— ︽ᠪᠠᠭᠰᠢ︾ ᠬᠡᠬᠦ ᠨᠣᠮ ᠢ ᠣᠩᠰᠢᠭᠰᠠᠨ ᠤ ᠳᠠᠷᠠᠭᠠᠬᠢ ᠣᠯᠣᠯᠳᠠ ᠲᠦᠷᠦᠭᠳᠡᠯ | ᠵᠣᠨ ᠤ ᠨᠠᠷᠨ ᠰᠢᠭ᠋ ᠢᠯᠴᠢ ᠲᠠᠢ | ᠵᠢᠪᠬᠤᠭ᠎ᠠ ᠳᠡᠬᠦᠯᠳᠡᠷ ᠲᠦᠷᠬᠦ ᠲᠠᠢ | ᠵᠣᠯᠠᠢ ᠵᠦᠭᠡᠯᠡᠨ ᠬᠡᠣᠬᠡᠳ ᠤᠳ ᠲᠠᠢ | ᠵᠠᠶᠠᠭ᠎ᠠ ᠳᠡᠭᠡᠳᠣᠯᠡᠬᠦ ᠪᠠᠭᠰᠢ ᠬᠦᠮᠦᠨ | ᠁ | ᠮᠣᠩᠭᠤᠯ ᠣᠯᠣᠰ ᠤᠨ ᠠᠬᠠᠮᠡᠳ ᠵᠢᠳᠬᠦᠯᠳᠡᠨ᠂ ᠰᠢᠨᠵᠢᠯᠡᠬᠦ ᠣᠬᠠᠭᠠᠨ ᠤ ᠭᠠᠪᠢᠶᠠᠳᠣ ᠡᠷᠳᠡᠮᠳᠡᠨ᠂ ᠨᠡᠷ᠎ᠠ | ᠬᠦᠨᠳᠣᠳᠠᠢ ᠴᠠᠷᠢᠩᠫᠠᠯ ᠤᠨ ᠪᠠᠯᠾᠠᠵᠠᠪ ︵1928 ~︶ ᠤᠨ ᠠᠷᠪᠠᠨ ᠪᠠᠭᠴᠨ ᠴᠣᠪᠣᠷᠠᠯ ᠤᠨ ᠬᠢᠨ ᠨᠢᠭᠡᠨ ᠪᠣᠯᠬᠤ | ︽ᠪᠠᠭᠰᠢ︾ ︵78 ᠨᠢᠭᠤᠷ ᠲᠠᠢ︶ ᠭᠡᠬᠦ ᠮᠠᠰᠢ ᠭᠤᠶᠣ ᠪᠢᠴᠢᠭᠰᠡᠨ ᠣᠬᠠᠭᠠᠨᠳᠣ ᠨᠣᠮ ᠢ ᠠᠮᠳᠠᠷᠬᠠᠨ᠂ ᠣᠳᠬ᠎ᠠ | ᠬᠦᠨ ᠭᠡᠰᠡᠭ ᠢ ᠠᠬᠢᠨ ᠳᠠᠬᠢᠨ ᠨᠠᠷᠢᠪᠴᠢᠯᠡᠨ ᠣᠩᠰᠢᠯ᠎ᠠ᠃ | ᠳᠣᠰ ᠨᠣᠮ ᠨᠢ ᠪᠠᠭᠰᠢ ᠱᠠᠪᠢ ᠬᠤᠶᠠᠷ᠂ ᠪᠠᠭᠰᠢ ᠮᠡᠳᠡᠯᠭᠡ᠂ ᠪᠠᠭᠰᠢ ᠬᠦᠳᠡᠯᠮᠦᠷᠢ᠂ ᠪᠠᠭᠰᠢ ᠬᠠᠷᠢᠭᠤᠴᠠᠯᠭ᠎ᠠ | ᠂ ᠪᠠᠭᠰᠢ ᠠᠷᠭ᠎ᠠ ᠵᠦᠢ᠂ ᠪᠠᠭᠰᠢ ᠬᠠᠶᠢᠷ᠎ᠠ᠂ ᠪᠠᠭᠰᠢ ᠦᠵᠡᠯ᠂ ᠪᠠᠶᠢᠷᠢ ᠰᠠᠭᠤᠷᠢ ᠵᠡᠷᠭᠡ ᠬᠡᠳᠦᠨ ᠠᠭᠤᠯᠭ᠎ᠠ | ᠬᠤᠪᠢᠶᠠᠨ ᠪᠢᠴᠢᠭᠰᠡᠨ ᠶᠤᠮ ᠡ᠃ | ᠠᠭᠤᠯᠭ᠎ᠠ ᠶᠢ ᠳᠣᠪᠴᠢᠯᠡᠪᠡᠯ᠂ ᠪᠠᠭᠰᠢ ᠱᠠᠪᠢ ᠭᠡᠬᠦ ᠠᠭᠤᠯᠭ᠎ᠠ ᠳᠤ ᠪᠠᠭᠰᠢ ᠪᠣᠯᠣᠨ ᠱᠠᠪᠢ ᠶᠢᠨ ᠬᠤᠪᠢ | ᠪᠠᠷᠢᠯᠳᠣᠯᠭ᠎ᠠ ᠬᠡᠷᠬᠢᠨ ᠡᠬᠦᠰᠴᠣ ᠬᠦᠭᠵᠢᠬᠦ ᠳᠣᠬᠠᠢ᠂ ᠬᠠᠷᠢᠯᠴᠠᠨ ᠨᠢᠭᠡᠨ ᠨᠢᠭᠡᠨ ᠢᠶᠠᠷ ᠢᠶᠠᠨ ᠪᠠᠭ᠋ᠠᠷᠬᠠᠬᠤ ᠶᠢ ᠪᠢᠴᠢᠵᠦ | ︔ ᠪᠠᠭᠰᠢ ᠮᠡᠳᠡᠯᠭᠡ ᠬᠡᠬᠦ ᠠᠭᠤᠯᠭ᠎ᠠ ᠳᠤ ᠪᠠᠭᠰᠢ ᠠᠴᠠ ᠱᠠᠪᠢ ᠳᠤ ᠣᠯᠭᠤᠬᠤ ᠦᠨᠳᠣᠰᠣᠨ ᠮᠡᠳᠡᠯᠭᠡ᠂ ᠲᠦᠭᠡᠮᠡᠯ | ᠮᠡᠳᠡᠯᠭᠡ᠂ ᠬᠦᠮᠦᠨ ᠲᠦᠯᠦᠪᠰᠢᠯ ᠤᠨ ᠮᠡᠳᠡᠯᠭᠡ︔ ᠪᠠᠭᠰᠢ ᠬᠦᠳᠡᠯᠮᠦᠷᠢ ᠳᠤ ᠪᠠᠭᠰᠢ ᠶᠢᠨ ᠬᠦᠳᠡᠯᠮᠦᠷᠢ ᠶᠡᠷᠣ ᠨᠢ | ᠵᠠᠯᠬᠠᠭᠤᠷᠠᠯ᠂ ᠵᠣᠭᠰᠣᠩᠬᠢ ᠬᠤᠶᠢᠷᠭᠤ ᠵᠠᠩ ᠲᠦᠷᠬᠦ᠂ ᠢᠪᠴᠣᠣ ᠵᠣᠵᠢᠭ ᠠᠮᠢᠳᠣᠷᠠᠯ ᠲᠠᠢ ᠣᠭᠳᠣᠬᠠᠨ ᠴᠦ | ᠡᠪᠯᠡᠷᠡᠬᠦ ᠠᠷᠭ᠎ᠠ ᠦᠭᠡᠢ᠃ ᠬᠡᠷᠪᠡ ᠡᠪᠯᠡᠷᠡᠪᠡᠯ ᠪᠠᠭᠰᠢ ᠬᠤᠴᠣᠷᠣᠨ᠎ᠠ᠂ ᠰᠣᠷᠭᠠᠯᠳᠠ ᠰᠣᠯᠠᠷᠠᠨᠠ᠂ ᠱᠠᠪᠢ ᠬᠤᠪᠢᠷᠠᠨ᠎ᠠ | ᠂ ᠡᠶᠢᠮᠦ ᠠᠴᠠ ᠪᠠᠭᠰᠢ ᠶᠢᠨ ᠠᠵᠢᠯ ᠤᠨ ᠴᠠᠭ ᠬᠠᠷᠢᠴᠠᠩᠭᠤᠢ ᠣᠷᠳᠣ ᠪᠦᠭᠡᠳ ᠮᠠᠰᠢ ᠶᠡᠭᠡ ᠡᠷᠢᠯ ᠬᠠᠶᠢᠭᠤᠯᠴᠢ᠂ | ᠬᠦᠳᠡᠯᠮᠦᠷᠢ ᠨᠢ ᠦᠨ᠎ᠡ ᠬᠢᠮᠳᠠ᠂ ᠠᠰᠢᠭ ᠦᠭᠬᠦᠭᠡᠴᠢ ᠦᠨᠳᠣᠷ᠂ ᠦᠪᠡᠷ ᠢ ᠨᠦᠬᠦᠨ ᠲᠦᠯᠵᠢᠬᠦᠯᠬᠦ ᠴᠢᠳᠠᠪᠦᠷᠢ ᠲᠠᠢ | ︔ ᠪᠠᠭᠰᠢ ᠬᠠᠷᠢᠭᠤᠴᠠᠯᠭ᠎ᠠ ᠳᠤ ᠰᠣᠷᠭᠠᠬᠤ᠂ ᠳᠣᠰᠠᠯᠠᠬᠤ᠂ ᠨᠦᠯᠦᠭᠡᠯᠡᠬᠦ᠂ ᠡᠴᠣᠰ ᠤᠨ ᠡᠴᠣᠰ ᠲᠤ ᠬᠦᠮᠦᠨ ᠳᠤ | ᠦᠪᠡᠷ ᠢ ᠨᠢ ᠡᠷᠭᠡᠳᠡᠨ ᠰᠢᠭ ᠳᠠᠨᠢᠭᠤᠯᠣᠭᠰᠠᠨ ᠢᠶᠠᠷ ᠪᠠᠭᠰᠢ ᠬᠠᠷᠢᠭᠤᠴᠠᠯᠭ᠎ᠠ ᠦᠨᠡᠯᠡᠭᠳᠡᠬᠦ︔ ᠪᠠᠭᠰᠢ ᠠᠷᠭ᠎ᠠ ᠵᠦᠢ ︵ | ᠪᠠᠭᠰᠢ ᠴᠢᠳᠠᠪᠦᠷᠢ︶ ᠳᠤ ᠮᠡᠳᠡᠯᠭᠡ ᠶᠢ ᠠᠷᠭ᠎ᠠ ᠶᠢᠨ ᠰᠣᠩᠭᠤᠯᠳᠠ ᠪᠠᠷ ᠱᠠᠪᠢ ᠳᠤ ᠬᠦᠷᠭᠡᠬᠦ ᠨᠢ ᠣᠷᠠᠯᠢᠭ ᠣᠷ᠎ᠠ | ᠴᠢᠳᠠᠪᠦᠷᠢ ᠶᠢᠨ ᠠᠰᠠᠭᠤᠳᠠᠯ᠂ ᠶᠡᠭᠡ ᠮᠡᠳᠡᠯᠭᠡ ᠠᠷᠭ᠎ᠠ ᠶᠢ ᠲᠦᠰᠢᠬᠦ ᠦᠭᠡᠢ ᠪᠣᠯ ᠬᠦᠮᠦᠨ ᠳᠤ ᠬᠡᠷᠡᠭ ᠦᠭᠡᠢ᠂ | ᠠᠷᠭ᠎ᠠ ᠪᠠᠶᠢᠯ᠎ᠠ ᠴᠦ ᠮᠡᠳᠡᠯᠭᠡ ᠶᠠᠳᠠᠭᠤ ᠪᠣᠯ ᠪᠠᠭᠰᠢ ᠶᠢᠨ ᠦᠷ᠎ᠠ ᠰᠢᠮ᠎ᠠ ᠢᠪᠴᠣᠳᠠᠨᠠ︔ ᠪᠠᠭᠰᠢ ᠬᠠᠶᠢᠷ᠎ᠠ ᠪᠣᠯ | ᠡᠷᠳᠡᠮ ᠨᠣᠮ ᠤᠨ ᠳᠠᠯᠠᠢ ᠳᠣᠮᠳᠠ ᠬᠦᠮᠦᠰ ᠢ ᠢᠳᠡᠭᠡᠯ ᠦᠨᠡᠮᠰᠢᠯ ᠢᠶᠠᠷ ᠬᠤᠯᠪᠣᠨ ᠭᠠᠩᠨᠠᠭᠰᠠᠨ ᠵᠠᠩ ᠦᠢᠯᠨ ᠶᠢᠨ | ᠦᠪᠡᠷᠮᠢᠴᠨ ᠨᠢᠭᠡᠨ ᠬᠦᠴᠣᠨ ᠵᠦᠢᠯ ᠶᠤᠮ︔ ᠪᠠᠭᠰᠢ ᠦᠵᠡᠯ᠂ ᠪᠠᠶᠢᠷᠢ ᠰᠠᠭᠤᠷᠢ ᠪᠣᠯ ᠪᠠᠭᠰᠢ ᠠᠴᠠ ᠦᠭᠡᠷ᠎ᠠ | ᠬᠡᠨ ᠳᠤ ᠴᠦ ᠲᠡᠶᠢᠮᠦ ᠠᠮᠠᠷ ᠰᠠᠭᠤᠬᠤ ᠦᠭᠡᠢ᠃ ᠪᠠᠭᠰᠢ ᠦᠵᠡᠯ ᠪᠣᠯ ᠶᠠᠭᠤᠨ ᠤ ᠡᠮᠦᠨ᠎ᠡ ᠰᠣᠷᠣᠭᠴᠢ᠂ | ᠣᠶᠣᠳᠡᠨ ᠢ ᠦᠵᠡᠬᠦ ᠦᠵᠡᠯ᠂ ᠪᠠᠭᠰᠢ ᠪᠠᠶᠢᠷᠢ ᠰᠠᠭᠤᠷᠢ ᠪᠣᠯ ᠪᠢ ᠪᠠᠭᠰᠢ ᠮᠦᠨ ᠦᠦ᠂ ᠪᠢᠰᠢ ᠦᠦ ᠭᠡᠰᠡᠨ | ᠲᠦᠯᠦᠪᠰᠢᠯ᠃ ᠡᠶᠢᠮᠦ ᠠᠴᠠ ᠡᠨ᠋ᠨ ᠦᠵᠡᠯ᠂ ᠪᠠᠶᠢᠷᠢ ᠰᠠᠭᠤᠷᠢ ᠶᠢ ᠰᠣᠷᠭᠠᠯᠳᠠ ᠶᠢᠨ ᠳᠠᠯᠠᠪᠣᠷ ᠠᠴᠠ ᠭᠠᠳᠠᠨ᠎ᠠ᠂ | ᠰᠣᠷᠭᠠᠬᠤ᠂ ᠰᠣᠷᠬᠤ ᠬᠦᠷᠢᠶ᠎ᠠ᠂ ᠬᠦᠮᠦᠵᠢᠯ ᠲᠦᠯᠦᠪᠰᠢᠯ ᠤᠨ ᠠᠭᠤᠯᠭ᠎ᠠ ᠠᠴᠠ ᠠᠩᠬᠢᠳᠠ ᠣᠶᠢᠯᠠᠭᠠᠬᠤ ᠪᠣᠯᠣᠮᠵᠢ | ᠦᠭᠡᠢ᠃ | ᠬᠡᠣᠬᠡᠳ ᠢ ᠬᠦᠳᠡᠯᠮᠦᠷᠢᠴᠢ ᠪᠣᠯᠭᠠᠬᠤ᠂ ᠨᠣᠮ ᠳᠤ ᠳᠣᠷᠠᠳᠠᠢ ᠪᠣᠯᠭᠠᠬᠤ᠂ ᠬᠦᠮᠦᠨ ᠰᠢᠭ ᠬᠦᠮᠦᠨ ᠪᠣᠯᠭᠠᠬᠤ | ᠯᠨ ᠭᠤᠣᠯᠳᠠᠨ᠎ᠠ᠃ ᠪᠠᠭᠰᠢ ᠪᠣᠯ ᠶᠠᠭᠤᠨ ᠤ ᠡᠮᠦᠨ᠎ᠡ ᠱᠠᠪᠢ ᠶᠢ ᠨᠣᠮ ᠳᠤ ᠳᠣᠷᠠᠳᠠᠢ ᠪᠣᠯᠭᠠᠬᠤ ᠦᠯᠢᠭᠡᠷ | ᠳᠠᠭᠤᠷᠢᠶᠠᠯ ᠤᠨ ᠪᠡᠶᠡᠳᠣ ᠲᠦᠯᠦᠭᠡᠯᠡᠭᠴᠢ ᠮᠦᠨ᠃ ᠡᠬᠦᠨ ᠳᠤ ᠠᠩᠭ᠍ᠯᠢ ᠶᠢᠨ ᠨᠢᠭᠡᠨ ᠮᠡᠷᠭᠡᠨ ᠦᠭᠡᠨ ᠳᠤ ︽ | ᠬᠡᠣᠬᠡᠳ ᠢᠶᠠᠨ ᠬᠦᠮᠦᠵᠢᠬᠦᠯᠬᠦ ᠶᠢ ᠣᠷᠣᠯᠳᠣᠬᠤ ᠬᠡᠷᠡᠭ ᠦᠭᠡᠢ᠂ ᠲᠡᠷᠨ ᠲᠠᠢ ᠲᠡᠷᠨ ᠦᠭᠡᠢ ᠳᠠᠨ ᠢ ᠳᠠᠭᠤᠷᠢᠶᠠᠨ᠎ᠠ᠃ | ᠬᠠᠷᠢᠨ ᠦᠪᠡᠷ ᠢ ᠪᠠᠨ ᠬᠦᠮᠦᠵᠢᠬᠦᠯ︕︾ ᠭᠡᠵᠡᠢ᠃ | ᠲ᠊ · ᠭᠠᠯᠰᠠᠩ ᠤᠨ ︽ᠵᠢᠷᠢᠮ ᠤᠨ ᠰᠦᠯᠵᠢᠶ᠎ᠠ︾ ᠵᠣᠬᠢᠶᠠᠯ ᠳᠤ᠄ | ᠬᠤᠷᠮᠣᠢ ᠠᠴᠠ ᠨᠢ᠂ ᠡᠪᠦᠳᠦᠭ ᠠᠴᠠ ᠨᠢ ᠠᠳᠢᠰ ᠠᠪᠣᠮᠠᠷ | ᠬᠦᠮᠦᠨ ᠪᠣᠷᠬᠠᠨ ᠪᠠᠭᠰᠢ ᠮᠢᠨᠢ ᠲᠨ | ᠬᠤᠩᠬᠤᠨ ᠳᠠᠭᠤᠨ ᠢᠶᠠᠷ ᠠᠩᠬᠢ ᠳᠤ ᠣᠷᠭᠤᠳᠠᠭ | ᠦᠷᠯᠦᠭᠡ ᠶᠢᠨ ᠨᠠᠷᠨ ᠪᠠᠭᠰᠢ ᠮᠢᠨᠢ ᠲᠨ | ᠬᠤᠶᠠᠷ ᠦᠭᠡᠨ ᠠᠴᠠ ᠨᠢ ᠮᠢᠩᠭᠠᠨ ᠣᠳᠬ᠎ᠠ ᠰᠠᠴᠣᠷᠠᠳᠠᠭ | ᠬᠦᠨ ᠣᠬᠠᠭᠠᠨ ᠪᠠᠭᠰᠢ ᠮᠢᠨᠢ ᠲᠨ | ᠬᠤᠶᠢᠰᠢᠳᠡ ᠶᠢᠨ ᠲᠦᠯᠦᠭᠡ ᠢᠷᠡᠭᠡᠳᠣᠢ ᠠᠴᠠ ᠢᠷᠡᠭᠰᠡᠨ | ᠨᠣᠮ ᠤᠨ ᠡᠯᠴᠢᠨ ᠪᠠᠭᠰᠢ ᠮᠢᠨᠢ ᠲᠨ | ᠪᠠᠭᠰᠢ ᠨᠡᠷ᠎ᠠ ᠣᠭ ᠨᠢ ᠬᠦᠮᠦᠵᠢᠬᠦᠯᠬᠦ᠂ ᠰᠣᠷᠭᠠᠬᠤ᠂ ᠵᠢᠭᠠᠬᠤ᠂ ᠪᠣᠯᠪᠠᠰᠣᠷᠠᠭᠤᠯᠬᠤ ᠭᠡᠬᠦ ᠮᠡᠳᠣ ᠦᠭᠡᠰ ᠤᠨ | ᠭᠠᠷᠣᠯ ᠲᠠᠢ ᠶᠤᠮ ᠪᠢᠯᠨ᠃ ᠪᠠᠭᠰᠢ ᠨᠡᠷ᠎ᠠ ᠶᠢᠨ ᠴᠠᠭᠠᠨ᠎ᠠ ᠳᠡᠬᠦᠨ ᠤ ᠬᠤᠪᠢ ᠶᠢᠨ ᠬᠢᠨᠢ ᠦᠰᠦᠯᠳᠡ ᠬᠦᠭᠵᠢᠯ ᠤᠨ | ᠣᠯᠠᠨ ᠲᠦᠷᠢ ᠲᠦᠷᠬᠦ ᠬᠠᠷᠠᠭᠳᠠᠨ᠎ᠠ᠃ ᠪᠠᠭᠰᠢ ᠬᠠᠷᠢᠨ ᠡᠨ᠋ᠨ ᠬᠦᠨᠳᠣᠳᠣ ᠨᠡᠷ᠎ᠠ ᠶᠢ᠂ ᠦᠢᠯᠨ ᠪᠦᠳᠣᠭᠡᠯ ᠢ ᠨᠠᠰᠣᠨ | ᠳᠣᠷᠰᠢᠳᠠ ᠮᠡᠳᠡᠯᠭᠡ ᠶᠢᠨ ᠪᠣᠯᠣᠨ ᠠᠵᠢᠯ ᠦᠢᠯᠡᠰ ᠤᠨ ᠬᠦᠷᠢᠶᠠᠨ ᠳᠤ᠂ ᠨᠡᠷ᠎ᠠ ᠲᠦᠷᠦ ᠶᠢᠨ ᠪᠣᠯᠣᠨ ᠶᠣᠰᠣ | ᠵᠦᠢ ᠶᠢᠨ ᠬᠦᠷᠢᠶᠠᠨ ᠳᠤ᠂ ᠢᠷᠭᠡᠨ ᠤ ᠪᠣᠯᠣᠨ ᠦᠯᠢᠭᠡᠷ ᠳᠠᠭᠤᠷᠢᠶᠠᠯ ᠤᠨ ᠬᠦᠷᠢᠶᠡᠨ ᠳᠤ ᠵᠦᠪ ᠵᠣᠬᠢᠰᠳᠠᠢ ᠠᠪᠴᠣ | ᠶᠠᠪᠣᠵᠦ ᠴᠢᠳᠠᠭᠰᠠᠨ ᠴᠠᠭ ᠲᠤ ᠪᠠᠭᠰᠢ ᠴᠢᠭ ᠢᠶᠠᠷ ᠢᠶᠠᠨ᠂ ᠰᠠᠶᠢᠨ ᠪᠠᠭᠰᠢ ᠶᠢᠨ ᠨᠡᠷ᠎ᠠ ᠪᠠᠷ ᠠᠵᠦ ᠲᠦᠷᠦᠬᠦ ᠨᠢ | ᠯᠠᠪᠳᠠᠢ᠃ | | |