︽ᠬᠦᠭᠡ ᠳᠤᠯᠪᠤ︾ ᠶᠠᠭᠠᠬᠢᠭᠠᠳ ᠬᠦᠮᠦᠰ ᠤᠨ ᠰᠡᠳᠬᠢᠯ ᠳᠤ ᠬᠦᠷᠴᠦ ᠴᠢᠳᠠᠭᠰᠠᠨ ᠪᠤᠢ︖
ᠨᠡᠶᠢᠲᠡᠯᠡᠭᠰᠡᠨ ᠴᠠᠭ᠄
2018-11-08
    ᠤᠳᠤᠬᠢᠴᠢ ᠮᠤᠩᠭᠤᠯ ᠪᠦᠵᠢᠭᠳᠦ ᠵᠦᠴᠦᠭᠡ ︽ᠬᠦᠭᠡ ᠳᠤᠯᠪᠤ︾ ᠶᠢᠨ ᠳᠤᠭᠤᠷᠢᠨ ᠳᠠᠬᠢ ᠰᠤᠷᠪᠤᠯᠵᠢᠯᠠᠭ᠎ᠠ

     ᠬᠦᠭᠡ ― ᠲᠦᠮᠡᠨ ᠪᠤᠳᠠᠰ ᠤᠨ ᠰᠦᠭ ᠰᠦᠨᠡᠰᠦᠨ ᠤ ᠵᠢᠷᠦᠮ᠂ ᠳᠡᠭᠡᠳᠦ ᠳᠡᠭᠷᠢ ᠶᠢᠨ ᠳᠠᠮᠠᠭ᠎ᠠ ᠳᠡᠮᠳᠡᠭ ᠤᠨ

ᠢᠯᠡᠷᠭᠡᠶᠢᠯᠡᠯ᠃

     ᠳᠤᠯᠪᠤ ― ᠠᠮᠢ ᠶᠢᠨ ᠭᠠᠯ ᠢ ᠠᠰᠠᠭᠠᠨ ᠲᠦᠷᠡᠯᠵᠡᠭᠦᠯᠵᠤ᠂ ᠦᠨᠳᠦᠰᠦᠳᠡᠨ ᠤ ᠴᠤᠭ ᠵᠤᠷᠢᠭ ᠢ ᠰᠠᠶᠢᠯᠦᠨ

ᠳᠠᠮᠠᠭᠠᠯᠠᠮᠤᠢ᠃

     ᠲᠦᠷᠦᠭᠦᠬᠡᠨ ᠬᠤᠷᠴᠢᠨ ᠤᠷᠠᠯᠢᠭ ᠤᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠳᠤᠮᠤ ᠡᠭᠦᠳᠡ ᠪᠠᠷ

ᠮᠠᠰᠢᠨ ᠬᠦᠰᠭᠡ ᠬᠦᠮᠦᠨ ᠤ ᠴᠤᠪᠤᠭ᠎ᠠ ᠴᠤᠪᠤᠷᠠᠯᠳᠤᠨ ᠤᠷᠤᠰᠤᠨ᠎ᠠ᠃ ᠭᠠᠳᠠᠭ᠎ᠠ ᠡᠪᠦᠯ ᠤᠨ ᠬᠦᠢᠳᠡᠨ ᠰᠠᠯᠬᠢ

ᠵᠢᠭᠡᠭᠦᠨ ᠦᠯᠢᠶᠡᠵᠤ ᠪᠠᠶᠢᠭᠰᠠᠨ ᠴᠦ ᠯᠢᠶᠤᠤ ᠾᠧ ᠲᠢᠶᠠᠲᠷ ᠲᠤ ᠬᠠᠯᠠᠭᠤᠨ ᠰᠡᠳᠬᠢᠯᠳᠦ ᠦᠵᠡᠭᠴᠢᠳ ᠮᠠᠨᠢ ᠡᠮᠬᠢ

ᠵᠠᠮᠪᠠᠷᠠᠭ᠎ᠠ ᠲᠠᠢ ᠴᠤᠪᠤᠨ ᠤᠷᠤᠵᠤ ᠦᠪᠡᠷ ᠦᠪᠡᠷ ᠤᠨ ᠰᠠᠭᠤᠳᠠᠯ ᠢᠶᠠᠨ ᠡᠷᠢᠨ ᠬᠦᠰᠡᠨ ᠬᠦᠯᠢᠶᠡᠨ ᠰᠠᠭᠤᠵᠠᠭᠠᠨ᠎ᠠ᠃

ᠪᠤᠯᠵᠤᠭ᠎ᠠ ᠶᠤᠰᠤᠭᠠᠷ ᠪᠦᠵᠢᠭ ᠤᠨ ᠠᠶ᠎ᠠ ᠡᠬᠢᠯᠡᠵᠤ᠂ ᠬᠦᠰᠢᠭᠡ ᠢᠷᠠᠭᠳᠠᠵᠤ᠂ ᠳᠤᠭᠯᠠᠯᠳᠠ ᠡᠬᠢᠯᠡᠯ᠎ᠡ ᠁ ᠡᠨᠡ

ᠪᠤᠯ ᠪᠡᠭᠡᠵᠢᠩ ᠤᠨ ᠠᠶᠠᠯᠭᠤ ᠰᠤᠶᠤᠯ ᠵᠠᠭᠤᠴᠢᠯᠠᠭᠤᠷ ᠤᠨ ᠬᠢᠵᠠᠭᠠᠷᠳᠤ ᠺᠤᠮᠫᠠᠨᠢ ᠠᠴᠠ ᠵᠤᠬᠢᠶᠠᠨ ᠪᠦᠳᠦᠭᠡᠭᠰᠡᠨ

ᠰᠢᠨ᠎ᠡ ᠪᠦᠳᠦᠭᠡᠯ ᠊᠊᠊᠊᠊ ᠤᠤᠭᠠᠨ ᠤᠳᠤᠬᠢᠴᠢ ᠮᠤᠩᠭᠤᠯ ᠪᠦᠵᠢᠭᠳᠦ ᠵᠦᠴᠦᠬᠡ ︽ᠬᠦᠭᠡ ᠳᠤᠯᠪᠤ︾ ᠶᠢᠨ ᠪᠦᠬᠦ

ᠤᠯᠤᠰ ᠤᠨ ᠳᠤᠭᠤᠷᠢᠨ ᠳᠤᠭᠯᠠᠯᠳᠠ ᠶᠢᠨ ᠲᠦᠡᠭᠯᠢᠶᠤᠤ ᠦᠷᠳᠡᠭᠡ ᠳᠠᠬᠢ ᠳᠤᠭᠯᠠᠯᠳᠠ ᠪᠤᠯᠤᠨ᠎ᠠ᠃

     ᠮᠤᠩᠭᠤᠯ ᠬᠦᠮᠦᠨ ᠤ ᠳᠠᠮᠠᠭ᠎ᠠ ᠳᠡᠮᠳᠡᠭ ᠪᠤᠯᠤᠭᠰᠠᠨ ᠬᠦᠭᠡ ᠳᠤᠯᠪᠤ ᠪᠠᠷ ᠨᠡᠷᠡᠶᠢᠳᠦᠭᠰᠡᠨ ᠡᠨᠡᠬᠦ ᠤᠤᠭᠠᠨ

ᠤᠳᠤᠬᠢᠴᠢ ᠮᠤᠩᠭᠤᠯ ᠪᠦᠵᠢᠭᠳᠦ ᠵᠦᠴᠦᠭᠡ ᠪᠤᠯ ᠡᠬᠡᠯ ᠵᠢᠷ ᠤᠨ ᠨᠢᠭᠡᠨ ᠮᠤᠩᠭᠤᠯ ᠵᠠᠯᠠᠭᠤ ᠶᠢᠨ ᠳᠠᠯ᠎ᠠ

ᠨᠤᠳᠤᠭ ᠠᠴᠠ ᠪᠠᠨ ᠠᠶᠠᠷᠯᠠᠨ ᠰᠠᠯᠵᠤ᠂ ᠬᠤᠳᠠ ᠶᠢᠨ ᠪᠤᠯᠪᠠᠰᠤᠨ ᠤ ᠬᠦᠪᠡᠭᠡᠨ ᠳᠡᠭᠡᠷ᠎ᠡ ᠵᠤᠭᠰᠤᠭᠠᠳ᠂ ᠵᠢᠷᠦᠬᠡ

ᠰᠡᠳᠬᠢᠯ ᠤᠨ ᠤᠷᠤᠩᠨᠠᠯ ᠢᠶᠠᠨ ᠡᠷᠢᠭᠰᠡᠨ ᠦᠯᠢᠭᠡᠷ ᠢ ᠳᠤᠭᠠᠴᠢᠭᠰᠠᠨ ᠪᠠᠶᠢᠳᠠᠭ᠃ ᠡ᠊ᠨᠳᠡ ᠪᠦᠬᠦ ᠶᠠᠭᠤᠮ᠎ᠠ ᠠᠩᠬᠠᠨ ᠤ

ᠬᠡᠪ ᠢᠶᠠᠷ ᠢᠶᠠᠨ᠂ ᠡᠯᠢᠭᠡ ᠵᠢᠷᠦᠬᠡ ᠶᠢ ᠳᠤᠩᠰᠤᠯᠭᠠᠨ ᠳᠤᠭᠳᠤᠯᠵᠠᠭᠤᠯᠬᠤ ᠡᠬᠡ ᠪᠠᠶᠢᠭᠠᠯᠢ ᠶᠢᠨ ᠰᠠᠯᠬᠢ ᠰᠢᠭᠤᠷᠭᠠᠨ

ᠳᠤᠮᠳᠠ ᠠᠴᠠ ᠳᠡᠳᠡ ᠠᠬᠢᠭᠠᠳ ᠡᠷᠡᠰ ᠳᠠᠰᠤᠷᠬᠠᠢ ᠡᠷᠡᠯᠭᠡᠭ ᠵᠤᠷᠢᠭ ᠢᠶᠠᠨ ᠡᠭᠡᠬᠦᠯᠦᠨ ᠤᠯᠵᠤ᠂ ᠤᠢ ᠰᠢᠭᠤᠢ ᠶᠢᠨ

ᠤᠨᠢᠶᠠᠷ ᠮᠠᠨᠠᠨ ᠳᠤᠮᠳᠠ ᠠᠴᠠ ᠳᠡᠳᠡ ᠶᠢᠷᠳᠢᠨᠴᠦ ᠶᠢᠨ ᠡᠯᠢᠭᠡᠰᠡᠭ ᠬᠠᠯᠠᠭᠤᠨ ᠢ ᠠᠮᠰᠠᠨ ᠮᠡᠳᠡᠷᠡᠵᠤ᠂ ᠰᠡᠳᠬᠢᠯ

ᠤᠶᠠᠰᠬᠠᠬᠤ ᠠᠶ᠎ᠠ ᠳᠠᠭᠤᠤ ᠶᠢᠨ ᠳᠤᠮᠳᠠᠭᠤᠷ ᠡᠬᠡ ᠭᠠᠵᠠᠷ ᠤᠨ ᠢᠶᠠᠨ ᠡᠯᠢᠭᠡᠨ ᠳᠤ ᠳᠠᠬᠢᠨᠳᠠ ᠪᠤᠴᠠᠨ᠂ ᠭᠠᠯ ᠵᠠᠯᠠᠭᠤ

