︽ᠡᠬᠡ ᠭᠡᠯᠡᠨ ᠤ ᠪᠠᠭ᠋ᠠᠷᠬᠠᠯ︾ ᠨᠣᠮ ᠤᠨ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2020/9/8
     ᠲᠠ ᠪᠥᠬᠦᠨ ᠤ ᠲᠤᠩᠭᠠᠯᠠᠭ ᠮᠡᠯᠮᠡᠢ ᠬᠡᠬᠡᠨ ᠤᠶᠤᠨ ᠳᠤ ᠡᠷᠬᠦᠨ ᠪᠠᠷᠢᠵᠤ ᠪᠥᠬᠦᠢ ᠲᠤᠰ ᠨᠤᠮ ᠮᠠᠨᠢ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠡᠬᠡ ᠬᠡᠯᠡᠨ ᠤ ᠥᠬᠡᠰ ᠤᠨ ᠰᠠᠩ ᠤᠨ ᠪᠠᠶᠠᠯᠢᠬᠵᠢᠯ ᠳᠤ ᠲᠤᠰᠠᠯᠠᠮᠵᠢ ᠪᠤᠯᠭᠠᠬᠤ ᠶᠢ ᠵᠤᠷᠢᠵᠤ᠂ ᠬᠢᠴᠢᠶᠡᠯ ᠤᠨ ᠭᠠᠳᠠᠨᠠᠬᠢ ᠰᠤᠷᠤᠯᠭ᠎ᠠ ᠠᠮᠢᠳᠤᠷᠠᠯ ᠢ ᠬᠥᠷ ᠬᠥᠭᠵᠢᠶᠡᠨ ᠲᠠᠢ᠂ ᠠᠮᠢᠳᠤᠯᠢᠭ ᠴᠤᠪᠤᠭᠤ᠂ ᠤᠳᠬ᠎ᠠ ᠠᠭᠤᠯᠭ᠎ᠠ ᠲᠠᠢ ᠪᠤᠯᠭᠠᠬᠤ ᠡᠬᠦᠳᠡᠨ ᠠᠴᠠ ᠰᠤᠷᠤᠬᠴᠢᠳ ᠤᠨ ᠨᠠᠰᠤᠨ ᠤ ᠤᠨᠴᠠᠯᠢᠭ ᠲᠤ ᠲᠤᠬᠢᠷᠠᠯᠴᠠᠭᠤᠯᠤᠨ᠂ ᠳᠡᠳᠡ ᠨᠡᠷ ᠤᠨ ᠡᠳᠤᠷ ᠪᠥᠷᠢ ᠪᠠᠷᠢᠮᠳᠠᠯᠠᠵᠤ ᠳᠡᠶᠢᠯᠬᠦ᠋ᠢᠴᠡ ᠠᠭᠤᠯᠭ᠎ᠠ ᠪᠠᠶᠠᠯᠢᠭ᠂ ᠰᠤᠨᠢᠷᠬᠠᠯᠳᠤ ᠴᠢᠨᠡᠷᠳᠠᠢ᠂ ᠥᠨᠳᠤᠰᠤᠳᠡᠨ ᠤ ᠤᠨᠴᠠᠯᠢᠭ ᠪᠥᠬᠦᠢ ᠠᠭᠤᠯᠭ᠎ᠠ ᠶᠢ ᠲᠥᠷᠪᠡᠨ ᠬᠡᠰᠡᠭ ᠪᠤᠯᠭᠠᠨ ᠬᠤᠪᠢᠶᠠᠨ ᠲᠤᠬᠢᠷᠠᠭᠤᠯᠪᠠ᠃ ᠡᠬᠦᠨ ᠳᠤ᠄      ᠨᠢᠬᠡᠳᠤᠬᠡᠷ ᠬᠡᠰᠡᠭ ᠲᠤ᠄ ︽ᠥᠷᠯᠤᠬᠡ ᠪᠥᠷᠢ ᠶᠢᠨ ᠨᠢᠬᠡ ᠬᠡᠯᠡᠴᠡ 365︾      ᠬᠤᠶᠠᠳᠤᠭᠠᠷ ᠬᠡᠰᠡᠭ ᠲᠤ᠄ ︽ᠥᠳᠡᠰᠢ ᠪᠥᠷᠢ ᠶᠢᠨ ᠨᠢᠬᠡ ᠲᠠᠭᠠᠯᠴᠠᠭ᠎ᠠ 365︾      ᠭᠤᠷᠪᠠᠳᠤᠭᠠᠷ ᠬᠡᠰᠡᠭ ᠲᠤ᠄ ︽ᠡᠳᠤᠷ ᠪᠥᠷᠢ ᠶᠢᠨ ᠨᠢᠬᠡ ᠲᠡᠮᠳᠡᠭᠯᠡᠯ︾      ᠲᠥᠷᠪᠡᠳᠤᠬᠡᠷ ᠬᠡᠰᠡᠭ ᠲᠤ᠄ ︽ᠰᠤᠷᠤᠯᠭ᠎ᠠ ᠶᠢᠨ ᠴᠢᠯᠤᠬᠡᠨ ᠤ ᠨᠢᠬᠡᠨ ᠲᠠᠯᠠᠪᠤᠷ ᠲᠤᠬᠯᠠᠯᠳᠠ︾ ᠵᠡᠷᠬᠡ ᠲᠥᠷᠪᠡᠨ ᠬᠡᠰᠡᠭ ᠢᠶᠠᠷ ᠪᠥᠷᠢᠯᠳᠤᠪᠡ᠃      ᠪᠤᠳᠠᠳᠠᠶᠢᠴᠢᠯᠠᠨ ᠲᠤᠷᠠᠳᠪᠠᠯ᠄ ︽ᠥᠷᠯᠤᠬᠡ ᠪᠥᠷᠢ ᠶᠢᠨ ᠨᠢᠬᠡ ᠬᠡᠯᠡᠴᠡ︾ ᠳᠤ ᠰᠤᠷᠤᠬᠴᠢᠳ ᠤᠨ ᠨᠠᠰᠤᠨ ᠤ ᠤᠨᠴᠠᠯᠢᠭ ᠢ ᠬᠠᠷᠠᠭᠠᠯᠵᠠᠨ ᠤᠡᠭᠰᠢᠵᠤ ᠴᠡᠬᠡᠵᠢᠯᠡᠬᠦ ᠴᠢᠳᠠᠪᠤᠷᠢ ᠪᠠ ᠤᠶᠢᠯᠠᠭᠠᠨ ᠡᠵᠡᠮᠰᠢᠬᠦ ᠴᠢᠳᠠᠪᠤᠷᠢ ᠳᠤ ᠨᠢ ᠲᠤᠬᠢᠷᠠᠯᠴᠠᠬᠰᠠᠨ 365 ᠬᠡᠯᠡᠴᠡ ᠥᠬᠡ ᠶᠢ ᠲᠤᠬᠢᠷᠠᠭᠤᠯᠤᠨ᠂ ᠰᠤᠷᠤᠬᠴᠢᠳ ᠥᠷᠯᠤᠬᠡ ᠪᠥᠷᠢ ᠨᠢᠬᠡ ᠪᠠᠳᠠᠭ ᠬᠡᠯᠡᠴᠡ ᠥᠬᠡ ᠶᠢ ᠤᠡᠭᠰᠢᠬᠤ ᠪᠤᠶᠤ ᠴᠡᠬᠡᠵᠢᠯᠡᠨ ᠮᠤᠩᠭᠤᠯ ᠬᠡᠯᠡᠨ ᠤ ᠪᠠᠶᠠᠯᠢᠭ ᠰᠠᠶᠢᠬᠠᠨ ᠥᠬᠡᠰ ᠤᠨ ᠰᠠᠩ ᠤᠨ ᠷᠢᠳᠢ ᠰᠢᠳᠢ ᠶᠢ ᠤᠶᠢᠯᠠᠭᠠᠭᠤᠯᠬᠤ ᠶᠢ ᠵᠤᠷᠢᠪᠠ᠃      ︽ᠥᠳᠡᠰᠢ ᠪᠥᠷᠢ ᠶᠢᠨ ᠨᠢᠬᠡ ᠲᠠᠭᠠᠯᠴᠠᠭ᠎ᠠ︾ ᠳᠤ ᠰᠤᠷᠤᠬᠴᠢᠳ ᠤᠨ ᠥᠳᠡᠰᠢ ᠶᠢᠨ ᠴᠢᠯᠤᠬᠡᠨ ᠤ ᠠᠮᠢᠳᠤᠷᠠᠯ ᠢ ᠪᠠᠶᠠᠯᠢᠬᠵᠢᠭᠤᠯᠤᠨ᠂ ᠬᠥᠷ ᠬᠥᠭᠵᠢᠶᠡᠨᠳᠤ ᠤᠷᠴᠢᠨ ᠲᠤᠭᠤᠷᠢᠨ ᠢ ᠪᠤᠢ ᠪᠤᠯᠭᠠᠬᠤ ᠶᠢᠨ ᠡᠬᠦᠳᠡᠨ ᠠᠴᠠ 365 ᠤᠨᠢᠰᠤᠭ᠎ᠠ ᠲᠠᠭᠠᠯᠴᠠᠭ᠎ᠠ ᠶᠢ ᠲᠤᠬᠢᠷᠠᠭᠤᠯᠤᠨ᠂ ᠰᠤᠷᠤᠬᠴᠢᠳ ᠲᠤ ᠲᠥᠷᠤᠯᠬᠢ ᠬᠡᠯᠡᠨ ᠤ ᠥᠬᠡᠰ ᠤᠨ ᠰᠠᠩ ᠤᠨ ᠭᠠᠶᠢᠬᠠᠮᠰᠢᠭ ᠢ ᠲᠠᠨᠢᠭᠤᠯᠤᠨ ᠡᠬᠦᠨ ᠤ ᠤᠯᠠᠮ ᠠᠴᠠ ᠬᠡᠶᠢᠰᠪᠥᠷᠢᠯᠡᠨ ᠰᠡᠳᠬᠢᠬᠦ ᠪᠠ ᠯᠤᠬᠢᠭ ᠰᠡᠳᠬᠢᠬᠦᠢ ᠶᠢ ᠬᠥᠭᠵᠢᠬᠦᠯᠬᠦ ᠶᠢ ᠵᠤᠷᠢᠪᠠ᠃      ︽ᠡᠳᠤᠷ ᠪᠥᠷᠢ ᠶᠢᠨ ᠨᠢᠬᠡ ᠲᠡᠮᠳᠡᠭᠯᠡᠯ︾ ᠳᠤ ᠰᠤᠷᠤᠬᠴᠢᠳ ᠢ ᠡᠳᠤᠷ ᠤᠨ ᠲᠡᠮᠳᠡᠭᠯᠡᠯ ᠳᠤ ᠳᠠᠳᠬᠠᠯᠰᠢᠭᠤᠯᠬᠤ ᠪᠠᠷ ᠳᠠᠮᠵᠢᠨ ᠬᠡᠷᠡᠭ ᠪᠤᠳᠠᠰ ᠢ ᠠᠵᠢᠬᠯᠠᠬᠤ ᠴᠢᠳᠠᠪᠤᠷᠢ᠂ ᠵᠠᠳᠠᠯᠬᠤ ᠴᠢᠳᠠᠪᠤᠷᠢ᠂ ᠰᠡᠳᠬᠢᠬᠦ ᠴᠢᠳᠠᠪᠤᠷᠢ᠂ ᠬᠤᠷᠢᠶᠠᠩᠭᠤᠶᠢᠯᠠᠬᠤ ᠴᠢᠳᠠᠪᠤᠷᠢ᠂ ᠢᠯᠡᠳᠬᠡᠬᠦ ᠴᠢᠳᠠᠪᠤᠷᠢ ᠶᠢ ᠬᠥᠮᠤᠵᠢᠬᠦᠯᠬᠦ ᠶᠢᠨ ᠤᠯᠠᠮ ᠠᠴᠠ ᠵᠤᠬᠢᠶᠠᠨ ᠪᠢᠴᠢᠬᠦ ᠤᠷ᠎ᠠ ᠠᠪᠢᠶᠠᠰ ᠢ ᠨᠢ ᠬᠥᠭᠵᠢᠬᠦᠯᠬᠦ ᠳᠤ ᠳᠡᠮᠵᠢᠯᠬᠡ ᠪᠤᠯᠬᠤ ᠶᠢ ᠵᠤᠷᠢᠪᠠ᠃ ᠡᠬᠦᠨ ᠳᠤ ᠡᠳᠤᠷ ᠤᠨ ᠲᠡᠮᠳᠡᠭᠯᠡᠯ ᠢ ᠠᠭᠤᠯᠭ᠎ᠠ᠂ ᠬᠡᠯᠪᠡᠷᠢ ᠪᠠ ᠪᠢᠴᠢᠬᠦ ᠠᠷᠭ᠎ᠠ ᠮᠠᠶ᠋ᠢᠭ ᠢᠶᠠᠷ ᠨᠢ 16 ᠲᠥᠷᠤᠯ ᠵᠦᠢᠯ ᠳᠤ ᠬᠤᠪᠢᠶᠠᠨ᠂ ᠲᠥᠷᠤᠯ ᠵᠦᠢᠯ ᠪᠥᠷᠢ ᠳᠤ ᠨᠢᠬᠡ ᠵᠢᠱᠢᠶ᠎ᠡ ᠵᠤᠭᠢᠶᠠᠯ ᠲᠠᠭᠠᠯᠳᠤᠭᠤᠯᠪᠠ᠃      ︽ᠰᠤᠷᠤᠯᠭ᠎ᠠ ᠶᠢᠨ ᠴᠢᠯᠤᠬᠡᠨ ᠤ ᠨᠢᠬᠡᠨ ᠲᠠᠯᠠᠪᠤᠷ ᠲᠤᠬᠯᠠᠯᠳᠠ︾ ᠳᠤ ᠰᠤᠷᠤᠬᠴᠢᠳ ᠤᠨ ᠡᠯ᠎ᠡ ᠲᠠᠯ᠎ᠠ ᠶᠢᠨ ᠠᠪᠢᠶᠠᠰ ᠴᠢᠳᠠᠪᠤᠷᠢ ᠶᠢ ᠬᠥᠮᠤᠵᠢᠬᠦᠯᠬᠦ ᠳᠤ ᠲᠠᠪᠴᠠᠩ ᠬᠠᠨᠭ᠍ᠭᠠᠨ ᠤᠷᠮᠠᠰ ᠢ ᠨᠢ ᠬᠥᠭᠵᠢᠬᠦᠯᠬᠦ ᠶᠢᠨ ᠲᠤᠰᠠ ᠳᠤ 8 ᠲᠥᠷᠤᠯ ᠤᠨ ᠲᠤᠬᠯᠠᠯᠳᠠ ᠶᠢ ᠰᠤᠩᠭᠤᠨ ᠤᠷᠤᠭᠤᠯᠪᠠ᠃      ᠡᠬᠦᠨ ᠳᠤ᠄      1. ᠮᠠᠬᠳᠠᠭᠠᠯ — ︽ᠡᠬᠡ ᠰᠤᠷᠭᠠᠭᠤᠯᠢ ᠶᠢᠨ ᠮᠠᠬᠳᠠᠭᠤ︾᠃      2. ᠱᠤᠭ ᠶᠠᠷᠢᠶ᠎ᠠ — ︽ᠬᠠᠭᠠᠨ ᠤ ᠰᠢᠨ᠎ᠡ ᠬᠤᠪᠴᠠᠰᠤ︾ ︵ᠰᠤᠷᠬᠤ ᠪᠢᠴᠢᠭ ᠤᠨ ᠠᠭᠤᠯᠭ᠎ᠠ ᠠᠴᠠ ᠡᠰᠢᠯᠡᠪᠡ︶᠃      3. ᠲᠠᠭᠠᠷᠢᠯᠴᠠᠭ᠎ᠠ — ︽ᠡᠬᠡ ᠬᠡᠯᠡᠨ ᠤ ᠬᠢᠴᠢᠶᠡᠯ ᠢᠶᠠᠷ ᠡᠯᠬᠦᠨ ᠬᠤᠯᠪᠤᠵᠤ ᠲᠠᠭᠠᠷᠢᠯᠴᠠᠬᠤᠢ︾ ︵ᠬᠡᠯᠡ ᠪᠢᠴᠢᠭ ᠤᠨ ᠬᠢᠴᠢᠶᠡᠯ ᠤᠨ ᠠᠭᠤᠯᠭ᠎ᠠ ᠪᠠᠷ ᠬᠡᠯᠬᠢᠨ ᠬᠤᠯᠪᠤᠪᠠ︶᠃      4. ᠬᠤᠯᠪᠤᠭ᠎ᠠ — ︽ᠯᠧᠢ ᠹᠧᠩ ᠮᠢᠨᠢ ᠠᠯᠬᠤᠭᠠᠳ ᠢᠷᠡᠯ᠎ᠡ︾ ︵ᠯᠧᠢ ᠹᠧᠩ ᠠᠴᠠ ᠰᠤᠷᠤᠯᠴᠠᠬᠤ ᠰᠠᠷ᠎ᠠ ᠶᠢᠨ ᠠᠵᠢᠯᠯᠠᠭᠠᠨ ᠳᠤ ᠵᠤᠷᠢᠭᠤᠯᠪᠠ︶      5. ᠰᠢᠯᠥᠭ — ︽ᠬᠥᠵᠢ ᠲᠡᠯᠡᠬᠡᠢ ᠶᠢᠨ ᠡᠵᠡᠳ︾ ︵6.1 ᠤ ᠲᠡᠯᠡᠬᠡᠢ ᠶᠢᠨ ᠬᠡᠤᠬᠡᠳ ᠤᠨ ᠪᠠᠶᠠᠷ ᠲᠤ ᠵᠤᠷᠢᠭᠤᠯᠪᠠ︶᠃      6. ᠢᠷᠤᠬᠡᠯ — ︽ᠮᠤᠩᠭᠤᠯ ᠬᠡᠷ ᠤᠨ ᠢᠷᠤᠬᠡᠯ︾᠃      7. ᠵᠥᠴᠤᠬᠡ — ︽ᠰᠢᠯᠭᠠᠯᠳᠠ ᠶᠢᠨ ᠵᠠᠳᠠᠯᠥᠯᠲᠠ︾᠃      8. ᠲᠠᠭᠤᠤ — ︽ᠤᠴᠠᠷᠠᠯ ᠤᠨ ᠢᠷᠤᠬᠡᠯ︾ ︵ᠨᠠᠶᠢᠵᠠ ᠨᠥᠬᠦᠳ ᠤᠨ ᠲᠠᠭᠤᠤ︶᠃      ︽ᠴᠥᠬᠡᠨ ᠲᠤᠭᠠᠳᠤ ᠥᠨᠳᠤᠰᠤᠳᠡᠨ ᠤ ᠤᠷᠤᠨ ᠳᠤ ᠲᠤᠰ ᠥᠨᠳᠤᠰᠤᠳᠡᠨ ᠤ ᠬᠢᠨᠢ ᠥᠬᠡ ᠬᠡᠯᠡ ᠥᠰᠥᠭ ᠪᠢᠴᠢᠭ ᠢ ᠤᠷᠢᠳ ᠢᠶᠠᠷ ᠬᠥᠭᠵᠢᠬᠦᠯᠬᠦ ᠪᠤᠯ ᠮᠠᠨ ᠤ ᠨᠠᠮ ᠤᠨ ᠢᠮᠠᠬᠳᠠ ᠶᠢᠨ ᠲᠥᠷᠤ ᠶᠢᠨ ᠪᠤᠳᠤᠯᠭ᠎ᠠ ᠮᠥᠨ︾᠃      ︽ᠥᠨᠳᠤᠰᠤᠳᠡᠨ ᠤ ᠰᠥᠨᠡᠰᠤ ᠨᠢ ᠥᠬᠡ ᠬᠡᠯᠡ ᠶᠤᠮ᠃ ᠥᠬᠡ ᠬᠡᠯᠡ ᠪᠠᠨ ᠠᠯᠳᠠᠪᠠᠯ ᠰᠥᠭ ᠰᠥᠨᠡᠰᠤ ᠪᠠᠨ ᠠᠯᠳᠠᠬᠰᠠᠨ ᠲᠠᠢ ᠠᠳᠠᠯᠢᠬᠠᠨ ᠶᠤᠮ︾᠃      ︽ᠥᠬᠡ ᠬᠡᠯᠡ ᠥᠰᠥᠭ ᠪᠢᠴᠢᠭ ᠢᠶᠠᠨ ᠬᠠᠶᠢᠷᠠᠯᠠᠵᠤ᠂ ᠬᠠᠮᠠᠭᠠᠯᠠᠵᠤ᠂ ᠬᠥᠭᠵᠢᠬᠦᠯᠬᠦ ᠪᠤᠯ ᠪᠢᠳᠡ ᠪᠥᠬᠦᠨ ᠤ ᠵᠠᠶᠢᠯᠠᠭᠤᠯᠵᠤ ᠪᠤᠯᠤᠰᠢ ᠥᠬᠡᠢ ᠲᠠᠷᠬᠠᠨ ᠡᠬᠦᠷᠬᠡ ᠮᠥᠨ᠂ ᠥᠷ᠎ᠡ ᠬᠤᠶᠢᠴᠢᠰ ᠲᠤ ᠪᠠᠨ ᠤᠯᠠᠮᠵᠢᠯᠠᠬᠤ ᠬᠡᠷᠢᠶᠡᠰ ᠥᠪ ᠮᠥᠨ︾᠃      ︽ᠥᠷᠥᠬᠡᠯ ᠤᠨ ᠲᠥᠷᠢᠮᠡᠬᠡᠶᠢᠯᠡᠯ᠂ ᠭᠠᠳᠠᠭᠠᠳᠤ ᠶᠢᠨ ᠲᠤᠷᠤᠮᠵᠢᠯᠠᠯ ᠳᠤ ᠤᠴᠠᠷᠠᠬᠰᠠᠨ ᠨᠢᠬᠡ ᠥᠨᠳᠤᠰᠤᠳᠡᠨ ᠬᠡᠷᠪᠡ ᠥᠬᠡ ᠬᠡᠯᠡ᠂ ᠥᠰᠥᠭ ᠪᠢᠴᠢᠭ ᠢᠶᠠᠨ ᠪᠠᠳᠤ ᠴᠡᠬᠡᠵᠢᠯᠡᠵᠤ ᠪᠠᠶᠢᠬᠰᠠᠨ ᠴᠠᠭ ᠲᠤ ᠱᠤᠷᠤᠩ ᠤᠨ ᠡᠬᠦᠳᠡᠨ ᠤ ᠲᠥᠯᠬᠢᠬᠦᠷ ᠢ ᠠᠳᠬᠤᠬᠰᠠᠨ ᠲᠠᠢ ᠠᠳᠠᠯᠢ᠃︾᠃      ᠬᠠᠶᠢᠷᠠᠳᠤ ᠪᠢᠴᠢᠬᠠᠨ ᠨᠠᠶᠢᠵᠠ ᠨᠠᠷ ᠡ︕ ᠲᠠ ᠨᠠᠷ ᠪᠤᠯ ᠥᠨᠳᠤᠰᠥᠳᠡᠨ ᠤ ᠮᠠᠨᠢ ᠢᠷᠡᠬᠡᠳᠤᠢ᠂ ᠮᠠᠷᠭᠠᠰᠢ ᠶᠢᠨ ᠬᠡᠷᠡᠯᠳᠤ ᠨᠠᠷᠠᠨ ᠮᠥᠨ᠃ ᠲᠠ ᠪᠥᠬᠦᠨ ᠨᠢᠬᠡ ᠡᠳᠤᠷ ᠤᠨ ᠬᠠᠳᠠᠭᠤᠵᠢᠯᠳᠠᠢ ᠰᠤᠷᠤᠯᠴᠠᠯᠭ᠎ᠠ ᠶᠢᠨ ᠠᠮᠢᠳᠤᠷᠠᠯ ᠳᠤ ᠪᠠᠨ ᠨᠢᠬᠡ ᠬᠡᠰᠡᠭᠬᠡᠨ ᠴᠠᠭ ᠢ ᠵᠠᠶᠢᠴᠢᠯᠠᠵᠤ ︽ᠥᠷᠯᠤᠬᠡ ᠪᠥᠷᠢ ᠶᠢᠨ ᠨᠢᠬᠡ ᠬᠡᠯᠡᠴᠡ︾᠂ ︽ᠥᠳᠡᠰᠢ ᠪᠥᠷᠢ ᠶᠢᠨ ᠨᠢᠬᠡ ᠲᠠᠭᠠᠯᠴᠠᠭ᠎ᠠ︾᠂ ︽ᠡᠳᠤᠷ ᠪᠥᠷᠢ ᠶᠢᠨ ᠨᠢᠬᠡ ᠲᠡᠮᠳᠡᠭᠯᠡᠯ︾ ᠢ ᠳᠠᠰᠤᠯᠳᠠᠭᠤᠯᠤᠯ ᠥᠬᠡᠢ ᠪᠠᠷᠢᠮᠳᠠᠯᠠᠵᠤ ᠳᠡᠶᠢᠯᠳᠡᠭ ᠯᠠ ᠶᠤᠮ ᠪᠤᠯ ᠡᠬᠡ ᠬᠡᠯᠡᠨ ᠤ ᠥᠬᠡᠰ ᠤᠨ ᠰᠠᠩ ᠤᠨ ᠪᠠᠶᠠᠯᠢᠬᠵᠢᠯ᠂ ᠤᠷᠠᠨ ᠭᠤᠶᠢᠳᠠ ᠰᠡᠳᠬᠢᠨ ᠪᠤᠳᠤᠯᠳᠠ᠂ ᠵᠤᠬᠢᠶᠠᠨ ᠪᠢᠴᠢᠯᠬᠡ ᠶᠢᠨ ᠤᠷ᠎ᠠ ᠳᠡᠮ ᠴᠢᠨᠢ ᠠᠶᠠᠨᠳᠠᠭᠠᠨ ᠳᠡᠬᠡᠭᠰᠢᠯᠡᠨ᠎ᠡ ᠬᠡᠳᠡᠭ ᠲᠤ ᠢᠳᠡᠬᠡᠯ ᠲᠡᠬᠦᠯᠳᠡᠷ ᠪᠠᠶᠢᠨ᠎ᠠ᠃      ᠪᠠᠶᠠᠯᠢᠭ ᠢᠷᠠᠭᠤ ᠡᠬᠡ ᠬᠡᠯᠡ ᠪᠠᠷ ᠢᠶᠠᠨ ᠪᠠᠭ᠋ᠠᠷᠬᠠᠵᠤ      ᠪᠢᠯᠢᠭ ᠴᠡᠴᠡᠨ ᠤᠢ ᠤᠬᠠᠭᠠᠨ ᠢᠶᠠᠨ ᠡᠷᠴᠢᠯᠡᠶ᠎ᠡ︕      ᠪᠤᠰᠤᠭ᠎ᠠ ᠮᠤᠩᠭᠤᠯ ᠥᠰᠥᠭ ᠢᠶᠠᠨ ᠡᠷᠬᠢᠮᠯᠡᠨ ᠳᠡᠬᠡᠳᠤᠯᠡᠵᠤ      ᠪᠤᠷᠵᠢᠬᠢᠨ ᠰᠤᠶᠤᠯ ᠤᠨ ᠬᠥᠷᠥᠰᠤᠨ᠎ᠡ ᠲᠤᠰᠤᠯ ᠨᠡᠮᠡᠷᠢᠯᠡᠶ᠎ᠡ︕      ᠲᠥᠷᠤᠯᠬᠢ ᠮᠤᠩᠭᠤᠯ ᠰᠤᠶᠤᠯ ᠤᠨ ᠮᠠᠨᠢ ᠠᠯᠳᠠᠨ ᠭᠤᠯᠤᠮᠳᠠ ᠥᠨᠢᠳᠡ ᠪᠠᠳᠠᠷᠠᠨ ᠬᠥᠭᠵᠢᠬᠦ ᠪᠤᠯᠳᠤᠭᠠᠢ︕      ᠲᠡᠭᠷᠢᠯᠢᠭ ᠤᠬᠰᠠᠭ᠎ᠠ ᠶᠢᠨ ᠮᠢᠨᠢ ᠥᠷ᠎ᠡ ᠬᠤᠶᠢᠴᠢᠰ ᠡᠬᠡᠨᠡᠭᠳᠡ ᠥᠯᠵᠡᠢ ᠬᠡᠶᠢᠮᠤᠷᠢᠯᠢᠭ᠌ ᠮᠠᠨᠳᠤᠳᠤᠭᠠᠢ︕
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号