᠠᠭ ᠪᠣᠶᠣ ᠨᠠᠶᠢᠮᠠᠨ ᠣᠳᠤᠭ ᠠᠴᠠ ᠪᠦᠷᠢᠯᠳᠣᠨ | ᠨᠠᠶᠢᠯᠡᠵᠣ ᠨᠠᠢᠮᠠᠨ ᠠᠶᠢᠮᠠᠭ ᠪᠣᠯᠣᠭᠰᠠᠨ ᠪᠣᠯᠣᠯᠳᠠᠢ᠃ ᠮᠣᠩᠭᠤᠯᠴᠣᠳ ᠤᠨ ᠬᠢᠨ ᠳᠤ ᠦᠪᠡᠷ ᠤᠨ ᠠᠶᠢᠮᠠᠭ | ᠲᠦᠷᠣᠯ ᠢᠶᠠᠨ ᠡᠨᠡ ᠮᠡᠳᠣᠴᠢᠯᠡᠨ ᠲᠤᠭ᠎ᠠ ᠬᠡᠮᠵᠢᠶ᠎ᠡ ᠪᠠᠷ ᠨᠡᠷᠡᠯᠡᠳᠡᠭ ᠶᠠᠪᠣᠳᠠᠯ ᠪᠢᠰᠢᠬᠦᠢ ᠲᠣᠬᠢᠶᠠᠯᠳᠣᠳᠠᠭ᠃ | ᠨᠠᠢᠮᠠᠨᠴᠤᠳ ᠪᠣᠯ ᠮᠣᠩᠭᠤᠯ ᠤᠨ ᠣᠯᠠᠨ ᠠᠶᠢᠮᠠᠭ ᠤᠳ ᠤᠨ ᠲᠣᠳᠣᠷ᠎ᠠ ᠬᠠᠮᠤᠭ ᠠᠴᠠ ᠰᠣᠶᠣᠯᠵᠢᠭᠰᠠᠨ ᠠᠶᠢᠮᠠᠭ | ᠪᠣᠯᠣᠨ᠎ᠠ᠃ ᠲᠡᠳᠡ ᠬᠠᠮᠤᠭ ᠤᠨ ᠲᠦᠷᠣᠬᠦᠨ ᠳᠤ ᠣᠶᠢᠭᠤᠷ ᠦᠰᠣᠭ᠌ ᠢ ᠮᠣᠩᠭᠤᠯ ᠬᠡᠯᠡᠨ ᠳᠡᠭᠡᠨ ᠲᠣᠬᠢᠷᠠᠭᠤᠯᠣᠨ | ᠬᠡᠷᠡᠭᠯᠡᠵᠡᠢ᠃ ᠨᠠᠢᠮᠠᠨᠴᠤᠳ ᠨᠢ ᠵᠡᠬᠦᠨ ᠲᠦᠷᠺᠰᠲ᠋ᠠᠨ ᠲᠠᠢ ᠬᠦᠷᠰᠢ ᠵᠡᠷᠭᠡᠯᠡᠳᠡᠭᠡ ᠪᠠᠶᠢᠭᠰᠠᠨ ᠣᠴᠢᠷ ᠪᠣᠰᠣᠳ | ᠰᠣᠶᠣᠯ ᠤᠨ ᠦᠷ᠎ᠡ ᠪᠦᠳᠣᠭᠡᠯ ᠢ ᠴᠦ ᠠᠰᠢᠭᠯᠠᠵᠣ ᠪᠠᠶᠢᠵᠡᠢ︾ ᠬᠡᠵᠡᠢ᠃ ᠮᠣᠩᠭᠤᠯ ᠬᠠᠭᠠᠨᠳᠣ ᠣᠯᠣᠰ ᠤᠨ ᠦᠬᠡᠳᠡᠢ | ᠬᠠᠭᠠᠨ ᠤ ᠵᠢᠷᠭᠤᠳᠣᠭᠠᠷ ᠬᠠᠳᠣᠨ ᠪᠣᠯ ᠨᠠᠶᠢᠮᠠᠨ ᠠᠶᠢᠮᠠᠭ ᠤᠨ ᠬᠦᠮᠣᠨ ᠶᠣᠮ᠂ ᠲᠡᠶᠢᠮᠣ ᠠᠴᠠ ᠨᠠᠢᠮᠠᠨᠵᠢᠨ ᠬᠠᠳᠣᠨ | ᠭᠡᠵᠣ ᠬᠦᠨᠳᠣᠳᠭᠡᠨ ᠲᠠᠭᠤᠳᠠᠳᠠᠭ᠃ 1206 ᠣᠨ ᠳᠤ ᠬᠦᠶᠣᠭ᠌ ᠢ ᠲᠦᠷᠣᠪᠡ᠃ ᠬᠤᠵᠢᠮ ᠨᠢ ᠬᠦᠶᠣᠭ᠌ ᠮᠣᠩᠭᠤᠯ | ᠣᠯᠣᠰ ᠤᠨ ᠭᠤᠷᠪᠠᠳᠣᠭᠠᠷ ᠦᠶ᠎ᠡ ᠶᠢᠨ ᠶᠡᠭᠡ ᠬᠠᠭᠠᠨ ᠡᠷᠬᠦᠮᠵᠢᠯᠡᠭᠳᠡᠨ ᠰᠠᠭᠤᠷᠢᠨ᠎ᠠ ᠰᠠᠭᠤᠭᠰᠠᠨ ᠶᠠᠪᠣᠳᠠᠯ ᠲᠡᠬᠦᠨ ᠤ | ᠡᠬᠡ ᠲᠦᠷᠡᠭᠡ ᠬᠠᠳᠣᠨ ᠤ ᠭᠠᠪᠢᠶ᠎ᠠ ᠵᠢᠳᠬᠦᠯ ᠲᠠᠢ ᠰᠠᠯᠣᠰᠢ ᠦᠬᠡᠢ ᠬᠤᠯᠪᠣᠭ᠎ᠠ ᠲᠠᠢ ᠶᠣᠮ᠃ | ︽ᠰᠡᠴᠡᠯᠡᠭᠴᠢᠳ ᠤᠨ ᠴᠢᠭᠤᠯᠭᠠᠨ ᠤ ᠨᠠᠮᠠᠭ᠎ᠠ︾ ᠳᠤ ᠲᠡᠮᠳᠡᠭᠯᠡᠭᠰᠡᠨ ᠢᠶᠠᠷ ᠪᠣᠯ ᠴᠢᠩᠬᠢᠰ ᠬᠠᠭᠠᠨ ᠤ ᠦᠶᠡᠰ᠂ | ᠨᠠᠢᠮᠠᠨ ᠠᠶᠢᠮᠠᠭ ᠨᠢ ᠬᠦᠮᠣᠨ ᠠᠮᠠ ᠪᠠᠷ ᠬᠠᠮᠤᠭ ᠬᠦᠴᠣᠷᠭᠡᠭ ᠠᠶᠢᠮᠠᠭ ᠤᠨ ᠨᠢᠬᠡ ᠪᠠᠶᠢᠪᠠ᠃ ᠨᠠᠢᠮᠠᠨ ᠤ ᠡᠵᠡᠨ ᠨᠢ | ᠲᠠᠶᠠᠨ ᠬᠠᠭᠠᠨ᠂ ᠲᠡᠬᠦᠨ ᠤ ᠬᠦᠣ ᠬᠦᠴᠦᠯᠢᠭ᠂ ᠲᠢᠪ ᠪᠠᠭᠤᠷᠢ ᠨᠢ ᠬᠠᠷᠠᠬᠤᠷᠣᠮ᠃ ᠲᠠᠶᠠᠨ ᠬᠠᠭᠠᠨ ᠤ ᠠᠬ᠎ᠠ ᠨᠢ | ᠪᠣᠶᠣᠷᠠᠭ ᠬᠠᠭᠠᠨ ᠬᠡᠳᠡᠭ᠃ ᠨᠠᠬᠤ ᠬᠤᠨ ᠤ ᠪᠠᠶᠢᠯᠳᠣᠭᠠᠨ ᠢᠶᠠᠷ ᠨᠠᠶᠢᠮᠠᠨᠴᠣᠳ ᠢᠯᠠᠭᠳᠠᠵᠣ 1204 ᠣᠨ ᠤ | ᠡᠴᠣᠰ ᠲᠡᠭᠡᠨ ᠴᠢᠩᠬᠢᠰ ᠬᠠᠭᠠᠨ ᠤ ᠵᠠᠬᠢᠷᠭᠠᠨ ᠳᠤ ᠪᠦᠷᠢᠮᠣᠰᠣᠨ ᠣᠷᠣᠵᠣ ᠬᠠᠷᠢᠶᠠᠯᠠᠭᠳᠠᠪᠠ᠃ | ︽ᠠᠯᠳᠠᠨ ᠬᠦᠷᠳᠣᠨ ᠮᠢᠩᠭᠠᠨ ᠬᠡᠬᠡᠰᠣᠳᠣ︾ ᠳᠤ ᠲᠡᠮᠳᠡᠭᠯᠡᠭᠰᠡᠨ ᠢ ᠦᠨᠳᠣᠰᠣᠯᠡᠪᠡᠯ᠂ 15 ᠳ᠋ᠣᠭᠠᠷ | ᠵᠠᠭᠤᠨ ᠤ ᠦᠶ᠎ᠡ ᠳᠤ ᠨᠠᠢᠮᠠᠨ ᠨᠢ ᠴᠠᠬᠠᠷ ᠲᠦᠮᠡᠨ ᠤ ᠨᠠᠢᠮᠠᠨ ᠨᠣᠳᠤᠭ ᠤᠨ ᠨᠢᠬᠡ ︽ᠠᠣᠬᠠᠨ᠂ ᠨᠠᠢᠮᠠᠨ᠂ ᠰᠦᠨᠢᠳ᠂ | ᠦᠵᠣᠮᠣᠨ ᠦᠯᠬᠡ ᠶᠢᠨ ᠵᠡᠬᠦᠨ ᠲᠦᠷᠪᠡᠨ ᠣᠳᠤᠭ︾ ᠪᠠᠶᠢᠵᠡᠢ᠃ ᠬᠤᠵᠢᠮ ᠨᠢ ᠲᠠᠶᠠᠨ ᠬᠠᠭᠠᠨ ᠤ ᠬᠦᠪᠡᠬᠦᠨ | ᠬᠡᠷᠡᠰᠡᠨᠵᠠ ︽ᠠᠣᠬᠠᠨ ᠨᠠᠢᠮᠠᠨ ᠲᠡᠭᠡᠷ᠎ᠡ︾ ᠡᠵᠡᠨ ᠪᠣᠯᠵᠣ ᠰᠠᠭᠤᠭᠰᠠᠨ ᠶᠣᠮ᠃ ᠬᠢᠷᠬᠢᠰ ᠤᠨ ︽ᠮᠠᠨᠠᠰ︾ ᠭᠡᠬᠦ | ᠲᠣᠣᠯᠢ ᠪᠠ ︽ᠮᠣᠩᠭᠤᠯ ᠤᠨ ᠨᠢᠭᠤᠴᠡ ᠲᠣᠪᠴᠢᠶᠠᠨ︾᠂ ︽ᠰᠣᠳᠣᠷ ᠤᠨ ᠴᠢᠭᠤᠯᠭᠠᠨ︾᠂ ︽ᠶᠣᠸᠠᠨ ᠤ ᠲᠡᠣᠭᠡ | ︾ ᠳᠤ ᠨᠠᠢᠮᠠᠨ᠂ ᠨᠠᠢᠮᠠᠨᠵᠢᠨ᠂ ︽ᠨᠠᠢᠮᠠᠨ ᠠᠴᠠ ᠬᠦᠴᠣᠬᠦᠳ ᠨᠠᠢᠮᠠᠨ ᠤ ᠪᠤᠶᠢᠷᠤᠭ ᠬᠠᠭᠠᠨ︾ ᠬᠡᠵᠣ ᠲᠣᠳᠣᠷᠬᠠᠶᠢᠯᠠᠨ | ᠲᠡᠮᠳᠡᠭᠯᠡᠭᠰᠡᠨ ᠪᠢᠯᠡ᠃ | ᠫᠯᠠᠨ ᠺᠠᠷᠫᠢᠨ ︽ᠨᠠᠶᠢᠮᠠᠨᠴᠣᠳ ᠪᠣᠯ ᠣᠡᠭᠭᠤᠳ ᠤᠨ ᠰᠢᠳᠣᠭᠡᠨᠳᠡᠨ︾ ᠬᠡᠵᠣ ᠲᠣᠳᠣᠷᠬᠠᠶᠢᠯᠠᠵᠣ ᠪᠠᠶᠢᠬᠤ ᠳᠤ | ᠷᠦᠪᠷᠣᠭ᠌ ᠬᠠᠷᠢᠨ ︽ᠨᠠᠢᠮᠠᠨᠴᠤᠳ ᠪᠣᠯ ᠨᠧᠰᠲ᠋ᠣᠷᠢ ᠶᠢᠨ ᠬᠢᠨ ᠤ ᠾᠷᠢᠰᠲ᠋ᠣᠰ ᠤᠨ ᠱᠠᠰᠢᠨᠳᠠᠨ ᠶᠣᠮ︾ ᠬᠡᠮᠡᠨ | ᠲᠡᠮᠳᠡᠭᠯᠡᠭᠰᠡᠨ ᠪᠠᠶᠢᠪᠠ᠃ ᠲᠣᠬᠠᠢ ᠶᠢᠨ ᠦᠶᠡᠰ ᠨᠠᠢᠮᠠᠨᠴᠤᠳ ᠤᠨ ᠲᠣᠳᠣᠷ᠎ᠠ ᠪᠦᠬᠡ ᠶᠢᠨ ᠱᠠᠰᠢᠨ ᠪᠣᠯᠣᠨ | ᠾᠷᠢᠰᠲ᠋ᠣᠰ ᠤᠨ ᠱᠠᠰᠢᠨ ᠵᠡᠷᠭᠡᠴᠡᠨ ᠲᠡᠯᠭᠡᠷᠡᠵᠣ ᠪᠠᠶᠢᠵᠡᠢ᠃ 16 ᠳ᠋ᠣᠭᠠᠷ ᠵᠠᠭᠤᠨ ᠤ ᠦᠶ᠎ᠡ ᠳᠤ ᠨᠠᠢᠮᠠᠨ ᠠᠶᠢᠮᠠᠭ ᠤᠨ | ᠨᠢᠬᠡ ᠪᠦᠯᠣᠭ᠌ ᠠᠷᠠᠳ ᠢᠷᠭᠡᠳ ᠵᠡᠬᠦᠨᠰᠢ ᠨᠡᠬᠦᠳᠡᠯᠯᠡᠵᠣ ᠯᠢᠶᠣᠣᠰᠢ ᠣᠷᠣᠨ ᠳᠤ ᠣᠷᠣᠵᠣ ᠨᠣᠳᠣᠭᠯᠠᠭᠠᠳ ᠮᠦᠨ | ᠨᠠᠢᠮᠠᠨ ᠬᠡᠬᠦ ᠨᠡᠷ᠎ᠡ ᠪᠠᠷ ᠢᠶᠠᠨ ᠶᠠᠪᠣᠵᠡᠢ᠃ ᠴᠢᠩ ᠣᠯᠣᠰ ᠤᠨ ᠦᠶ᠎ᠡ ᠳᠤ ᠮᠠᠨᠵᠣ ᠳᠤ ᠬᠠᠷᠢᠶᠠᠯᠠᠭᠳᠠᠨ ᠨᠠᠢᠮᠠᠨ ᠨᠡᠷᠡᠳᠣ | ᠬᠤᠰᠢᠭᠤ ᠪᠣᠯᠵᠣ ᠵᠣᠤ ᠣᠳᠠ ᠶᠢᠨ ᠴᠢᠭᠤᠯᠭᠠᠨ ᠳᠤ ᠬᠠᠷᠢᠶᠠᠯᠠᠭᠳᠠᠭᠰᠠᠨ ᠶᠣᠮ᠃ ᠰᠧᠷᠵᠢ ︽ᠡᠷᠳᠡᠨ ᠤ | ᠮᠣᠩᠭᠤᠯ ᠤᠨ ᠵᠠᠰᠠᠭ ᠵᠠᠬᠢᠷᠭ᠎ᠠ᠂ ᠴᠡᠷᠢᠭ ᠤᠨ ᠵᠣᠬᠢᠶᠠᠨ ᠪᠠᠶᠢᠭᠤᠯᠣᠯᠳᠠ ᠶᠢᠨ ᠣᠯᠠ ᠮᠦᠷ ᠲᠣᠭᠠᠨ ᠤ ᠦᠬᠡ ᠪᠠᠷ | ᠨᠡᠷᠡᠯᠡᠭᠳᠡᠭᠰᠡᠨ ᠣᠪᠣᠭ ᠤᠨ ᠨᠢᠬᠡ ᠨᠢ ᠨᠠᠢᠮᠠᠨ︾ ᠬᠡᠵᠣ ᠦᠵᠡᠭᠰᠡᠨ ᠪᠠᠶᠢᠨ᠎ᠠ᠃ ︽ᠰᠣᠳᠣᠷ ᠤᠨ ᠴᠢᠭᠤᠯᠭᠠᠨ︾ ᠤ | ᠵᠣᠬᠢᠶᠠᠭᠴᠢ ᠷᠠᠰᠢᠳ᠋ ᠤᠨ ᠬᠡᠯᠡᠬᠦ ᠪᠠᠷ᠂ ᠨᠠᠢᠮᠠᠨ ᠭᠡᠳᠡᠭ ᠪᠣᠯ ᠮᠣᠩᠭᠤᠯ ᠦᠬᠡᠨ ᠤ ᠲᠣᠯᠤᠭ᠎ᠠ ᠶᠢᠨ ᠲᠠᠷᠠᠭᠠᠬᠢ | ᠲᠣᠭᠠᠨ ᠤ ᠨᠡᠷ᠎ᠡ ᠭᠡᠵᠡᠢ᠃ ᠲᠡᠬᠦᠨ ᠤ ᠨᠣᠳᠤᠭ ᠬᠢᠵᠠᠭᠠᠷ ᠨᠢ ᠶᠡᠭᠡ ᠠᠯᠳᠠᠢ᠂ ᠬᠠᠷ᠎ᠠ ᠬᠤᠷᠣᠮ ᠤᠨ ᠠᠭᠤᠯᠠᠷᠬᠠᠭ | ᠣᠷᠣᠨ᠂ ᠡᠯᠣᠢ ᠰᠠᠷᠢᠰ ᠤᠨ ᠠᠭᠤᠯᠠᠷᠬᠠᠭ ᠣᠷᠣᠨ᠂ ᠡᠷᠴᠢᠰ ᠨᠠᠭᠤᠷ ︵ᠵᠠᠶᠢᠰᠠᠩ ᠨᠠᠭᠤᠷ︶᠂ ᠡᠷᠴᠢᠰ ᠮᠦᠷᠡᠨ | ᠵᠢᠴᠢ ᠲᠣᠰ ᠮᠦᠷᠡᠨ ᠠᠴᠠ ᠬᠢᠷᠬᠢᠰ ᠬᠦᠷᠳᠡᠯᠡᠬᠢ ᠠᠭᠤᠯᠠᠷᠬᠠᠭ ᠣᠷᠣᠨ ᠪᠣᠯᠣᠨ᠎ᠠ᠃ ᠨᠠᠢᠮᠠᠨᠴᠤᠳ ᠣᠮᠠᠷᠠᠰᠢ | ᠬᠢᠷᠬᠢᠰ ᠲᠠᠢ ᠵᠡᠬᠦᠨᠰᠢ ᠬᠡᠷᠡᠶᠢᠳ ᠲᠠᠢ᠂ ᠡᠮᠣᠨᠡᠰᠢ ᠣᠶᠢᠭᠤᠷ ᠲᠠᠢ᠂ ᠪᠠᠷᠠᠭᠤᠨᠰᠢ ᠬᠠᠨᠭ᠍ᠯᠢᠨ ᠲᠠᠢ ᠲᠣᠰ ᠲᠣᠰ ᠵᠠᠬ᠎ᠠ | ᠨᠡᠶᠢᠯᠡᠳᠡᠭ ᠪᠠᠶᠢᠨ᠎ᠠ ᠬᠡᠵᠡᠢ᠃ ᠡᠷᠳᠡᠨ ᠤ ᠨᠠᠢᠮᠠᠨ ᠠᠶᠢᠮᠠᠭ᠂ ᠬᠢᠶᠠᠨ ᠭᠤᠣᠯ — ᠣᠳᠣᠬᠢ ᠶᠧᠨᠢᠰᠠᠢ ᠮᠦᠷᠡᠨ ᠤ | ᠲᠡᠭᠡᠳᠣ ᠣᠷᠣᠰᠬᠠᠯ ᠤᠨ ᠡᠮᠣᠨ᠎ᠡ ᠰᠠᠯᠪᠣᠷᠢ ︵ᠪᠠᠭ᠎ᠠ ᠶᠧᠨᠢᠰᠠᠢ ᠭᠤᠣᠯ︶ ᠶᠢᠨ ᠡᠬᠢᠨ ᠳᠠᠬᠢ ᠨᠠᠢᠮᠠᠨ ᠰᠠᠯᠪᠣᠷᠢ | ᠣᠷᠣᠰᠬᠠᠯ ᠭᠤᠣᠯ ᠤᠨ ᠰᠠᠪᠠ ᠭᠠᠵᠠᠷ ᠠᠴᠠ ᠮᠠᠨᠳᠣᠨ ᠭᠠᠷᠣᠭᠰᠠᠨ ᠶᠣᠮ᠃ | ︽ᠳ᠋ᠣᠰᠰᠣᠨ ᠤ ᠮᠣᠩᠭᠤᠯ ᠲᠡᠣᠭᠡ︾ ᠶᠢ ᠦᠨᠳᠣᠰᠣᠯᠡᠪᠡᠯ᠂ ᠲᠠᠩᠨᠣ ᠠᠭᠤᠯᠠ ᠶᠢᠨ ᠬᠤᠶᠢᠳᠣ ᠬᠢᠶᠠᠨ | ᠭᠤᠣᠯ ᠤᠨ ᠰᠠᠯᠪᠣᠷᠢ ᠨᠢ᠂ ᠬᠦᠬᠡᠮᠦ᠋ᠷᠡᠨ᠂ ᠡᠷᠬᠦᠨ᠎ᠡ ᠮᠦᠷᠡᠨ᠂ ᠬᠠᠷ᠎ᠠ ᠣᠰᠣ᠂ ᠰᠠᠪᠠ ᠶᠢᠨ ᠲᠦᠡᠭ᠂ ᠡᠭᠡᠷᠢ᠂ | ᠠᠬᠠᠷ᠂ ᠵᠦᠷᠴᠢᠭ ᠪᠣᠯᠣᠨ ᠴᠠᠭᠠᠨ ᠭᠤᠣᠯ ᠵᠡᠷᠭᠡ ᠨᠠᠶᠢᠮᠠ ᠪᠣᠢ᠃ ᠬᠠᠮᠳᠣ ᠳᠤᠨᠢ ᠨᠠᠢᠮᠠᠨ ᠭᠤᠣᠯ ᠬᠡᠬᠦ ᠪᠣᠶᠣ ᠨᠠᠢᠮᠠᠨ | ᠮᠦᠷᠡᠨ ᠬᠡᠳᠡᠭ᠃ ᠲᠣᠰ ᠭᠠᠵᠠᠷ ᠣᠷᠣᠨ ᠠᠩᠬ᠎ᠠ ᠬᠢᠷᠬᠢᠰ ᠠᠶᠢᠮᠠᠭ ᠲᠤ ᠬᠠᠷᠢᠶᠠᠯᠠᠭᠳᠠᠵᠣ᠂ ᠲᠠᠷᠠᠭ᠎ᠠ ᠨᠢ ᠨᠠᠢᠮᠠᠨ᠂ | ᠲᠦᠮᠡᠳ᠂ ᠣᠷᠢᠶᠠᠩᠬᠠᠢ ᠨᠠᠷ᠃ ᠣᠷᠢᠳ ᠬᠤᠵᠢᠳ ᠡᠵᠡᠯᠡᠨ ᠨᠣᠳᠣᠭᠯᠠᠵᠣ ᠪᠠᠶᠢᠵᠡᠢ᠃ ᠡᠶᠢᠮᠣ ᠠᠴᠠ | ᠲᠡᠣᠭᠡᠴᠢᠳ ᠤᠨ ᠵᠠᠷᠢᠮ ᠨᠢ ᠣᠷᠢᠶᠠᠩᠬᠠᠨ ᠤ ᠨᠠᠢᠮᠠᠨ ᠭᠤᠣᠯ ᠬᠡᠵᠣ᠂ ᠵᠠᠷᠢᠮ ᠨᠢ ᠬᠢᠷᠬᠢᠰ ᠤᠨ ᠨᠠᠶᠢᠮᠠᠨ ᠮᠦᠷᠡᠨ ᠬᠡᠵᠣ | ᠲᠡᠮᠳᠡᠭᠯᠡᠵᠣ ᠪᠠᠶᠢᠵᠡᠢ᠃ | ᠵᠠᠷᠢᠮ ᠨᠣᠮ ᠳᠤ ᠨᠠᠢᠮᠠᠨ ᠠᠶᠢᠮᠠᠭ ᠢ ︽ᠡᠷᠳᠡᠨ ᠤ ᠰᠧᠺᠡᠽᠢ ᠶᠢᠨ ᠮᠦᠷᠡᠨ ᠤ ᠣᠷᠣᠰᠬᠠᠯ ᠲᠠᠭᠠᠤ ᠣᠷᠣᠨ ᠳᠤ | ᠨᠣᠳᠣᠭᠯᠠᠵᠣ ᠪᠠᠶᠢᠭᠰᠠᠨ ᠪᠣᠯᠬᠤᠷ ᠨᠠᠢᠮᠠᠨ ᠠᠶᠢᠮᠠᠭ ᠬᠡᠵᠡᠢ︾ ᠬᠡᠵᠣ ᠲᠡᠮᠳᠡᠭᠯᠡᠵᠣ ᠪᠠᠶᠢᠨ᠎ᠠ᠃ ᠨᠠᠢᠮᠠᠨ ᠬᠡᠰᠡᠨ | ᠦᠬᠡ ᠶᠢ ᠡᠬᠢᠨ ᠳᠡᠭᠡᠨ ᠭᠤᠣᠯ ᠣᠰᠣᠨ ᠤ ᠨᠡᠷ᠎ᠡ ᠪᠠᠶᠢᠭᠠᠳ ᠣᠳᠬ᠎ᠠ ᠰᠢᠯᠵᠢᠨ ᠲᠡᠨᠳᠡ ᠠᠴᠠ ᠮᠠᠨᠳᠣᠵᠣ | ᠭᠠᠷᠣᠭᠰᠠᠨ ᠠᠶᠢᠮᠠᠭ ᠣᠭᠰᠠᠭᠠᠳᠠᠨ ᠤ ᠨᠡᠷᠡᠶᠢᠳᠣᠯ ᠪᠣᠯᠵᠣ᠂ ᠲᠡᠬᠢᠨ ᠡᠨᠡ ᠬᠦ ᠠᠶᠢᠮᠠᠭ ᠣᠭᠰᠠᠭ᠎ᠠ ᠶᠢᠨ ᠬᠦᠮᠣᠰ ᠢ | ᠲᠠᠭᠠᠵᠣ ᠶᠡᠭᠡ ᠭᠤᠪᠢ ᠡᠯᠡᠰᠣᠨ ᠤ ᠡᠮᠣᠨ᠎ᠡ ᠣᠮᠠᠷ᠎ᠠ ᠵᠢᠴᠢ ᠲᠣᠮᠳᠠᠳᠣ ᠠᠽᠢᠶ᠎ᠠ ᠶᠢᠨ ᠣᠯᠠᠨ ᠦᠨᠳᠣᠰᠣᠳᠡᠨ ᠤ | ᠲᠣᠳᠣᠷ᠎ᠠ ᠦᠷᠭᠡᠨ ᠢᠶᠠᠷ ᠲᠠᠷᠬᠠᠨ ᠲᠡᠯᠬᠡᠷᠡᠵᠡᠢ᠃ ᠡᠷᠳᠡᠨ ᠤ ᠨᠠᠢᠮᠠᠨ ᠠᠶᠢᠮᠠᠭ ᠤᠨ ᠲᠡᠣᠭᠡᠨ ᠣᠯᠠ ᠮᠦᠷ ᠢ ᠣᠨ | ᠲᠣᠭᠠᠯᠠᠯ ᠤᠨ ᠶᠢᠰᠣᠳᠣᠭᠡᠷ ᠵᠠᠭᠤᠨ ᠤ ᠲᠣᠮᠳᠠᠴᠢ ᠡᠷᠡᠨ ᠠᠴᠠ ᠡᠮᠣᠨ᠎ᠡ ᠬᠦᠷᠳᠡᠯ᠎ᠡ ᠬᠠᠶᠢᠨ ᠰᠦᠪᠡᠭᠴᠢᠯᠡᠵᠣ ᠪᠣᠯᠣᠨ᠎ᠠ | ᠃ ᠲᠠᠩ ᠣᠯᠣᠰ ᠤᠨ ᠦᠶ᠎ᠡ ᠳᠤ ᠨᠠᠢᠮᠠᠨ ᠠᠶᠢᠮᠠᠭ ᠨᠢ ᠣᠶᠢᠭᠤᠷ ᠬᠠᠭᠠᠨᠳᠣ ᠣᠯᠣᠰ ᠲᠤ ᠬᠠᠷᠢᠶᠠᠯᠠᠭᠳᠠᠵᠣ | ᠣᠶᠢᠭᠤᠷ ᠤᠨ ᠵᠠᠰᠠᠭ ᠲᠦᠷᠣ ᠶᠢᠨ ᠵᠡᠷᠭᠡ ᠬᠡᠷᠬᠢᠮ ᠢ ᠦᠶ᠎ᠡ ᠣᠯᠠᠮᠵᠢᠯᠠᠨ ᠵᠠᠯᠭᠠᠮᠵᠢᠯᠠᠵᠣ ᠣᠶᠢᠭᠤᠷ ᠦᠰᠣᠭ᠌ ᠬᠡᠷᠡᠭᠯᠡᠬᠦ | ᠪᠣᠯᠵᠡᠢ ᠣᠶᠢᠭᠤᠷᠴᠣᠳ ᠪᠠᠷᠠᠭᠤᠨᠰᠢ ᠨᠡᠬᠦᠳᠡᠯᠯᠡᠭᠰᠡᠨ ᠤ ᠲᠠᠷᠠᠭ᠎ᠠ ᠨᠠᠶᠢᠮᠠᠨᠴᠣᠳ ᠶᠡᠭᠡ ᠭᠤᠪᠢ ᠶᠢᠨ ᠠᠷᠣ ᠳᠤ | ᠣᠶᠢᠭᠤᠷ ᠤᠨ ᠰᠣᠶᠣᠯ ᠢ ᠵᠠᠯᠭᠠᠮᠵᠢᠯᠠᠨ ᠣᠯᠠᠮᠵᠢᠯᠠᠭᠰᠠᠨ ᠪᠠᠶᠢᠨ᠎ᠠ᠃ | ︽ᠶᠣᠸᠠᠨ ᠣᠯᠣᠰ ᠤᠨ ᠰᠣᠳᠣᠷ︾ ᠪᠣᠯᠣᠨ ︽ᠰᠣᠳᠣᠷ ᠤᠨ ᠴᠢᠭᠤᠯᠭᠠᠨ︾ ᠵᠡᠷᠭᠡ ᠲᠡᠣᠭᠡ ᠶᠢᠨ ᠰᠣᠷᠪᠣᠯᠵᠢ | ᠪᠢᠴᠢᠭ ᠲᠤ ᠲᠡᠮᠳᠡᠭᠯᠡᠭᠰᠡᠨ ᠢᠶᠠᠷ ᠣᠨ ᠲᠣᠭᠠᠯᠠᠯ ᠤᠨ 840 ᠣᠨ ᠳᠤ ᠬᠢᠷᠬᠢᠰᠴᠣᠳ ᠣᠶᠢᠭᠤᠷ ᠬᠠᠭᠠᠨᠳᠣ ᠣᠯᠣᠰ ᠢ | ᠮᠦᠬᠦᠭᠡᠬᠡᠳ ᠡᠮᠣᠨᠡᠰᠢ ᠪᠠᠭᠤᠬᠤ ᠦᠶᠡᠰ ᠨᠠᠢᠮᠠᠨ ᠠᠶᠢᠮᠠᠭ ᠲᠠᠭᠠᠯᠳᠣᠨ ᠡᠮᠣᠨᠡᠰᠢ ᠲᠦᠷᠢᠨ ᠣᠷᠣᠵᠣ ᠠᠭᠠᠵᠢᠮ ᠢᠶᠠᠷ | ᠬᠦᠭᠵᠢᠨ ᠪᠣᠵᠠᠭᠠᠶᠢᠷᠠᠭᠠᠳ ᠡᠷᠴᠢᠰ ᠮᠦᠷᠡᠨ ᠠᠴᠠ ᠬᠠᠷ᠎ᠠ ᠬᠤᠷᠢᠨ ᠬᠦᠷᠳᠡᠯᠡᠬᠢ ᠠᠭᠤᠳᠠᠮ ᠶᠡᠭᠡ ᠭᠠᠵᠠᠷ ᠣᠷᠣᠨ ᠢ | ᠡᠵᠡᠯᠡᠨ ᠠᠪᠴᠣ ᠠᠶᠢᠮᠠᠭ ᠤᠨ ᠡᠵᠡᠨᠳᠣ ᠣᠯᠣᠰ ᠪᠠᠶᠢᠭᠤᠯᠵᠡᠢ᠃ ᠠᠩᠬ᠎ᠠ ᠣᠶᠢᠭᠤᠷ ᠤᠨ ᠬᠠᠭᠠᠨᠳᠣ ᠣᠯᠣᠰ | ᠬᠢᠷᠬᠢᠰ ᠲᠤ ᠮᠦᠬᠦᠬᠡᠭᠳᠡᠭᠡᠳ ᠣᠶᠢᠭᠤᠷᠴᠣᠳ ᠤᠨ ᠶᠡᠭᠡᠨᠭᠬᠢ ᠨᠢ ᠠᠯᠪᠠᠳᠠᠯᠭ᠎ᠠ ᠪᠠᠷ ᠪᠠᠷᠠᠭᠤᠨᠰᠢ ᠰᠢᠨᠵᠢᠶᠠᠩ ᠣᠷᠣᠭᠤ | ᠨᠡᠬᠦᠭᠰᠡᠨ ᠪᠣᠶᠣ ᠡᠮᠣᠨᠡᠰᠢ ᠬᠠᠰᠢᠨ ︵ᠾᠧᠰᠢ ᠶᠢᠨ ᠬᠤᠨᠭ᠍ᠬᠢᠯ︶ ᠣᠷᠣᠭᠤ ᠨᠡᠬᠦᠳᠡᠯᠯᠡᠪᠡ᠃ ᠭᠡᠪᠡᠴᠣ ᠪᠣᠳᠠᠷᠠᠨ | ᠦᠯᠡᠳᠡᠭᠰᠡᠨ ᠬᠡᠰᠡᠭ ᠣᠶᠢᠭᠤᠷᠴᠣᠳ ᠠᠳᠠᠯᠢ ᠨᠢᠬᠡᠨ ᠰᠣᠶᠣᠯᠳᠣ ᠨᠠᠢᠮᠠᠨ ᠠᠶᠢᠮᠠᠭ ᠲᠤ ᠦᠯᠡᠮᠵᠢᠬᠡᠨ ᠰᠢᠩᠭᠡᠨ | ᠣᠷᠣᠭᠰᠠᠨ ᠨᠢ ᠶᠠᠷᠢᠶᠠᠨ ᠦᠬᠡᠢ᠃ | ︽ᠶᠣᠸᠠᠨ ᠣᠯᠣᠰ ᠤᠨ ᠰᠣᠳᠣᠷ︾ ᠲᠤ ᠨᠠᠢᠮᠠᠨ ᠤ ᠬᠠᠨ ᠣᠷᠳᠣᠨ ᠤ ᠲᠠᠮᠠᠭᠠᠨ ᠲᠦᠰᠢᠮᠡᠯ ᠲᠠᠳᠠᠳᠣᠩᠭ᠎ᠠ | ᠪᠣᠯ ᠣᠶᠢᠭᠤᠷ ᠬᠦᠮᠣᠨ ᠮᠦᠨ᠃ 1204 ᠣᠨ ᠳᠤ ᠴᠢᠩᠬᠢᠰ ᠬᠠᠭᠠᠨ ᠤ ᠵᠠᠷᠯᠢᠭ ᠢᠶᠠᠷ ᠲᠠᠶᠢᠽᠢ᠂ ᠸᠠᠩ ᠨᠠᠷ ᠲᠤ | ︽ᠲᠣᠰ ᠣᠯᠣᠰ ᠤᠨ ᠢᠶᠠᠨ ᠦᠰᠣᠭ᠌︾ ᠢᠶᠠᠷ ᠪᠢᠴᠢᠭ ᠰᠣᠷᠭᠠᠭᠰᠠᠨ ᠲᠣᠬᠠᠢ ᠲᠣᠳᠣᠷᠬᠠᠢ ᠲᠡᠮᠳᠡᠭᠯᠡᠵᠣ ᠪᠠᠶᠢᠨ᠎ᠠ᠃ | ︽ᠴᠢᠩᠬᠢᠰ ᠬᠠᠭᠠᠨ᠂ ᠲᠠᠶᠠᠩ ᠬᠠᠨ ᠤ ᠲᠠᠮᠠᠭᠠᠨ ᠲᠦᠰᠢᠮᠡᠯ ᠲᠠᠳᠠᠳᠣᠩᠭ᠎ᠠ ᠶᠢ ᠡᠷᠬᠦᠨ ᠬᠡᠷᠡᠭᠯᠡᠵᠣ᠂ ᠬᠠᠭᠠᠨ | ᠣᠷᠳᠣᠨ ᠳᠠᠭᠠᠨ ᠪᠢᠴᠢᠭ ᠲᠠᠮᠠᠭ᠎ᠠ ᠬᠡᠷᠡᠭᠯᠡᠬᠦ ᠪᠣᠯᠣᠭᠰᠠᠨ ᠪᠦᠬᠡᠳ ᠣᠶᠢᠭᠤᠷ ᠦᠰᠣᠭ᠌ ᠢᠶᠠᠷ ︿ᠣᠯᠣᠰ ᠤᠨ ᠬᠡᠯᠡ﹀ | ᠶᠢ ᠪᠢᠴᠢᠵᠣ ᠬᠦᠪᠡᠬᠦᠳ ᠲᠡᠬᠦᠣᠨᠡᠷ ᠲᠡᠭᠡᠨ ᠪᠢᠴᠢᠭ ᠵᠢᠭᠠᠨ ᠰᠣᠷᠭᠠᠭᠰᠠᠨ ᠪᠠᠶᠢᠨ᠎ᠠ᠃ ᠡ᠊ᠨᠳᠡ ᠬᠡᠯᠡᠵᠣ ᠪᠠᠶᠢᠭ᠎ᠠ ︿ | ᠣᠯᠣᠰ ᠤᠨ ᠬᠡᠯᠡ﹀ ᠭᠡᠵᠣ ︿ᠡᠷᠳᠡᠨ ᠤ ᠮᠣᠩᠭᠤᠯ ᠬᠡᠯᠡ﹀ ᠪᠣᠯᠬᠤ ᠨᠢ ᠶᠠᠷᠢᠶᠠᠨ ᠦᠬᠡᠢ᠃ ᠢᠡᠭᠬᠢᠬᠡᠳ ᠣᠳᠣᠬᠢ | ᠮᠣᠩᠭᠤᠯ ᠦᠰᠣᠭ᠌ ᠪᠢᠴᠢᠭ ᠤᠨ ᠣᠷᠢᠳᠣ ᠪᠡᠶ᠎ᠡ ᠣᠶᠢᠭᠤᠷᠵᠢᠨ ᠮᠣᠩᠭᠤᠯ ᠦᠰᠣᠭ᠌ ᠬᠡᠳᠡᠭ ᠨᠢ ᠪᠦᠬᠦ᠋ᠢᠯᠡ ᠮᠣᠩᠭᠤᠯ | ᠦᠨᠳᠣᠰᠣᠳᠡᠨ ᠤ ᠲᠣᠮᠳᠠ ᠲᠡᠯᠬᠡᠷᠡᠨ ᠬᠦᠭᠵᠢᠬᠦ ᠱᠠᠳᠣᠨ ᠳᠠᠭᠠᠨ ᠣᠷᠣᠭᠰᠠᠨ ᠪᠠᠶᠢᠨ᠎ᠠ᠃ ᠨᠠᠢᠮᠠᠨ ᠠᠶᠢᠮᠠᠭ ᠨᠢ | ᠮᠣᠩᠭᠤᠯ ᠦᠨᠳᠣᠰᠣᠳᠡᠨ ᠤ ᠬᠦᠭᠵᠢᠨ ᠪᠣᠵᠠᠭᠠᠶᠢᠷᠠᠬᠤ ᠳᠤ ᠢᠯᠠᠩᠭᠤᠶ᠎ᠠ ᠪᠢᠴᠢᠭ ᠰᠣᠶᠣᠯ ᠤᠨ ᠬᠦᠭᠵᠢᠯᠳᠡ ᠳᠤ ᠮᠠᠰᠢ | ᠶᠡᠭᠡ ᠦᠢᠯᠡᠳᠣᠯ ᠦᠵᠡᠬᠦᠯᠣᠭ᠍ᠰᠡᠨ ᠶᠣᠮ︾ ᠬᠡᠵᠣ ᠡᠷᠳᠡᠮᠳᠡᠨ ᠨᠠᠷ ᠣᠮᠣᠭᠰᠢᠯᠳᠠᠢ ᠦᠬᠦᠯᠡᠵᠣ ᠪᠠᠶᠢᠨ᠎ᠠ᠃ | ︽ᠳ᠋ᠣᠰᠰᠣᠨ ᠤ ᠮᠣᠩᠭᠤᠯ ᠤᠨ ᠲᠡᠣᠭᠡ︾ ᠳᠤ᠄ ︽ᠨᠠᠢᠮᠠᠨ ᠤ ᠴᠡᠷᠢᠭ ᠢᠯᠠᠭᠳᠠᠨ ᠣᠬᠤᠷᠢᠵᠣ ᠨᠠᠬᠤ | ᠠᠭᠤᠯᠠᠨ ᠤ ᠪᠠᠷᠳᠠᠭᠠᠳᠣ ᠭᠠᠵᠠᠷ ᠬᠦᠷᠴᠣ᠂ ᠰᠦᠨᠢ ᠬᠠᠷᠠᠩᠭᠤᠢ ᠳᠤ ᠠᠰᠬ᠎ᠠ ᠬᠠᠳᠠᠨ ᠠᠴᠠ ᠣᠶᠢᠴᠢᠨ ᠦᠬᠦᠭᠰᠡᠨ ᠨᠢ | ᠲᠣᠭᠠᠯᠠᠰᠢ ᠦᠬᠡᠢ ᠣᠯᠠᠨ ᠪᠠᠶᠢᠪᠠ᠃ ᠮᠣᠩᠭᠤᠯ ᠴᠡᠷᠢᠭ ᠲᠢᠶᠠᠨ ᠬᠠᠨ ᠤ ᠲᠠᠮᠠᠭ᠎ᠠ ᠶᠢᠨ ᠲᠦᠰᠢᠮᠡᠯ ᠣᠶᠢᠭᠤᠷ | ᠬᠦᠮᠣᠨ ᠲᠠᠳᠠᠳᠣᠩᠭ᠎ᠠ ᠭᠡᠭᠴᠢ ᠶᠢ ᠣᠯᠵᠠᠯᠠᠪᠠ᠂ ᠲᠡᠮᠣᠵᠢᠨ ᠠᠴᠠ ᠲᠡᠬᠦᠨ ᠠᠴᠠ᠄ ︿ᠴᠢ ᠲᠢᠶᠠᠨ ᠬᠠᠭᠠᠨ ᠤ ᠠᠯᠳᠠᠨ | ᠲᠠᠮᠠᠭ᠎ᠠ ᠶᠢ ᠡᠪᠣᠷᠯᠡᠭᠡᠳ ᠶᠠᠭᠤᠨ ᠬᠢᠬᠦ ᠪᠣᠢ︖﹀ ᠭᠡᠵᠣ ᠠᠰᠠᠭᠤᠭᠰᠠᠨ ᠳᠤ ᠲᠠᠳᠠᠳᠣᠩᠭ᠎ᠠ᠄ ︿ᠡᠨᠡ ᠪᠣᠯ ᠲᠦᠰᠢᠮᠡᠯ | ᠮᠢᠨᠣ ᠲᠣᠰᠢᠶᠠᠯ ᠬᠠᠷᠢᠭᠤᠴᠠᠯᠭ᠎ᠠ ᠪᠢᠯᠡ᠂ ᠪᠢ ᠣᠣᠯ ᠡᠵᠡᠨ ᠳᠡᠭᠡᠨ ᠲᠣᠰᠢᠶᠠᠬᠤ ᠬᠡᠵᠣ ᠪᠣᠢ﹀ ᠬᠡᠵᠣ ᠬᠠᠷᠢᠭᠤᠯᠵᠡᠢ᠃ | ᠲᠡᠮᠣᠵᠢᠨ ᠲᠡᠬᠦᠨ ᠤ ᠦᠨᠡᠨᠴᠢ ᠰᠢᠳᠣᠷᠭᠤ ᠶᠢ ᠰᠠᠶᠢᠰᠢᠶᠠᠭᠠᠳ ᠪᠠᠰᠠ᠄ ︿ᠡᠨᠡ ᠲᠠᠮᠠᠭ᠎ᠠ ᠶᠠᠮᠠᠷ ᠬᠡᠷᠡᠭᠯᠡᠯ ᠲᠠᠢ ᠪᠣᠢ︖ | ﹀ ᠭᠡᠵᠣ ᠠᠰᠠᠭᠤᠭᠰᠠᠨ ᠳᠤ ︿ᠮᠦᠡᠭᠬᠦ ᠴᠠᠯᠢᠩ ᠢ ᠦᠭᠴᠣ ᠠᠪᠬᠤ᠂ ᠲᠣᠰᠢᠶᠠᠯᠳᠠᠳ ᠢ ᠲᠣᠮᠢᠯᠠᠬᠤ ᠪᠠ ᠠᠯᠢᠪᠠ | ᠠᠯᠪᠠᠨ ᠶᠠᠪᠣᠳᠠᠯ ᠳᠤ ᠬᠡᠷᠡᠭᠯᠡᠵᠣ ᠪᠠᠷᠢᠮᠳᠠ ᠪᠠᠳᠣᠯᠠᠭ᠎ᠠ ᠪᠣᠯᠭᠠᠳᠠᠭ﹀ ᠬᠡᠵᠣ ᠬᠠᠷᠢᠭᠤᠯᠣᠭᠰᠠᠨ ᠳᠤ ᠲᠡᠮᠣᠵᠢᠨ | ᠰᠠᠶᠢᠰᠢᠶᠠᠵᠣ ᠲᠡᠷᠭᠡᠳᠡ ᠪᠠᠨ ᠪᠠᠶᠢᠳᠣᠭᠠᠢ ᠭᠡᠵᠣ ᠵᠠᠷᠯᠢᠭ ᠪᠠᠭᠤᠯᠭᠠᠵᠡᠢ᠃ ᠡᠬᠦᠨᠴᠡ ᠬᠤᠶᠢᠰᠢ᠂ ᠵᠠᠬᠢᠶ᠎ᠠ ᠵᠠᠷᠯᠢᠭ ᠲᠤ | ᠴᠦᠮ ᠲᠠᠮᠠᠭ᠎ᠠ ᠭᠡᠷᠡᠭᠯᠡᠬᠦ ᠪᠣᠯᠣᠭᠰᠠᠨ ᠪᠦᠬᠡᠳ ᠮᠦᠨ ᠲᠠᠳᠠᠳᠣᠩᠭ᠎ᠠ ᠪᠠᠷ ᠡᠷᠬᠢᠯᠡᠬᠦᠯᠵᠡᠢ᠃ ᠪᠠᠰᠠ ᠲᠠᠶᠢᠵᠢ ᠨᠠᠷ | ᠸᠠᠩ ᠨᠠᠷ ᠲᠤ ᠣᠶᠢᠭᠤᠷ ᠦᠰᠣᠭ᠌ ᠢᠶᠠᠷ ᠣᠯᠣᠰ ᠤᠨ ᠬᠡᠯᠡ ᠶᠢ ᠪᠢᠴᠢᠵᠣ ᠰᠣᠷᠭ᠎ᠠ ᠬᠡᠵᠣ ᠵᠠᠷᠯᠢᠭ ᠪᠠᠭᠤᠯᠭᠠᠪᠠ︾ | ᠬᠡᠵᠣ ᠲᠡᠮᠳᠡᠭᠯᠡᠵᠣ ᠪᠠᠶᠢᠨ᠎ᠠ᠃ ᠡᠶᠢᠮᠣ ᠰᠠᠭᠤᠷᠢ ᠲᠠᠢ ᠪᠠᠶᠢᠭᠰᠠᠨ ᠠᠴᠠ ᠨᠠᠢᠮᠠᠨ ᠨᠣᠳᠤᠭ ᠲᠤ ᠰᠣᠶᠣᠯ ᠲᠠᠢ ᠬᠦᠮᠣᠰ | ᠣᠯᠠᠨ ᠴᠤᠯᠭᠤᠷᠠᠭᠰᠠᠨ ᠪᠠᠶᠢᠨ᠎ᠠ᠃ ᠨᠠᠢᠮᠠᠨ ᠣᠯᠣᠰ ᠤᠨ ᠲᠣᠳᠣᠷᠠᠬᠢ ᠣᠶᠢᠭᠤᠷ ᠬᠦᠮᠣᠨ ᠭᠡᠵᠣ ᠡᠷᠳᠡᠨ ᠤ ᠣᠶᠢᠭᠤᠷ | ᠣᠭᠰᠠᠭᠠᠨ ᠤ ᠬᠤᠶᠢᠴᠢᠰ᠂ ᠮᠦᠨ ᠴᠦ ᠨᠠᠢᠮᠠᠨ ᠠᠶᠢᠮᠠᠭ ᠤᠨ ᠬᠠᠷᠢᠶᠠᠳᠣ ᠢᠷᠭᠡᠨ ᠤ ᠨᠢᠬᠡᠨ ᠪᠦᠷᠢᠯᠳᠣᠬᠦᠨ ᠪᠣᠯᠬᠤ | ᠶᠣᠰᠣᠳᠠᠢ᠃ ︽ᠲᠣᠰ ᠣᠯᠣᠰ ᠤᠨ ᠦᠰᠣᠭ᠌︾ ᠬᠡᠵᠣ ᠣᠶᠢᠭᠤᠷ ᠦᠰᠣᠭ᠌ ᠢ ᠵᠢᠭᠠᠵᠣ ᠪᠠᠶᠢᠬᠤ ᠮᠦᠷᠳᠡᠭᠡᠨ ᠨᠠᠢᠮᠠᠨ | ᠣᠯᠣᠰ ᠲᠤ ᠨᠡᠪᠳᠡᠷᠡᠯᠴᠡᠨ ᠭᠡᠷᠡᠭᠯᠡᠵᠣ ᠪᠠᠶᠢᠭᠰᠠᠨ ᠦᠰᠣᠭ᠌ ᠪᠢᠴᠢᠭ ᠮᠦᠨ᠃ ᠵᠠᠷᠢᠮ ᠡᠷᠳᠡᠮᠳᠡᠳ ᠲᠠᠳᠠᠳᠣᠩᠭ᠎ᠠ ᠶᠢ | ᠣᠶᠢᠭᠤᠷ ᠣᠭᠰᠠᠭᠠᠨ ᠤ ᠨᠠᠢᠮᠠᠨ ᠠᠶᠢᠮᠠᠭ ᠤᠨ ᠬᠦᠮᠣᠨ ᠬᠡᠪᠡᠯ ᠵᠣᠬᠢᠰᠳᠠᠢ ᠭᠡᠵᠣ ᠦᠵᠡᠵᠣ ᠪᠠᠶᠢᠨ᠎ᠠ᠃ ᠡᠷᠳᠡᠨ ᠤ | ᠦᠶ᠎ᠡ ᠶᠢ ᠲᠣᠷᠠᠳᠪᠠᠯ ︽ᠮᠣᠩᠭᠤᠯ ᠤᠨ ᠨᠢᠭᠤᠴᠡ ᠲᠣᠪᠴᠢᠶᠠᠨ︾ ᠳᠤ ᠭᠤᠷᠪᠠᠨ ᠮᠡᠷᠬᠢᠳ ᠤᠨ ᠨᠢᠬᠡ ᠶᠢ ᠣᠸᠠᠰ | ᠬᠡᠵᠣ᠂ ᠣᠷᠴᠢᠨ ᠦᠶ᠎ᠡ ᠶᠢ ᠬᠡᠯᠡᠪᠡᠯ ︽ᠣᠷᠳᠣᠰ ᠮᠣᠩᠭᠤᠯ ᠣᠪᠣᠭ︾ ᠲᠤ ᠣᠶᠢᠭᠤᠷᠴᠢᠨ ᠣᠪᠣᠭ ᠬᠡᠵᠣ ᠪᠣᠢ᠃ | ᠲᠡᠷᠡ ᠮᠦᠷᠳᠡᠭᠡᠨ ᠲᠦᠷᠺ᠂ ᠮᠣᠩᠭᠤᠯ ᠲᠡᠣᠭᠡᠴᠢᠨ ︽12 ᠳ᠋ᠣᠭᠠᠷ ᠵᠠᠭᠤᠨ ᠤ ᠰᠡᠬᠦᠯᠴᠢ 13 ᠳ᠋ᠣᠭᠠᠷ ᠵᠠᠭᠤᠨ ᠤ | ᠡᠬᠢᠨ ᠤ ᠦᠶ᠎ᠡ ᠳᠠᠬᠢ ᠣᠮᠠᠷᠠᠳᠣ ᠶᠢᠨ ᠲᠠᠯ᠎ᠠ ᠨᠣᠳᠤᠭ ᠲᠤ ᠲᠡᠷᠢᠬᠦᠨ ᠤ ᠬᠡᠮᠡᠨ ᠠᠯᠳᠠᠷᠰᠢᠭᠰᠠᠨ ᠨᠠᠶᠢᠮᠠᠨ ᠤ ᠰᠣᠶᠣᠯ | ᠪᠣᠯ ᠭᠤᠪᠢ ᠶᠢᠨ ᠬᠤᠶᠢᠳᠣᠬᠢ ᠣᠶᠢᠭᠤᠷ ᠰᠣᠶᠣᠯ ᠤᠨ ᠵᠠᠯᠭᠠᠮᠵᠢ ᠮᠦᠨ︾ ᠬᠡᠵᠣ ᠦᠵᠡᠵᠣ ᠪᠠᠶᠢᠨ᠎ᠠ᠃ ᠶᠣᠸᠠᠨ | ᠣᠯᠣᠰ ᠠᠴᠠ ᠬᠤᠶᠢᠰᠢ᠂ ᠲᠡᠣᠭᠡᠨ ᠰᠣᠷᠪᠣᠯᠵᠢ ᠮᠡᠳᠡᠭᠡ ᠶᠢ ᠦᠨᠳᠣᠰᠣᠯᠡᠪᠡᠯ ᠶᠠᠳᠠᠬᠤ ᠳᠠᠭᠠᠨ ᠬᠤᠶᠠᠷ ᠪᠦᠯᠣᠭ᠌ | ᠨᠠᠢᠮᠠᠨᠴᠤᠳ ᠮᠣᠩᠭᠤᠯ ᠤᠨ ᠲᠣᠬᠠᠢ ᠲᠡᠣᠭᠡᠨ ᠪᠢᠴᠢᠭ ᠲᠤ ᠲᠡᠮᠳᠡᠭᠯᠡᠭᠳᠡᠨ ᠣᠷᠣᠭᠰᠠᠨ ᠪᠠᠶᠢᠨ᠎ᠠ᠂ ᠨᠢᠬᠡ ᠨᠢ ᠴᠠᠬᠠᠷ | ᠲᠦᠮᠡᠨ ᠤ ᠨᠠᠢᠮᠠᠨ ᠠᠶᠢᠮᠠᠭ᠂ ᠨᠦᠬᠦᠬᠡ ᠨᠢ ᠲᠣᠶ᠋ᠢᠩ ᠤᠨ ᠣᠷᠢᠶᠠᠩᠬᠠᠨ ᠪᠠ ᠶᠦᠡᠭᠰᠢᠶᠠᠪᠤ ᠊᠊᠊᠊᠊ ᠬᠠᠷᠠᠴᠢᠨ | ᠠᠶᠢᠮᠠᠭ ᠤᠨ ᠬᠠᠷᠢᠶᠠᠳᠣ ᠨᠢᠬᠡᠨ ᠣᠳᠤᠭ ᠨᠠᠢᠮᠠᠨ ᠪᠣᠯᠣᠨ᠎ᠠ᠃ | ︽ᠰᠣᠳᠣᠷ ᠤᠨ ᠴᠢᠭᠤᠯᠭᠠᠨ︾ ᠳᠤ ᠴᠢᠩᠬᠢᠰ ᠬᠠᠭᠠᠨ ᠠᠴᠠ ᠡᠯᠵᠢᠬᠡᠳᠠᠢ ᠳᠤ ᠬᠤᠪᠢᠶᠠᠨ ᠦᠭᠬᠦᠭᠰᠡᠨ | ᠭᠤᠷᠪᠠᠨ ᠮᠢᠩᠭᠠᠨ ᠴᠡᠷᠢᠭ ᠤᠨ ᠣᠯᠠᠩᠬᠢ ᠨᠢ ᠨᠠᠢᠮᠠᠨ᠂ ᠣᠷᠢᠶᠠᠩᠬᠠᠨ ᠪᠣᠯᠣᠨ ᠲᠠᠲ᠋ᠠᠷ ᠬᠦᠮᠣᠨ ᠪᠣᠯᠣᠨ᠎ᠠ᠂ ᠲᠡᠬᠦᠨ ᠤ | ᠣᠯᠣᠰ ᠪᠣᠯᠣᠨ ᠣᠷᠳᠣᠨ ᠨᠢ ᠲᠣᠷᠣᠨ᠎ᠠ ᠵᠦᠭ ᠲᠤ ᠪᠣᠢ ᠣᠷᠳᠣ ᠴᠠᠭᠠᠨ ᠬᠡᠷᠡᠮ ᠤᠨ ᠵᠠᠬ᠎ᠠ ᠪᠣᠯᠣᠨ ᠵᠦᠷᠴᠢᠨ ᠤ | ᠨᠣᠳᠤᠭ ᠢ ᠰᠢᠬᠠᠵᠣ ᠪᠠᠶᠢᠳᠠᠭ ᠬᠡᠵᠣ ᠪᠣᠢ᠃ ︽ᠣᠷᠢᠶᠠᠩᠬᠠᠨ ᠠᠶᠢᠮᠠᠭ ᠤᠨ ᠣᠯᠠᠷᠢᠭᠰᠠᠨ ᠲᠡᠣᠭᠡ︾ ᠳᠤ ︽ | ᠴᠢᠩᠬᠢᠰ ᠬᠠᠭᠠᠨ ᠤ ᠦᠶ᠎ᠡ ᠳᠤ ᠣᠷᠢᠶᠠᠩᠬᠠᠴᠣᠳ ᠵᠠᠯᠠᠮ᠎ᠠ ᠶᠢᠨ ᠬᠤᠶᠢᠴᠢᠰ ᠤᠨ ᠬᠤᠪᠢ ᠪᠠᠷ ᠴᠢᠩᠬᠢᠰ ᠬᠠᠭᠠᠨ ᠤ | ᠵᠢᠬᠡ ᠡᠯᠵᠢᠬᠡᠳᠡᠢ ᠳᠤ ᠬᠠᠷᠢᠶᠠᠳᠣ ᠪᠠᠷ ᠬᠤᠪᠢᠶᠠᠭᠳᠠᠭᠠᠳ ᠲᠡᠬᠦᠨ ᠢ ᠲᠠᠭᠠᠵᠣ ᠵᠡᠬᠦᠨᠰᠢ ᠨᠡᠬᠦᠳᠡᠯᠯᠡᠭᠰᠡᠭᠡᠷ ᠡᠭᠡ | ᠲᠣᠶ᠋ᠢᠩ ᠤᠨ ᠦᠨᠳᠣᠷ᠂ ᠴᠦᠯ ᠮᠦᠷᠡᠨ ᠤ ᠰᠠᠪᠠ ᠳᠤ ᠬᠦᠷᠴᠡᠢ︾ ᠬᠡᠵᠣ ᠪᠠᠶᠢᠪᠠ᠃ ᠴᠢᠩᠬᠢᠰ ᠬᠠᠭᠠᠨ ᠤ | ᠭᠠᠪᠢᠶᠠᠳᠣ ᠵᠠᠩᠵᠣᠨ ᠵᠠᠯᠠᠮ᠎ᠠ ᠪᠣᠯ ᠣᠷᠢᠶᠠᠩᠬᠠᠢ ᠬᠦᠮᠣᠨ᠂ ᠲᠡᠬᠦᠨ ᠤ ᠬᠤᠶᠢᠴᠢᠰ ᠨᠢ ᠲᠠᠪᠣᠨᠠᠩ ᠬᠡᠳᠡᠭ ᠪᠠ | ᠬᠠᠷᠢᠶᠠᠳᠣ ᠠᠶᠢᠮᠠᠭ ᠢ ᠨᠢ ᠪᠠᠭᠴᠠᠯᠠᠨ ᠣᠷᠢᠶᠠᠩᠬᠠᠨ ᠠᠶᠢᠮᠠᠭ ᠬᠡᠳᠡᠭ ᠪᠠᠶᠢᠪᠠ᠃ ᠲᠡᠶᠢᠮᠣ ᠠᠴᠠ ᠲᠡᠬᠦᠨ ᠤ ᠬᠠᠷᠢᠶᠠᠳᠣ | ᠨᠠᠢᠮᠠᠨ ᠪᠠ ᠲᠠᠲ᠋ᠠᠷ ᠬᠦᠮᠣᠨ ᠣᠷᠢᠶᠠᠩᠬᠠᠨ ᠨᠡᠷᠡᠶᠢᠳᠣᠯ ᠲᠣᠣᠷ᠎ᠠ ᠪᠠᠭᠳᠠᠵᠣ ᠲᠡᠣᠭᠡ ᠰᠣᠳᠣᠷ ᠲᠤ ᠢᠯᠡᠷᠡᠬᠦ ᠪᠠᠨ | ᠪᠣᠯᠢᠵᠡᠢ᠃ 16 ᠳ᠋ᠣᠭᠠᠷ ᠵᠠᠭᠤᠨ ᠤ ᠲᠣᠮᠳᠠᠴᠢ ᠦᠶ᠎ᠡ ᠪᠠᠷ ᠴᠠᠬᠠᠷ ᠲᠦᠮᠡᠨ ᠵᠡᠬᠦᠨᠰᠢ ᠨᠡᠬᠦᠳᠡᠯᠯᠡᠨ ᠣᠷᠢᠶᠠᠩᠬᠠᠨ | ᠨᠣᠳᠤᠭ ᠲᠤ ᠬᠦᠷᠦᠭᠰᠡᠨ ᠤ ᠲᠠᠷᠠᠭ᠎ᠠ ᠪᠠᠷᠠᠭᠤᠨ ᠭᠠᠷ ᠤᠨ ᠬᠠᠷᠠᠴᠢᠨ ᠪᠣᠯᠣᠨ ᠬᠡᠰᠡᠭ ᠲᠦᠮᠡᠳ ᠴᠦ ᠲᠠᠭᠠᠯᠳᠣᠨ | ᠵᠡᠬᠦᠨᠰᠢᠯᠡᠵᠣ ᠢᠷᠡᠭᠰᠡᠨ ᠳᠤ ᠣᠷᠢᠶᠠᠩᠬᠠᠨ ᠤ ᠬᠦᠴᠣᠨ ᠶᠡᠭᠡ ᠪᠠᠷ ᠵᠠᠳᠠᠷᠠᠨ ᠪᠣᠳᠠᠷᠠᠵᠣ ᠬᠠᠷᠠᠴᠢᠨ ᠲᠦᠮᠡᠳ ᠲᠤ | ᠬᠤᠪᠢᠶᠠᠭᠳᠠᠨ ᠬᠠᠷᠢᠶᠠᠯᠠᠭᠳᠠᠭᠰᠠᠨ ᠪᠠ ᠮᠦᠨ ᠨᠢᠬᠡ ᠬᠡᠰᠡᠭ ᠨᠢ ᠴᠠᠬᠠᠷ ᠯᠤᠭ᠎ᠠ ᠬᠠᠷᠢᠯᠴᠠᠨ ᠨᠡᠪᠴᠢᠷᠠᠨ | ᠰᠢᠩᠭᠡᠯᠴᠡᠭᠰᠡᠨ ᠴᠦ ᠪᠣᠢ᠃ ᠢᠡᠭᠬᠢᠬᠡᠳ ᠣᠷᠢᠶᠠᠩᠬᠠᠨ ᠠᠶᠢᠮᠠᠭ ᠤᠨ ᠨᠡᠷ᠎ᠡ ᠴᠦ ᠬᠠᠷᠠᠴᠢᠨ ᠲᠦᠮᠡᠳ ᠢᠶᠠᠷ | ᠣᠷᠣᠯᠠᠭᠳᠠᠭᠠᠳ ᠲᠡᠣᠭᠡᠨᠡ ᠲᠣᠷᠠᠳᠣᠭᠳᠠᠬᠤ ᠪᠠᠨ ᠪᠣᠯᠢᠵᠡᠢ᠃ ᠴᠢᠩ ᠣᠯᠣᠰ ᠤᠨ ᠦᠶ᠎ᠡ ᠡ᠊ᠨᠳᠡ ᠵᠣᠰᠣᠳᠣ ᠶᠢᠨ | ᠴᠢᠭᠤᠯᠭᠠᠨ ᠢ ᠪᠠᠶᠢᠭᠤᠯᠵᠣ ᠲᠠᠪᠣᠨ ᠬᠤᠰᠢᠭᠤ ᠪᠣᠯᠭᠠᠨ ᠬᠤᠪᠢᠶᠠᠨ ᠵᠠᠬᠢᠷᠣᠭᠰᠠᠨ ᠪᠠᠶᠢᠨ᠎ᠠ᠃ ᠣᠣᠯ ᠤᠨ ᠬᠠᠷᠠᠴᠢᠨ | ᠭᠤᠷᠪᠠᠨ ᠬᠤᠰᠢᠭᠤ ᠪᠣᠯᠣᠨ ᠮᠣᠩᠭᠤᠯᠵᠢᠨ ︵ᠲᠦᠮᠡᠳ ᠵᠡᠬᠦᠨ ᠭᠠᠷᠣᠨ︶ ᠬᠤᠰᠢᠭᠤ ᠶᠢᠨ ᠵᠠᠰᠠᠭ ᠢᠵᠠᠭᠤᠷᠳᠠᠨ | ᠣᠭᠰᠠᠭ᠎ᠠ ᠶᠢ ᠲᠡᠪᠣᠨᠠᠩ ᠬᠡᠳᠡᠭ᠃ ᠲᠠᠪᠣᠨᠠᠩ ᠬᠡᠳᠡᠭ ᠨᠢ ︽ᠲᠠᠪᠣᠨ ᠸᠠᠩ︾ ᠬᠡᠳᠡᠭ ᠦᠬᠡ ᠶᠢᠨ ᠲᠣᠪᠴᠢᠯᠠᠯ | ᠬᠡᠳᠡᠭ ᠪᠦᠬᠡᠳ ᠮᠣᠩᠭᠤᠯ ᠬᠠᠭᠠᠨ ᠤ ᠬᠦᠷᠭᠡᠨ ᠬᠡᠰᠡᠨ ᠣᠳᠬ᠎ᠠ ᠲᠠᠢ ᠪᠠᠶᠢᠳᠠᠭ᠃ ᠲᠡᠳᠡ ᠡᠨᠡ ᠬᠦ ᠬᠡᠷᠬᠡᠮ | ᠴᠣᠯᠠ ᠪᠠᠷ ᠣᠪᠣᠭ ᠪᠣᠯᠭᠠᠵᠣ ᠬᠢᠳᠡᠳ ᠢᠶᠠᠷ ︽ᠡᠣ 吴︾ ᠬᠡᠵᠣ ᠪᠢᠴᠢᠵᠣ ᠲᠡᠮᠳᠡᠭᠯᠡᠬᠦ ᠪᠣᠯᠣᠭᠰᠠᠨ ᠪᠠᠶᠢᠨ᠎ᠠ᠃ | ᠬᠠᠷᠠᠴᠣ ᠭᠠᠷᠣᠯᠳᠠᠢ ᠣᠷᠢᠶᠠᠩᠬᠠᠴᠣᠳ ᠨᠢ ᠪᠠᠰᠠ ᠬᠢᠳᠡᠳ ᠢᠶᠠᠷ ︽ᠡᠣ 乌︾ ᠬᠡᠵᠣ ᠦᠰᠣᠭ᠌ ᠢᠯᠭᠠᠨ ᠪᠢᠴᠢᠳᠡᠭ | ᠪᠣᠯᠪᠠᠴᠣ ᠪᠦᠷ ᠲᠣᠰ ᠠᠶᠢᠮᠠᠭ ᠤᠨ ᠢᠶᠠᠨ ᠨᠡᠷ᠎ᠡ ︽ᠣᠷᠢᠶᠠᠩᠬᠠᠢ︾ ᠬᠡᠰᠡᠨ ᠦᠬᠡ ᠶᠢᠨ ᠲᠦᠷᠣᠬᠦᠣ ᠦᠶ᠎ᠡ ᠪᠠᠷ | ᠠᠪᠢᠶᠠᠴᠢᠯᠠᠨ ᠣᠷᠴᠢᠭᠤᠯᠣᠭᠰᠠᠨ ᠣᠪᠣᠭ ᠪᠢᠯᠡ᠃ ᠲᠡᠳᠡ ᠦᠪᠡᠷ ᠢ ᠪᠠᠨ ᠵᠠᠯᠠᠮ᠎ᠠ ᠶᠢᠨ ᠬᠤᠶᠢᠴᠢᠰ ᠬᠡᠳᠡᠭ᠃ | ᠡᠶᠢᠮᠣ ᠠᠴᠠ ᠣᠷᠢᠶᠠᠩᠬᠠᠨ ᠠᠶᠢᠮᠠᠭ ᠤᠨ ᠬᠤᠶᠢᠴᠢᠰ ᠪᠣᠯᠬᠤ ᠨᠢ ᠲᠠᠮᠵᠢᠭ ᠦᠬᠡᠢ᠃ ᠡᠬᠦᠨ ᠳᠤ ᠠᠩᠬ᠎ᠠ | ᠡᠯᠵᠢᠬᠡᠳᠠᠢ ᠳᠤ ᠬᠠᠮᠳᠣ ᠬᠠᠷᠢᠶᠠᠯᠠᠭᠳᠠᠵᠣ ᠢᠷᠡᠭᠰᠡᠨ ᠨᠠᠶᠢᠮᠠᠨᠴᠣᠳ ᠤᠨ ᠬᠤᠶᠢᠴᠢᠰ ᠴᠦ ᠪᠠᠭ᠎ᠠ ᠪᠣᠰᠣ ᠪᠠᠶᠢᠬᠤ | ᠶᠣᠰᠣᠳᠠᠢ᠃ ᠣᠳᠣᠬᠢ ᠨᠢᠩᠴᠸᠡᠭ ᠰᠢᠶᠠᠨ ᠤ ᠮᠣᠩᠭᠤᠯ ᠲᠤ ᠨᠠᠶᠢᠮᠠᠳ ᠣᠪᠣᠭᠳᠠᠨ ᠪᠠᠶᠢᠳᠠᠭ᠃ ᠲᠡᠳᠡ | ᠬᠢᠳᠡᠳ ᠢᠶᠠᠷ ︽ᠪᠠᠢ ᠴᠠᠭᠠᠨ︾ ᠬᠡᠵᠣ ᠣᠷᠴᠢᠭᠤᠯᠣᠨ ᠲᠡᠮᠳᠡᠭᠯᠡᠵᠣ ᠪᠠᠶᠢᠨ᠎ᠠ᠃ ᠪᠠᠷᠤᠭ ᠰᠢᠷᠠᠨᠣᠳ ᠬᠠᠷᠠᠴᠢᠨ | ᠬᠠᠷᠠᠨᠣᠳ ᠬᠠᠷᠠᠴᠢᠨ ᠠᠴᠠ ᠢᠯᠭᠠᠵᠣ ᠴᠠᠭᠠᠨ ᠢᠶᠠᠷ ᠣᠳᠬᠠᠴᠢᠯᠠᠨ ᠣᠷᠴᠢᠭᠤᠯᠣᠭᠰᠠᠨ ᠪᠣᠯᠣᠯᠳᠠᠢ᠃ ᠨᠠᠢᠮᠠᠨ | ᠬᠤᠰᠢᠭᠤᠨ ᠳᠠᠬᠢ ᠡᠬᠢ ᠨᠠᠢᠮᠠᠨ ᠣᠪᠣᠭᠳᠠᠨ ᠪᠠᠰᠠ ᠣᠪᠣᠭ ᠢᠶᠠᠨ ︽ᠪᠠᠢ︾ ᠭᠡᠵᠣ ᠬᠢᠳᠡᠳ ᠢᠶᠠᠷ ᠲᠡᠮᠳᠡᠭᠯᠡᠵᠣ ᠪᠤᠢ᠃ | | ᠠᠯᠳᠠᠷᠳᠣ ᠲᠡᠣᠭᠡᠳᠣ ᠯᠢᠣ ᠶᠢᠨ ᠰᠦᠸᠧ ᠠᠪᠣᠭᠠᠢ ︽ᠣᠮᠠᠷᠠᠳᠣ ᠶᠣᠸᠠᠨ ᠤ ᠶᠦᠡᠭᠰᠢᠶᠠᠪᠤ ᠲᠦᠮᠡᠨ | ᠭᠤᠣᠯᠳᠠᠭᠤ ᠶᠦᠡᠭᠰᠢᠶᠠᠪᠤ᠂ ᠠᠰᠣᠳ᠂ ᠬᠠᠷᠠᠴᠢᠨ ᠭᠤᠷᠪᠠᠨ ᠠᠶᠢᠮᠠᠭ ᠢᠶᠠᠷ ᠪᠦᠷᠢᠯᠳᠣᠵᠡᠢ᠃ ᠁ ᠲᠡᠳᠡ 16 | ᠳ᠋ᠣᠭᠠᠷ ᠵᠠᠭᠤᠨ ᠤ ᠲᠣᠮᠳᠡᠴᠢ ᠦᠶ᠎ᠡ ᠪᠠᠷ ᠵᠡᠬᠦᠨᠰᠢ ᠨᠡᠬᠦᠳᠡᠯᠯᠡᠨ ᠲᠣᠶ᠋ᠢᠩ ᠤᠨ ᠣᠷᠢᠶᠠᠩᠬᠠᠳ ᠲᠠᠢ ᠨᠡᠶᠢᠯᠡᠨ | ᠨᠢᠬᠡᠳᠴᠣ᠂ 16 ᠳ᠋ᠣᠭᠠᠷ ᠵᠠᠭᠤᠨ ᠤ ᠰᠡᠬᠦᠯᠴᠢ ᠦᠶ᠎ᠡ ᠶᠢᠨ ᠲᠡᠣᠭᠡ ᠰᠣᠳᠣᠷ ᠲᠤ ᠬᠠᠷᠠᠴᠢᠨ ᠲᠦᠮᠡᠨ ᠬᠡᠵᠣ | ᠶᠦᠡᠭᠰᠢᠶᠠᠪᠤ ᠲᠦᠮᠡᠨ ᠢ ᠣᠷᠣᠯᠠᠨ ᠢᠯᠡᠷᠡᠬᠦ ᠪᠣᠯᠣᠭᠰᠠᠨ ᠪᠠᠶᠢᠨ᠎ᠠ ᠁︾ ᠬᠡᠵᠡᠢ᠃ ᠡ᠊ᠨᠳᠡ ᠲᠣᠷᠠᠳᠴᠣ ᠪᠦᠬᠦᠢ | ᠰᠢᠪᠠᠭᠤᠴᠢᠨ ᠪᠣᠯᠣᠨ ᠨᠠᠶᠢᠮᠠᠨ ᠬᠤᠶᠠᠷ ᠣᠳᠤᠭ ᠨᠢ ᠶᠦᠡᠭᠰᠢᠶᠠᠪᠤ ᠊᠊᠊᠊᠊᠊ ᠬᠠᠷᠠᠴᠢᠨ ᠠᠶᠢᠮᠠᠭ ᠲᠤ ᠪᠠᠰᠠ ᠣᠷᠢᠶᠠᠩᠬᠠᠢ | ᠪᠣᠯᠣᠨ ᠨᠠᠶᠢᠮᠠᠨᠴᠣᠳ ᠪᠠᠶᠢᠬᠤ ᠶᠢ ᠬᠡᠷᠡᠴᠢᠯᠡᠵᠣ ᠪᠣᠯᠬᠤ ᠪᠦᠬᠡᠳ ᠲᠡᠳᠡᠨ ᠤ ᠬᠤᠶᠢᠴᠢᠰ ᠣᠳᠣ ᠴᠦ ᠦᠨᠡᠨ ᠪᠣᠳᠠᠳᠠᠢ | ᠣᠷᠣᠰᠢᠵᠣ ᠪᠠᠶᠢᠭ᠎ᠠ ᠶᠢ ᠲᠤᠳᠣᠯᠠᠵᠣ ᠪᠣᠯᠣᠨ᠎ᠠ᠃ ᠣᠳᠣᠬᠢ ᠨᠠᠶᠢᠮᠠᠨ ᠬᠤᠰᠢᠭᠤᠨ ᠤ ᠮᠣᠩᠭᠤᠯᠴᠣᠳ ᠤᠨ ᠲᠣᠳᠣᠷ᠎ᠠ | ᠣᠷᠠᠶᠢᠬᠠᠨ ᠰᠢᠪᠰᠢᠭᠤᠳ ᠣᠪᠣᠭᠳᠠᠨ ᠪᠠᠶᠢᠳᠠᠭ᠃ ᠡᠨᠡ ᠨᠢ ᠰᠢᠪᠠᠭᠤᠴᠢᠭᠤᠳ ᠤᠨ ᠲᠣᠪᠴᠢᠯᠠᠭᠰᠠᠨ ᠬᠠᠷ᠎ᠠ | ᠶᠠᠷᠢᠶᠠᠨ ᠤ ᠬᠡᠯᠡᠯᠬᠡ ᠮᠦᠨ᠂ ᠰᠢᠪᠠᠭᠤᠴᠢᠭᠤᠳ ᠭᠡᠵᠣ ᠰᠢᠪᠠᠭᠤᠴᠢᠨ ᠤ ᠣᠯᠠᠨ ᠲᠤᠭ᠎ᠠ ᠪᠣᠯᠬᠤ ᠶᠣᠮ᠃ 1739 | ᠣᠨ ᠳᠤ ᠪᠢᠴᠢᠭᠳᠡᠭᠰᠡᠨ ︽ᠠᠯᠳᠠᠨ ᠬᠦᠷᠳᠣᠨ ᠤ ᠮᠢᠩᠭᠠᠨ ᠬᠡᠬᠡᠰᠣᠳᠣ︾ ᠬᠡᠮᠡᠬᠦ ᠮᠣᠩᠭᠤᠯ ᠲᠡᠣᠭᠡᠨ ᠪᠢᠴᠢᠭ ᠲᠤ | ᠶᠣᠸᠠᠨ ᠣᠯᠣᠰ ᠤᠨ ︽ᠲᠣᠭᠤᠨᠳᠡᠮᠣᠷ ᠬᠠᠭᠠᠨ ᠲᠠᠶᠢᠳᠣ ᠬᠤᠳᠠᠨ ᠠᠴᠠ ᠲᠣᠮᠢᠶᠠᠯᠠᠨ ᠠᠪᠴᠣ ᠭᠠᠷᠣᠭᠰᠠᠨ ᠠᠷᠪᠠᠨ | ᠲᠦᠮᠡᠨ ᠣᠯᠣᠰ ᠢ ᠲᠣᠭᠠᠯᠠᠪᠠᠰᠣ᠄ ᠴᠠᠬᠠᠷ᠂ ᠬᠠᠯᠬ᠎ᠠ᠂ ᠣᠷᠢᠶᠠᠩᠬᠠᠨ ︵ᠵᠡᠬᠦᠨ ᠭᠤᠷᠪᠠᠨ ᠲᠦᠮᠡᠨ︶᠂ ᠣᠷᠳᠣᠰ᠂ | ᠲᠦᠮᠡᠳ᠂ ᠶᠦᠡᠭᠰᠢᠶᠠᠪᠤ ︵ᠪᠠᠷᠠᠭᠤᠨ ᠭᠤᠷᠪᠠᠨ ᠲᠦᠮᠡᠨ︶᠂ ᠬᠡᠷᠡᠶᠢᠳ᠂ ᠦᠬᠡᠯᠡᠳ᠂ ᠪᠠᠭᠠᠳᠣᠳ᠂ ᠬᠤᠶᠠᠭᠳᠠᠨ ︵ | ᠲᠦᠷᠪᠡᠨ ᠣᠶᠢᠷᠡᠳ︶ ᠡᠳᠡ ᠪᠣᠢ᠃ ᠴᠠᠬᠠᠷ ᠲᠦᠮᠡᠨ ᠢᠨᠣ᠄ ᠠᠣᠬᠠᠨ᠂ ᠨᠠᠶᠢᠮᠠᠨ᠂ ᠰᠦᠨᠢᠳ᠂ ᠦᠵᠣᠮᠣᠴᠢᠨ᠂ | ᠦᠯᠬᠡ ︵ᠬᠢᠨᠭ᠍ᠭᠠᠨ ᠤ ᠦᠪᠣᠷ︶ ᠵᠡᠬᠦᠨ ᠲᠦᠷᠪᠡᠨ ᠣᠳᠤᠭ ᠬᠡᠮᠡᠮᠣᠢ︾ ᠬᠡᠵᠣ ᠪᠠᠶᠢᠨ᠎ᠠ᠃ ᠣᠣᠯ ᠤᠨ ᠴᠠᠬᠠᠷ | ᠲᠦᠮᠡᠨ ᠤ ᠨᠠᠢᠮᠠᠨ ᠣᠳᠤᠭ ᠠᠶᠢᠮᠠᠭ ᠤᠨ ᠨᠢᠬᠡ ᠨᠢ ᠨᠠᠢᠮᠠᠨ ᠠᠶᠢᠮᠠᠭ ᠭᠡᠵᠣ ᠪᠠᠶᠢᠵᠣ᠂ ᠣᠮᠠᠷᠠᠳᠣ ᠶᠣᠸᠠᠨ ᠤ ᠶᠡᠭᠡ | ᠬᠠᠭᠠᠨ ᠳᠤ ᠰᠢᠭᠤᠳ ᠬᠠᠷᠢᠶᠠᠯᠠᠭᠳᠠᠵᠣ ᠪᠠᠶᠢᠵᠡᠢ᠃ ᠠᠩᠬ᠎ᠠ ᠪᠠᠳᠣᠮᠦ᠋ᠡᠭᠭᠡ ᠲᠠᠶᠠᠨ ᠬᠠᠭᠠᠨ ᠤ ᠣᠣᠭᠠᠨ ᠬᠦᠪᠡᠬᠦᠨ | ᠲᠦᠷᠣᠪᠣᠯᠣᠳ ᠤᠨ ᠬᠠᠷᠢᠶᠠᠨ ᠳᠤ ᠪᠠᠶᠢᠵᠣ ᠰᠡᠬᠦᠯ ᠳᠤᠨᠢ ᠲᠡᠬᠦᠨ ᠤ ᠣᠴᠢ ᠪᠤᠶᠢᠮᠠ ᠲᠦᠰᠢᠶᠠᠳᠣ ᠶᠢᠨ ᠬᠤᠶᠠᠳᠣᠭᠠᠷ | ᠬᠦᠪᠡᠬᠦᠨ ᠡᠰᠡᠨ ᠣᠶᠢᠵᠦᠩ ᠤᠨ ᠡᠵᠡᠮᠰᠢᠯ ᠳᠤ ᠣᠷᠣᠭᠰᠠᠨ ᠪᠠᠶᠢᠨ᠎ᠠ᠃ ︽ᠯᠢᠶᠣᠤ ᠢ ᠯᠢᠣᠸᠠᠢ︾ ᠪᠢᠴᠢᠭ ᠲᠤ | ᠲᠡᠮᠳᠡᠭᠯᠡᠭᠰᠡᠨ ᠢᠶᠠᠷ ᠨᠠᠢᠮᠠᠨ ᠠᠶᠢᠮᠠᠭ ᠨᠢ ᠠᠣᠬᠠᠨ ᠠᠶᠢᠮᠠᠭ ᠤᠨ ᠠᠷᠣ ᠪᠠᠷ ᠨᠣᠳᠣᠭᠰᠢᠵᠣ ᠢ ᠵᠸᠣ ᠠᠴᠠ 500 | ᠭᠠᠵᠠᠷ ᠤᠨ ᠠᠯᠣᠰ ᠪᠠᠶᠢᠵᠡᠢ᠃ ᠨᠠᠢᠮᠠᠨ ᠠᠶᠢᠮᠠᠭ ᠨᠢ ᠶᠡᠷᠣ ᠴᠠᠬᠠᠷ ᠲᠤ ᠬᠠᠷᠢᠶᠠᠯᠠᠭᠳᠠᠵᠣ ᠪᠠᠶᠢᠭᠰᠠᠨ ᠪᠦᠬᠡᠳ ᠴᠠᠬᠠᠷ | ᠲᠦᠮᠡᠨ ᠤ ᠵᠡᠬᠦᠨ ᠵᠠᠬ᠎ᠠ ᠪᠠᠷ ᠪᠠᠶᠢᠷᠢᠰᠢᠨ 16 ᠳ᠋ᠣᠭᠠᠷ ᠵᠠᠭᠤᠨ ᠤ ᠲᠣᠮᠳᠡᠴᠢ ᠦᠶ᠎ᠡ ᠪᠠᠷ ᠣᠳᠣᠬᠢ ᠨᠠᠢᠮᠠᠨ | ᠬᠤᠰᠢᠭᠤᠨ ᠤ ᠭᠠᠵᠠᠷ ᠨᠣᠳᠤᠭ ᠲᠤ ᠨᠡᠬᠦᠳᠡᠯᠯᠡᠨ ᠢᠷᠡᠭᠰᠡᠨ ᠪᠠᠶᠢᠨ᠎ᠠ᠃ 1627 ᠣᠨ ᠳᠤ ᠴᠠᠬᠠᠷ ᠤᠨ ᠯᠢᠭᠳᠡᠨ | ᠬᠠᠭᠠᠨ ᠤ ᠶᠡᠭᠡ ᠴᠡᠷᠢᠭ ᠪᠠᠷᠠᠭᠤᠨᠰᠢ ᠣᠷᠣᠬᠤ ᠦᠶᠡᠰ ᠠᠣᠬᠠᠨ᠂ ᠨᠠᠢᠮᠠᠨ ᠬᠤᠶᠠᠷ ᠠᠶᠢᠮᠠᠭ ᠯᠢᠭᠳᠡᠨ ᠬᠠᠭᠠᠨ ᠠᠴᠠ | ᠬᠠᠭᠠᠴᠠᠨ ᠬᠤᠴᠣᠷᠴᠣ᠂ ᠮᠦᠨ ᠵᠢᠯ ᠡᠰᠡᠨ ᠣᠶᠢᠵᠦᠩ ᠤᠨ ᠬᠦᠪᠡᠬᠦᠨ ᠪᠠᠭᠠᠳᠣᠷ ᠲᠠᠶᠢᠵᠢ ᠭᠤᠨᠴᠤᠭ ᠲᠡᠬᠦᠨ ᠤ | ᠡᠵᠡᠮᠰᠢᠯ ᠨᠠᠢᠮᠠᠨ ᠠᠶᠢᠮᠠᠭ ᠢᠶᠠᠨ ᠲᠠᠭᠠᠭᠤᠯᠵᠣ ᠬᠤᠶᠢᠳᠣ ᠠᠯᠳᠠᠨ ᠣᠯᠣᠰ ︵ᠴᠢᠩ ᠣᠯᠣᠰ ᠤᠨ ᠣᠷᠢᠳᠤᠬᠢ | ᠨᠡᠷᠡᠶᠢᠳᠣᠯ︶ ᠲᠤ ᠣᠷᠣᠵᠣ ᠦᠭᠪᠡ᠃ ᠴᠢᠩ ᠣᠯᠣᠰ ᠠᠴᠠ 1636 ᠣᠨ ᠳᠤ ᠮᠠᠨᠵᠣ ᠶᠢᠨ ᠬᠤᠰᠢᠭᠤ ᠵᠠᠰᠠᠭ ᠤᠨ | ᠲᠦᠷᠢᠮ ᠢᠶᠠᠷ ᠨᠠᠢᠮᠠᠨ ᠠᠶᠢᠮᠠᠭ ᠢ ᠲᠡᠪᠢᠨ ᠰᠣᠮᠣ ᠬᠤᠪᠢᠶᠠᠨ ᠨᠢᠬᠡᠨ ᠬᠤᠰᠢᠭᠤ ᠵᠠᠰᠠᠭ ᠪᠣᠯᠭᠠᠨ | ᠪᠠᠶᠢᠭᠤᠯᠣᠭᠰᠠᠨ ᠠᠴᠠ ᠡᠬᠢᠯᠡᠵᠣ ᠨᠠᠢᠮᠠᠨ ᠬᠤᠰᠢᠭᠤ ᠨᠡᠷᠡᠶᠢᠳᠣᠯ ᠲᠠᠢ ᠪᠣᠯᠣᠭᠰᠠᠨ ᠪᠠᠶᠢᠨ᠎ᠠ᠃ | | |