ᠨᠠᠰᠤᠨ ᠤ ᠬᠢᠨᠢ ᠬᠡᠷᠡᠯᠳᠦ ᠵᠤᠯᠠ ᠠᠰᠠᠨ ᠬᠡᠷᠡᠯᠳᠦᠵᠤ᠂ ᠦᠡᠭᠭᠡᠪᠴᠢ ᠶᠢᠷᠳᠢᠨᠴᠦ ᠶᠢᠨ ᠳᠤᠮᠳᠠ ᠠᠴᠠ ᠦᠪᠡᠷ

ᠪᠢ ᠶᠢᠨ ᠢᠶᠠᠨ ᠤᠷᠬᠢᠯᠵᠤ ᠪᠠᠳᠠᠷᠠᠭᠰᠠᠨ ᠦᠨᠡᠨ ᠰᠡᠳᠬᠢᠯ ᠢᠶᠠᠨ ᠡᠷᠢᠨ ᠤᠯᠪᠠ ᠁ ᠡᠨᠡ ᠪᠤᠯ ︽ᠬᠦᠬᠡ ᠳᠤᠯᠪᠤ︾

 ᠳᠤ ᠢᠯᠡᠷᠡᠭᠰᠡᠨ ᠭᠤᠤᠯ ᠰᠠᠨᠠᠭ᠎ᠠ᠃

     ᠳᠤᠰ ᠪᠦᠵᠢᠭᠳᠦ ᠵᠦᠴᠦᠭᠡ ᠡᠬᠢᠯᠡᠯᠳᠡ᠂ ᠲᠦᠭᠡᠷᠢᠭᠳᠡᠯ᠂ ᠬᠦᠪᠦᠷᠡᠯ᠂ ᠤᠷᠢᠶᠠᠯᠠᠯ᠂ ᠪᠤᠴᠠᠯ ᠭᠡᠬᠦ ᠳᠠᠪᠤᠨ

ᠬᠡᠰᠡᠭ ᠢᠶᠠᠷ ᠪᠦᠷᠢᠯᠳᠦᠪᠠ᠃ ᠡᠭᠦᠨ ᠳᠤ ᠬᠤᠳᠠ ᠳᠤ ᠢᠷᠡᠭᠰᠡᠨ ᠮᠤᠩᠭᠤᠯ ᠵᠠᠯᠠᠭᠤ ᠦᠶ᠎ᠡ ᠶᠢᠨ ᠬᠢᠨ ᠤ ᠦᠪᠡᠷ ᠤᠨ

ᠤᠷᠤᠨ ᠪᠠᠶᠢᠷᠢ ᠪᠠᠨ ᠤᠯᠵᠤ ᠶᠠᠳᠠᠨ᠂ ᠶᠠᠭᠤ ᠪᠦᠬᠦᠨ ᠳᠤ ᠳᠤᠷ᠎ᠠ ᠠᠯᠳᠠᠷᠠᠭᠰᠠᠨ ᠳᠤᠳᠤᠭᠠᠳᠤ ᠰᠡᠳᠬᠢᠯᠭᠡ ᠶᠢᠨ

ᠵᠦᠷᠢᠴᠡᠯᠳᠦ ᠪᠠᠶᠢᠳᠠᠯ ᠢ ᠤᠳᠤᠬᠢᠴᠢ ᠪᠦᠵᠢᠭ ᠤᠨ ᠬᠡᠯᠪᠡᠷᠢ ᠪᠠᠷ ᠢᠯᠡᠷᠡᠭᠦᠯᠵᠠᠢ᠃ ᠰᠢᠨ᠎ᠡ ᠴᠠᠭ ᠦᠶ᠎ᠡ᠂ ᠰᠢᠨ᠎ᠡ

ᠤᠷᠴᠢᠨ ᠳᠤᠭᠤᠷᠢᠨ ᠳᠤ ᠠᠮᠢᠳᠤᠷᠠᠨ ᠤᠷᠤᠰᠢᠵᠤ ᠪᠠᠶᠢᠭ᠎ᠠ ᠮᠤᠩᠭᠤᠯ ᠵᠠᠯᠠᠭᠤ ᠨᠢᠭᠡᠨ ᠦᠶ᠎ᠡ ᠶᠢᠨ ᠬᠢᠨ ᠢ ᠵᠠᠪᠠᠯ

ᠦᠪᠡᠷ ᠤᠨ ᠭᠡᠰᠡᠨ ᠬᠦᠰᠡᠯ ᠳᠡᠮᠡᠦᠯᠦᠯ ᠲᠠᠢ᠂ ᠢᠳᠡᠭᠡᠯ ᠪᠢᠰᠢᠷᠡᠯ ᠲᠠᠢ᠂ ᠬᠠᠳᠠᠨ ᠵᠤᠷᠢᠭ ᠲᠠᠢ ᠪᠠᠶᠢᠬᠤ ᠶᠢ ᠤᠷᠢᠶᠠᠯᠠᠨ

ᠵᠤᠷᠢᠭᠵᠢᠭᠤᠯᠪᠠ᠃ ᠦᠯᠢᠭᠡᠷ ᠤᠨ ᠤᠷᠬᠢᠯ ᠳᠤ ᠪᠦᠬᠡ ᠶᠢᠨ ᠪᠦᠵᠢᠭ ᠪᠠ ᠮᠤᠩᠭᠤᠯ ᠪᠦᠵᠢᠭ᠂ ᠮᠤᠩᠭᠤᠯ ᠳᠠᠭᠤᠤ ᠪᠠᠷ

ᠬᠠᠮᠤᠭ ᠤᠨ ᠪᠠᠶᠠᠷ ᠬᠦᠷ ᠲᠠᠢ ᠪᠠᠶᠢᠳᠠᠯ ᠢ ᠢᠯᠡᠷᠡᠭᠦᠯᠵᠤ᠂ ᠲᠡᠭᠦᠰᠬᠡᠯ ᠳᠤ ᠳᠦᠭᠡᠷᠢᠭᠳᠡᠯ ᠠᠴᠠ ᠮᠤᠯᠳᠤᠷᠠᠵᠤ

ᠠᠮᠢᠳᠤᠷᠠᠯ ᠤᠨ ᠬᠠᠯᠠᠭᠤᠨ ᠳᠤᠯᠠᠭᠠᠨ ᠳᠤ ᠪᠦᠪᠠᠶᠢᠯᠡᠭᠳᠡᠨ ᠪᠠᠶᠠᠷᠲᠦ ᠳᠡᠭᠦᠰᠭᠡᠯ ᠳᠤ ᠬᠦᠷᠴᠡᠢ᠃

     ᠪᠦᠬᠦ᠋ᠢᠯᠡ 70 ᠮᠢᠨᠦ᠋ᠲ ᠤᠨ ᠳᠤᠭᠯᠠᠯᠳᠠ ᠶᠢ ᠦᠵᠡᠭᠴᠢᠳ ᠰᠤᠨᠢᠷᠬᠠᠬᠴᠢᠳ ᠨᠢᠳᠦ ᠠᠯᠳᠠᠯ ᠦᠭᠡᠢ

ᠠᠮᠳᠠᠷᠬᠠᠨ ᠰᠤᠨᠢᠷᠬᠠᠵᠤ᠂ ᠬᠠᠶᠠ ᠠᠯᠠᠭ᠎ᠠ ᠳᠠᠰᠢᠨ ᠤᠤᠬᠠᠢᠢᠯᠠᠵᠤ᠂ ᠬᠠᠶᠠ ᠨᠢᠳᠦᠨ ᠳᠡᠭᠡᠨ ᠵᠠᠶᠢᠷ ᠬᠦᠶᠦᠯᠭᠡᠵᠤ᠂

ᠬᠠᠶᠠ ᠬᠦᠨ ᠪᠤᠳᠤᠯ ᠳᠤ ᠤᠨᠠᠵᠤ᠂ ᠬᠠᠶᠠ ᠪᠦᠵᠢᠭ ᠤᠷᠠᠯᠢᠭ ᠤᠨ ᠭᠠᠶᠢᠬᠠᠮᠰᠢᠭ ᠢ ᠱᠠᠭᠰᠢᠨ ᠪᠢᠰᠢᠷᠡᠨᠠᠮ᠃

     ― ᠪᠢᠳᠡ ︽ᠬᠦᠬᠡ ᠳᠤᠯᠪᠤ︾ ᠪᠠᠨ ᠨᠢᠭᠡᠨᠳᠡ ᠪᠡᠭᠡᠵᠢᠩ᠂ ᠬᠦᠬᠡᠬᠤᠳᠠ᠂ ᠪᠤᠭᠤᠳᠤ᠂ ᠤᠷᠳᠤᠰ᠂ ᠬᠦᠯᠦᠨ

ᠪᠤᠶᠢᠷ ᠵᠡᠷᠭᠡ ᠭᠠᠵᠠᠷ ᠢᠶᠠᠷ ᠳᠠᠪᠢ ᠭᠠᠷᠤᠢ ᠳᠠᠯᠠᠪᠠᠢ ᠳᠤᠭᠯᠠᠪᠠ᠃ ᠦᠨᠦᠳᠦᠷ ᠤᠨ ᠳᠤᠭᠯᠠᠯᠲᠡ ᠨᠡᠩ ᠤᠳᠬ᠎ᠠ

ᠠᠭᠤᠯᠭ᠎ᠠ ᠪᠠᠷ ᠬᠦᠨ ᠪᠠᠶᠢᠳᠠᠭ᠃ ᠤᠴᠢᠷ ᠠᠨᠦ᠂ ᠬᠤᠶᠠᠷ ᠵᠢᠯ ᠤᠨ ᠡᠮᠦᠨ᠎ᠡ ᠪᠢᠳᠡ ᠡᠬᠡ ᠰᠤᠷᠭᠠᠭᠤᠯᠢ ―

ᠬᠤᠷᠴᠢᠨ ᠤᠷᠠᠯᠢᠭ ᠤᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠳᠤ ︽ᠬᠦᠬᠡ ᠳᠤᠯᠪᠤ︾ ᠶᠢ ᠵᠤᠬᠢᠶᠠᠨ

ᠪᠦᠳᠦᠭᠡᠭᠰᠡᠨ ᠶᠤᠮ᠃ ᠳᠤᠬᠠᠢ ᠶᠢᠨ ᠦᠶ᠎ᠡ ᠳᠤ ᠡᠬᠡ ᠰᠤᠷᠭᠠᠭᠤᠯᠢ ᠮᠢᠨᠢ ᠬᠠᠯᠠᠭᠤᠨ ᠡᠪᠦᠷ ᠢᠶᠠᠨ ᠬᠠᠷᠠᠮ ᠦᠭᠡᠢ

ᠳᠡᠯᠭᠡᠨ᠂ ᠪᠢᠳᠡᠨ ᠳᠤ ᠮᠠᠰᠢ ᠶᠡᠭᠡ ᠳᠡᠮᠵᠢᠯᠭᠡ ᠦᠵᠡᠭᠦᠯᠦᠭᠰᠡᠨ᠃ ᠤᠳᠤ ᠪᠢᠳᠡ ᠨᠤᠳᠤᠭ ᠲᠠᠭᠠᠨ ᠪᠤᠴᠠᠵᠤ᠂ ᠡᠬᠡ

ᠰᠤᠷᠭᠠᠭᠤᠯᠢ ᠵᠢᠴᠢ ᠨᠤᠳᠤᠭ ᠤᠨ ᠲᠦᠮᠡᠨ ᠳᠡᠭᠡᠨ ᠬᠠᠷᠢᠭᠤ ᠮᠡᠳᠡᠭᠦᠯᠦᠯᠳᠡ ᠬᠢᠬᠦ ᠳᠤ ᠰᠡᠳᠬᠢᠯ ᠨᠢᠭᠡ ᠶᠡᠭᠡ

ᠬᠠᠨᠭ᠍ᠬᠤᠯᠤᠭᠤᠨ᠃ ᠳᠠᠶᠢᠰᠠᠨ᠎ᠠ ᠢᠯᠡᠷᠡᠭᠰᠡᠨ ᠪᠤᠢ ᠪᠦᠬᠦᠢ ᠢᠨᠢᠶᠡᠳᠦ ᠪᠠ ᠨᠢᠯᠪᠤᠰᠤ᠂ ᠳᠤᠭᠳᠤᠯᠤᠯ ᠪᠠ ᠭᠤᠳᠤᠷᠠᠯ᠂

ᠡᠷᠢᠯ ᠪᠠ ᠲᠦᠭᠡᠷᠢᠭᠳᠡᠯ ᠴᠦᠮ ᠮᠢᠨᠤ ᠨᠤᠳᠤᠭ ᠤᠨ ᠦᠨᠡᠨ ᠳᠡᠮᠳᠡᠭᠯᠡᠯ ᠪᠤᠶᠤ ᠠᠮᠢᠳᠤᠷᠠᠯ ᠤᠨ ᠪᠤᠳᠠᠳᠤ ᠵᠢᠷᠤᠭᠯᠠᠯ᠃

ᠪᠦᠵᠢᠭ ᠪᠤᠯ ᠬᠦᠮᠦᠰ ᠲᠤ ᠬᠢᠵᠠᠭᠠᠷ ᠦᠭᠡᠢ ᠬᠤᠯᠪᠤᠨ ᠪᠤᠳᠤᠯᠳᠠ ᠶᠢ ᠤᠯᠭᠤᠳᠠᠭ᠃ ᠪᠦᠵᠢᠭ ᠪᠤᠯ ᠮᠢᠨᠤ ᠰᠡᠳᠬᠢᠯ

ᠵᠢᠷᠦᠬᠡᠨ ᠳᠠᠬᠢ ᠬᠠᠮᠤᠭ ᠤᠨ ᠳᠡᠭᠡᠳᠦ ᠳᠡᠰ ᠤᠨ ᠤᠷᠠᠯᠢᠭ ᠤᠨ ᠬᠡᠯᠪᠡᠷᠢ ᠪᠤᠯᠤᠨ᠎ᠠ᠃ ᠪᠦᠵᠢᠭᠳᠦ ᠵᠦᠴᠦᠭᠡ ᠪᠤᠯ

ᠶᠡᠷᠦ ᠳᠡᠭᠡᠨ 60 ᠠᠴᠠ ᠳᠡᠭᠡᠭᠰᠢ ᠬᠦᠮᠦᠨ ᠳᠤᠭᠯᠠᠳᠠᠭ ᠳᠠᠶᠢᠰᠠᠨ ᠤ ᠤᠷᠠᠯᠢᠭ᠃ ᠭᠡᠳᠡᠯ᠎ᠡ ᠪᠢᠳᠡ ᠪᠦᠵᠢᠭᠳᠦ

ᠵᠦᠴᠦᠬᠡ ᠶᠢᠨ ᠤᠤᠯ ᠤᠨ ᠬᠡᠯᠪᠡᠷᠢ ᠮᠠᠶ᠋ᠢᠭ ᠢ ᠡᠪᠳᠡᠨ᠂ ᠪᠦᠷᠢᠮᠦᠰᠦᠨ ᠦᠪᠡᠷ ᠤᠨ ᠬᠡᠪ ᠨᠠᠮᠪᠠ ᠪᠠᠷ ᠢᠶᠠᠨ ᠬᠡᠳᠦᠬᠡᠨ

ᠪᠦᠵᠢᠭᠴᠢᠨ ᠢᠶᠠᠷ ᠪᠦᠬᠦ᠋ᠢᠯᠡ ᠦᠯᠢᠭᠡᠷ ᠦᠢᠯᠡ ᠶᠠᠪᠤᠳᠠᠯ ᠢ ᠬᠤᠯᠪᠤᠨ ᠳᠤᠭᠯᠠᠵᠤ᠂ 70 ᠮᠢᠨᠦ᠋ᠲ ᠠᠮᠢᠰᠬᠤᠯ

ᠠᠪᠬᠤ ᠵᠠᠢ ᠦᠭᠡᠢ ᠪᠦᠵᠢᠭᠯᠡᠵᠤ ᠴᠢᠳᠠᠭᠰᠠᠨ ᠨᠢ ᠪᠢᠳᠡᠨ ᠤ ᠤᠷᠤᠯᠳᠤᠯᠭ᠎ᠠ ᠶᠤᠮ ᠭᠡᠵᠤ ︽ᠬᠦᠭᠡ ᠳᠤᠯᠪᠤ︾ ᠶᠢᠨ

ᠶᠡᠷᠦᠩᠭᠡᠢ ᠤᠳᠤᠷᠢᠳᠤᠭᠠᠴᠢ ᠪᠦᠭᠡᠳ ᠭᠤᠤᠯ ᠳᠤᠭᠯᠠᠭᠴᠢ᠂ ᠳᠤᠮᠳᠠᠳᠤ ᠤᠯᠤᠰ ᠤᠨ ᠰᠤᠳᠤᠨ ᠪᠦᠵᠢᠭᠴᠢᠨ ᠤ

ᠠᠷᠪᠠᠨ ᠬᠦᠴᠦᠷᠭᠡᠭ ᠤᠨ ᠨᠢᠭᠡ ᠰᠢ ᠰᠡᠷᠭᠦᠯᠡᠩ ᠠᠴᠠ ᠰᠡᠳᠬᠢᠯ ᠳᠦᠭᠦᠷᠡᠩ ᠳᠠᠨᠢᠯᠴᠠᠭᠤᠯᠤᠯ᠎ᠠ᠃

     ― ᠳᠤᠰ ᠪᠦᠵᠢᠭᠳᠦ ᠵᠦᠴᠦᠭᠡ ᠶᠢ ᠪᠢ ᠬᠦᠯᠢᠶᠡᠭᠡᠳ ᠨᠢᠭᠡᠨᠳᠡ ᠬᠤᠶᠠᠷ ᠵᠢᠯ ᠪᠤᠯᠴᠢᠬᠠᠯ᠎ᠠ᠃ ᠦᠨᠦᠳᠦᠷ ᠪᠢ

ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠨᠢᠭᠡᠨ ᠤᠶᠤᠳᠠᠨ ᠤ ᠬᠤᠪᠢ ᠠᠴᠠ ᠵᠠᠪᠰᠢᠶᠠᠨ ᠢᠶᠠᠷ

