ᠬᠤᠷᠴᠢᠨ ᠠᠷᠠᠳ ᠤᠨ ᠳᠠᠭᠤᠣ ᠶᠢᠨ ᠵᠦᠴᠦᠭᠡᠯᠢᠭ ᠰᠢᠨᠵᠢ
ᠨᠡᠶᠢᠲᠡᠯᠡᠭᠰᠡᠨ ᠴᠠᠭ᠄
2018-11-08
     ᠮᠤᠩᠭᠤᠯ ᠠᠷᠠᠳ ᠤᠨ ᠲᠠᠭᠤᠤ ᠪᠤᠯ ᠮᠤᠩᠭᠤᠯᠴᠤᠳ ᠤᠨ ᠦᠶ᠎ᠡ ᠶᠢᠨ ᠦᠶ᠎ᠡ ᠪᠠᠷ ᠢᠶᠠᠨ ᠤᠯᠠᠮᠵᠢᠯᠠᠨ ᠲᠠᠭᠤᠯᠠᠵᠤ ᠢᠷᠡᠭᠰᠡᠨ ᠮᠤᠩᠭᠤᠯ ᠦᠨᠳᠤᠰᠤᠲᠡᠨ ᠤ ᠬᠠᠮᠤᠭ ᠤᠨ ᠦᠨᠡᠳᠤ ᠰᠤᠶᠤᠯ ᠤᠨ ᠦᠪ ᠮᠦᠨ᠃ ᠮᠤᠩᠭᠤᠯ ᠠᠷᠠᠳ ᠤᠨ ᠲᠠᠭᠤᠤ ᠳᠤ ᠠᠶᠠᠨ ᠲᠠᠶᠢᠨ ᠳᠤ ᠮᠤᠷᠲᠠᠭᠰᠠᠨ ᠲᠠᠶᠢᠴᠢᠳ᠂ ᠠᠭᠲᠠ ᠬᠦᠯᠦᠭ᠂ ᠠᠬᠠᠰᠢᠷᠠᠭ᠎ᠠ ᠡᠵᠢ᠂ ᠠᠮᠠᠷᠠᠭ ᠬᠠᠨᠢ᠂ ᠨᠤᠳᠤᠭ ᠤᠰᠤ ᠨᠢ ᠭᠤᠤᠯ ᠠᠭᠤᠯᠭ᠎ᠠ ᠪᠤᠯᠤᠨ ᠲᠠᠭᠤᠯᠠᠭᠳᠠᠵᠤ᠂ ᠮᠦᠷᠦᠭᠡᠳᠤᠯ ᠲᠤᠷᠠᠰᠤᠯ᠂ ᠪᠠᠶᠠᠷ ᠪᠠᠭ᠋ᠠᠳᠤᠯ᠂ ᠭᠠᠰᠢᠭᠤᠲᠠᠯ ᠵᠤᠪᠠᠨᠢᠯ᠂ ᠬᠠᠭᠠᠴᠡᠯ ᠰᠠᠯᠤᠯᠲᠠ᠂ ᠦᠨᠦᠴᠢᠷᠡᠮᠡᠯ ᠭᠠᠭᠴᠠᠭᠠᠷᠲᠠᠯ᠂ ᠢᠲᠡᠭᠡᠯ ᠵᠤᠷᠢᠭ ᠪᠤᠯᠤᠨ ᠠᠮᠢᠳᠤᠷᠠᠯ ᠤᠨ ᠰᠠᠶᠢᠨ ᠰᠠᠶᠢᠬᠠᠨ ᠡᠷᠢᠯ ᠬᠦᠬᠡᠬᠡᠴᠡᠯᠳᠤᠯ ᠬᠦᠰᠡᠯ ᠮᠦᠷᠦᠭᠡᠳᠤᠯ ᠲᠤᠰᠬᠠᠭᠳᠠᠵᠤ ᠪᠠᠶᠢᠳᠠᠭ᠃ ᠤᠷᠠᠯᠢᠭ ᠤᠨ ᠬᠤᠪᠢ ᠳᠤ ᠤᠳᠬ᠎ᠠ ᠰᠠᠨᠠᠭ᠎ᠠ ᠶᠢᠨ ᠠᠳᠠᠯᠢᠳᠬᠠᠯ᠂ ᠵᠦᠢᠷᠯᠠᠯ᠂ ᠶᠤᠬᠳᠠᠯᠠᠯ᠂ ᠤᠶᠠᠩᠭᠠᠯᠠᠯ ᠵᠡᠷᠭᠡ ᠠᠷᠭ᠎ᠠ ᠬᠡᠯᠪᠡᠷᠢ ᠪᠠᠷ ᠢᠯᠡᠳᠭᠡᠭᠳᠡᠳᠡᠭ᠃ ᠬᠤᠷᠴᠢᠨ ᠠᠷᠠᠳ ᠤᠨ ᠲᠠᠭᠤᠤ ᠪᠤᠯ ᠮᠤᠩᠭᠤᠯ ᠠᠷᠠᠳ ᠤᠨ ᠲᠠᠭᠤᠤ ᠶᠢᠨ ᠲᠤᠳᠤᠷ᠎ᠡ ᠤᠯᠠᠮᠵᠢᠯᠠᠭᠳᠠᠨ ᠲᠠᠷᠬᠠᠭᠳᠠᠭᠰᠠᠨ ᠬᠡᠪᠴᠢᠶ᠎ᠡ ᠪᠠᠷ ᠦᠷᠭᠡᠨ᠂ ᠠᠭᠤᠯᠭ᠎ᠠ ᠪᠠᠷ ᠪᠠᠶᠠᠯᠢᠭ᠂ ᠤᠷᠤᠨ ᠨᠤᠳᠤᠭ ᠤᠨ ᠤᠨᠴᠠᠯᠢᠭ ᠢᠶᠠᠷ ᠲᠤᠪᠤᠶᠢᠮ᠎ᠠ ᠠᠷᠠᠳ ᠤᠨ ᠲᠠᠭᠤᠤ ᠪᠤᠯᠤᠨ᠎ᠡ᠃ᠨᠢᠭᠡ᠂ ᠬᠤᠷᠴᠢᠨ ᠠᠷᠠᠳ ᠤᠨ ᠳᠠᠭᠤᠣ ᠶᠢᠨ ᠤᠷᠤᠨ ᠨᠤᠳᠤᠭ ᠤᠨ ᠤᠨᠴᠠᠯᠢᠭ      ᠤᠷᠣᠨ ᠨᠤᠲᠤᠭ ᠬᠢᠭᠡᠳ ᠠᠷᠠᠳ ᠤᠨ ᠲᠠᠭᠤᠤ ᠪᠤᠯ ᠰᠠᠯᠵᠤ ᠪᠤᠯᠤᠰᠢ ᠦᠭᠡᠢ ᠬᠠᠷᠢᠴᠠᠭ᠎ᠠ ᠲᠠᠢ᠃ ᠮᠣᠩᠭᠤᠯ ᠦᠨᠳᠦᠰᠦᠲᠡᠨ ᠤ ᠮᠠᠨᠢ ᠦᠨᠦᠳᠦᠷ ᠤᠨ ᠮᠡᠳᠤ ᠠᠭᠤᠳᠠᠮ ᠰᠠᠷᠠᠭᠤᠯ ᠨᠣᠲᠤᠭ᠂ ᠦᠶ᠎ᠡ ᠣᠯᠠᠮᠵᠢᠯᠠᠭᠰᠡᠨ ᠲᠡᠣᠬᠡ ᠱᠠᠰᠲᠢᠷ᠂ ᠦᠨᠢᠷ ᠪᠠᠶᠠᠯᠢᠭ ᠡᠳ᠋ ᠡᠷᠳᠡᠨᠢᠰ ᠨᠢ ᠠᠷᠠᠳ ᠤᠨ ᠲᠠᠭᠤᠤ ᠶᠢ ᠪᠠᠭᠳᠠᠭᠠᠭᠰᠠᠨ ᠦᠨᠳᠤᠰᠤᠳᠡᠨ ᠤ ᠰᠣᠶᠣᠯ ᠤᠷᠠᠯᠢᠭ ᠤᠨ ᠦᠨᠳᠤᠰᠤᠨ ᠰᠠᠭᠤᠷᠢ ᠨᠢ ᠪᠤᠯᠤᠭᠰᠠᠨ ᠤᠴᠢᠷ ᠠᠴᠠ ᠤᠷᠳᠤ ᠣᠳᠠᠭᠠᠨ ᠲᠡᠦᠬᠡ ᠶᠢᠨ ᠨᠤᠭᠤᠴᠠᠭᠠᠨ ᠳᠤ ᠪᠠᠯᠠᠷᠠᠰᠢ ᠦᠭᠡᠢ ᠤᠷᠤᠰᠢᠭᠰᠠᠭᠠᠷ ᠢᠷᠡᠭᠰᠡᠨ ᠶᠤᠮ᠃ ᠨᠢᠭᠡ ᠦᠨᠳᠦᠰᠦᠲᠡᠨ ᠤ ᠦᠪᠡᠷ ᠤᠨ ᠬᠢᠨᠢ ᠤᠨᠴᠠᠯᠢᠭ ᠪᠦᠬᠦᠢ ᠵᠠᠩ ᠲᠠᠳᠬᠠᠯ᠂ ᠦᠭᠡ ᠬᠡᠯᠡ᠂ ᠦᠰᠦᠭ ᠪᠢᠴᠢᠭ᠂ ᠤᠷᠠᠯᠢᠭ ᠨᠢ ᠲᠡᠷᠡ ᠬᠦ ᠦᠨᠳᠤᠰᠤᠳᠡᠨ ᠤ ᠤᠯᠤᠰ ᠲᠦᠷᠦ ᠠᠵᠤ ᠠᠬᠤᠢ ᠶᠢᠨ ᠤᠯᠠᠷᠢᠯ ᠬᠤᠪᠢᠰᠤᠯ ᠤᠨ ᠰᠢᠯᠲᠠᠭᠠᠨ ᠨᠦᠯᠤᠬᠡ ᠪᠠ ᠠᠮᠢᠳᠤᠷᠠᠨ ᠰᠠᠭᠤᠷᠢᠰᠢᠭᠰᠠᠨ ᠭᠠᠵᠠᠷ ᠤᠷᠤᠨ ᠤ ᠬᠢᠨᠢ ᠤᠷᠴᠢᠨ ᠲᠤᠭᠤᠷᠢᠨ ᠲᠠᠢ ᠰᠢᠭᠤᠳ ᠬᠠᠷᠢᠴᠠᠭ᠎ᠠ ᠲᠠᠢ ᠪᠠᠶᠢᠳᠠᠭ᠃      ᠶᠠᠭ ᠡᠶᠢᠮᠤ ᠤᠴᠢᠷ ᠠᠴᠠ ᠬᠤᠷᠴᠢᠨ ᠨᠤᠳᠤᠭ ᠤᠨ ᠰᠤᠶᠤᠯ ᠤᠷᠠᠯᠢᠭ ᠨᠢ ᠲᠡᠤᠭᠡ ᠶᠢᠨ ᠶᠠᠪᠤᠴᠠ ᠳᠤ ᠮᠠᠯᠵᠢᠬᠤ ᠰᠤᠶᠤᠯ ᠠᠴᠠ ᠲᠠᠷᠢᠶᠠᠯᠠᠬᠤ ᠰᠤᠶᠤᠯ ᠳᠤ ᠰᠢᠯᠵᠢᠨ ᠤᠷᠤᠬᠤ ᠶᠢ ᠲᠠᠭᠠᠯᠳᠤᠨ᠂ ᠪᠤᠰᠤᠳ ᠦᠨᠳᠦᠰᠦᠲᠡᠨ ᠯᠦᠭᠡ ᠬᠤᠯᠢᠯᠳᠤᠨ ᠰᠠᠭᠤᠷᠢᠰᠢᠬᠤ ᠪᠤᠯᠤᠭᠰᠠᠨ ᠠᠴᠠ ᠦᠭᠡ ᠬᠡᠯᠡᠯᠭᠡ᠂ ᠵᠠᠩ ᠲᠠᠳᠬᠠᠯ ᠨᠢ ᠤᠷᠤᠨ ᠨᠤᠳᠤᠭ ᠤᠨ ᠤᠨᠴᠠᠯᠢᠭ ᠲᠠᠢ ᠪᠤᠯᠤᠭᠰᠠᠨ ᠢᠶᠠᠷ ᠪᠠᠷᠠᠬᠤ ᠦᠭᠡᠢ᠂ ᠤᠷᠲᠤ ᠶᠢᠨ ᠲᠠᠭᠤᠤ ᠨᠢ ᠠᠭᠠᠵᠢᠮ ᠠᠭᠠᠵᠢᠮ ᠢᠶᠠᠷ ᠤᠬᠤᠷ ᠲᠠᠭᠤᠤ᠂ ᠦᠯᠢᠭᠡᠷᠳᠤ ᠲᠠᠭᠤᠤ ᠪᠤᠯᠤᠨ ᠬᠤᠪᠢᠷᠠᠵᠠᠢ᠃ ᠦᠯᠢᠭᠡᠷᠲᠤ ᠲᠠᠭᠤᠤ ᠨᠢ ᠭᠠᠭᠴᠠ ᠬᠦ ᠬᠤᠷᠴᠢᠨ ᠨᠤᠳᠤᠭ ᠲᠤ ᠯᠡ ᠪᠠᠶᠢᠳᠠᠭ ᠦᠪᠡᠷᠮᠢᠴᠡ ᠤᠨᠴᠠᠯᠢᠭ ᠢ ᠪᠦᠲᠦᠭᠡᠭᠰᠡᠨ ᠢᠶᠠᠷ ᠮᠠᠰᠢ ᠪᠠᠶᠠᠯᠢᠭ ᠵᠦᠴᠦᠭᠡᠯᠢᠭ ᠰᠢᠨᠵᠢ ᠶᠢ ᠠᠬᠤᠭᠤᠯᠤᠨᠨᠰᠠᠨ ᠵᠦᠴᠦᠭᠡ ᠶᠢᠨ ᠬᠡᠪ ᠨᠠᠮᠪᠠ ᠲᠠᠢ ᠲᠠᠭᠤᠤ ᠪᠤᠯᠵᠤ᠂ ᠮᠤᠩᠭᠤᠯ ᠦᠨᠳᠤᠰᠤᠳᠡᠨ ᠤ ᠰᠤᠶᠤᠯ ᠤᠷᠠᠯᠢᠭ ᠤᠨ ᠲᠡᠤᠭᠡᠨ ᠳᠤ ᠲᠦᠢᠯ ᠤᠨ ᠠᠴᠢ ᠬᠤᠯᠪᠤᠨᠨᠳᠠᠯ ᠲᠠᠢ ᠪᠦᠭᠡᠳ ᠰᠤᠶᠤᠯ ᠤᠷᠠᠯᠢᠭ ᠤᠨ ᠰᠠᠩ ᠢ ᠪᠠᠶᠠᠯᠢᠭᠵᠢᠭᠤᠯᠤᠭᠰᠠᠨ ᠬᠤᠪᠢ ᠨᠡᠮᠡᠷᠢ ᠪᠤᠯᠤᠭᠰᠠᠨ ᠶᠤᠮ᠃ᠬᠤᠶᠡᠷ᠂ ᠬᠤᠷᠴᠢᠨ ᠠᠷᠠᠳ ᠤᠨ ᠳᠠᠭᠤᠣ ᠶᠢᠨ ᠵᠦᠴᠦᠭᠡᠯᠢᠭ ᠰᠢᠨᠵᠢ      ᠠᠮᠢᠳᠤᠷᠠᠯ ᠦᠭᠡᠢ ᠪᠤᠯ ᠵᠦᠴᠦᠭᠡ ᠦᠭᠡᠢ᠃ ᠵᠦᠴᠦᠭᠡ ᠪᠠᠶᠢᠭᠠᠳ ᠵᠦᠴᠦᠭᠡᠯᠢᠭ ᠰᠢᠨᠵᠢ ᠦᠭᠡᠢ ᠶᠤᠮ ᠪᠤᠯ ᠵᠦᠴᠦᠭᠡ ᠶᠢᠨ ᠠᠮᠢᠯᠠᠯ ᠤᠨ ᠬᠦᠴᠦᠨ ᠦᠭᠡᠢ᠃ ᠬᠤᠷᠴᠢᠨ ᠠᠷᠠᠳ ᠤᠨ ᠦᠯᠢᠭᠡᠷᠲᠦ ᠲᠠᠭᠤᠤ ᠨᠢ ᠠᠮᠢᠯᠠᠯ ᠤᠨ ᠬᠦᠴᠤᠨ ᠢᠶᠠᠷ ᠬᠤᠮᠰᠠᠳᠠᠬᠤ ᠦᠬᠡᠢ ᠨᠢ ᠲᠡᠬᠦᠨ ᠳᠤ ᠵᠦᠴᠦᠭᠡᠯᠢᠭ ᠰᠢᠨᠵᠢ ᠪᠠᠷ ᠪᠠᠶᠠᠯᠢᠭ ᠪᠠᠶᠢᠳᠠᠭ ᠲᠤ ᠤᠷᠤᠰᠢᠨ᠎ᠡ᠃ᠵᠢᠱᠢᠶᠡᠯᠡᠪᠡᠯ᠂ ᠬᠤᠷᠴᠢᠨ ᠠᠷᠠᠳ ᠤᠨ ᠳᠠᠭᠤᠣ ︽ᠳᠢᠩᠬᠤᠷᠵᠠᠪ︾ ᠪᠤᠯ ᠬᠤᠷᠴᠢᠨ ᠮᠣᠩᠭᠤᠯᠴᠤᠳ ᠤᠨ ᠰᠤᠶᠤᠯ‌ᠠᠮᠢᠳᠣᠷᠠᠯ ᠢ ᠠᠮᠢᠳᠣᠯᠢᠭ ᠳᠦᠷᠰᠦᠯᠢᠭ ᠲᠤᠰᠬᠠᠭᠰᠠᠨ ᠲᠦᠢᠯ ᠤᠨ ᠵᠦᠴᠦᠭᠡᠯᠢᠭ ᠰᠢᠨᠵᠢ ᠲᠠᠢ ᠳᠠᠭᠤᠣ ᠪᠤᠯᠤᠨ᠎ᠡ᠃ ᠬᠤᠷᠴᠢᠨ ᠠᠷᠠᠳ ᠤᠨ ᠦᠯᠢᠭᠡᠷᠲᠦ ᠳᠠᠭᠤᠣ᠂ ᠦᠯᠢᠭᠡᠷ ᠬᠤᠯᠪᠣᠭ᠎ᠠ ᠶᠢᠨ ᠳᠠᠭᠤᠣ᠂ ᠬᠤᠷᠢᠮ ᠨᠠᠶᠢᠷ ᠤᠨ ᠳᠠᠭᠤᠣ᠂ ᠪᠠᠭᠠᠲᠣᠷᠯᠢᠭ ᠲᠣᠣᠯᠢᠰ ᠤᠨ ᠳᠠᠭᠤᠣ᠂ ᠮᠠᠩᠭᠤᠰ ᠬᠠᠶᠢᠯᠠᠬᠤ ᠲᠠᠭᠤᠤ ᠪᠠ ᠪᠦᠬᠡ ᠮᠦᠷᠭᠦᠯ ᠤᠨ ᠳᠠᠭᠤᠣ ᠨᠤᠭᠤᠳ ᠤᠨ ᠵᠦᠴᠦᠭᠡᠯᠢᠭ ᠰᠢᠨᠵᠢ᠂ ᠳᠠᠷᠣᠢ ᠲᠡᠬᠦᠨ ᠤ ᠦᠯᠢᠭᠡᠷ ᠤᠨ ᠵᠦᠷᠢᠴᠡᠯ ᠮᠦᠷᠭᠦᠯᠳᠦᠭᠡᠨ ᠨᠢ ᠦᠭᠡᠷ᠎ᠡ ᠪᠤᠰᠤᠳ ᠭᠠᠵᠠᠷ ᠤᠷᠤᠨ ᠤ ᠤᠨᠴᠠᠯᠢᠭ ᠠᠴᠠ ᠳᠠᠪᠠᠭᠤᠯᠢᠭ ᠲᠠᠯ᠎ᠠ ᠤᠯᠠᠨ ᠪᠠᠶᠢᠳᠠᠭ᠃      ᠵᠦᠴᠦᠭᠡᠯᠢᠭ ᠰᠢᠨᠵᠢ ᠪᠤᠯ ᠵᠦᠴᠦᠭᠡ ᠶᠢᠨ ᠳᠦᠷᠢ ᠶᠢᠨ ᠳᠣᠳᠣᠭᠠᠲᠣ ᠰᠡᠳᠭᠢᠯᠭᠡ ᠶᠢᠨ ᠳᠡᠯᠭᠡᠷᠡᠭᠦᠯᠦᠭᠴᠢ ᠬᠦᠴᠦᠨ ᠪᠤᠯᠳᠠᠭ᠃ ᠮᠦᠨ ᠴᠤ ᠭᠠᠳᠠᠭᠠᠳᠣ ᠲᠠᠯ᠎ᠠ ᠶᠢᠨ ᠲᠦᠷᠢ ᠪᠦᠲᠦᠭᠡᠬᠦ ᠠᠴᠠ ᠳᠣᠲᠣᠭᠠᠲᠣ ᠰᠡᠳᠭᠢᠯᠭᠡ ᠶᠢᠨ ᠬᠠᠶᠢᠷ᠎ᠠ ᠬᠤᠷᠤᠰᠣᠯ ᠢ ᠢᠯᠡᠳᠭᠡᠬᠦ ᠭᠤᠤᠯ ᠲᠦᠯᠦᠭᠡᠯᠡᠭᠴᠢ ᠬᠦᠴᠦᠨ ᠪᠤᠯᠳᠠᠭ᠃ ᠵᠢᠱᠢᠶᠡᠯᠡᠪᠡᠯ᠂ ᠪᠤᠰᠤᠳ ᠭᠠᠵᠠᠷ ᠤᠷᠤᠨ ᠲᠠᠢ ᠠᠳᠠᠯᠢ ᠪᠠᠷ ᠬᠤᠷᠴᠢᠨ ᠤ ᠮᠤᠩᠭᠤᠯᠴᠤᠳ ᠴᠤ ᠬᠤᠨᠢ᠂ ᠲᠡᠮᠡᠭᠡ ᠵᠡᠷᠭᠡ ᠡᠬᠡ ᠮᠠᠯ ᠨᠢ ᠬᠤᠷᠠᠭ᠎ᠠ᠂ ᠪᠤᠳᠤᠭᠤ ᠪᠠᠨ ᠭᠤᠯᠤᠬᠤ ᠦᠶ᠎ᠡ ᠳᠤ ᠡᠵᠡᠨ ᠨᠢ ᠲᠤᠶᠢᠭ ᠤᠨ ᠳᠠᠭᠤᠣ᠂ ᠪᠤᠳᠤᠭᠤ ᠶᠢᠨ ᠳᠠᠭᠤᠣ ᠶᠢ ᠲᠠᠭᠤᠯᠠᠵᠤ ᠰᠡᠳᠬᠢᠯ ᠢ ᠨᠢ ᠤᠶᠠᠷᠠᠭᠤᠯᠵᠤ᠂ ᠨᠢᠯᠪᠤᠰᠤ ᠶᠢ ᠨᠢ ᠮᠡᠯᠮᠡᠷᠡᠭᠦᠯᠦᠭᠡᠳ ᠦᠷ᠎ᠡ ᠳᠦᠯ ᠢ ᠨᠢ ᠠᠪᠤᠭᠤᠯᠳᠠᠭ ᠵᠠᠩᠰᠢᠯ ᠲᠠᠢ ᠪᠠᠶᠢᠪᠠ᠃ ᠡᠶᠢᠮᠤᠷᠬᠦ ᠳᠠᠭᠤᠣ ᠨᠢ ᠲᠦᠢᠯ ᠤᠨ ᠵᠦᠴᠤᠭᠡᠯᠢᠭ ᠰᠢᠨᠵᠢ ᠲᠠᠢ ᠶᠤᠮ᠃ ᠡᠬᠦᠨ ᠢ ᠬᠦᠮᠦᠨ ᠬᠢᠭᠡᠳ ᠠᠳᠣᠭᠤᠰᠣ ᠮᠠᠯ ᠤᠨ ᠬᠤᠭᠤᠷᠣᠨᠳᠣ ᠳᠠᠭᠤᠣ ᠬᠦᠭᠵᠢᠮ ᠢᠶᠠᠷ ᠶᠠᠷᠢᠯᠴᠠᠭᠰᠠᠨ ᠳᠣᠳᠣᠭᠠᠳᠣ ᠰᠡᠳᠭᠢᠯᠭᠡ ᠶᠢᠨ ᠵᠦᠴᠦᠭᠡᠯᠢᠭ ᠰᠢᠨᠵᠢ ᠶᠢ ᠢᠯᠡᠷᠡᠭᠦᠯᠦᠭᠰᠡᠨ ᠦᠵᠡᠭᠳᠡᠯ ᠮᠦᠨ ᠭᠡᠵᠤ ᠬᠡᠯᠡᠵᠤ ᠪᠤᠯᠤᠨ᠎ᠡ᠃ ᠬᠤᠷᠴᠢᠨ ᠠᠷᠠᠳ ᠤᠨ ᠲᠠᠭᠤᠤ ᠶᠢ ᠪᠠᠭᠳᠠᠭᠠᠭᠰᠠᠨ ᠨᠡᠯᠢᠶᠠᠳ ᠤᠯᠠᠨ ᠮᠤᠩᠭᠤᠯ ᠠᠷᠠᠳ ᠤᠨ ᠲᠠᠭᠤᠤ ᠪᠤᠯ ᠦᠨᠳᠦᠰᠦᠨ ᠳᠡᠭᠡᠨ ᠵᠦᠴᠦᠭᠡ ᠶᠢᠨ ᠲᠠᠶᠢᠰᠠᠨ ᠳᠤ ᠲᠣᠭᠯᠠᠭᠰᠠᠨ ᠦᠭᠡᠢ ᠵᠦᠴᠦᠭᠡ ᠶᠤᠮ᠃ᠭᠤᠷᠪᠠ᠂ ᠬᠤᠷᠴᠢᠨ ᠠᠷᠠᠳ ᠤᠨ ᠳᠠᠭᠤᠣ ᠪᠤᠶᠤ ᠦᠷᠦᠨᠡᠳᠠᠬᠢᠨ ᠤ ᠲᠠᠭᠤᠯᠠᠯᠳᠤ ᠵᠦᠴᠦᠭᠡ      ᠦᠷᠦᠨᠡᠳᠡᠬᠢᠨ ᠤ ᠳᠠᠭᠤᠯᠠᠯᠲᠣ ᠵᠦᠴᠦᠭᠡ ᠨᠢ ᠲᠣᠭᠲᠠᠭᠰᠠᠨ ᠲᠠᠭᠤᠯᠠᠯᠭ᠎ᠠ ᠶᠢᠨ ᠣᠨᠴᠠᠯᠢᠭ ᠲᠠᠢ ᠪᠠᠶᠢᠳᠠᠭ᠃ ᠡᠬᠦᠨ ᠳᠤ᠂ ᠭᠤᠤᠯ ᠲᠤᠭᠯᠠᠭᠴᠢ ᠶᠢᠨ ᠭᠤᠴᠣᠯᠠᠯ ᠳᠠᠭᠤᠣ᠂ ᠬᠤᠤᠰᠯᠠᠯ ᠳᠠᠭᠤᠣ᠂ ᠭᠤᠷᠪᠠᠨ ᠬᠦᠮᠦᠨ ᠤ ᠨᠠᠶᠢᠷᠠᠯ ᠳᠠᠭᠤᠣ᠂ ᠳᠦᠷᠪᠡᠨ ᠬᠦᠮᠦᠨ ᠤ ᠬᠠᠮᠲᠤᠷᠠᠯ ᠳᠠᠭᠤᠣ᠂ ᠲᠠᠪᠤᠨ ᠬᠦᠮᠦᠨ ᠤ ᠨᠠᠶᠢᠷᠠᠯ ᠳᠠᠭᠤᠣ᠂ ᠵᠢᠷᠭᠤᠭ᠎ᠠ ᠳᠣᠯᠣᠭᠠᠨ ᠬᠦᠮᠦᠨ ᠤ ᠬᠠᠮᠲᠣᠷᠠᠯ ᠳᠠᠭᠤᠣ᠂ ᠤᠯᠠᠨ ᠬᠦᠮᠦᠨ ᠤ ᠬᠠᠪᠰᠤᠷᠤᠯ ᠳᠠᠭᠤᠣ ᠵᠡᠷᠭᠡ ᠣᠯᠠᠨ ᠲᠠᠯ᠎ᠠ ᠶᠢᠨ ᠳᠠᠭᠤᠣ ᠬᠦᠭᠵᠢᠮ ᠤᠨ ᠬᠠᠪᠰᠣᠷᠣᠯᠭ᠎ᠠ ᠶᠢ ᠣᠶᠠᠯᠳᠣᠭᠤᠯᠤᠭᠰᠠᠨ ᠠᠴᠠ ᠵᠦᠴᠦᠭᠡᠯᠢᠭ ᠰᠢᠨᠵᠢ ᠪᠠᠷ ᠪᠦᠷᠢᠨ ᠲᠡᠭᠦᠯᠳᠡᠷ ᠪᠠᠶᠢᠳᠠᠭ ᠃ ᠪᠠᠰᠠ ᠬᠤᠷᠴᠢᠨ ᠠᠷᠠᠳ ᠤᠨ ᠦᠯᠢᠬᠡᠷᠳᠤ ᠲᠠᠭᠤᠤ ᠰᠢᠭ᠋ ᠱᠤᠭ ᠬᠤᠱᠣᠩ ᠲᠦᠷᠢ ᠶᠢ ᠢᠯᠡᠷᠡᠭᠦᠯᠦᠭᠰᠡᠨ ᠬᠤᠲᠣᠭᠤᠴᠢᠨ ᠤ ᠲᠦᠷᠢ ᠴᠤ ᠪᠠᠶᠢᠳᠠᠭ᠃ ᠡᠨᠡ ᠬᠦ ᠱᠤᠭ ᠬᠤᠱᠤᠩ ᠲᠦᠷᠢ ᠨᠢ ᠵᠦᠴᠤᠭᠡᠯᠢᠭ ᠰᠢᠨᠵᠢ ᠶᠢ ᠲᠤᠪᠤᠶᠢᠯᠭᠠᠬᠤ ᠳᠤ ᠲᠤᠩ ᠶᠡᠭᠡ ᠦᠢᠯᠡᠳᠦᠯ ᠦᠵᠡᠭᠦᠯᠳᠡᠭ ᠶᠤᠮ᠃      ︽ᠬᠠᠨ ᠰᠢᠦ ᠶᠢᠩ︾᠂ ︽ᠲᠣᠭᠠᠷᠵᠠᠪ ᠯᠠᠶᠢᠴᠢᠩ︾ ᠵᠡᠷᠭᠡ ᠬᠤᠷᠴᠢᠨ ᠠᠷᠠᠳ ᠤᠨ ᠳᠠᠭᠤᠣ ᠳᠠᠬᠢ ᠲᠦᠷᠢ ᠨᠢ ᠦᠷᠤᠨᠡᠳᠡᠬᠢᠨ ᠤ ᠲᠠᠭᠤᠯᠠᠯᠳᠤ ᠵᠦᠴᠤᠬᠡ ᠰᠢᠭ ᠵᠦᠴᠦᠭᠡᠯᠢᠭ ᠰᠢᠨᠵᠢ ᠲᠠᠢ ᠪᠠᠶᠢᠳᠠᠭ ᠢᠶᠠᠷ ᠢᠶᠠᠨ ᠠᠮᠢᠯᠠᠯ ᠤᠨ ᠬᠦᠴᠦᠨ ᠢᠶᠠᠷ ᠪᠢᠯᠬᠠᠮ᠎ᠠ ᠪᠠᠶᠢᠳᠠᠭ᠃ ᠨᠠᠷᠢᠨ ᠰᠢᠨᠵᠢᠪᠡᠯ᠂ ᠬᠤᠷᠴᠢᠨ ᠠᠷᠠᠳ ᠤᠨ ᠳᠠᠭᠤᠣ ᠳᠤ ᠣᠯᠠᠩᠬᠢ ᠳᠠᠭᠠᠨ ᠭᠠᠳᠠᠭᠠᠲᠤ ᠶᠢᠨ ᠳᠠᠭᠤᠯᠠᠯᠲᠤ ᠵᠦᠴᠦᠭᠡ ᠶᠢᠨ ᠲᠢᠩᠬᠢᠮ ᠳᠤ ᠰᠠᠶᠢ ᠪᠠᠶᠢᠡᠭᠭᠤ ᠰᠤᠨᠤᠰᠳᠠᠳᠠᠭ ᠲᠠᠪᠬᠤᠷᠯᠢᠭ ᠠᠶᠠᠯᠭᠤ ᠬᠢᠭᠡᠳ ᠵᠦᠴᠦᠭᠡ ᠶᠢᠨ ᠭᠤᠤᠯ ᠠᠶᠠᠯᠭᠤ ᠶᠢᠨ ᠬᠦᠭᠵᠢᠮ ᠤᠨ ᠳᠣᠮᠳᠠ ᠬᠤᠶᠢᠨ᠎ᠠ ᠡᠮᠦᠨ᠎ᠡ ᠨᠢ ᠰᠣᠯᠢᠪᠴᠠᠭᠤᠯᠣᠨ ᠬᠡᠷᠡᠭᠯᠡᠭᠳᠡᠳᠡᠭ ᠲᠠᠪᠬᠤᠷᠯᠢᠭ ᠠᠶᠠᠯᠭᠤ ᠪᠠᠶᠢᠳᠠᠭ᠂ ᠵᠢᠱᠢᠶᠡᠯᠡᠪᠡᠯ᠂ ᠬᠤᠷᠴᠢᠨ ᠠᠷᠠᠳ ᠤᠨ ᠳᠠᠭᠤᠣ ︽ᠲᠢᠩᠬᠤᠷᠵᠠᠪ︾ ᠵᠡᠷᠭᠡ ᠳᠠᠭᠤᠣ ᠪᠤᠯ ᠶᠠᠭ ᠡᠶᠢᠮᠤᠷᠬᠦ ᠣᠨᠴᠠᠯᠢᠭ ᠲᠠᠢ᠃ ᠢᠲ᠋ᠠᠯᠢ ᠶᠢᠨ 16 ᠳ᠋ᠤᠭᠠᠷ ᠵᠠᠭᠤᠨ ᠤ ᠦᠶ᠎ᠡ ᠶᠢᠨ ᠳᠠᠭᠤᠯᠠᠯᠲᠣ ᠵᠦᠴᠦᠭᠡ ︽ᠳᠦᠷᠠᠨᠳᠦᠲ︾ ᠤᠨ ᠭᠤᠣᠯ ᠳᠠᠭᠤᠣ ︽ᠡᠨᠡ ᠰᠦᠨᠢ ᠨᠥᠢᠷ ᠬᠤᠯᠵᠢᠯ᠎ᠠ︾ ᠶᠢᠨ ᠡᠬᠢᠯᠡᠯᠲᠡ ᠶᠢᠨ ᠠᠶᠠᠯᠭᠤ ᠨᠢ ᠬᠤᠷᠴᠢᠨ ᠠᠷᠠᠳ ᠤᠨ ᠳᠠᠭᠤᠣ ︽ᠳᠢᠩᠬᠤᠷᠵᠠᠪ︾ ᠤᠨ ᠠᠶᠠᠯᠭᠤ ᠬᠦᠭ ᠲᠠᠢ ᠮᠠᠰᠢ ᠠᠳᠠᠯᠢᠪᠳᠤᠷ ᠪᠠᠶᠢᠳᠠᠭ᠃ ᠬᠤᠷᠴᠢᠨ ᠠᠷᠠᠳ ᠤᠨ ᠳᠠᠭᠤᠣ ᠶᠢᠨ ᠡᠷᠡᠭᠲᠡᠢ ᠶᠢᠨ ᠭᠤᠴᠣᠯᠠᠯ ᠳᠠᠭᠤᠣ᠂ ᠡᠮᠡᠭᠲᠡᠢ ᠶᠢᠨ ᠭᠤᠴᠤᠯᠠᠯ ᠳᠠᠭᠤᠣ᠂ ᠬᠤᠤᠰᠯᠠᠯ ᠳᠠᠭᠤᠣ᠂ ᠡᠷᠡᠭᠲᠡᠢ ᠡᠮᠡᠭᠲᠡᠢ ᠶᠢᠨ ᠡᠯᠬᠦᠯᠴᠡᠭᠡ ᠲᠠᠭᠤᠤ ᠨᠢ ᠪᠠᠰᠠ ᠠᠹᠷᠢᠺᠡ ᠶᠢᠨ ᠲᠠᠭᠤᠯᠠᠯᠲᠤ ᠵᠦᠴᠦᠭᠡ ᠳᠠᠬᠢ ᠡᠷᠡᠭᠲᠡᠢ ᠡᠮᠡᠭᠲᠡᠢ ᠶᠢᠨ ᠭᠤᠤᠯ ᠲᠦᠷᠢ ᠲᠠᠢ ᠠᠳᠠᠯᠢᠬᠠᠨ ᠲᠦᠷᠢ ᠰᠢᠨᠵᠢ ᠶᠢ ᠪᠦᠲᠦᠭᠡᠭᠰᠡᠨ ᠪᠠᠶᠢᠳᠠᠭ᠃      ᠬᠤᠷᠴᠢᠨ ᠠᠷᠠᠳ ᠤᠨ ᠳᠠᠭᠤᠤ ᠶᠢ ᠭᠠᠭᠴᠠ ᠬᠦᠮᠤᠨ ᠬᠤᠭᠤᠷᠲᠠᠵᠦ ᠳᠠᠭᠤᠯᠠᠳᠠᠭ ᠵᠦᠴᠦᠭᠡᠯᠢᠭ ᠰᠢᠨᠵᠢ ᠨᠢ ᠬᠠᠷᠢᠨ ᠦᠷᠦᠨᠡᠳᠠᠬᠢᠨ ᠤ ᠲᠠᠶᠢᠰᠠᠨ ᠤ ᠳᠠᠭᠤᠯᠠᠯᠲᠤ ᠵᠦᠴᠦᠭᠡ ᠳᠤ ᠪᠠᠶᠢᠳᠠᠭ ᠦᠭᠡᠢ ᠤᠨᠴᠠ ᠦᠵᠡᠭᠳᠡᠯ ᠶᠤᠮ᠃ ᠮᠦᠨ ᠴᠤ ᠵᠦᠪᠬᠡᠨ ᠬᠤᠷᠴᠢᠨ ᠠᠷᠠᠳ ᠤᠨ ᠲᠠᠭᠤᠤ ᠳᠤ ᠯᠠ ᠪᠠᠶᠢᠳᠠᠭ ᠵᠦᠴᠦᠭᠡᠯᠢᠭ ᠰᠢᠨᠵᠢ ᠪᠤᠯᠤᠨ᠎ᠡ᠃      ᠬᠤᠷᠴᠢᠨ ᠠᠷᠠᠳ ᠤᠨ ᠲᠠᠭᠤᠤ᠂ ᠢᠯᠠᠩᠭᠤᠶ᠎ᠡ ᠦᠯᠢᠭᠡᠷᠳᠤ ᠲᠠᠭᠤᠤ ᠳᠤ ᠪᠠᠰᠠ ᠬᠤᠲᠣᠭᠴᠢᠨ ᠤ ᠲᠦᠷᠢ ᠢᠯᠡᠷᠡᠵᠦ ᠪᠠᠶᠢᠳᠠᠭ᠃ ᠵᠠᠷᠢᠮ ᠳᠠᠭᠠᠨ ᠡᠨᠡ ᠳᠦᠷᠢ ᠨᠢ ᠰᠠᠭᠠᠳᠠᠭ ᠨᠤᠮᠤ ᠠᠭᠰᠠᠵᠤ ᠬᠤᠱᠤᠩ ᠱᠤᠭ ᠭᠠᠷᠭᠠᠭᠠᠳ ᠭᠤᠤᠯ ᠳᠦᠷᠢ ᠠᠴᠠ ᠪᠠᠨ ᠣᠨᠳᠣᠣ ᠵᠦᠴᠦᠭᠡᠯᠢᠭ ᠰᠢᠨᠵᠢ ᠲᠠᠢ ᠲᠦᠷᠢ ᠲᠦᠷᠬᠦ ᠶᠢ ᠪᠦᠳᠤᠭᠡᠳᠡᠭ ᠮᠦᠷᠲᠡᠭᠡᠨ ᠪᠦᠬᠦ ᠲᠠᠭᠤᠤ ︵ᠵᠦᠴᠦᠭᠡ︶ ᠳᠤ ᠬᠦᠷ ᠬᠦᠭᠵᠢᠶᠡᠨ ᠤ ᠬᠦᠴᠦᠨ ᠢ ᠨᠡᠮᠡᠭᠳᠡᠬᠦᠯᠵᠤ᠂ ᠭᠤᠤᠯ ᠲᠦᠷᠢ ᠪᠠᠨ ᠲᠤᠪᠤᠶᠢᠯᠭᠠᠬᠤ ᠦᠢᠯᠡᠳᠦᠯ ᠲᠠᠢ᠃      ᠦᠷᠦᠨᠡᠳᠠᠬᠢᠨ ᠤ ᠳᠠᠭᠤᠯᠠᠯᠲᠣ ᠵᠦᠴᠦᠭᠡ ᠳᠠᠬᠢ ᠬᠤᠲᠣᠭᠤᠴᠢᠨ ᠪᠤᠯ ᠵᠦᠴᠦᠭᠡ ᠶᠢᠨ ᠭᠤᠤᠯ ᠲᠦᠷᠢ ᠪᠠ ᠪᠤᠰᠤᠳ ᠲᠦᠷᠢ ᠶᠢᠨ ᠳᠣᠮᠳᠠ ᠶᠠᠮᠠᠷ ᠨᠢᠭᠡᠨ ᠦᠪᠡᠷ ᠤᠨ ᠲᠣᠭᠲᠠᠭᠰᠠᠨ ᠪᠠᠶᠢᠷᠢ ᠰᠠᠭᠤᠷᠢ ᠲᠠᠢ ᠮᠦᠷᠲᠡᠭᠡᠨ ᠭᠤᠤᠯ ᠳᠦᠷᠢ ᠶᠢᠨ ᠳᠠᠭᠤᠣ ᠬᠤᠭᠤᠯᠠᠢ ᠲᠠᠢ ᠡᠷᠡᠰ ᠣᠨᠳᠣᠣ᠂ ᠮᠠᠭᠤ ᠮᠠᠭᠤᠬᠠᠢ ᠲᠦᠷᠢ ᠶᠢᠨ ᠳᠠᠭᠤᠣ ᠪᠠ ᠭᠤᠤᠯ ᠳᠦᠷᠢ ᠶᠢᠨ ᠲᠠᠭᠤᠨ ᠦᠩᠭᠡ ᠠᠴᠠ ᠨᠢᠮᠭᠡᠨ ᠵᠦᠭᠡᠯᠡᠨ᠂ ᠲᠤᠷᠤᠢ ᠪᠠᠭᠤᠷᠠᠢ ᠠᠶᠠᠯᠭᠤ ᠭᠠᠷᠭᠠᠳᠠᠭ᠃ ᠡᠶᠢᠮᠤᠷᠬᠦ ᠬᠤᠲᠤᠭᠤᠴᠢᠨ ᠤ ᠲᠦᠷᠢ ᠨᠢ ᠪᠠᠰᠠ ᠭᠤᠤᠯ ᠳᠦᠷᠢ ᠶᠢᠨ ᠭᠠᠳᠠᠷ ᠳᠦᠷᠬᠦ ᠲᠤᠲᠤᠭᠠᠳᠤ ᠰᠡᠳᠭᠢᠯᠭᠡ ᠶᠢᠨ ᠲᠦᠷᠢ ᠪᠠᠶᠢᠳᠠᠯ ᠯᠤᠭ᠎ᠠ ᠢᠯᠡ ᠲᠤᠳᠤ ᠠᠳᠠᠯᠢᠳᠬᠠᠯ ᠪᠤᠯᠵᠤ᠂ ᠭᠤᠤᠯ ᠲᠦᠷᠢ ᠶᠢ ᠲᠤᠪᠤᠶᠢᠯᠭᠠᠬᠤ ᠳᠤ ᠤᠶᠢᠯᠠᠴᠢᠯᠠᠳᠡᠭ᠃ ᠡᠷᠡᠭᠲᠡᠢ ᠡᠮᠡᠭᠲᠡᠢ ᠶᠢᠨ ᠭᠤᠴᠤᠯᠠᠯ ᠳᠠᠭᠤᠣ ᠳᠤ ᠡᠷᠡᠰ ᠦᠭᠡᠷ᠎ᠡ ᠦᠩᠭᠡ ᠡᠶᠠᠯᠭᠤ ᠢᠯᠡᠷᠡᠬᠦ ᠨᠢ ᠵᠦᠴᠦᠭᠡ ᠶᠢᠨ ᠭᠤᠤᠯ ᠳᠦᠷᠢ ᠶᠢᠨ ᠲᠦᠷᠢ ᠪᠦᠲᠦᠭᠡᠬᠦ ᠶᠢᠨ ᠴᠢᠬᠤᠯᠠ ᠠᠷᠭ᠎ᠠ ᠪᠠᠷᠢᠯ ᠪᠦᠭᠡᠳ ᠵᠦᠴᠦᠭᠡ ᠶᠢᠨ ᠵᠦᠴᠦᠭᠡᠯᠢᠭ ᠰᠢᠨᠵᠢ ᠶᠢ ᠨᠡᠩ ᠰᠠᠶᠢᠨ ᠢᠯᠡᠳᠭᠡᠬᠦ ᠶᠢᠨ ᠲᠦᠯᠦᠭᠡ ᠶᠤᠮ᠃       ᠬᠤᠷᠴᠢᠨ ᠠᠷᠠᠳ ᠤᠨ ᠲᠠᠭᠤᠤ ᠳᠠᠬᠢ ᠬᠤᠲᠤᠭᠤᠴᠢᠨ ᠤ ᠳᠦᠷᠢ ᠪᠤᠯ ᠲᠡᠭᠡᠵᠦ ᠰᠢᠭᠤᠳ ᠮᠠᠭᠤᠰᠢᠶᠠᠵᠤ ᠲᠤᠷᠤᠮᠵᠢᠯᠠᠬᠤ ᠦᠵᠡᠭᠳᠡᠯ ᠢ ᠤᠨᠴᠠ ᠢᠯᠡᠷᠡᠭᠦᠯᠬᠦ ᠦᠭᠡᠢ᠂ ᠬᠠᠷᠢᠨ ᠦᠭᠡ ᠬᠡᠯᠡ᠂ ᠳᠣᠳᠣᠭᠠᠲᠣ ᠰᠡᠳᠭᠢᠯᠭᠡ ᠶᠢᠨ ᠲᠠᠯ᠎ᠠ ᠶᠢᠨ ᠵᠦᠷᠢᠶ᠎ᠡ ᠪᠠᠷ ᠢᠯᠡᠷᠡᠬᠦᠯᠳᠡᠭ᠃ ᠲᠠᠷᠤᠢ ᠦᠭᠡᠨ ᠤ ᠪᠠᠶᠠᠯᠢᠭ ᠶᠤᠮ ᠤᠤ ᠡᠰᠡᠪᠡᠯ ᠬᠤᠷᠢᠮ ᠨᠠᠶᠢᠷ ᠤᠨ ᠶᠤᠰᠣ ᠲᠦᠷᠢᠮ ᠤᠨ ᠠᠯᠢ ᠨᠢᠭᠡᠨ ᠲᠠᠯ᠎ᠠ ᠶᠢ ᠡᠵᠡᠮᠰᠢᠭᠰᠡᠨ ᠨᠢ ᠢᠯᠡᠭᠦᠦ ᠰᠠᠶᠢᠨ ᠪᠤᠯ ᠲᠠᠷᠠ ᠲᠠᠯ᠎ᠠ ᠪᠠᠷ ᠳᠠᠪᠠᠭᠤᠯᠢᠭ ᠪᠠᠶᠢᠷᠢ ᠶᠢ ᠡᠵᠡᠯᠡᠵᠦ᠂ ᠣᠷᠠᠨ ᠦᠭᠡ ᠤᠬᠠᠭᠠᠨ ᠰᠠᠨᠠᠭ᠎ᠠ ᠪᠠᠷ ᠨᠢᠬᠡ ᠨᠢᠭᠡᠨ ᠢᠶᠠᠨ ᠭᠠᠷᠲᠠᠭᠠᠨ ᠮᠣᠬᠤᠭᠠᠳᠠᠭ᠃ ᠡᠶᠢᠮᠦᠷᠬᠦ ᠮᠠᠶ᠋ᠢᠭ ᠤᠨ ᠬᠤᠱᠤᠩᠨᠠᠵᠤ᠂ ᠭᠠᠷᠲᠠᠭᠠᠨ ᠶᠦᠭᠡᠲᠡᠬᠦ ᠨᠢ ᠪᠠᠰᠠ ᠮᠠᠰᠢ ᠵᠦᠴᠦᠭᠡᠯᠢᠭ ᠰᠢᠨᠵᠢ ᠶᠢ ᠡᠭᠦᠰᠭᠡᠵᠦ᠂ᠰᠤᠨᠤᠰᠤᠭᠴᠢᠳ ᠤᠨ ᠰᠡᠳᠭᠢᠯ ᠢ ᠶᠡᠭᠡ ᠲᠠᠲᠠᠬᠤ ᠬᠦᠴᠦᠨ ᠲᠠᠢ ᠪᠤᠯᠳᠠᠭ ᠶᠤᠮ᠃ᠳᠦᠷᠪᠡ᠂ ᠬᠤᠷᠴᠢᠨ ᠠᠷᠠᠳ ᠤᠨ ᠲᠠᠭᠤᠤ ᠳᠠᠬᠢ ᠲᠦᠷᠢ ᠲᠦᠷᠰᠤᠯᠡᠯ      ᠶᠠᠮᠠᠷᠪᠠ ᠨᠢᠭᠡᠨ ᠦᠨᠳᠦᠰᠦᠲᠡᠨ ᠤ ᠠᠷᠠᠳ ᠤᠨ ᠲᠠᠭᠤᠤ ᠶᠢᠨ ᠲᠤᠲᠤᠷ᠎ᠠ ᠪᠦᠷ ᠬᠦᠮᠦᠨ ᠪᠠ ᠠᠮᠢᠲᠠᠨ᠂ ᠬᠡᠷᠡᠭ ᠪᠤᠳᠠᠰ ᠢ ᠲᠦᠷᠰᠦᠯᠡᠨ ᠢᠯᠡᠳᠭᠡᠭᠰᠡᠨ ᠢᠯᠡ ᠲᠦᠷᠢ ᠪᠠ ᠲᠠᠯᠳᠠ ᠲᠦᠷᠢ ᠠᠬᠤᠭᠤᠯᠤᠨᠨᠳᠠᠵᠤ ᠪᠠᠶᠢᠳᠠᠭ᠃ ᠶᠠᠮᠠᠷ ᠨᠢᠭᠡᠨ ᠰᠢᠨ᠎ᠡ ᠲᠠᠭᠤᠤ ᠡᠰᠡᠬᠦᠯ᠎ᠡ ᠠᠷᠠᠳ ᠤᠨ ᠲᠠᠭᠤᠤ ᠶᠢᠨ ᠬᠡᠯᠡ ᠬᠡᠯᠡᠯᠭᠡ᠂ ᠠᠶᠢᠵᠠᠮ ᠴᠤᠬᠢᠯᠭ᠎ᠠ᠂ ᠤᠷᠲᠤ ᠶᠢᠨ ᠲᠠᠭᠤᠤ ᠶᠢᠨ ᠡᠷᠭᠦᠯᠲᠡ᠂ ᠲᠠᠷᠤᠯᠲᠠ᠂ ᠴᠠᠶᠢᠷᠠᠭᠤᠯᠤᠯᠳᠡ ᠪᠠ ᠰᠢᠷᠭᠤᠭᠤᠯᠤᠯᠳᠡ᠂ ᠦᠰᠦᠷᠦᠯᠲᠡ ᠪᠠ ᠲᠤᠨᠤᠷᠤᠯᠲᠠ᠂ᠲᠠᠲᠠᠯᠲᠠ ᠪᠠ ᠲᠡᠯᠪᠡᠷᠡᠯᠲᠡ ᠵᠡᠷᠭᠡ ᠶᠢᠨ ᠰᠡᠳᠭᠢᠯᠭᠡ ᠶᠢᠨ ᠬᠦᠳᠡᠯᠭᠡᠭᠡᠨ ᠨᠢ ᠪᠦᠷ ᠬᠦᠮᠤᠨ ᠤ ᠶᠢᠷᠳᠢᠨᠴᠤ ᠶᠢᠨ ᠠᠮᠢᠳᠤᠷᠠᠯ᠂ ᠪᠠᠶᠢᠭᠠᠯᠢ ᠠᠬᠤᠢ ᠶᠢᠨ ᠠᠭᠤᠯᠠ ᠤᠰᠤ ᠠᠮᠢᠲᠠᠨ ᠪᠦᠬᠦᠨ ᠳᠤ ᠬᠠᠨᠲᠤᠨᠨᠰᠠᠨ ᠬᠠᠶᠢᠷ᠎ᠠ ᠰᠡᠳᠭᠢᠯᠭᠡ ᠶᠢᠨ ᠢᠯᠡᠷᠡᠯ ᠮᠦᠨ᠃ ᠮᠦᠨ ᠶᠠᠮᠡᠷ ᠨᠢᠭᠡᠨ ᠵᠦᠴᠦᠭᠡᠯᠢᠭ ᠰᠢᠨᠵᠢ ᠶᠢᠨ ᠢᠯᠡᠷᠡᠯ ᠮᠦᠨ᠃      ᠬᠡᠷᠪᠡ ᠡᠶᠢᠮᠦᠷᠬᠦ ᠰᠡᠳᠭᠢᠯ ᠤᠨ ᠬᠠᠨᠳᠣᠰᠢ ᠦᠭᠡᠢ ᠶᠤᠮ ᠪᠤᠯ ᠤᠷᠠᠯᠢᠭ ᠰᠤᠶᠤᠯ ᠪᠤᠯᠵᠤ ᠴᠢᠳᠠᠬᠤ ᠦᠭᠡᠢ᠂ ᠨᠡᠩ ᠠᠷᠠᠳ ᠲᠦᠮᠡᠨ ᠤ ᠰᠡᠳᠭᠢᠯ ᠢ ᠲᠠᠳ᠋ᠬᠠᠰᠠᠨ ᠵᠢᠩᠬᠢᠨᠢ ᠤᠷᠠᠯᠢᠭ ᠰᠤᠶᠤᠯ ᠪᠤᠯᠵᠤ ᠴᠢᠳᠠᠬᠤ ᠦᠭᠡᠢ ᠶᠤᠮ᠃ ᠲᠡᠷᠡ ᠬᠦ ᠷᠢᠳᠢ ᠰᠢᠳᠢ ᠲᠠᠢ ᠤᠷᠠᠯᠢᠭ ᠤᠨ ᠬᠦᠴᠦᠨ ᠵᠦᠢᠯ ᠨᠢ ᠦᠨᠡᠨ ᠳᠡᠭᠡᠨ ᠲᠡᠭᠦᠨ ᠤ ᠵᠦᠴᠦᠭᠡᠯᠢᠭ ᠰᠢᠨᠵᠢ ᠶᠢᠨ ᠤᠶᠢᠯᠡᠳᠦᠯ ᠤᠨ ᠬᠦᠴᠦᠨ ᠴᠢᠳᠠᠯ ᠮᠦᠨ᠃ ᠤᠷᠠᠯᠢᠭ ᠤᠨ ᠬᠦᠴᠦᠨ ᠴᠢᠳᠠᠯ ᠪᠠᠶᠢᠮᠠᠨᠵᠢᠨ ᠰᠠᠶᠢ ᠵᠦᠴᠦᠭᠡ ᠬᠢᠭᠡᠳ ᠵᠦᠴᠦᠭᠡᠯᠢᠭ ᠰᠢᠨᠵᠢ ᠶᠢᠨ ᠬᠤᠪᠢᠷᠠᠯᠲᠠ ᠶᠢᠨ ᠬᠦᠴᠦᠨ ᠪᠤᠢ ᠪᠤᠯᠵᠤ᠂ ᠲᠠᠭᠤᠤ ︵ᠵᠦᠴᠦᠭᠡ︶ ᠶᠢᠨ ᠭᠤᠤᠯ ᠲᠦᠷᠢ ᠪᠤᠶᠤ ᠲᠡᠳ᠋ ᠲᠦᠷᠢ᠂ ᠴᠢᠨᠠᠭᠰᠢᠯᠠᠪᠠᠯ ᠭᠤᠷᠪᠠᠳᠣᠭᠠᠷ ᠲᠦᠷᠢ ᠮᠡᠳᠤ ᠶᠢᠨ ᠤᠯᠠᠨ ᠠᠷᠪᠢᠨ ᠠᠳᠠᠯᠢ ᠪᠤᠰᠤ ᠶᠢᠨ ᠳᠦᠷᠢ ᠶᠢ ᠪᠦᠳᠤᠭᠡᠳᠡᠭ᠃      ᠠᠯᠢᠪᠠ ᠰᠤᠶᠤᠯ ᠤᠷᠠᠯᠢᠭ ᠲᠤ ᠠᠪᠴᠤ ᠬᠡᠯᠡᠪᠡᠯ᠂ ᠲᠡᠬᠦᠨ ᠤ ᠭᠠᠵᠠᠷ ᠤᠷᠤᠨ ᠤ ᠦᠪᠡᠷᠮᠢᠴᠡ ᠤᠨᠴᠠᠯᠢᠭ ᠪᠤᠯ ᠲᠦᠢᠯ ᠤᠨ ᠴᠢᠬᠤᠯᠠ ᠶᠤᠮ᠂ ᠲᠠᠷᠤᠢ ᠲᠤᠰ ᠭᠠᠵᠠᠷ ᠤᠷᠤᠨ ᠤ ᠪᠠᠨ ᠰᠤᠶᠤᠯ ᠤᠷᠠᠯᠢᠭ ᠤᠨ ᠠᠮᠢ ᠨᠠᠰᠤ ᠮᠦᠨ ᠭᠡᠵᠤ ᠬᠡᠯᠡᠵᠤ ᠪᠤᠯᠤᠨ᠎ᠡ᠃ ᠭᠠᠵᠠᠷ ᠤᠷᠤᠨ ᠤ ᠲᠡᠷᠡ ᠬᠦ ᠦᠪᠡᠷᠮᠢᠴᠡ ᠤᠨᠴᠠᠯᠢᠭ ᠨᠢ ᠶᠠᠮᠡᠷ ᠨᠢᠭᠡᠨ ᠡᠷᠳᠡᠮᠳᠡᠨ ᠮᠡᠷᠭᠡᠳ ᠤᠨ ᠤᠨᠤᠯ ᠢᠶᠠᠷ ᠲᠤᠭᠳᠠᠭᠠᠭᠳᠠᠳᠠᠭ ᠪᠢᠰᠢ᠂ ᠶᠠᠮᠠᠷ ᠨᠢᠭᠡᠨ ᠤᠷᠠᠯᠢᠭᠴᠢᠨ ᠲᠡᠭᠦᠨ ᠢ ᠦᠭᠡᠷᠡᠴᠢᠯᠠᠵᠦ ᠬᠤᠪᠢᠷᠠᠭᠠᠵᠤ ᠴᠢᠳᠠᠬᠤ ᠪᠢᠰᠢ᠃ ᠬᠤᠷᠴᠢᠨ ᠠᠷᠠᠳ ᠤᠨ ᠲᠠᠭᠤᠤ ᠶᠢ ᠪᠠᠭᠳᠠᠭᠠᠭᠰᠠᠨ ᠮᠤᠩᠭᠤᠯ ᠠᠷᠠᠳ ᠤᠨ ᠳᠠᠭᠤᠣ ᠶᠠᠭᠠᠬᠢᠭᠠᠳ ᠬᠦᠮᠦᠨ ᠤ ᠰᠡᠳᠬᠢᠯ ᠢ ᠰᠤᠷᠤᠨᠵᠢᠳᠡᠨ ᠳᠠᠳᠠᠬᠤ ᠬᠦᠴᠦᠨ ᠴᠢᠳᠠᠯ ᠲᠠᠢ ᠪᠠᠶᠢᠳᠠᠭ ᠪᠤᠢ︖ ᠭᠡᠪᠡᠯ ᠲᠡᠬᠦᠨ ᠤ ᠭᠤᠴᠤ ᠰᠠᠶᠢᠬᠠᠨ ᠠᠶᠠᠯᠭᠤ ᠪᠡ ᠬᠡᠯᠡ ᠬᠡᠯᠡᠯᠭᠡ ᠨᠢ ᠰᠤᠨᠤᠰᠤᠭᠴᠢᠳ ᠤᠨ ᠨᠢᠳᠤᠨ ᠳᠤ ᠦᠵᠡᠭᠳᠡᠵᠤ᠂ ᠭᠠᠷ ᠲᠤ ᠪᠠᠷᠢᠭᠳᠠᠮ᠎ᠠ ᠲᠦᠷᠢ ᠶᠢ ᠪᠦᠳᠦᠭᠡᠳᠡᠭ ᠲᠤ ᠪᠤᠢ᠃      ᠵᠦᠴᠦᠭᠡ ᠳᠤ ᠠᠪᠴᠦ ᠬᠡᠯᠡᠪᠡᠯ᠂ ᠤᠷᠳᠦ ᠵᠦᠴᠦᠭᠡ ᠬᠡᠰᠡᠨ ᠦᠬᠡᠢ ᠤᠬᠤᠷ ᠵᠦᠴᠦᠭᠡ ᠴᠤ ᠬᠡᠰᠡᠨ ᠦᠬᠡᠢ ᠭᠤᠤᠯ ᠲᠦᠷᠢ ᠠᠴᠠ ᠭᠠᠳᠠᠨ᠎ᠠ ᠲᠡᠳ᠋ ᠲᠦᠷᠢ ᠶᠢ ᠪᠦᠳᠦᠭᠡᠬᠦ ᠨᠢ ᠪᠠᠰᠠ ᠭᠤᠤᠯ ᠲᠦᠷᠢ ᠶᠢ ᠴᠢᠨᠠᠬᠰᠢᠳᠠ ᠲᠤᠪᠤᠶᠢᠯᠭᠠᠨ ᠪᠦᠳᠦᠭᠡᠬᠦ ᠶᠢᠨ ᠲᠦᠯᠦᠭᠡ ᠶᠤᠮ᠃ ᠡᠬᠦᠨ ᠲᠠᠢ ᠠᠳᠠᠯᠢ ᠪᠠᠷ ᠭᠤᠤᠯ ᠳᠦᠷᠢ ᠶᠢᠨ ᠡᠰᠡᠷᠭᠦ ᠲᠠᠯ᠎ᠠ ᠶᠢᠨ ᠳᠦᠷᠢ ᠶᠢ ᠪᠦᠳᠤᠭᠡᠬᠦ ᠨᠢ ᠵᠦᠴᠦᠭᠡ ᠶᠢᠨ ᠵᠦᠴᠦᠭᠡᠯᠢᠭ ᠰᠢᠨᠵᠢ ᠶᠢ ᠤᠯᠠᠮ ᠦᠳᠬᠡᠷᠡᠬᠦᠯᠬᠦ ᠶᠢᠨ ᠲᠦᠯᠦᠭᠡ ᠶᠤᠮ᠃ ᠭᠡᠳᠡᠯ᠎ᠡ ︽ᠷᠤᠯᠭᠠᠷᠮ᠎ᠠ︾ ᠮᠡᠳᠤ ᠶᠢᠨ ᠬᠤᠷᠴᠢᠨ ᠠᠷᠠᠳ ᠤᠨ ᠲᠠᠭᠤᠤ ᠶᠢᠨ ᠭᠤᠤᠯ ᠲᠦᠷᠢ᠂ ᠲᠡᠳ᠋ ᠲᠦᠷᠢ ᠪᠠ ᠭᠤᠷᠪᠠᠳᠤᠭᠠᠷ ᠳᠦᠷᠢ ᠶᠠᠮᠠᠷ ᠴᠤ ᠲᠦᠷᠢ ᠲᠦᠷᠰᠦᠯᠡᠯ ᠤᠨ ᠪᠠᠶᠢᠷᠢᠯᠠᠯ ᠤᠷᠤᠭᠤᠯᠤᠭᠰᠠᠨ ᠦᠭᠡᠢ ᠪᠠᠶᠢᠳᠠᠯ ᠲᠤᠤᠷ᠎ᠠ ᠵᠦᠴᠦᠭᠡᠯᠢᠭ ᠴᠢᠨᠠᠷ ᠢᠶᠠᠷ ᠲᠤᠪᠤᠶᠢᠮ᠎ᠠ ᠬᠡᠳᠤᠨ ᠠᠳᠠᠯᠢ ᠪᠤᠰᠤ ᠶᠢᠨ ᠲᠦᠷᠢ ᠶᠢ ᠪᠦᠳᠦᠭᠡᠵᠤ ᠪᠠᠶᠢᠭ᠎ᠠ ᠵᠢᠱᠢᠶ᠎ᠡ ᠨᠢ ᠬᠤᠷᠴᠢᠨ ᠠᠷᠠᠳ ᠤᠨ ᠲᠠᠭᠤᠤ ᠶᠢᠨ ᠤᠷᠤᠨ ᠨᠤᠳᠤᠭ ᠤᠨ ᠤᠨᠴᠠᠯᠢᠭ ᠪᠠ ᠤᠷᠠᠯᠢᠭ ᠤᠨ ᠬᠦᠴᠦᠨ ᠢ ᠬᠠᠷᠠᠭᠤᠯᠵᠤ ᠪᠠᠶᠢᠳᠠᠭ᠃      ᠬᠤᠷᠴᠢᠨ ᠠᠷᠠᠳ ᠤᠨ ᠲᠠᠭᠤᠤ ᠶᠢᠨ ᠪᠠᠭᠠᠳᠤᠷᠯᠢᠭ ᠦᠯᠢᠭᠡᠷᠳᠤ ᠲᠠᠭᠤᠤ᠂ ᠪᠠᠭᠠᠲᠣᠷᠯᠢᠭ ᠲᠤᠤᠯᠢ ᠲᠠᠭᠤᠤ ᠵᠡᠷᠭᠡ ᠲᠠᠭᠤᠤ ᠨᠤᠭᠤᠳ ᠤᠨ ᠦᠭᠡ ᠪᠠ ᠠᠶᠠᠯᠭᠤ ᠶᠢᠨ ᠪᠦᠳᠦᠴᠡ ᠠᠴᠠ ᠦᠵᠡᠬᠦ ᠳᠤ ᠵᠦᠴᠦᠭᠡ ᠶᠢᠨ ᠵᠦᠴᠤᠭᠡᠯᠢᠭ ᠰᠢᠨᠵᠢ ᠪᠠᠷ ᠢᠶᠠᠨ ᠭᠠᠳᠠᠭᠠᠳᠤ ᠶᠢᠨ ᠲᠠᠭᠤᠯᠠᠯᠳᠤ ᠵᠦᠴᠦᠭᠡ ᠠᠴᠠ ᠲᠤᠤᠷᠠᠳᠠᠬᠤ ᠦᠭᠡᠢ ᠭᠡᠵᠤ ᠬᠡᠯᠡᠬᠦ ᠳᠤ ᠬᠡᠳᠤᠷᠡᠬᠦ ᠦᠭᠡᠢ ᠶᠤᠮ᠃ ᠲᠡᠶᠢᠮᠤ ᠳᠡᠭᠡᠨ ᠠᠯᠲᠠᠷᠳᠤ ᠰᠢᠯᠦᠭᠴᠢ ᠯ᠊ · ᠤᠳᠽᠠᠷ ᠭᠤᠸᠠᠢ ︽ᠠᠷᠠᠳ ᠤᠨ ᠲᠠᠭᠤᠤ ᠶᠢᠨ ᠠᠮᠢ ᠨᠠᠰᠤ︾ ᠭᠡᠳᠡᠭ ᠵᠤᠬᠢᠶᠠᠯ ᠳᠠᠭᠠᠨ᠄ ︽ᠮᠤᠩᠭᠤᠯ ᠠᠷᠠᠳ ᠤᠨ ᠲᠠᠭᠤᠤ ᠪᠤᠯ ᠮᠤᠩᠭᠤᠯ ᠦᠨᠳᠦᠰᠦᠳᠡᠨ ᠤ ᠲᠡᠭᠷᠢᠯᠢᠭ ᠵᠠᠶᠠᠭᠠᠨ ᠤ ᠲᠡᠭᠷᠢᠯᠢᠭ ᠡᠭᠡᠰᠢᠭ᠂ ᠮᠤᠩᠭᠤᠯ ᠦᠨᠳᠦᠰᠦᠳᠡᠨ ᠤ ᠲᠡᠭᠷᠢᠯᠢᠭ ᠠᠮᠢᠳᠤᠷᠠᠯ ᠤᠨ ᠲᠡᠭᠷᠢᠯᠢᠭ ᠠᠶᠢᠵᠠᠮ᠂ ᠮᠤᠩᠭᠤᠯ ᠦᠨᠳᠦᠰᠦᠳᠡᠨ ᠤ ᠲᠡᠭᠷᠢᠯᠢᠭ ᠠᠪᠢᠶᠠᠰ ᠤᠨ ᠲᠡᠭᠷᠢᠯᠢᠭ ᠭᠡᠯᠡ᠃ ᠮᠤᠩᠭᠤᠯ ᠠᠷᠠᠳ ᠤᠨ ᠲᠠᠭᠤᠤ ᠶᠢ ᠦᠶ᠎ᠠ ᠶᠢᠨ ᠦᠶ᠎ᠡ ᠪᠠᠷ ᠲᠠᠭᠤᠯᠠᠭᠠᠳ ᠬᠠᠭᠤᠴᠢᠷᠠᠬᠤ ᠴᠦ ᠦᠭᠡᠢ᠃ ᠮᠤᠩᠭᠤᠯ ᠠᠷᠠᠳ ᠤᠨ ᠲᠠᠭᠤᠤ ᠪᠤᠯ ᠮᠤᠩᠭᠤᠯ ᠬᠦᠮᠦᠨ ᠤ ᠮᠤᠯᠤᠷ ᠡᠷᠳᠡᠨᠢ᠂ ᠮᠤᠩᠭᠤᠯ ᠰᠤᠶᠤᠯ ᠤᠨ ᠬᠤᠪᠤᠷ ᠡᠷᠳᠡᠨᠢ︾ ᠭᠡᠵᠦ ᠪᠢᠴᠢᠭᠰᠡᠨᠴᠢᠯᠠᠨ ᠮᠤᠩᠭᠤᠯ ᠠᠷᠠᠳ ᠤᠨ ᠲᠠᠭᠤᠤ ᠪᠤᠯ ᠠᠷᠠᠳ ᠳᠦᠮᠡᠨ ᠤ ᠵᠢᠷᠤᠬᠡᠨ ᠠᠴᠠ ᠠᠮᠢᠯᠠᠭᠰᠠᠨ ᠦᠨᠢ ᠮᠦᠡᠭᠬᠡ ᠶᠢᠨ ᠬᠤᠪᠤᠷ ᠡᠷᠳᠡᠨᠢ ᠶᠤᠮ᠃ ᠡᠬᠦᠨ ᠤ ᠴᠢᠨᠠᠳᠤ ᠶᠢᠨ ᠷᠢᠳᠢ ᠰᠢᠳᠢ ᠨᠢ ᠮᠦᠨ ᠬᠦ ᠲᠡᠬᠦᠨ ᠤ ᠦᠪᠡᠷᠮᠢᠴᠠ ᠤᠨᠴᠠᠯᠢᠭ᠂ ᠰᠢᠭᠤᠳ ᠬᠡᠯᠡᠪᠡᠯ ᠵᠦᠴᠤᠭᠡᠯᠢᠭ ᠰᠢᠨᠵᠢ ᠴᠢᠨᠠᠷ ᠲᠠᠭᠠᠨ ᠪᠠᠶᠢᠨ᠎ᠠ ᠭᠡᠵᠤ ᠪᠢ ᠦᠵᠡᠨ᠎ᠡ᠃
 
ᠢᠷᠡᠯᠲᠡ᠄ ᠦᠪᠤᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号