| | | | | ᠤᠷᠳᠤ ᠶᠢᠨ ᠲᠠᠭᠤᠤ ᠶᠢ ᠤᠶᠠᠷᠠᠳᠠᠯᠡ ᠰᠠᠶᠢᠬᠠᠨ ᠲᠠᠭᠤᠯᠠᠳᠠᠭ ᠲᠠᠭᠤᠴᠢᠨ ᠤ ᠨᠢᠭᠡ ᠨᠢ ᠮᠦᠡᠭᠭᠡᠵᠢᠷᠭᠠᠯ᠂ | ᠲᠡᠭᠦᠨ ᠤ ᠤᠷᠤᠯᠳᠤᠭᠠᠨ ᠲᠤᠭᠯᠠᠯᠳᠠ ᠪᠠᠷ ᠭᠠᠶᠢᠬᠠᠭᠤᠯᠵᠤ ᠶᠠᠪᠤᠭᠰᠠᠨ ︽ᠵᠢᠭᠠᠬᠠᠨ ᠰᠢᠷᠭ᠎ᠠ︾᠂ ︽ᠨᠠᠮᠤᠭ | ᠴᠡᠭᠡᠯ ᠤᠨ ᠪᠤᠷᠭᠠᠰᠤ︾᠂ ︽ᠪᠦᠮᠪᠠᠢ ᠶᠢᠨ ᠰᠢᠯᠢ︾᠂ ︽ᠯᠠᠮᠠ ᠶᠢᠨ ᠲᠠᠷᠬᠠᠨ︾ ᠵᠡᠷᠭᠡ ᠤᠶᠠᠩᠭ᠎ᠠ ᠰᠠᠶᠢᠬᠠᠨ | ᠤᠷᠳᠤ ᠶᠢᠨ ᠲᠠᠭᠤᠤ ᠶᠢ ᠨᠢ ᠠᠮᠳᠠᠯᠠᠨ ᠰᠤᠨᠢᠷᠬᠠᠬᠤ ᠳᠤ ᠮᠤᠩᠭᠤᠯ ᠨᠤᠳᠤᠭ ᠤᠯᠠᠮ ᠭᠤᠶᠤᠵᠢᠨ᠂ ᠤᠬᠠᠭᠠᠨ | ᠰᠡᠳᠭᠢᠯ ᠢᠷᠠᠭᠤ ᠴᠡᠯᠮᠡᠭ ᠪᠤᠯᠵᠤ᠂ ᠭᠠᠵᠠᠷ ᠲᠡᠯᠡᠬᠡᠢ ᠤᠶᠠᠰᠤᠨ ᠢᠷᠠᠭᠤᠰᠢᠵᠤ ᠪᠠᠶᠢᠮᠠᠷ ᠰᠠᠨᠠᠭᠳᠠᠨ᠎ᠡ᠃ ᠲᠡᠭᠡᠬᠦ ᠪᠠᠷ | ᠯᠡ ᠭᠠᠨᠭ᠍ᠭᠠᠡᠭ ᠲᠠᠭᠤᠯᠠᠬᠤ ᠶᠢ ᠨᠢ ᠰᠤᠨᠤᠰᠤᠭᠠᠳ ᠤᠷᠳᠤ ᠶᠢᠨ ᠲᠠᠭᠤᠤ ᠶᠢᠨ ᠤᠶᠠᠩᠭ᠎ᠠ ᠡᠭᠡᠰᠢᠭ ᠲᠤᠨᠢ | ᠰᠤᠭᠳᠤᠭᠤᠷᠠᠭᠰᠠᠨ ᠬᠦᠮᠦᠨ ᠵᠤᠨ ᠨᠢ ︽ᠮᠠᠨ ᠤ ᠲᠠᠭᠤᠴᠢᠨ︾ ᠬᠡᠮᠡᠨ ᠮᠦᠡᠭᠭᠡᠵᠢᠷᠭᠠᠯ ᠢᠶᠠᠨ ᠪᠠᠭ᠋ᠠᠷᠬᠠᠨ ᠪᠠᠭ᠋ᠠᠷᠬᠠᠨ | ᠰᠠᠨᠠᠵᠤ᠂ ᠡᠷᠳᠡᠮᠳᠡᠨ ᠪᠠᠭᠰᠢ ᠨᠠᠷ ᠨᠢ ᠮᠦᠡᠭᠭᠡᠵᠢᠷᠭᠠᠯ ᠢ ᠪᠠᠨ᠄ ︽ᠬᠦᠮᠦᠨ ᠢ ᠬᠠᠨᠤᠳᠠᠯᠡ ᠲᠠᠭᠤᠯᠠᠳᠠᠭ︾ ᠭᠡᠵᠤ | ᠦᠨᠳᠦᠷ ᠦᠨᠡᠯᠡᠯᠳᠡ ᠬᠢᠵᠤ ᠪᠠᠶᠢᠭᠰᠠᠨ ᠳ᠋ᠠ︕ | ᠰᠢᠩᠭᠡᠭᠡᠯᠳᠡ ᠶᠢᠨ ᠮᠠᠰᠢᠨ ᠤ ᠱᠠᠩᠨᠠᠯ ᠲᠠᠢ ᠶᠠᠪᠤᠭᠰᠠᠨ ᠪᠢᠴᠢᠬᠠᠨ ᠲᠠᠭᠤᠴᠢᠨ | ᠮᠦᠡᠭᠭᠡᠵᠢᠷᠭᠠᠯ 1984 ᠤᠨ ᠳᠤ ᠠᠷᠤ ᠬᠤᠷᠴᠢᠨ ᠬᠤᠰᠢᠭᠤᠨ ᠤ ᠬᠤᠨᠳᠤ ᠪᠠᠯᠭᠠᠰᠤᠨ ᠤ ᠶᠠᠩᠽᠢ | ᠭᠠᠴᠠᠭ᠎ᠠ ᠶᠢᠨ ᠮᠠᠯᠴᠢᠨ ᠷᠠᠰᠢᠰᠡᠷᠡᠩ᠂ ᠠᠯᠳᠠᠨᠴᠢᠮᠡᠭ ᠤᠨ ᠤᠤᠭᠠᠨ ᠬᠦᠤ ᠨᠢ ᠪᠤᠯᠵᠤ ᠵᠠᠶᠠᠭᠠᠵᠠᠢ᠃ ᠤᠷᠳᠤ ᠶᠢᠨ | ᠲᠠᠭᠤᠤ ᠶᠢᠨ ᠤᠶᠠᠩᠭ᠎ᠠ ᠠᠶᠠᠰ ᠲᠤ ᠪᠦᠪᠠᠶᠢᠯᠡᠭᠳᠡᠬᠦ ᠵᠠᠶᠠᠭ᠎ᠠ ᠲᠠᠢ ᠪᠠᠶᠢᠭᠰᠠᠨ ᠤ ᠴᠦ ᠪᠢᠯᠢᠤ᠂ ᠮᠦᠡᠭᠭᠡᠵᠢᠷᠭᠠᠯ ᠢ | ᠬᠡᠳᠦᠭᠡᠨ ᠰᠠᠷ᠎ᠡ ᠪᠤᠯᠤᠮᠠᠭᠴᠠ ᠲᠠᠭᠤᠴᠢᠨ ᠪᠠᠶᠢᠭᠰᠠᠨ ᠡᠮᠡᠭᠡ ᠡᠵᠢ ᠨᠢ ᠡᠪᠦᠷ ᠲᠡᠭᠡᠨ ᠪᠦᠭᠡᠴᠡᠶᠢᠯᠡᠵᠤ ᠡᠩᠭᠦᠷᠡᠶᠢᠯᠡᠭᠰᠡᠨ | ᠠᠵᠢ᠃ ᠮᠦᠡᠭᠭᠡᠵᠢᠷᠭᠠᠯ ᠤᠨ ᠡᠮᠡᠭᠡ ᠨᠢ ᠲᠠᠭᠤᠤ ᠶᠢ ᠰᠠᠶᠢᠬᠠᠨ ᠴᠦ ᠲᠠᠭᠤᠯᠠᠳᠠᠭ ᠬᠦᠮᠦᠨ ᠪᠠᠶᠢᠭᠰᠠᠨ ᠠᠴᠠ᠂ | ᠮᠦᠡᠭᠭᠡᠵᠢᠷᠭᠠᠯ ᠨᠢᠯᠬ᠎ᠠ ᠪᠠᠭ᠎ᠠ ᠠᠴᠠ ᠪᠠᠨ ᠡᠮᠡᠭᠡ ᠶᠢᠨ ᠢᠶᠠᠨ ᠲᠠᠩᠳᠠ ᠲᠠᠭᠤᠯᠠᠳᠠᠭ ︽ᠪᠤᠭᠳᠠ ᠴᠢᠩᠭᠢᠰ︾᠂ ︽ | ᠠᠯᠳᠠᠨ ᠪᠤᠭᠳᠠ ᠶᠢᠨ ᠰᠢᠯᠢ︾᠂ ︽ᠲᠡᠭᠷᠢ ᠮᠡᠳᠦ ᠡᠵᠡᠨ ᠬᠠᠭᠠᠨ︾᠂ ︽ᠢᠯᠠᠭᠤᠭᠰᠠᠨ ᠡᠷᠬᠡᠳᠦ︾᠂ ︽ | ᠰᠠᠴᠤᠷᠠᠨᠡ ᠭᠡᠶᠢᠭᠦᠯᠦᠨ᠎ᠡ︾ ᠵᠡᠷᠭᠡ ᠤᠯᠠᠨ ᠰᠠᠶᠢᠬᠠᠨ ᠤᠷᠳᠤ ᠶᠢᠨ ᠲᠠᠭᠤᠤ ᠶᠢᠨ ᠡᠭᠡᠰᠢᠭ ᠠᠶ᠎ᠡ ᠳᠤ | ᠪᠦᠪᠠᠶᠢᠯᠡᠭᠳᠡᠵᠠᠢ᠃ ᠲᠡᠷᠡ ᠮᠦᠷᠳᠡᠭᠡᠨ ᠮᠦᠡᠭᠭᠡᠵᠢᠷᠭᠠᠯ ᠤᠨ ᠡᠪᠦᠭᠡ ᠨᠢ ᠲᠠᠯ᠎ᠠ ᠭᠠᠷᠳᠠᠯᠡ ᠪᠠᠨ ᠲᠠᠭᠤᠯᠠᠭᠰᠠᠨ | ᠲᠠᠭᠤᠴᠢᠨ ᠬᠦᠮᠦᠨ᠂ ᠠᠪᠤ ᠨᠢ ᠭᠡᠵᠤ ᠲᠦᠷᠪᠡᠨ ᠤᠳᠠᠰᠤᠳᠤ ᠬᠤᠭᠤᠷ ᠲᠠᠳᠠᠨ᠂ ᠯᠢᠩᠪᠤ ᠦᠯᠢᠶᠡᠳᠡᠭ ᠠᠪᠢᠶᠠᠰ ᠲᠠᠢ | ᠤᠷᠠᠯᠢᠭᠴᠢᠨ ᠤ ᠲᠡᠭᠡᠷ᠎ᠡ ᠡᠵᠢ ᠨᠢ᠂ ᠠᠪᠠᠭ᠎ᠠ ᠨᠠᠷ ᠨᠢ ᠪᠦᠷ ᠤᠷᠳᠤ ᠶᠢᠨ ᠲᠠᠭᠤᠤ ᠶᠢ ᠰᠠᠶᠢᠬᠠᠨ ᠲᠠᠭᠤᠯᠠᠳᠠᠭ | ᠬᠦᠮᠦᠰ ᠪᠠᠶᠢᠭᠰᠠᠨ ᠲᠤᠯᠠ ᠪᠠᠭ᠎ᠠ ᠨᠠᠰᠤᠨ ᠤ ᠮᠦᠡᠭᠭᠡᠵᠢᠷᠭᠠᠯ ᠶᠤᠰᠤᠳᠠᠢ ᠤᠷᠳᠤ ᠶᠢᠨ ᠲᠠᠭᠤᠤ ᠶᠢᠨ ᠠᠶᠠᠰ ᠤᠨ | ᠲᠤᠮᠳᠠ ᠲᠤᠷᠨᠢᠨ ᠪᠤᠶᠢᠵᠢᠬᠰᠠᠨ ᠶᠤᠮ᠃ ᠮᠦᠡᠭᠭᠡᠵᠢᠷᠭᠠᠯ ᠢ ᠨᠠᠢᠮᠠ ᠶᠢᠰᠦᠨ ᠨᠠᠰᠤᠳᠠᠢ ᠪᠠᠶᠢᠬᠤ ᠳᠤ ᠠᠶᠢᠯ ᠳᠤᠨᠢ | ᠬᠤᠷᠢᠮ ᠨᠠᠶᠢᠷ ᠲᠠᠭᠠᠷᠠᠪᠠᠯ ᠡᠮᠡᠭᠡ ᠡᠵᠢ ᠶᠢ ᠨᠢ ᠵᠠᠯᠠᠨ ᠠᠪᠠᠴᠢᠵᠤ ᠲᠦᠷᠦ ᠶᠢᠨ ᠲᠠᠭᠤᠤ ᠲᠠᠭᠤᠯᠠᠭᠤᠯᠤᠨ ᠬᠤᠷᠢᠮ | ᠨᠠᠶᠢᠷ ᠢ ᠬᠦᠭᠵᠢᠭᠡᠳᠡᠭ ᠨᠢ ᠲᠡᠭᠦᠨ ᠳᠤ ᠶᠡᠭᠡᠭᠡᠨ ᠰᠠᠭᠤᠭᠳᠠᠯ ᠦᠯᠡᠳᠡᠭᠡᠵᠤ᠂ ᠨᠡᠩ ᠴᠦ ᠡᠮᠡᠭᠡ ᠶᠢᠨ ᠬᠢᠨᠢ ᠴᠠᠭᠠᠨ | ᠰᠠᠷ᠎ᠡ ᠢᠷᠡᠭᠰᠡᠨ ᠵᠤᠴᠢᠨ ᠳᠠᠭᠠᠨ ︽ᠢᠯᠠᠭᠤᠭᠰᠠᠨ ᠡᠷᠬᠡᠳᠦ︾ ᠭᠡᠳᠡᠭ ᠲᠠᠭᠤᠤ ᠶᠢ ᠪᠦᠷᠢᠨ ᠪᠦᠳᠦᠨ ᠢᠶᠠᠷ ᠨᠢ | ᠲᠠᠭᠤᠯᠠᠵᠤ᠂ ᠢᠷᠡᠭᠰᠡᠨ ᠵᠤᠴᠢᠨ ᠢᠶᠠᠨ ᠤᠶᠠᠷᠠᠭᠤᠯᠵᠤ ᠪᠠᠶᠢᠭᠰᠠᠨ ᠤᠶᠠᠩᠭ᠎ᠠ ᠡᠭᠡᠰᠢᠭ ᠨᠢ ᠲᠡᠭᠦᠨ ᠤ ᠤᠷᠠᠯᠢᠭ ᠤᠨ | ᠬᠦᠷᠦᠰᠦᠨ ᠳᠤ ᠰᠢᠮᠡᠳᠦ ᠦᠷ᠎ᠡ ᠰᠠᠴᠤᠵᠠᠢ᠃ | ― ᠡᠮᠡᠭᠡ ᠡᠵᠢ᠂ ᠠᠪᠤ᠂ ᠷᠠᠳᠢᠣ᠋ ᠬᠢᠭᠡᠳ ᠰᠢᠩᠭᠡᠭᠡᠯᠳᠡ ᠶᠢᠨ ᠮᠠᠰᠢᠨ ᠪᠤᠯ ᠮᠢᠨᠤ ᠠᠩᠬᠠᠨ ᠤ ᠲᠠᠭᠤᠤ ᠶᠢᠨ | ᠪᠠᠭᠰᠢ ᠪᠤᠯᠬᠤ ᠰᠠᠨ ᠭᠡᠵᠤ ᠮᠦᠡᠭᠭᠡᠵᠢᠷᠭᠠᠯ ᠲᠤᠷᠠᠰᠤᠨ ᠶᠠᠷᠢᠨ᠎ᠡ᠃ | ᠮᠦᠡᠭᠭᠡᠵᠢᠷᠭᠠᠯ ᠪᠠᠭ᠎ᠠ ᠠᠴᠠ ᠪᠠᠨ ᠤᠷᠳᠤ ᠶᠢᠨ ᠲᠠᠭᠤᠤ ᠶᠢ ᠰᠠᠶᠢᠬᠠᠨ ᠲᠠᠭᠤᠯᠠᠬᠤ ᠶᠢ ᠨᠢ ᠦᠵᠡᠭᠡᠳ ᠠᠷᠪᠠᠨ | ᠭᠤᠷᠪᠠᠨ ᠨᠠᠰᠤᠨ ᠤ ᠵᠢᠯ ᠳᠤᠨᠢ ᠠᠪᠤ ᠡᠵᠢ ᠨᠢ ᠲᠡᠭᠦᠨ ᠢ ᠰᠢᠩᠭᠡᠭᠡᠯᠳᠡ ᠶᠢᠨ ᠮᠠᠰᠢᠨ ᠢᠶᠠᠷ ᠱᠠᠩᠨᠠᠵᠤ᠂ ᠲᠠᠭᠤᠤ | ᠢᠯᠡᠭᠦᠭᠡᠨ ᠰᠤᠷᠴᠤ ᠲᠠᠭᠤᠴᠢᠨ ᠪᠤᠯᠬᠤ ᠶᠢ ᠨᠢ ᠵᠦᠡᠭᠨᠡᠵᠡᠢ᠃ ᠮᠦᠡᠭᠭᠡᠵᠢᠷᠭᠠᠯ ᠴᠦ ᠡᠷᠳᠡᠨᠢ ᠤᠯᠤᠭᠰᠠᠨ ᠮᠡᠳᠦ | ᠪᠠᠶᠠᠷᠯᠠᠵᠤ᠂ ᠰᠢᠩᠭᠡᠭᠡᠯᠳᠡ ᠶᠢᠨ ᠮᠠᠰᠢᠨ ᠠᠴᠠ ᠪᠠᠨ ᠲᠤᠬᠠᠢ ᠶᠢᠨ ᠦᠶ᠎ᠡ ᠳᠤ ᠲᠡᠯᠭᠡᠷᠡᠵᠤ ᠪᠠᠶᠢᠭᠰᠠᠨ ᠲᠡᠭᠷᠢ᠂ ᠴᠠᠭᠠᠨ᠂ | ᠰᠤᠨᠢᠨᠴᠠᠴᠡᠭ ᠤᠨ ᠲᠠᠭᠤᠤ ᠶᠢ ᠰᠢᠩᠭᠡᠭᠡᠯᠳᠡ ᠶᠢᠨ ᠪᠦᠰᠡ ᠠᠴᠠ ᠪᠠᠨ ᠰᠤᠨᠢᠷᠬᠠᠨ᠂ ᠨᠡᠩ ᠴᠦ ᠲᠠᠷᠬᠠᠨ ᠲᠠᠭᠤᠴᠢᠨ | ᡀᠠᠵᠠᠪ ᠤᠨ ︽ᠵᠢᠷᠤᠭ᠎ᠠ ᠶᠢᠨ ᠵᠢᠷᠤᠭ᠎ᠠ︾ ᠭᠡᠬᠦ ᠰᠢᠩᠭᠡᠭᠡᠯᠳᠡ ᠶᠢᠨ ᠪᠦᠰᠡ ᠳᠤ ᠨᠢᠭᠡᠮᠦᠰᠦᠨ ᠲᠠᠳᠠᠭᠳᠠᠵᠤ᠂ ᠵᠠᠪ | ᠴᠢᠯᠦᠭᠡ ᠯᠡ ᠪᠠᠶᠢᠪᠠᠯ ᡀᠠᠵᠠᠪ ᠤᠨ ᠲᠠᠭᠤᠤ ᠶᠢ ᠠᠮᠳᠠᠷᠬᠠᠨ᠂ ᠦᠷᠯᠦᠭᠡ ᠡᠷᠳᠡ ᠪᠠᠷ ᠤᠷᠳᠤ ᠶᠢᠨ ᠲᠠᠭᠤᠤ ᠲᠠᠭᠤᠯᠠᠨ | ᠠᠬᠠᠮᠠᠳ ᠨᠠᠰᠤᠳᠠᠳ ᠲᠠᠭᠠᠨ ᠴᠦ ᠵᠠᠩᠨᠠᠭᠤᠯᠵᠤ ᠪᠠᠶᠢᠵᠠᠢ᠃ ᠮᠦᠡᠭᠭᠡᠵᠢᠷᠭᠠᠯ ᠲᠠᠭᠤᠤ ᠶᠢ ᠰᠠᠶᠢᠬᠠᠨ | ᠲᠠᠭᠤᠯᠠᠳᠠᠭ ᠢᠶᠠᠷ ᠢᠶᠠᠨ ᠠᠶᠢᠯ ᠤᠰᠤᠨ ᠳᠠᠭᠠᠨ ᠨᠡᠷ᠎ᠡ ᠭᠠᠷᠤᠭᠰᠠᠨ ᠪᠢᠴᠢᠬᠠᠨ ᠲᠠᠭᠤᠴᠢᠨ ᠪᠤᠯᠵᠤ᠂ ᠠᠶᠢᠯ ᠳᠤᠨᠢ | ᠲᠡᠷᠡᠴᠢᠯᠡᠨ ᠪᠤᠰᠤᠳ ᠠᠶᠢᠯ ᠳᠤᠨᠢ ᠬᠤᠷᠢᠮ ᠨᠠᠶᠢᠷ ᠪᠤᠯᠪᠠᠯ ᠲᠡᠭᠦᠨ ᠢ ᠲᠠᠭᠤᠴᠢᠨ ᠢᠶᠠᠷ ᠵᠠᠯᠠᠵᠤ᠂ ᠮᠦᠡᠭᠭᠡᠵᠢᠷᠭᠠᠯ ᠴᠦ | ᠠᠪᠠᠭ᠎ᠠ ᠡᠭᠡᠴᠢ ᠠᠴᠠ ᠪᠠᠨ ᠰᠤᠷᠤᠭᠰᠠᠨ ᠬᠡᠤᠬᠡᠳ ᠤᠨ ᠲᠠᠭᠤᠤ᠂ ᠤᠬᠤᠷ ᠲᠠᠭᠤᠤ ᠲᠠᠭᠤᠯᠠᠵᠤ ᠤᠯᠠᠨ ᠢᠶᠠᠨ | ᠪᠠᠶᠠᠰᠬᠠᠵᠤ ᠪᠠᠶᠢᠭᠰᠠᠨ ᠪᠤᠯ ᠬᠤᠵᠢᠮ ᠨᠢ ︽ᠪᠤᠭᠳᠠ ᠴᠢᠩᠭᠢᠰ︾᠂ ︽ᠵᠠᠩ ᠮᠦᠷᠡᠨ ᠤ ᠤᠰᠤ︾᠂ ︽ | ᠪᠦᠮᠪᠠᠢ ᠶᠢᠨ ᠰᠢᠯᠢ︾ ᠭᠡᠳ ᠰᠠᠶᠢᠬᠠᠨ ᠰᠠᠶᠢᠬᠠᠨ ᠤᠷᠳᠤ ᠶᠢᠨ ᠲᠠᠭᠤᠤ ᠲᠠᠭᠤᠯᠠᠵᠤ᠂ ᠡᠮᠡᠭᠡ ᠪᠠᠨ ᠰᠢᠭ ᠬᠤᠷᠢᠮ | ᠨᠠᠶᠢᠷ ᠲᠤ ᠵᠠᠯᠠᠭᠳᠠᠳᠠᠭ ᠲᠠᠭᠤᠴᠢᠨ ᠪᠤᠯᠤᠭᠰᠠᠨ ᠠᠵᠢ᠃ ᠪᠠᠰᠠ ᠰᠤᠮᠤᠨ ᠤ ᠪᠠᠨ ᠪᠦᠵᠢᠭ ᠤᠨ ᠪᠠᠭᠠᠷ ᠢᠶᠠᠷ ᠲᠠᠭᠤᠤ | ᠲᠠᠭᠤᠯᠠᠵᠤ᠂ ᠰᠤᠮᠤᠨ ᠤ ᠪᠠᠨ ᠲᠠᠭᠤᠤ ᠶᠢᠨ ᠤᠷᠤᠯᠳᠤᠭᠠᠨ ᠢᠶᠠᠷ ᠲᠡᠷᠢᠭᠦᠨ ᠱᠠᠩ ᠲᠤᠰᠴᠤ ᠪᠠᠶᠢᠭᠰᠠᠨ ᠨᠢ ᠲᠡᠭᠦᠨ ᠤ | ᠲᠠᠭᠤᠴᠢᠨ ᠪᠤᠯᠬᠤ ᠠᠩᠬᠠᠨ ᠤ ᠤᠷᠠᠯᠢᠭ ᠤᠨ ᠲᠠᠶᠢᠰᠠ ᠪᠤᠯᠵᠤ ᠪᠠᠶᠢᠭᠰᠠᠨ ᠤᠴᠢᠷᠳᠠᠢ᠃ | ᠠᠮᠢᠳᠤᠷᠠᠯ ᠤᠨ ᠲᠦᠯᠦᠭᠡᠨ ᠤ ᠬᠦᠴᠢᠷ ᠠᠮᠰᠠᠵᠤ ᠶᠠᠪᠤᠭᠰᠠᠨ ᠵᠠᠯᠠᠭᠤ ᠪᠠᠭ᠎ᠠ ᠨᠠᠰᠤ | ᠮᠦᠡᠭᠭᠡᠵᠢᠷᠭᠠᠯ ᠲᠠᠭᠤᠤ ᠰᠠᠶᠢᠬᠠᠨ ᠲᠠᠭᠤᠯᠠᠵᠤ ᠶᠠᠪᠤᠭᠰᠠᠨ ᠴᠦ ᠠᠮᠢᠳᠤᠷᠠᠯ ᠲᠡᠭᠦᠨ ᠳᠤ ᠰᠠᠶᠢᠬᠠᠨ ︽ᠲᠠᠭᠤᠤ | ︾ ᠦᠭᠴᠦ ᠴᠢᠳᠠᠭ᠎ᠠ ᠦᠭᠡᠢ᠃ ᠲᠡᠭᠦᠨ ᠢ ᠲᠦᠭᠦᠭᠡ ᠤᠷᠤᠭᠰᠠᠨ ᠠᠴᠠ ᠨᠠᠰᠢ ᠡᠵᠢ ᠨᠢ ᠡᠪᠡᠳᠴᠢᠨ ᠠᠴᠠ ᠪᠤᠯᠵᠤ | ᠭᠡᠷ ᠤᠨ ᠠᠵᠢᠯ ᠬᠢᠵᠤ ᠲᠡᠶᠢᠯᠬᠦ ᠦᠭᠡᠢ᠂ ᠠᠪᠤ ᠨᠢ ᠴᠦ ᠵᠢᠷᠦᠬᠡᠨ ᠡᠪᠡᠳᠴᠢᠨ ᠠᠴᠠ ᠪᠤᠯᠵᠤ ᠬᠦᠨᠳᠦ ᠠᠵᠢᠯ ᠬᠢᠵᠤ | ᠲᠡᠶᠢᠯᠬᠦ ᠦᠭᠡᠢ ᠲᠤᠯᠠ ᠮᠦᠡᠭᠭᠡᠵᠢᠷᠭᠠᠯ ᠠᠩᠬ᠎ᠠ ᠲᠤᠮᠳᠠᠳᠤ ᠶᠢᠨ ᠨᠢᠭᠡᠳᠦᠭᠡᠷ ᠤᠨ ᠢᠶᠠᠨ ᠴᠦ ᠪᠦᠳᠦᠨ ᠦᠵᠡᠭᠰᠡᠨ | ᠦᠭᠡᠢ ᠪᠠᠷ ᠠᠪᠤ ᠡᠵᠢ ᠳᠡᠭᠡᠨ ᠲᠤᠰᠠ ᠪᠤᠯᠬᠤ ᠭᠡᠵᠤ ᠰᠤᠷᠭᠠᠭᠤᠯᠢ ᠠᠴᠠ ᠪᠠᠨ ᠵᠤᠭᠰᠤᠵᠠᠢ᠃ ᠠᠪᠤ ᠡᠵᠢ ᠨᠢ ᠬᠦᠨᠳᠦ | ᠠᠵᠢᠯ ᠬᠢᠵᠤ ᠲᠡᠶᠢᠯᠬᠦ ᠦᠭᠡᠢ ᠪᠤᠯᠬᠤᠷ ᠲᠡᠳᠡᠨ ᠤ ᠠᠮᠢᠳᠤᠷᠠᠯ ᠨᠢ ᠨᠡᠯᠢᠶᠡᠳ ᠬᠦᠴᠢᠷ ᠲᠠᠢ ᠪᠤᠯᠵᠤ᠂ ᠮᠦᠡᠭᠭᠡᠵᠢᠷᠭᠠᠯ | ᠪᠦᠬᠦ ᠭᠡᠷ ᠤᠨ ᠢᠶᠠᠨ ᠠᠵᠢᠯ ᠢ ᠨᠢᠷᠠᠢ ᠵᠦᠭᠡᠯᠡᠨ ᠮᠦᠷᠦ ᠲᠡᠭᠡᠷ᠎ᠡ ᠪᠠᠨ ᠲᠠᠭᠠᠭᠠᠨ ᠠᠪᠤᠭᠰᠠᠨ ᠰᠠᠨ᠃ ᠲᠡᠷᠡ ᠮᠠᠯ | ᠤᠨᠤᠭ᠎ᠠ ᠬᠠᠷᠢᠭᠤᠯᠬᠤ ᠶᠢᠨ ᠬᠠᠮᠳᠤ ᠬᠤᠭᠤᠯᠠ ᠪᠤᠳᠠᠭ᠎ᠠ ᠪᠡᠯᠡᠳᠬᠦ ᠠᠵᠢᠯ ᠢ ᠪᠦᠷ ᠬᠢᠵᠤ᠂ ᠠᠷᠪᠠᠨ ᠬᠤᠶᠠᠷ | ᠨᠠᠰᠤᠨ ᠳᠠᠭᠠᠨ ᠡᠪᠡᠰᠦ ᠬᠠᠳᠤᠬᠤ ᠶᠢ ᠰᠤᠷᠴᠤ᠂ ᠠᠷᠪᠠᠨ ᠵᠢᠷᠭᠤᠭᠠᠨ ᠨᠠᠰᠤᠨ ᠠᠴᠠ ᠪᠠᠨ ᠡᠬᠢᠯᠡᠨ ᠠᠭᠤᠯᠠᠨ ᠠᠴᠠ | ᠴᠢᠯᠠᠭᠤ ᠭᠠᠷᠭᠠᠨ ᠭᠤᠷᠪᠠᠨ ᠬᠦᠷᠳᠦᠳᠦ ᠲᠡᠷᠭᠡ ᠪᠠᠷ ᠢᠶᠠᠨ ᠠᠶᠢᠯ ᠲᠤᠭᠤᠷᠢᠨ ᠬᠤᠳᠠᠯᠳᠤᠵᠤ᠂ ᠵᠠᠷᠢᠮ ᠵᠢᠯ ᠳᠡᠭᠡᠨ | ᠲᠠᠪᠢᠭᠠᠳ ᠲᠡᠷᠭᠡ ᠲᠡᠭᠡᠭᠡᠵᠤ᠂ ᠵᠢᠷᠭᠤᠭᠠᠨ ᠵᠢᠯ ᠨᠡᠶᠢᠳᠡᠮ ᠬᠢᠭᠰᠡᠨ ᠠᠵᠢ᠃ ᠨᠠᠰᠤ ᠪᠠᠭ᠎ᠠ ᠪᠠᠶᠢᠭᠰᠠᠨ ᠪᠤᠯᠬᠤᠷ | ᠰᠠᠯᠬᠢ ᠶᠡᠭᠡ ᠲᠠᠢ ᠡᠳᠦᠷ ᠡᠪᠡᠰᠦ ᠪᠠᠨ ᠲᠡᠭᠡᠭᠡᠵᠤ ᠲᠡᠶᠢᠯᠬᠦ ᠦᠭᠡᠢ ᠭᠠᠴᠢᠭᠳᠠᠨ᠂ ᠬᠦᠨᠳᠦ ᠴᠢᠯᠠᠭᠤ ᠶᠢ ᠡᠷᠭᠦᠵᠤ | ᠲᠡᠶᠢᠯᠬᠦ ᠦᠭᠡᠢ ᠡᠭᠦᠷᠳᠦᠨ ᠵᠤᠪᠠᠵᠤ ᠴᠦ ᠶᠠᠪᠤᠯᠡ᠃ ᠬᠦᠴᠢᠷ ᠲᠠᠢ ᠠᠶᠢᠯ ᠤᠨ ᠬᠡᠤᠬᠡᠳ ᠡᠷᠳᠡ ᠲᠤᠮᠤᠭᠠᠵᠢᠬᠤ | ᠵᠢᠮ᠎ᠡ ᠪᠠᠷ᠂ ᠲᠡᠷᠡ ᠭᠡᠷ ᠲᠡᠭᠡᠨ ᠲᠤᠰᠠ ᠲᠡᠮ ᠪᠤᠯᠬᠤ ᠶᠢᠨ ᠲᠦᠯᠦᠭᠡ ᠪᠤᠰᠤᠳ ᠤᠨ ᠬᠤᠨᠢ ᠶᠢ ᠬᠠᠷᠢᠭᠤᠯᠵᠤ᠂ | ᠲᠤᠤᠷ ᠦᠵᠡᠬᠦ ᠠᠵᠢᠯ ᠢ ᠬᠢᠵᠤ ᠦᠵᠡᠯ᠎ᠡ᠂ ᠠᠶᠢᠯ ᠤᠨ ᠠᠬᠠᠮᠠᠳ ᠠᠴᠠ ᠪᠠᠨ ᠮᠠᠰᠢᠨ ᠵᠠᠰᠠᠬᠤ ᠶᠢ ᠰᠤᠷᠴᠤ ᠬᠡᠳᠦᠨ | ᠵᠢᠯ ᠮᠠᠰᠢᠨ ᠵᠠᠰᠠᠵᠤ ᠴᠦ ᠶᠠᠪᠤᠯᠡ᠃ ᠠᠪᠤ ᠡᠵᠢ ᠶᠢᠨ ᠢᠶᠠᠨ ᠡᠪᠡᠳᠴᠢᠨ ᠢ ᠨᠢ ᠦᠵᠡᠭᠦᠯᠵᠤ᠂ ᠠᠩᠭ᠎ᠠ | ᠲᠡᠭᠦᠤᠨᠠᠷ ᠢᠶᠠᠨ ᠪᠢᠴᠢᠭ ᠦᠵᠡᠭᠦᠯᠬᠦ ᠶᠢᠨ ᠲᠦᠯᠦᠭᠡ᠂ ᠲᠡᠷᠡ ᠮᠦᠭᠳᠡᠨ ᠬᠤᠳᠠ ᠳᠤ ᠡᠭᠦᠳᠡ ᠬᠢᠬᠦ ᠠᠵᠢᠯ ᠬᠢᠵᠤ᠂ | ᠪᠡᠭᠡᠵᠢᠩ ᠬᠤᠳᠠ ᠳᠤ ᠪᠠᠷᠢᠯᠭ᠎ᠠ ᠶᠢᠨ ᠭᠠᠵᠠᠷ ᠬᠦᠴᠦᠨ ᠤ ᠠᠵᠢᠯ ᠬᠢᠵᠤ᠂ ᠬᠦᠬᠡᠬᠤᠳᠠ ᠳᠤ ᠬᠤᠭᠤᠯᠠᠨ ᠭᠡᠷ ᠲᠤ | ᠲᠠᠭᠤᠤ ᠲᠠᠭᠤᠯᠠᠵᠤ᠂ ᠶᠤᠰᠤᠳᠠᠢ ᠭᠡᠭᠡᠷ᠎ᠡ ᠬᠤᠨᠤᠵᠤ ᠭᠡᠳᠡ ᠲᠡᠷᠡᠯᠡᠵᠤ ᠶᠠᠪᠤᠭᠰᠠᠨ ᠳ᠋ᠠ᠃ | ― ᠬᠠᠮᠳᠤ ᠰᠤᠷᠤᠯᠭᠠᠳᠠᠳ ᠮᠠᠨᠢ ᠰᠤᠷᠭᠠᠭᠤᠯᠢ ᠰᠤᠶᠤᠯ ᠤᠨ ᠮᠦᠷ ᠬᠦᠭᠡᠭᠡᠵᠤ ᠶᠠᠪᠤᠭ᠎ᠠ ᠶᠢ ᠬᠠᠷᠠᠭᠠᠳ ᠮᠢᠨᠤ | ᠬᠤᠪᠢ ᠵᠠᠶᠠᠭ᠎ᠠ ᠡᠶᠢᠮᠦ ᠯᠡ ᠪᠠᠶᠢᠵᠠᠢ ᠭᠡᠵᠤ ᠬᠠᠶᠠ ᠭᠤᠳᠤᠷᠠᠨ ᠭᠤᠨᠢᠵᠤ ᠪᠠᠶᠢᠭᠰᠠᠨ᠂ ᠭᠡᠶ᠎ᠡ ᠠᠮᠢᠳᠤᠷᠠᠯ ᠤᠨ | ᠬᠠᠳᠠᠭᠤ ᠨᠤᠭᠤᠴᠠᠭ᠎ᠠ ᠶᠢ ᠬᠦᠮᠦᠨ ᠲᠤᠭᠤᠯᠵᠤ ᠭᠠᠷᠬᠤ ᠤᠴᠢᠷᠳᠠᠢ ᠬᠤᠶᠢᠨ᠎ᠡ᠂ ᠪᠢ ᠮᠠᠯ ᠤᠨᠤᠭ᠎ᠠ ᠬᠠᠷᠢᠭᠤᠯᠵᠤ | ᠪᠤᠷᠤᠭᠠᠨ ᠤᠰᠤᠨ ᠳᠤ ᠨᠤᠷᠤᠭᠳᠠᠬᠤ᠂ ᠴᠢᠯᠠᠭᠤ ᠲᠡᠪᠡᠷᠢᠵᠤ ᠬᠦᠯᠦᠰᠦ ᠤᠷᠤᠰᠬᠠᠬᠤ ᠮᠡᠳᠦ ᠶᠢᠨ ᠤᠯᠠᠨ ᠤᠯᠠᠨ | ᠬᠠᠯᠠ ᠶᠢ ᠲᠠᠭᠠᠭᠠᠵᠤ᠂ ᠭᠡᠷ ᠲᠡᠭᠡᠨ ᠲᠤᠯᠭᠠᠭᠤᠷᠢ ᠨᠢᠷᠤᠭᠤ ᠪᠤᠯᠵᠤ ᠶᠠᠪᠤᠭᠰᠠᠨ ᠳᠠᠭᠠᠨ ᠮᠦᠨ ᠤᠮᠤᠭᠰᠢᠳᠠᠭ ᠶᠤᠮ | ᠭᠡᠵᠤ ᠬᠦᠴᠢᠷ ᠢ ᠲᠤᠭᠤᠯᠵᠤ ᠢᠷᠡᠭᠰᠡᠨ ᠦᠡᠭᠭᠡᠷᠡᠯᠳᠡ ᠪᠠᠨ ᠡᠷᠬᠢᠴᠡᠭᠦᠯᠦᠨᠡ᠃ | ᠤᠷᠤᠯᠳᠤᠭᠠᠨ ᠤ ᠦᠨᠳᠦᠷ ᠱᠠᠩᠨᠠᠯ ᠲᠠᠢ ᠤᠷᠳᠤ ᠶᠢᠨ ᠲᠠᠭᠤᠴᠢᠨ | ᠮᠦᠡᠭᠭᠡᠵᠢᠷᠭᠠᠯ 2007 ᠤᠨ ᠤ 8 ᠰᠠᠷ᠎ᠡ ᠳᠤ ᠬᠦᠷᠢᠶ᠎ᠡ ᠬᠤᠰᠢᠭᠤᠨ ᠤ ᠤᠯᠠᠭᠠᠨᠮᠦ᠋ᠴᠢᠷ ᠤᠨ ᠭᠤᠴᠤᠯᠠᠯ | ᠲᠠᠭᠤᠴᠢᠨ ᠢᠶᠠᠷ ᠡᠯᠰᠡᠭᠳᠡᠭᠰᠡᠨ ᠶᠤᠮ᠃ ᠲᠤᠬᠠᠢ ᠶᠢᠨ ᠦᠶ᠎ᠡ ᠳᠤ᠂ ᠬᠦᠷᠢᠶ᠎ᠡ ᠬᠤᠰᠢᠭᠤᠨ ᠤ ᠤᠯᠠᠭᠠᠨᠮᠦ᠋ᠴᠢᠷ ᠤᠨ | ᠲᠠᠷᠤᠭ᠎ᠠ ᠤᠤᠭᠠᠨᠪᠠᠶᠠᠷ ᠠᠴᠠ ᠮᠦᠡᠭᠭᠡᠵᠢᠷᠭᠠᠯ ᠤᠨ ᠤᠷᠤᠯᠳᠤᠭᠠᠨ ᠳᠤ ᠤᠷᠤᠯᠴᠠᠭᠰᠠᠨ ᠰᠢᠩᠭᠡᠭᠡᠯᠳᠡ ᠶᠢᠨ | ᠲᠠᠭᠤᠤ ᠶᠢ ᠨᠢ ᠰᠤᠨᠤᠰᠤᠭᠠᠳ ᠮᠠᠰᠢ ᠲᠤᠭᠤᠵᠤ ᠲᠤᠰᠬᠠᠢᠢᠯᠠᠨ ᠬᠦᠬᠡᠬᠤᠳᠠ ᠬᠦᠷᠴᠦ ᠲᠡᠭᠦᠨ ᠢ ᠬᠦᠷᠢᠶ᠎ᠡ | ᠬᠤᠰᠢᠭᠤᠨ ᠳᠠᠭᠠᠨ ᠠᠪᠴᠢᠷᠠᠭᠰᠠᠨ ᠪᠢᠯᠡ᠃ | ― ᠤᠤᠭᠠᠨᠪᠠᠶᠠᠷ ᠪᠠᠭᠰᠢ ᠶᠠᠭ ᠯᠡ ᠮᠢᠨᠤ ᠭᠡᠷ ᠤᠨ ᠠᠬᠠᠮᠠᠳ ᠰᠢᠬ ᠢᠶᠠᠷ ᠨᠠᠮᠠᠢᠢ ᠬᠠᠯᠠᠮᠵᠢᠯᠠᠵᠤ ᠬᠦᠮᠦᠨ | ᠪᠤᠯᠭᠠᠭᠰᠠᠨ ᠠᠴᠢᠳᠠᠨ ᠰᠠᠨ᠂ ᠲᠡᠭᠡᠬᠦ ᠪᠠᠷ ᠪᠢ ᠲᠡᠭᠦᠨ ᠤ ᠢᠳᠡᠭᠡᠯ ᠬᠠᠶᠢᠷ᠎ᠡ ᠳᠤ ᠲᠦᠰᠢᠵᠤ ᠪᠤᠯᠤᠮᠠᠷ ᠭᠡᠰᠡᠨ | ᠲᠠᠭᠤᠴᠢᠨ ᠪᠤᠯᠵᠤ ᠬᠦᠷᠢᠶ᠎ᠡ ᠤᠯᠠᠭᠠᠨᠮᠦ᠋ᠴᠢᠷ ᠤᠨ ᠢᠶᠠᠨ ᠠᠯᠳᠠᠷ ᠢ ᠡᠷᠬᠦᠬᠦ ᠳᠤ ᠨᠢᠭᠡᠨ ᠮᠦᠷᠦᠨ ᠤ ᠬᠦᠴᠦ ᠪᠠᠨ | ᠡᠷᠭᠦᠬᠦ ᠭᠡᠵᠤ ᠴᠢᠷᠮᠠᠶᠢᠵᠤ ᠢᠷᠠᠯᠡ ᠭᠡᠵᠤ ᠲᠠᠷᠤᠤᠬᠠᠨ ᠬᠡᠯᠡᠨ᠎ᠡ᠃ | ᠮᠦᠡᠭᠭᠡᠵᠢᠷᠭᠠᠯ ᠤᠯᠠᠭᠠᠨᠮᠦ᠋ᠴᠢᠷ ᠲᠤ ᠢᠷᠡᠭᠰᠡᠨ ᠴᠠᠭ ᠠᠴᠠ ᠪᠠᠨ ᠠᠪᠤᠭᠠᠳ ᠬᠠᠮᠳᠤ ᠠᠵᠢᠯᠳᠠᠨ ᠠᠴᠠ ᠪᠠᠨ | ᠬᠢᠴᠢᠶᠡᠩᠭᠦᠢ ᠰᠤᠷᠤᠯᠴᠠᠵᠤ᠂ ᠲᠠᠭᠤᠤ ᠶᠢᠨ ᠨᠤᠲ ᠠᠴᠠ ᠲᠠᠭᠤᠯᠬᠠᠤ ᠮᠡᠷᠭᠡᠵᠢᠯ ᠬᠦᠷᠳᠡᠯ᠎ᠡ ᠠᠯᠢ ᠤᠯᠠᠨ | ᠤᠷᠠᠯᠢᠭ ᠤᠨ ᠡᠷᠳᠡᠮ ᠢ ᠰᠢᠮᠡᠳᠠᠢ ᠰᠤᠷᠤᠯᠴᠠᠵᠤ᠂ ᠦᠪᠡᠷ ᠤᠨ ᠮᠡᠷᠭᠡᠵᠢᠯ ᠤᠨ ᠲᠠᠭᠤᠴᠢᠨ ᠪᠤᠯᠬᠤ ᠵᠠᠮ ᠳᠠᠭᠠᠨ | ᠰᠠᠭᠤᠷᠢ ᠲᠠᠯᠪᠢᠵᠤ ᠪᠠᠶᠢᠭᠰᠠᠨ᠃ ᠬᠦᠳᠡᠭᠡ ᠪᠠᠷ ᠲᠤᠭᠯᠠᠯᠳᠠ ᠭᠠᠷᠭᠠᠵᠤ ᠶᠠᠪᠤᠬᠤ ᠳᠤ᠂ ᠡᠩ ᠤᠨ ᠪᠠᠶᠢᠳᠠᠯ ᠳᠤ ᠨᠢᠭᠡ | ᠤᠳᠠᠭᠠᠨ ᠤ ᠲᠤᠭᠯᠠᠯᠳᠠ ᠳᠤ ᠭᠤᠴᠤᠯᠠᠯ ᠲᠠᠭᠤᠴᠢᠨ ᠬᠤᠶᠠᠷ ᠲᠠᠭᠤᠤ ᠲᠠᠭᠤᠯᠠᠬᠤ ᠡᠭᠦᠷᠭᠡ ᠲᠠᠢ ᠴᠦ ᠵᠠᠷᠢᠮ ᠳᠠᠭᠠᠨ | ᠮᠦᠡᠭᠭᠡᠵᠢᠷᠭᠠᠯ ᠦᠵᠡᠭᠴᠢᠳ ᠤᠨ ᠨᠠᠶᠢᠳᠠᠯᠭ᠎ᠠ ᠪᠠᠷ ᠵᠢᠷᠭᠤᠭ᠎ᠠ ᠲᠤᠯᠤᠭᠠᠨ ᠲᠠᠭᠤᠤ ᠲᠠᠭᠤᠯᠠᠬᠤ ᠶᠠᠪᠤᠳᠠᠯ ᠦᠷᠬᠦᠯᠵᠢ | ᠭᠠᠷᠳᠠᠭ᠃ ᠤᠶᠠᠩᠭᠠᠳᠤ ᠲᠠᠭᠤᠤ ᠳᠤᠨᠢ ᠰᠤᠭᠳᠤᠭᠤᠷᠠᠭᠰᠠᠨ ᠮᠠᠯᠴᠢᠨ ᠲᠠᠷᠢᠶᠠᠴᠢᠳ ᠨᠢ ᠲᠡᠭᠡᠭᠡᠳ᠄ ︽ᠮᠠᠨ ᠤ | ᠲᠡᠭᠦᠤ᠂ ᠮᠢᠨᠤ ᠬᠦᠤ ᠰᠠᠶᠢᠬᠠᠨ ᠲᠠᠭᠤᠯᠠᠵᠤ ᠪᠠᠶᠢᠨ᠎ᠡ᠂ ᠮᠠᠨ ᠤ ᠬᠤᠰᠢᠭᠤᠨ ᠤ ᠨᠡᠷ᠎ᠡ ᠲᠦᠷᠦ ᠶᠢ ᠰᠠᠶᠢᠬᠠᠨ ᠠᠪᠴᠤ | ᠶᠠᠪᠤᠵᠤ ᠪᠠᠶᠢᠨ᠎ᠡ︾ ᠭᠡᠵᠤ ᠡᠷᠡᠭᠡᠢ ᠭᠤᠵᠦ᠋ᠢᠯᠭᠠᠨ ᠮᠠᠭᠳᠠᠳᠠᠭ ᠠᠵᠢ᠃ | ᠦᠨᠡᠬᠡᠷ ᠴᠦ ᠤᠯᠠᠨ ᠲᠦᠮᠡᠨ ᠤ ᠪᠠᠨ ᠦᠨᠡᠯᠡᠭᠰᠡᠨ ᠰᠢᠭ ᠢᠶᠠᠷ ᠮᠦᠡᠭᠭᠡᠵᠢᠷᠭᠠᠯ ᠡᠨᠡ ᠬᠡᠳᠦᠨ ᠵᠢᠯ ᠳᠤ | ᠨᠡᠯᠢᠶᠡᠳ ᠶᠡᠭᠡ ᠬᠡᠪᠴᠢᠶᠡᠨ ᠤ ᠲᠠᠭᠤᠤ ᠶᠢᠨ ᠤᠷᠤᠯᠳᠤᠭᠠᠨ ᠳᠤ ᠤᠷᠤᠯᠴᠠᠭᠠᠳ ᠤᠯᠠᠨ ᠤᠯᠠᠨ ᠢᠷᠠᠭᠤ ᠠᠯᠳᠠᠷ | ᠬᠦᠷᠳᠡᠵᠤ᠂ ᠬᠦᠷᠢᠶ᠎ᠡ ᠬᠤᠰᠢᠭᠤᠨ ᠤ ᠨᠡᠷ᠎ᠡ ᠠᠯᠳᠠᠷ ᠢ ᠡᠷᠭᠦᠵᠤ ᠶᠠᠪᠤᠭ᠎ᠠ᠃ ︽ᠵᠢᠷᠢᠮ ᠤᠨ ᠠᠯᠳᠠᠨ ᠤ ᠲᠡᠯᠭᠡᠭᠦᠷ︾ | ᠬᠤᠨᠳᠠᠭᠠᠳᠤ ᠲᠤᠮᠳᠠᠳᠤ ᠶᠢᠨ ᠬᠤᠷᠴᠢᠨ · ᠤᠯᠠᠨ ᠤᠯᠤᠰ ᠤᠨ ᠮᠠᠩᠯᠠᠢ ᠲᠠᠭᠤᠴᠢᠨ ᠰᠢᠯᠭᠠᠷᠠᠭᠤᠯᠬᠤ ᠲᠧᠯᠧᠢᠰ | ᠲᠡᠮᠡᠴᠡᠭᠡᠨ ᠤ ᠲᠡᠷᠢᠭᠦᠨ᠂ ᠪᠦᠬᠦ ᠤᠯᠤᠰ ᠤᠨ ᠨᠠᠢᠮᠠᠨ ᠮᠤᠵᠢ ᠤᠷᠤᠨ ᠤ ᠠᠩᠬᠠᠳᠤᠭᠠᠷ ᠬᠤᠭᠤᠴᠠᠭᠠᠨ ᠤ ︽ | ᠵᠠᠭᠤᠨᠠᠰᠤᠳᠤ︾ ᠨᠡᠷᠡᠮᠵᠢᠳᠤ ᠤᠷᠳᠤ ᠶᠢᠨ ᠲᠠᠭᠤᠤ ᠶᠢᠨ ᠤᠷᠤᠯᠳᠤᠭᠠᠨ ᠤ ᠭᠤᠳᠠᠭᠠᠷ ᠲᠡᠰ᠂ ︽ᠦᠵᠡᠰᠭᠦᠯᠡᠩᠳᠤ | ᠰᠠᠶᠢᠬᠠᠨ ᠦᠪᠦᠷ ᠮᠤᠩᠭᠤᠯ︾ 2016 ᠤᠨ ᠤ ᠪᠦᠬᠦ ᠤᠷᠤᠨ ᠤ ᠲᠠᠭᠤᠤ ᠶᠢᠨ ᠤᠷᠤᠯᠳᠤᠭᠠᠨ ᠤ ᠤᠷᠳᠤ ᠶᠢᠨ | ᠲᠠᠭᠤᠤ ᠶᠢᠨ ᠲᠤᠭᠤᠢᠢᠯᠠᠩ ᠤᠨ ᠬᠤᠶᠠᠳᠤᠭᠠᠷ ᠲᠡᠰ ᠁ ᠵᠡᠷᠭᠡ ᠤᠯᠠᠨ ᠤᠯᠠᠨ ᠢᠷᠠᠭᠤ ᠠᠯᠳᠠᠷ ᠨᠢ | ᠮᠦᠡᠭᠭᠡᠵᠢᠷᠭᠠᠯ ᠤᠨ ᠲᠠᠭᠤᠯᠠᠬᠤ ᠰᠠᠶᠢᠬᠠᠨ ᠢ ᠭᠡᠷᠡᠴᠢᠯᠡᠨ᠎ᠡ᠃ | ― ︽ᠵᠠᠭᠤᠨᠠᠰᠤᠳᠤ︾ ᠨᠡᠷᠡᠮᠵᠢᠳᠤ ᠤᠷᠳᠤ ᠶᠢᠨ ᠲᠠᠭᠤᠤ ᠶᠢᠨ ᠤᠷᠤᠯᠳᠤᠭᠠᠨ ᠳᠤ ᠤᠷᠤᠯᠴᠠᠭᠰᠠᠨ ᠮᠠᠨᠢ | ᠨᠠᠳᠠᠳᠤ ᠶᠡᠬᠡᠭᠡᠨ ᠰᠠᠭᠤᠭᠳᠠᠯ ᠦᠯᠡᠳᠡᠭᠡᠭᠰᠡᠨ᠂ ᠤᠷᠤᠯᠳᠤᠭᠠᠨ ᠨᠢ ᠤᠷᠳᠤ ᠶᠢᠨ ᠲᠠᠭᠤᠤ ᠶᠢᠨ ᠦᠯᠦᠭᠡᠢ ᠪᠤᠯᠤᠭᠰᠠᠨ | ᠰᠢᠯᠢ ᠶᠢᠨ ᠭᠤᠤᠯ ᠠᠶᠢᠮᠠᠭ ᠲᠤ ᠶᠠᠪᠤᠭᠳᠠᠭᠰᠠᠨ ᠤ ᠲᠡᠭᠡᠷ᠎ᠡ ᠤᠷᠳᠤ ᠶᠢᠨ ᠲᠠᠭᠤᠤ ᠪᠠᠷ ᠨᠡᠷ᠎ᠡ ᠭᠠᠷᠴᠤ ᠪᠠᠶᠢᠭ᠎ᠠ | ᠰᠡᠴᠡᠨᠭᠡᠷᠡᠯ᠂ ᠮᠠᠨᠳᠠᠯᠳᠤ᠂ ᠪᠠᠭᠠᠳᠤᠷ᠂ ᠤᠤᠬᠠᠤᠨᠳᠤᠶᠠᠭᠠ ᠵᠡᠷᠭᠡ ᠲᠠᠭᠤᠴᠢᠳ ᠬᠤᠷᠠᠨ ᠴᠤᠭᠯᠠᠷᠠᠵᠤ | ᠤᠷᠤᠯᠳᠤᠭᠠᠨ ᠳᠤ ᠮᠦᠷᠦ᠋ᠢᠴᠡᠭᠰᠡᠨ ᠠᠴᠠ ᠮᠢᠨᠤ ᠲᠠᠷᠤᠯᠳᠠ ᠴᠦ ᠶᠡᠭᠡ ᠪᠠᠶᠢᠭᠰᠠᠨ᠂ ᠤᠷᠤᠯᠳᠤᠭᠠᠨ ᠳᠤ ︽ᠨᠠᠮᠤᠭ | ᠴᠡᠭᠡᠯ ᠤᠨ ᠪᠤᠷᠭᠠᠰᠤ︾᠂ ︽ᠯᠠᠮᠠ ᠶᠢᠨ ᠲᠠᠷᠬᠠᠨ︾ ᠭᠡᠬᠦ ᠲᠠᠭᠤᠤ ᠪᠠᠷ ᠢᠶᠠᠨ ᠭᠤᠷᠪᠠᠳᠤᠭᠠᠷ ᠲᠡᠰ ᠲᠤ | ᠲᠤᠳᠤᠷᠠᠭᠰᠠᠨ ᠢᠶᠠᠷ ᠢᠶᠠᠨ ᠪᠢ ᠴᠦ ᠶᠡᠭᠡ ᠵᠤᠷᠢᠬᠵᠢᠵᠤ ᠶᠠᠪᠤᠭᠰᠠᠨ᠃ ᠢᠯᠠᠩᠭᠤᠶ᠎ᠡ ᠤᠷᠳᠤ ᠶᠢᠨ ᠲᠠᠭᠤᠤ ᠶᠢᠨ | ᠠᠪᠤᠷᠭᠤ ᠮᠧᠳᠡᠭ ᠨᠠᠰᠤᠳᠠᠨ ᠠᠴᠠ ᠨᠠᠮᠠᠢᠢ᠄ ︽ᠬᠤᠭᠤᠯᠠᠢ ᠰᠠᠶᠢᠨ ᠬᠦᠤ ᠪᠠᠶᠢᠨ᠎ᠡ᠂ ᠤᠷᠳᠤ ᠶᠢᠨ ᠲᠠᠭᠤᠤ ᠶᠢ | ᠰᠠᠶᠢᠬᠠᠨ ᠲᠠᠭᠤᠯᠠᠵᠤ ᠪᠠᠶᠢᠨ᠎ᠡ︾ ᠭᠡᠵᠤ ᠦᠨᠡᠯᠡᠭᠰᠡᠨ ᠳᠤᠨᠢ ᠶᠤᠰᠤᠳᠠᠢ ᠪᠢᠴᠢᠬᠠᠨ ᠬᠡᠤᠬᠡᠳ ᠰᠢᠬᠢᠷ ᠬᠦᠯᠬᠦᠭᠰᠡᠨ | ᠮᠡᠳᠦ ᠪᠠᠶᠠᠷᠯᠠᠭᠰᠠᠨ ᠡ︕ ᠭᠡᠵᠤ ᠤᠷᠤᠯᠳᠤᠭᠠᠨ ᠳᠤ ᠤᠷᠤᠯᠴᠠᠭᠰᠠᠨ ᠦᠡᠭᠭᠡᠷᠡᠯᠳᠡ ᠪᠠᠨ ᠡᠷᠬᠢᠴᠡᠭᠦᠯᠦᠨᠡ᠃ | ︽ᠵᠢᠷᠢᠮ ᠤᠨ ᠠᠯᠳᠠᠨ ᠤ ᠲᠡᠯᠭᠡᠭᠦᠷ︾ ᠬᠤᠨᠳᠠᠭᠠᠳᠤ ᠲᠤᠮᠳᠠᠳᠤ ᠶᠢᠨ ᠬᠤᠷᠴᠢᠨ ᠤᠯᠠᠨ ᠤᠯᠤᠰ ᠤᠨ ᠮᠠᠩᠯᠠᠢ | ᠲᠠᠭᠤᠴᠢᠨ ᠰᠢᠯᠭᠠᠷᠠᠭᠤᠯᠬᠤ ᠲᠧᠯᠧᠢᠰ ᠲᠡᠮᠡᠴᠡᠭᠡᠨ ᠤ ᠰᠢᠢᠳᠪᠦᠷᠢᠳᠤ ᠤᠷᠤᠯᠳᠤᠭᠠᠨ ᠲᠡᠭᠡᠷ᠎ᠡ ︽ᠵᠢᠤᠢ ᠬᠤᠸᠠᠷ︾᠂ | ︽ᠯᠠᠮᠠ ᠶᠢᠨ ᠲᠠᠷᠬᠠᠨ︾᠂ ︽ᠵᠢᠷᠤᠭ᠎ᠠ ᠶᠢᠨ ᠵᠢᠷᠤᠭ᠎ᠠ︾ ᠵᠡᠷᠭᠡ ᠭᠤᠷᠪᠠᠨ ᠲᠠᠭᠤᠤ ᠪᠠᠷ ᠢᠶᠠᠨ ᠲᠡᠷᠢᠭᠦᠨ ᠱᠠᠩᠨᠠᠯ | ᠲᠤᠰᠬᠤ ᠳᠤᠨᠢ ᠠᠶ᠎ᠡ ᠲᠠᠭᠤᠤ ᠶᠢ ᠨᠢ ᠰᠤᠨᠤᠰᠤᠭᠰᠠᠨ ᠬᠢᠨᠠᠭᠴᠢ ᠳ᠋ᠤᠺᠲ᠋ᠤᠷ ᠨᠠᠷᠠᠨᠳᠤᠶᠠᠭ᠎ᠠ ᠠᠴᠠ᠄ ︽ᠬᠦᠮᠦᠨ ᠢ | ᠬᠠᠨᠤᠳᠠᠯᠡ ᠲᠠᠭᠤᠯᠠᠬᠤ ᠲᠠᠭᠤᠴᠢᠨ ᠭᠡᠵᠤ ᠪᠠᠶᠢᠳᠠᠭ᠂ ᠡ᠊ᠨᠳᠡ ᠪᠢ ᠮᠦᠡᠭᠭᠡᠵᠢᠷᠭᠠᠯ ᠢ ᠪᠤᠳᠤᠵᠤ ᠪᠠᠶᠢᠨ᠎ᠡ︾ ᠭᠡᠵᠤ | ᠦᠨᠳᠦᠷ ᠦᠨᠡᠯᠡᠵᠤ ᠪᠠᠶᠢᠭᠰᠠᠨ᠃ ᠮᠤᠩᠭᠤᠯ ᠤᠯᠤᠰ ᠤᠨ ᠡᠩᠭᠡᠴᠡᠴᠡᠭ ᠪᠠᠭᠰᠢ ᠠᠴᠠ᠄ ︽ᠮᠦᠡᠭᠭᠡᠵᠢᠷᠭᠠᠯ | ᠲᠠᠭᠤᠤ ᠶᠢ ᠭᠠᠨᠭ᠍ᠭᠠᠡᠭ ᠲᠠᠭᠤᠯᠠᠳᠠᠭ ᠲᠠᠭᠤᠴᠢᠨ ᠪᠠᠶᠢᠨ᠎ᠡ︾ ᠭᠡᠵᠤ ᠮᠠᠭᠳᠠᠭᠠᠯ ᠢᠶᠠᠨ ᠬᠠᠶᠢᠷᠠᠯᠠᠵᠤ ᠪᠠᠶᠢᠭᠰᠠᠨ︔ | ᠳ᠋ᠤᠺᠲ᠋ᠤᠷ ᠭᠡᠷᠡᠯᠳᠦ ᠪᠠᠭᠰᠢ ᠠᠴᠠ᠄ ︽ᠮᠦᠡᠭᠭᠡᠵᠢᠷᠭᠠᠯ ᠤᠷᠳᠤ ᠶᠢᠨ ᠲᠠᠭᠤᠤ ᠶᠢ ᠠᠭᠤᠵᠢᠷᠠᠳᠠᠯᠡ ᠰᠠᠶᠢᠬᠠᠨ᠂ ᠪᠦᠷᠢᠨ | ᠭᠦᠢᠴᠡᠳ ᠲᠠᠭᠤᠯᠠᠵᠤ ᠪᠠᠶᠢᠨ᠎ᠡ᠂ ᠤᠷᠳᠤ ᠶᠢᠨ ᠲᠠᠭᠤᠤ ᠶᠢᠨ ᠡᠭᠡᠰᠢᠭ ᠨᠤᠭᠤᠯᠤᠭ᠎ᠠ ᠶᠢ ᠰᠠᠶᠢᠬᠠᠨ ᠭᠠᠷᠭᠠᠵᠤ᠂ ᠮᠠᠰᠢ | ᠤᠶᠠᠩᠭ᠎ᠠ ᠲᠠᠢ ᠭᠠᠷᠭᠠᠵᠤ ᠪᠠᠶᠢᠨ᠎ᠡ᠃ ᠲᠠᠭᠤᠯᠠᠬᠤ ᠳᠠᠭᠠᠨ ᠲᠡᠨᠢᠭᠦᠭᠡᠨ ᠪᠠᠶᠢᠵᠤ᠂ ᠵᠠᠷᠢᠮ ᠳᠠᠭᠠᠨ ᠵᠦᠭᠡᠯᠡᠷᠡᠵᠤ | ᠪᠠᠶᠢᠨ᠎ᠡ᠂ ᠪᠠᠰᠠ ᠵᠠᠷᠢᠮ ᠳᠠᠭᠠᠨ ᠲᠠᠯᠪᠢᠵᠤ ᠪᠠᠶᠢᠨ᠎ᠡ︾ ᠭᠡᠵᠤ ᠦᠨᠳᠦᠷ ᠦᠨᠡᠯᠡᠯᠳᠡ ᠬᠢᠭᠰᠡᠨ᠃ ᠴᠤᠬᠤᠮ ᠴᠦ | ᠰᠦᠨᠢᠳ ᠨᠤᠳᠤᠭ ᠲᠤ ᠬᠡᠯᠡᠯᠴᠡᠳᠡᠭ ︽ᠰᠠᠶᠢᠨ ᠮᠤᠷᠢᠨ ᠤ ᠬᠦᠶᠤᠳᠠᠯ ᠶᠠᠪᠤᠬᠤ ᠲᠤᠳᠤᠮ ᠢᠶᠠᠨ ᠴᠢᠩᠭᠠᠷᠠᠳᠠᠭ᠂ | ᠰᠠᠶᠢᠨ ᠲᠠᠭᠤᠴᠢᠨ ᠤ ᠬᠤᠭᠤᠯᠠᠢ ᠲᠠᠭᠤᠯᠠᠬᠤ ᠲᠤᠳᠤᠮ ᠢᠶᠠᠨ ᠬᠠᠨᠭ᠍ᠭᠢᠨᠠᠳᠠᠭ︾ ᠰᠢᠬ ᠢᠶᠠᠷ᠂ ᠮᠦᠡᠭᠭᠡᠵᠢᠷᠭᠠᠯ ᠤᠨ | ᠲᠠᠷᠢᠭᠦᠨ ᠪᠠᠶᠢᠷᠢ ᠶᠢᠨ ᠲᠠᠭᠤᠴᠢᠨ ᠪᠤᠯᠬᠤ ᠦᠶ᠎ᠡ ᠳᠡᠭᠡᠨ ︽ᠯᠠᠮᠠ ᠶᠢᠨ ᠲᠠᠷᠬᠠᠨ︾ ᠠᠴᠠ ᠪᠠᠨ ︽ᠵᠢᠷᠤᠭ᠎ᠠ ᠶᠢᠨ | ᠵᠢᠷᠤᠭ᠎ᠠ︾ ᠪᠠᠨ ᠬᠦᠷᠳᠡᠯ᠎ᠡ ᠲᠠᠭᠤᠯᠠᠬᠤ ᠳᠤ ᠬᠤᠭᠤᠯᠠᠢ ᠨᠢ ᠤᠯᠠᠮ ᠴᠢᠩᠭᠠᠷᠠᠵᠤ ᠪᠠᠶᠢᠭᠰᠠᠨ ᠨᠢ ᠤᠳᠤ ᠴᠦ ᠭᠡᠳ | ᠴᠢᠬᠢᠨ ᠳᠤ ᠬᠠᠨᠭ᠍ᠭᠢᠨᠠᠭᠰᠠᠭᠠᠷ ᠁ | ― ᠡᠨᠡ ᠬᠦᠤ ᠤᠷᠳᠤ ᠶᠢᠨ ᠲᠠᠭᠤᠤ ᠶᠢ ᠤᠶᠠᠷᠠᠭᠤᠨ ᠰᠠᠶᠢᠬᠠᠨ ᠲᠠᠭᠤᠯᠠᠵᠤ ᠪᠠᠶᠢᠨ᠎ᠡ᠂ ᠰᠤᠨᠤᠰᠬᠤ | ᠲᠤᠳᠤᠮ ᠰᠠᠶᠢᠬᠠᠨ ᠰᠤᠨᠤᠰᠳᠠᠭᠠᠳ ᠪᠠᠶᠢᠨ᠎ᠡ ᠭᠡᠵᠤ ᠨᠤᠳᠤᠭ ᠤᠨ ᠪᠤᠭᠤᠷᠤᠯ ᠤᠳ ᠮᠢᠨᠢ ᠨᠢᠯᠪᠤᠰᠤ ᠪᠠᠨ ᠠᠷᠴᠢᠨ | ᠤᠷᠤᠯᠳᠤᠭᠠᠨ ᠤ ᠲᠠᠭᠤᠤ ︽ᠨᠠᠮᠤᠭ ᠴᠡᠭᠡᠯ ᠤᠨ ᠪᠤᠷᠭᠠᠰᠤ︾ ᠶᠢ ᠨᠢ ᠰᠤᠨᠢᠷᠬᠠᠵᠤ ᠪᠠᠶᠢᠭᠰᠠᠨ ᠨᠢ ᠤᠳᠤ ᠴᠦ ᠭᠡᠳ | ᠪᠤᠳᠤᠭᠳᠠᠭᠠᠳ ᠪᠠᠶᠢᠨ᠎ᠡ᠃ | ― ᠵᠠᠪ ᠤᠯᠳᠠᠪᠠᠯ ᠤᠷᠳᠤ ᠶᠢᠨ ᠲᠠᠭᠤᠤ ᠶᠢᠨ ᠨᠡᠷᠡᠳᠦ ᠪᠠᠭᠰᠢ ᠨᠠᠷ ᠲᠤ ᠱᠠᠪᠢ ᠤᠷᠤᠵᠤ ᠤᠷᠳᠤ ᠶᠢᠨ | ᠲᠠᠭᠤᠤ ᠲᠠᠭᠤᠯᠠᠬᠤ ᠮᠡᠷᠭᠡᠵᠢᠯ ᠢ ᠴᠢᠨᠠᠭᠰᠢᠳᠠ ᠰᠤᠷᠤᠯᠴᠠᠬᠤ ᠰᠠᠨᠠᠭ᠎ᠠ ᠲᠠᠢ᠃ ᠱᠠᠩᠨᠠᠯ ᠮᠧᠳᠠᠯ ᠭᠡᠵᠤ ᠵᠦᠪᠬᠡᠨ | ᠦᠡᠭᠭᠡᠷᠡᠭᠰᠡᠨ ᠤ ᠭᠡᠷᠡᠴᠢ ᠲᠡᠮᠳᠡᠭ ᠯᠡ ᠲᠡᠳᠦᠢ᠂ ᠲᠡᠭᠡᠬᠦ ᠪᠠᠷ ᠪᠢ ᠤᠷᠳᠤ ᠶᠢᠨ ᠲᠠᠭᠤᠤ ᠪᠠᠷ ᠢᠶᠠᠨ ᠭᠤᠤᠯᠳᠠᠭᠤ | ᠴᠢᠷᠮᠠᠶᠢᠵᠤ᠂ ᠰᠤᠨᠤᠰᠤᠭᠴᠢᠳ ᠤᠨ ᠢᠶᠠᠨ ᠬᠦᠨᠳᠦ ᠬᠦᠰᠡᠯ ᠢ ᠬᠦᠰᠡᠷᠳᠡᠭᠦᠯᠬᠦ ᠦᠭᠡᠢ ᠪᠠᠷ ᠰᠠᠶᠢᠨ ᠲᠠᠭᠤᠴᠢᠨ | ᠪᠤᠯᠬᠤ ᠪᠠᠷ ᠴᠢᠷᠮᠠᠶᠢᠨ᠎ᠡ ᠭᠡᠵᠤ ᠮᠦᠡᠭᠭᠡᠵᠢᠷᠭᠠᠯ ᠠᠴᠠ ᠮᠠᠨ ᠳᠤ ᠬᠤᠶᠢᠰᠢᠳᠠ ᠶᠢᠨ ᠬᠦᠰᠡᠯ ᠵᠤᠷᠢᠯᠳᠠ ᠪᠠᠨ ᠢᠡᠭᠭᠢᠵᠤ | ᠲᠡᠯᠭᠡᠭᠰᠡᠨ᠃ ᠰᠤᠷᠪᠤᠯᠵᠢᠯᠠᠭ᠎ᠠ ᠦᠨᠳᠦᠷᠯᠡᠵᠤ ᠮᠦᠡᠭᠭᠡᠵᠢᠷᠭᠠᠯ ᠠᠴᠠ ᠰᠠᠯᠤᠯᠴᠠᠬᠤ ᠳᠤ᠂ ᠲᠡᠭᠦᠨ ᠤ ᠲᠠᠭᠤᠯᠠᠳᠠᠭ᠄ | ︽ᠵᠢᠷᠤᠭ᠎ᠠ ᠶᠢᠨ ᠵᠢᠷᠤᠭ᠎ᠠ ᠤᠯᠠᠭᠠᠨ ᠢ ᠪᠠᠨ | ᠵᠢᠯᠤᠭᠤ ᠶᠢ ᠨᠢ ᠲᠠᠳᠠᠰᠬᠢᠭᠠᠳ ᠲᠡᠮᠡᠤᠯᠤᠭᠡᠷᠡᠢ | ᠵᠤᠷᠢᠭᠰᠠᠨ ᠮᠢᠨᠤ ᠭᠠᠵᠠᠷ ᠬᠤᠯᠠ ᠰᠢᠤ ᠳ᠋ᠠ | ᠵᠤᠷᠢᠭ ᠢᠶᠠᠨ ᠪᠢᠳᠡᠭᠡᠢ ᠮᠤᠬᠤᠭᠠᠷᠠᠢ︾ ᠭᠡᠬᠦ ︽ᠵᠢᠷᠤᠭ᠎ᠠ ᠶᠢᠨ ᠵᠢᠷᠤᠭ᠎ᠠ︾ ᠶᠢᠨ ᠤᠶᠠᠩᠭ᠎ᠠ ᠠᠶᠠᠰ ᠲᠠᠬᠢᠨᠳᠠ | ᠰᠤᠨᠤᠷᠳᠠᠬᠤ ᠰᠢᠬ ᠪᠤᠯᠵᠤ᠂ ᠪᠠᠰᠠ ᠨᠢᠭᠡᠨ ᠦᠶ᠎ᠡ ᠶᠢᠨ ᠰᠠᠶᠢᠬᠠᠨ ᠲᠠᠭᠤᠴᠢᠨ ᠮᠤᠩᠭᠤᠯ ᠲᠦᠮᠡᠨ ᠳᠡᠭᠡᠨ ᠰᠠᠶᠢᠬᠠᠨ | ᠠᠶ᠎ᠡ ᠲᠠᠭᠤᠤ ᠪᠠᠨ ᠡᠷᠭᠦᠬᠦ ᠪᠤᠯᠤᠭᠰᠠᠨ ᠰᠤᠪᠢᠡᠭ ᠲᠠᠳᠠᠵᠤ ᠪᠢᠯᠡ᠃ | | |