ᠡᠶᠢᠮᠦ ᠤᠢᠢᠷ᠎ᠠ ᠵᠠᠢ ᠠᠴᠠ ᠦᠪᠡᠷ ᠤᠨ ᠰᠡᠳᠬᠢᠯ ᠵᠢᠷᠦᠬᠡᠨ ᠳᠠᠬᠢ ︽ᠬᠦᠬᠡ ᠳᠤᠯᠪᠤ︾ ᠪᠠᠨ ᠤᠯᠵᠤ

ᠦᠵᠡᠭᠰᠡᠨ ᠳᠡᠭᠡᠨ ᠳᠤᠩ ᠶᠡᠭᠡ ᠳᠤᠭᠳᠤᠯᠤᠨ ᠪᠠᠶᠠᠷᠯᠠᠵᠤ ᠪᠠᠶᠢᠨ᠎ᠠ᠃ ᠳᠠᠶᠢᠰᠠᠨ ᠳᠡᠭᠡᠷ᠎ᠡ ᠳᠤᠭᠯᠠᠭᠰᠠᠨ ᠵᠢᠷᠭᠤᠭᠠᠨ

ᠮᠤᠩᠭᠤᠯ ᠵᠠᠯᠠᠭᠤ ᠡᠷ᠎ᠡ ᠶᠢᠨ ᠰᠦᠷ ᠵᠢᠪᠬᠤᠭ᠎ᠠ᠂ ᠰᠡᠳᠬᠢᠯ ᠢ ᠳᠠᠳᠠᠭᠰᠠᠨ ᠡᠷᠴᠢ ᠬᠦᠴᠦ ᠶᠢ ᠬᠠᠷᠠᠭᠠᠳ ᠦᠪᠡᠷ ᠤᠨ

ᠡᠷᠭᠡ ᠦᠭᠡᠢ ᠭᠠᠶᠢᠬᠠᠨ ᠪᠠᠭ᠋ᠠᠷᠬᠠᠪᠠ᠃ ᠬᠡᠷᠪᠡ ᠵᠠᠪᠰᠢᠶᠠᠨ ᠲᠠᠢ ᠶᠤᠮ ᠪᠤᠯ ᠪᠢ ᠡᠷᠡᠭᠡᠯᠵᠡᠯ ᠦᠭᠡᠢ ᠳᠠᠬᠢᠨᠳᠠ

ᠦᠵᠡᠨ᠎ᠡ ᠭᠡᠵᠤ ᠬᠦᠯᠦᠨ ᠪᠤᠶᠢᠷ ᠨᠤᠳᠤᠭᠳᠠᠢ ᠳᠠᠭᠤᠷ ᠬᠡᠦᠭᠡᠨ ᠡᠧ ᠯᠢᠩ ᠫᠢᠡᠭ ᠳᠤᠭᠳᠤᠯᠤᠭᠰᠠᠨ ᠰᠡᠳᠬᠢᠯ ᠢᠶᠠᠨ

ᠳᠠᠷᠤᠵᠤ ᠶᠠᠳᠠᠨ ᠨᠢᠭᠤᠷ ᠲᠦᠭᠦᠷᠡᠩ ᠮᠦᠰᠢᠶᠡᠳᠦ ᠳᠤᠳᠤᠷᠠᠭᠤᠯᠤᠨ ᠶᠠᠷᠢᠬᠤ ᠶᠢᠨ ᠳᠠᠭᠠᠤ᠂ ᠬᠡᠳᠦᠨ

ᠪᠦᠵᠢᠭᠴᠢᠳ ᠲᠠᠢ ᠬᠠᠮᠳᠤ ᠶᠢᠨ ᠰᠡᠭᠦᠳᠡᠷ ᠠᠪᠬᠤ ᠪᠠᠷ ᠳᠠᠶᠢᠰᠠᠨ᠎ᠠ ᠰᠢᠷᠭᠤᠯᠠᠪᠠ᠃

    ― ᠳᠤᠰ ᠤᠳᠠᠭ᠎ᠠ ᠶᠢᠨ ᠳᠤᠭᠯᠠᠯᠳᠠ ᠳᠤ ᠵᠢᠷᠭᠤᠭᠠᠬᠠᠨ ᠮᠤᠩᠭᠤᠯ ᠵᠠᠯᠠᠭᠤ ᠳᠤᠭᠯᠠᠭᠰᠠᠨ ᠪᠤᠯᠪᠠᠴᠤ

ᠪᠦᠬᠦ᠋ᠢᠯᠡ ᠳᠠᠶᠢᠰᠠ ᠶᠢ ᠬᠦᠭᠵᠢᠭᠡᠵᠤ ᠴᠢᠳᠠᠪᠠ᠃ ᠬᠡᠳᠦᠨ ᠵᠠᠯᠠᠭᠤ ᠮᠠᠨᠢ ᠮᠤᠩᠭᠤᠯ ᠦᠨᠳᠦᠰᠦᠳᠡᠨ ᠤ ᠰᠢᠯᠢᠳᠡᠭ

ᠰᠤᠶᠤᠯ ᠤᠷᠠᠯᠢᠭ ᠢ ᠵᠦᠴᠦᠬᠡ ᠶᠢᠨ ᠬᠡᠯᠪᠡᠷᠢ ᠪᠠᠷ ᠬᠦᠮᠦᠰ ᠤᠨ ᠰᠡᠳᠬᠢᠯ ᠳᠤ ᠰᠡᠭᠤᠭᠳᠠᠳᠠᠯ᠎ᠠ ᠭᠤᠶᠤ ᠳᠤᠭᠯᠠᠯ᠎ᠠ᠃

ᠳᠤᠰ ᠵᠦᠴᠦᠭᠡ ᠰᠤᠶᠤᠯ ᠤᠨ ᠠᠭᠤᠯᠤᠭᠳᠠᠬᠤᠨ ᠢᠶᠠᠷ ᠬᠦᠨ᠂ ᠰᠡᠳᠦᠪᠯᠡᠭᠦᠨ ᠨᠢ ᠰᠢᠨ᠎ᠡ᠃ ᠡᠷ᠎ᠡ ᠶᠢᠨ ᠭᠤᠷᠪᠠᠨ

ᠨᠠᠭᠠᠳᠤᠮ᠂ ᠪᠦᠭᠡ ᠶᠢᠨ ᠰᠤᠶᠤᠯ ᠭᠡᠬᠦ ᠮᠡᠳᠦ ᠶᠢᠨ ᠤᠯᠠᠮᠵᠢᠯᠠᠯᠳᠤ ᠮᠤᠩᠭᠤᠯ ᠰᠤᠶᠤᠯ ᠢᠶᠠᠨ ᠤᠳᠤᠬᠢᠴᠢ ᠪᠦᠵᠢᠭ ᠤᠨ

ᠤᠷᠠᠯᠢᠭ ᠲᠠᠢ ᠤᠶᠠᠯᠳᠤᠭᠤᠯᠤᠨ ᠠᠭᠤᠰᠬᠠᠵᠤ᠂ ᠰᠢᠨ᠎ᠡ ᠵᠦᠢᠯᠡᠰ ᠢ ᠰᠡᠳᠬᠢᠨ ᠪᠤᠳᠤᠯᠬᠢᠯᠠᠭᠰᠠᠨ ᠠᠴᠠ ᠴᠠᠭ

ᠦᠶ᠎ᠡ ᠶᠢᠨ ᠦᠡᠭᠭᠡ ᠪᠤᠳᠤᠭ ᠢᠶᠠᠷ ᠦᠳᠬᠡᠨ ᠪᠤᠯᠵᠤ᠂ ᠤᠳᠤ ᠦᠶ᠎ᠡ ᠶᠢᠨ ᠮᠤᠩᠭᠤᠯ ᠵᠠᠯᠠᠭᠤᠴᠤᠳ ᠲᠤ ᠮᠠᠰᠢ ᠶᠡᠭᠡ

ᠰᠡᠩᠭᠡᠷᠡᠭᠦᠯᠦᠯ ᠤᠨ ᠠᠴᠢ ᠬᠤᠯᠪᠤᠭᠳᠠᠯ ᠲᠠᠢ ᠪᠤᠯᠵᠠᠢ᠃ ᠪᠦᠵᠢᠭ ᠢ ᠢᠯᠡᠷᠡᠭᠦᠯᠦᠭᠰᠡᠨ ᠳᠠᠯ᠎ᠠ ᠪᠠᠷ ᠴᠦ ᠦ ᠰᠡᠪ

ᠦᠭᠡᠢ ᠭᠡᠵᠤ ᠬᠡᠯᠡᠵᠤ ᠪᠤᠯᠤᠨ᠎ᠠ᠃ ᠬᠦᠳᠡᠯᠦᠯ ᠪᠠᠷᠢᠯ ᠬᠠᠶᠠ ᠢᠳᠡᠯᠢᠭ ᠵᠢᠪᠬᠤᠭᠠᠯᠢᠭ᠂ ᠬᠠᠶᠠ ᠤᠶᠠᠨ ᠵᠦᠭᠡᠯᠡᠨ᠂

ᠰᠡᠳᠬᠢᠯ ᠤᠨ ᠬᠦᠳᠡᠯᠭᠡᠭᠡᠨ ᠤ ᠢᠯᠡᠷᠡᠭᠦᠯᠦᠯᠳᠡ ᠮᠠᠰᠢ ᠴᠢᠩᠭ᠎ᠠ ᠳᠤᠳᠤᠷᠠᠭᠤᠨ᠂ ᠳᠠᠶᠢᠰᠠᠨ ᠤ ᠳ᠋ᠧᠡᠭ ᠤᠨ ᠭᠡᠷᠡᠯ᠂

ᠪᠦᠵᠢᠭ ᠤᠨ ᠳᠠᠶᠢᠰᠠᠨ ᠤ ᠤᠷᠠᠯᠢᠭ᠂ ᠠᠶ᠎ᠠ ᠳᠠᠭᠤᠤ᠂ ᠬᠤᠪᠴᠠᠰᠤ ᠵᠠᠰᠠᠯ ᠵᠡᠷᠭᠡ ᠪᠦᠬᠦ ᠳᠠᠯ᠎ᠠ ᠪᠠᠷ ᠴᠦᠮ

ᠬᠦᠮᠦᠨ ᠤ ᠬᠠᠷᠠᠭ᠎ᠠ ᠶᠢ ᠠᠷᠭᠠᠮᠵᠢᠵᠤ᠂ ᠰᠡᠳᠬᠢᠯ ᠢ ᠭᠡᠵᠢᠭᠡᠳᠡᠵᠤ ᠴᠢᠳᠠᠵᠠᠢ᠃ ᠬᠤᠳᠠ ᠶᠢᠨ ᠦᠨᠳᠦᠰᠦᠳᠡᠨ ᠤ

ᠳᠠᠭᠤᠤ ᠪᠦᠵᠢᠭ ᠤᠨ ᠪᠦᠯᠬᠦᠮ ᠤᠨ ᠠᠬᠠᠮᠠᠳ ᠨᠠᠶᠢᠷᠠᠭᠤᠯᠤᠨ ᠤᠳᠤᠷᠢᠳᠤᠭᠠᠴᠢ᠂ ᠤᠯᠤᠰ ᠤᠨ ᠨᠢᠭᠡᠳᠦᠭᠡᠷ ᠳᠡᠰ ᠤᠨ

ᠨᠠᠶᠢᠷᠠᠭᠤᠯᠤᠨ ᠤᠳᠤᠷᠢᠳᠤᠭᠠᠴᠢ᠂ 50 ᠵᠢᠯ ᠤᠨ ᠪᠦᠵᠢᠭ ᠤᠷᠠᠯᠢᠭ ᠤᠨ ᠨᠠᠮᠳᠠᠷ ᠲᠠᠢ ᠱᠤᠧᠠᠩ ᠶᠢᠨ ᠬᠤᠧᠠ ᠠᠴᠠ

ᠳᠤᠰ ᠪᠦᠵᠢᠭᠳᠦ ᠵᠦᠴᠦᠭᠡ ᠶᠢ ᠦᠵᠡᠭᠰᠡᠨ ᠤ ᠳᠠᠷᠠᠭᠠᠬᠢ ᠰᠡᠳᠬᠢᠭᠳᠡᠯ ᠢᠶᠠᠨ ᠰᠤᠷᠪᠤᠯᠵᠢᠯᠠᠭᠴᠢ ᠲᠠᠢ ᠬᠤᠪᠢᠶᠠᠯᠴᠠᠯ᠎ᠠ᠃

ᠳᠡᠷᠡ᠄ ︽ᠳᠤᠰ ᠪᠦᠵᠢᠭᠳᠦ ᠵᠦᠴᠦᠭᠡ ᠨᠢ ᠦᠨᠳᠦᠰᠦᠳᠡᠨ ᠤ ᠪᠦᠵᠢᠭ ᠪᠤᠯᠤᠨ ᠤᠳᠤᠬᠢᠴᠢ ᠪᠦᠵᠢᠭ ᠤᠨ ᠵᠠᠭᠠᠭ ᠢ

ᠡᠪᠳᠡᠨ᠂ ᠰᠢᠨ᠎ᠡ ᠴᠠᠭ ᠦᠶ᠎ᠡ ᠶᠢᠨ ᠵᠠᠯᠠᠭᠤ ᠪᠦᠵᠢᠭᠴᠢᠳ ᠤᠨ ᠬᠠᠮᠤᠭ ᠤᠨ ᠦᠨᠡᠨ ᠪᠤᠳᠠᠳᠠᠢ ᠪᠤᠳᠤᠯ ᠰᠡᠳᠬᠢᠯᠭᠡ

ᠪᠤᠯᠤᠨ ᠦᠨᠳᠦᠰᠦᠳᠡᠨ ᠤ ᠰᠤᠶᠤᠯ ᠢᠶᠠᠨ ᠤᠯᠠᠮᠵᠢᠯᠠᠨ ᠬᠦᠭᠵᠢᠬᠦᠯᠬᠦ ᠴᠣ᠋ ᠰᠢᠨ᠎ᠡ ᠰᠡᠳᠬᠢᠨ ᠪᠤᠳᠤᠯᠳᠠ ᠶᠢ

ᠢᠯᠡᠷᠡᠭᠦᠯᠪᠡ︾ ᠭᠡᠪᠡ᠃

     ᠳᠤᠭᠯᠠᠯᠳᠠ ᠦᠨᠳᠦᠷᠯᠡᠵᠤ᠂ ᠰᠤᠷᠪᠤᠯᠵᠢᠯᠠᠭ᠎ᠠ ᠳᠠᠭᠤᠰᠬᠤ ᠦᠶ᠎ᠡ ᠳᠤ᠄ ︽ᠤᠷᠠᠯᠢᠭ ᠪᠤᠯ ᠦᠵᠦᠭᠦᠷ

ᠬᠢᠵᠠᠭᠠᠷ ᠦᠭᠡᠢ ᠪᠠᠶᠢᠳᠠᠭ᠂ ᠮᠦᠨ ᠴᠠᠭ ᠬᠤᠭᠤᠴᠠᠭ᠎ᠠ ᠬᠡᠷᠡᠭᠰᠡᠳᠡᠭ᠃ ᠪᠢᠳᠡ ︿ᠬᠦᠬᠡ ᠳᠤᠯᠪᠤ﹀ ᠪᠠᠨ ᠤᠯᠠᠮ

ᠳᠡᠭᠦᠯᠳᠡᠷᠵᠢᠭᠦᠯᠵᠤ᠂ ᠤᠳᠠᠯ ᠦᠭᠡᠢ ᠳᠡᠯᠡᠭᠡᠢ ᠶᠢᠨ ᠳᠠᠶᠢᠰᠠᠨ᠎ᠠ ᠮᠤᠩᠭᠤᠯ ᠰᠤᠶᠤᠯ ᠮᠤᠩᠭᠤᠯ ᠪᠦᠵᠢᠭ ᠤᠷᠠᠯᠢᠭ ᠢᠶᠠᠨ

ᠭᠠᠶᠢᠬᠠᠭᠤᠯᠬᠤ ᠪᠠᠷ ᠪᠡᠯᠡᠳᠭᠡᠵᠤ ᠪᠠᠶᠢᠨ᠎ᠠ︾ ᠭᠡᠵᠦ ᠰᠢ ᠰᠡᠷᠭᠦᠯᠡᠩ ᠠᠴᠠ ᠣᠳᠬ᠎ᠠ ᠭᠦᠨ ᠤᠴᠢᠷᠯᠡᠨ᠎ᠠ᠃

 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号