︽ᠡᠬᠡ ᠬᠡᠯᠡ ᠪᠠᠷ ᠰᠠᠭᠤᠷᠢ ᠪᠣᠯᠭᠠᠭᠰᠠᠨ ᠤᠯᠠᠨ ᠲᠦᠷᠦᠯ ᠤᠨ ᠬᠡᠯᠡᠨ ᠤ ᠰᠤᠷᠭᠠᠨ ᠬᠦᠮᠦᠵᠢᠯ︾ ᠢ | ᠶᠠᠷᠢᠬᠤ ᠠᠴᠠ ᠡᠮᠦᠨ᠎ᠡ᠂ ᠪᠢᠳᠡ ᠬᠠᠷᠢᠴᠠᠩᠭᠤᠢ ᠲᠠᠨᠢᠯ ᠲᠠᠰᠤᠯ ᠪᠠᠶᠢᠳᠠᠭ ᠦᠭᠡ ᠬᠡᠯᠡ ᠪᠤᠯᠤᠭᠰᠠᠨ ︽ᠡᠬᠡ ᠬᠡᠯᠡ︾ | ᠶᠢ ᠶᠠᠷᠢᠬᠤ ᠴᠢᠬᠤᠯᠠᠳᠠᠢ᠃ ︽ᠡᠬᠡ ᠬᠡᠯᠡ︾ ᠭᠡᠳᠡᠭ ᠨᠢ ᠶᠠᠭᠤ ᠪᠤᠢ︖ ᠲᠡᠭᠦᠨ ᠤ ᠰᠤᠷᠭᠠᠨ ᠬᠦᠮᠦᠵᠢᠯ ᠤᠨ | ᠣᠷᠴᠢᠨ ᠨᠦᠭᠦᠴᠡᠯ ᠲᠤᠮᠳᠠᠬᠢ ᠴᠢᠬᠤᠯᠠ ᠴᠢᠨᠠᠷ ᠨᠢ ᠬᠢᠷᠢ ᠵᠡᠷᠭᠡ ᠪᠠᠶᠢᠳᠠᠭ ᠪᠤᠯ᠃ ᠡᠬᠡ ᠬᠡᠯᠡ ᠪᠠ ᠤᠯᠤᠰ ᠤᠨ | ᠨᠠᠶᠢᠳᠡᠮ ᠬᠡᠷᠡᠭᠯᠡᠭᠳᠡᠬᠦ ᠦᠭᠡ ᠬᠡᠯᠡ ᠪᠣᠯᠤᠭᠰᠠᠨ ᠬᠤᠶᠠᠳᠤᠭᠠᠷ ᠦᠭᠡ ᠬᠡᠯᠡ ᠪᠣᠯᠤᠨ ᠣᠯᠠᠨ ᠤᠯᠤᠰ ᠤᠨ ᠨᠡᠶᠢᠳᠡᠮ | ᠬᠡᠷᠡᠭᠯᠡᠭᠳᠡᠬᠦ ᠦᠭᠡ ᠬᠡᠯᠡ ᠪᠤᠯᠤᠭᠰᠠᠨ ᠭᠤᠷᠪᠠᠳᠤᠭᠠᠷ ᠦᠭᠡ ᠬᠡᠯᠡᠨ ᠤ ᠬᠤᠭᠤᠷᠤᠨᠳᠤᠬᠢ ᠬᠠᠷᠢᠴᠠᠭ᠎ᠠ ᠶᠢ ᠬᠡᠷᠬᠢᠨ | ᠤᠶᠢᠯᠠᠭᠠᠬᠤ ᠪᠢᠯᠡ︖ | ᠡᠬᠡ ᠬᠡᠯᠡᠨ ᠤ ᠲᠤᠬᠠᠢ ᠨᠡᠶᠢᠳᠡᠮ ᠤᠨ ᠤᠶᠢᠯᠠᠭᠠᠯᠲᠠ ᠪᠣᠯ᠂ ᠬᠡᠦᠬᠡᠳ ᠤᠨ ᠡᠵᠢ ᠨᠢ ᠡᠰᠡᠬᠦᠯ᠎ᠡ ᠡᠵᠢ ᠨᠢ | ᠦᠭᠡᠢ ᠪᠠᠶᠢᠳᠠᠯ ᠳᠣᠣᠷ᠎ᠠ ᠲᠤᠰ ᠬᠡᠦᠬᠡᠳ ᠤᠨ ᠬᠢᠨᠠᠨ ᠬᠠᠮᠠᠭᠠᠯᠠᠭᠴᠢ ᠶᠢᠨ ᠬᠢᠨᠢ ᠭᠡᠷ ᠲᠤ ᠪᠠᠨ ᠬᠡᠦᠬᠡᠳ ᠲᠠᠢ ᠪᠠᠨ | ᠶᠠᠷᠢᠯᠴᠠᠳᠠᠭ ︽ᠦᠭᠡ ᠬᠡᠯᠡ︾ ᠪᠣᠯᠤᠨ᠎ᠠ᠂ ᠡᠨᠡ ᠨᠢ ᠮᠦᠨ ᠪᠢᠳᠡᠨ ᠤ ᠥᠷᠭᠦᠯᠵᠢ ᠶᠠᠷᠢᠳᠠᠭ ︽ᠨᠢᠭᠡᠳᠦᠭᠡᠷ ᠦᠭᠡ | ᠬᠡᠯᠡ︾ ᠪᠣᠯᠬᠤ ᠶᠤᠮ᠃ ᠠᠮᠢᠳᠤᠷᠠᠯ ᠳᠤᠮᠳᠠ᠂ ᠨᠢᠭᠡᠨ ᠭᠡᠷ ᠪᠦᠯᠢ ᠨᠢ ᠬᠤᠶᠠᠷ ᠪᠤᠶᠤ ᠬᠤᠶᠠᠷ ᠠᠴᠠ ᠳᠡᠭᠡᠭᠰᠢ | ᠦᠭᠡ ᠬᠡᠯᠡ ᠬᠡᠷᠡᠭᠯᠡᠬᠦ᠂ ᠡᠰᠡᠬᠦᠯ᠎ᠡ ᠭᠡᠷ ᠲᠤ ᠪᠠᠨ ᠥᠷᠭᠦᠯᠵᠢ ︽ᠡᠬᠡ ᠬᠡᠯᠡ︾ ᠪᠠᠷ ᠢᠶᠠᠨ ᠶᠠᠷᠢᠳᠠᠭ ᠦᠭᠡᠢ ᠪᠠᠶᠢᠳᠠᠯ | ᠣᠷᠤᠰᠢᠳᠠᠭ᠃ ᠪᠠᠰᠠ ᠵᠠᠷᠢᠮ ᠪᠠᠶᠢᠳᠠᠯ ᠳᠤ᠂ ᠬᠡᠦᠬᠡᠳ ᠤᠨ ᠬᠢᠨᠢ ᠡᠬᠡ ᠬᠡᠯᠡ ᠨᠢ ᠥᠷᠭᠦᠯᠵᠢ ᠬᠡᠷᠡᠭᠯᠡᠳᠡᠭ ᠦᠭᠡ | ᠬᠡᠯᠡ ᠪᠢᠰᠢ ᠮᠦᠷᠲᠡᠭᠡᠨ ᠭᠡᠷ ᠪᠦᠯᠢ ᠶᠢᠨ ᠬᠢᠨᠢ ᠬᠠᠮᠤᠭ ᠳᠠᠳᠮᠠᠭᠠᠢ ᠦᠭᠡ ᠬᠡᠯᠡ ᠴᠦ ᠪᠢᠰᠢ ᠪᠠᠶᠢᠳᠠᠭ ᠪᠠᠶᠢᠳᠠᠯ | ᠭᠠᠷᠳᠠᠭ᠃ ᠡᠶᠢᠮᠦ ᠠᠴᠠ᠂ ᠡᠬᠡ ᠬᠡᠯᠡ ᠶᠢ ᠵᠢᠭᠠᠨ ᠰᠤᠷᠭᠠᠯᠲᠠ ᠶᠢᠨ ᠦᠭᠡ ᠬᠡᠯᠡ ᠪᠣᠯᠭᠠᠬᠤ ᠪᠠᠶᠢᠳᠠᠯ ᠢ ᠶᠠᠷᠢᠯᠴᠠᠬᠤ | ᠦᠶ᠎ᠡ᠂ ︽ᠨᠢᠭᠡᠳᠦᠭᠡᠷ ᠦᠭᠡ ᠬᠡᠯᠡ︾ ᠠᠴᠠ ᠭᠠᠳᠠᠨ᠎ᠠ᠂ ᠪᠠᠰᠠ ᠨᠢᠭᠡᠨ ᠲᠤᠩ ᠴᠢᠬᠤᠯᠠ ᠪᠠᠶᠢᠳᠠᠯ ᠢ ᠪᠣᠳᠤᠯᠬᠢᠯᠠᠬᠤ | ᠴᠢᠬᠤᠯᠠᠲᠠᠢ ᠭᠡᠵᠦ ᠪᠢᠳᠡ ᠦᠵᠡᠵᠦ ᠪᠤᠢ᠄ ᠡᠨᠡ ᠨᠢ ᠳᠠᠷᠤᠢ ᠬᠡᠦᠬᠡᠳ ᠪᠤᠶᠤ ᠬᠡᠦᠬᠡᠳ ᠤᠨ ᠭᠡᠷ ᠪᠦᠯᠢ ᠶᠢᠨ ᠬᠢᠨᠢ | ᠶᠠᠮᠠᠷ ᠨᠢᠭᠡᠨ ᠦᠭᠡ ᠬᠡᠯᠡ ᠪᠠ ᠰᠣᠶᠣᠯ ᠤᠨ ᠪᠠᠶᠢᠷᠢ ᠰᠠᠭᠤᠷᠢ ᠶᠢᠨ ᠲᠣᠬᠠᠢ ᠪᠡᠶ᠎ᠡ ᠬᠡᠮ ᠤᠨ ᠬᠦᠯᠢᠶᠡᠨ | ᠵᠦᠪᠰᠢᠶᠡᠷᠡᠯᠲᠡ᠃ ᠲᠤᠪᠴᠢᠯᠠᠭᠠᠳ ᠶᠠᠷᠢᠬᠤ ᠳᠤ᠂ ︽ᠡᠬᠡ ᠬᠡᠯᠡ︾ ᠨᠢ ᠳᠠᠷᠠᠭᠠᠬᠢ ᠪᠤᠢ ᠪᠦᠬᠦᠢ ᠪᠠᠶᠢᠳᠠᠯ ᠢ | ᠬᠠᠮᠤᠷᠤᠭᠰᠠᠨ ᠪᠠᠶᠢᠨ᠎ᠠ᠄ ᠨᠢᠭᠡ᠂ ᠰᠤᠷᠭᠠᠨ ᠬᠦᠮᠦᠵᠢᠯ ᠪᠤᠯᠤᠨ ᠣᠯᠠᠨ ᠨᠡᠶᠢᠲᠡ ᠶᠢᠨ ᠬᠦᠷᠢᠶ᠎ᠡ ᠴᠠᠷᠠᠭ᠎ᠠ ᠠᠴᠠ | ᠤᠯᠤᠭᠰᠠᠨ ᠬᠤᠶᠠᠳᠤᠭᠠᠷ ᠦᠭᠡ ᠬᠡᠯᠡ ᠲᠠᠢ ᠬᠠᠷᠢᠴᠠᠭᠤᠯᠵᠤ ᠶᠠᠷᠢᠬᠤ ᠳᠤ᠂ ᠡᠬᠡ ᠬᠡᠯᠡ ᠪᠣᠯ ᠬᠡᠦᠬᠡᠳ ᠤᠨ | ᠨᠢᠭᠡᠳᠦᠭᠡᠷ ᠦᠭᠡ ᠬᠡᠯᠡ ᠪᠣᠯᠤᠨ᠎ᠠ᠃ ᠬᠤᠶᠠᠷ᠂ ᠡᠬᠡ ᠬᠡᠯᠡ ᠪᠣᠯ ᠬᠡᠦᠭᠡᠳ ᠤᠨ ᠨᠡᠶᠢᠭᠡᠮ ᠤᠨ ᠠᠮᠢᠳᠤᠷᠠᠯ ᠪᠠ | ᠰᠤᠶᠤᠯ ᠤᠨ ᠠᠬᠤᠢ ᠪᠠᠶᠢᠳᠠᠯ ᠤᠨ ᠳᠣᠣᠷ᠎ᠠ ᠬᠡᠷᠬᠢᠨ ᠬᠡᠯᠡᠬᠦ ᠪᠠ ᠬᠢᠬᠦ ᠶᠢ ᠰᠤᠷᠳᠠᠭ ᠦᠭᠡ ᠬᠡᠯᠡ ᠪᠣᠯᠤᠨ᠎ᠠ᠃ | ᠭᠤᠷᠪᠠ᠂ ᠡᠬᠡ ᠬᠡᠯᠡ ᠪᠣᠯ ᠮᠦᠨ ᠬᠡᠦᠬᠡᠳ ᠪᠣᠯᠤᠨ ᠲᠠᠭᠦᠨ ᠤ ᠭᠡᠷ ᠪᠦᠯᠢ ᠨᠢ ᠰᠤᠶᠤᠯ ᠤᠨ ᠪᠠᠶᠢᠷᠢ ᠰᠠᠭᠤᠷᠢ ᠶᠢᠨ | ᠲᠠᠯ᠎ᠠ ᠪᠠᠷ ᠦᠪᠡᠷ ᠢ ᠪᠠᠨ ᠢᠯᠡᠭᠦᠦ ᠬᠦᠯᠢᠶᠡᠨ ᠵᠦᠪᠰᠢᠶᠡᠷᠡᠳᠡᠭ ᠦᠭᠡ ᠬᠡᠯᠡ ᠪᠣᠯᠤᠨ᠎ᠠ᠃ | ᠲᠡᠭᠡᠪᠡᠯ᠂ ︽ᠡᠬᠡ ᠬᠡᠯᠡ ᠪᠠᠷ ᠰᠠᠭᠤᠷᠢ ᠪᠣᠯᠭᠠᠭᠰᠠᠨ ᠤᠯᠠᠨ ᠲᠦᠷᠦᠯ ᠤᠨ ᠬᠡᠯᠡᠨ ᠤ ᠰᠤᠷᠭᠠᠨ ᠬᠦᠮᠦᠵᠢᠯ︾ | ᠤᠨ ᠲᠦᠪᠯᠡᠷᠡᠯ ᠴᠡᠭ ᠨᠢ ᠬᠢᠴᠢᠶᠠᠯ ᠬᠦᠮᠦᠵᠢᠯ ᠤᠨ ᠵᠢᠭᠠᠨ ᠰᠤᠷᠭᠠᠯᠲᠠ ᠳᠤ ᠠᠯᠢ ᠴᠢᠳᠠᠬᠤ ᠪᠠᠷ ᠡᠬᠡ ᠬᠡᠯᠡ ᠶᠢ | ᠢᠯᠡᠬᠦᠦ ᠬᠡᠷᠡᠭᠯᠡᠵᠤ᠂ ᠤᠳᠠᠭᠠᠨ ᠬᠡᠷᠡᠭᠯᠡᠵᠤ᠂ ᠡᠬᠡ ᠬᠡᠯᠡ ᠪᠠᠷ ᠵᠢᠭᠠᠨ ᠰᠤᠷᠭᠠᠯᠲᠠ ᠶᠢᠨ ᠦᠭᠡ ᠬᠡᠯᠡ ᠪᠠᠨ ᠪᠣᠯᠭᠠᠬᠤ | ᠶᠠᠪᠤᠳᠠᠯ ᠪᠤᠯᠤᠨ᠎ᠠ᠃ ᠵᠢᠭᠠᠨ ᠰᠤᠷᠭᠠᠯᠲᠠ ᠶᠢᠨ ᠳᠤᠮᠳᠠ ᠡᠬᠡ ᠬᠡᠯᠡ ᠶᠢ ᠨᠢ ᠬᠡᠷᠡᠭᠯᠡᠪᠡᠯ ᠬᠡᠦᠬᠡᠳ ᠤᠨ | ᠰᠤᠷᠤᠯᠭ᠎ᠠ ᠶᠢᠨ ᠦᠷ᠎ᠡ ᠪᠦᠳᠦᠮᠵᠢ ᠨᠡᠩ ᠰᠠᠶᠢᠨ ᠪᠠᠶᠢᠳᠠᠭ ᠢ ᠰᠤᠳᠤᠯᠭᠠᠨ ᠢᠶᠠᠷ ᠳᠠᠮᠵᠢᠵᠤ ᠮᠡᠳᠡᠭᠰᠡᠨ ᠪᠠᠶᠢᠨ᠎ᠠ᠃ | ᠵᠢᠭᠠᠨ ᠰᠤᠷᠭᠠᠯᠲᠠ ᠶᠢᠨ ᠳᠤᠮᠳᠠᠬᠢ ᠦᠭᠡ ᠬᠡᠯᠡ ᠶᠢ ᠲᠡᠳᠡᠨ ᠤ ᠭᠡᠷ ᠪᠦᠯᠢ ᠳᠤ ᠪᠤᠶᠤ ᠨᠡᠶᠢᠭᠡᠮ ᠳᠡᠭᠡᠷ᠎ᠡ ᠡᠭᠦᠰᠦᠭᠰᠡᠨ | ᠶᠠᠪᠤᠳᠠᠯ ᠪᠤᠶᠤ ᠦᠯᠢᠭᠡᠷ ᠲᠠᠢ ᠬᠤᠯᠪᠤᠭᠳᠠᠭᠤᠯᠵᠤ ᠶᠠᠷᠢᠪᠠᠯ᠂ ᠰᠤᠷᠤᠭᠴᠢ ᠬᠢᠴᠢᠶᠠᠯ ᠤᠨ ᠲᠠᠩᠬᠢᠮ ᠳᠤ ᠶᠠᠷᠢᠭᠰᠠᠨ | ᠠᠭᠤᠯᠭ᠎ᠠ ᠶᠢ ᠨᠡᠩ ᠠᠮᠠᠷᠬᠠᠨ ᠣᠶᠢᠯᠠᠭᠠᠵᠤ᠂ ᠡᠭᠦᠨ ᠤ ᠤᠯᠠᠮ ᠠᠴᠠ ᠤᠬᠠᠭᠳᠠᠬᠤᠨ ᠪᠤᠯᠤᠨ ᠮᠡᠳᠡᠯᠭᠡ ᠪᠣᠯᠭᠠᠨ | ᠡᠵᠡᠮᠰᠢᠵᠦ ᠴᠢᠳᠠᠳᠠᠭ᠃ ᠡᠬᠡ ᠬᠡᠯᠡᠨ ᠤ ᠰᠤᠷᠭᠠᠨ ᠬᠦᠮᠦᠵᠢᠯ ᠨᠢ ᠬᠡᠦᠬᠡᠳ ᠢ ᠬᠠᠷᠠᠬᠠᠨ ᠪᠠᠭ᠎ᠠ ᠠᠴᠠ ᠨᠢ ᠨᠡᠩ | ᠴᠢᠩᠭ᠎ᠠ ᠪᠡᠶ᠎ᠡ ᠬᠡᠮ ᠤᠨ ᠬᠦᠯᠢᠶᠡᠨ ᠵᠦᠪᠰᠢᠶᠡᠷᠡᠯᠲᠡ ᠲᠠᠢ ᠪᠣᠯᠭᠠᠵᠤ᠂ ᠦᠪᠡᠷ ᠢ ᠪᠠᠨ ᠨᠡᠩ ᠰᠠᠶᠢᠨ ᠬᠥᠨᠳᠦᠳᠬᠡᠬᠦ | ᠪᠣᠯᠭᠠᠳᠠᠭ᠃ ᠬᠡᠦᠬᠡᠳ ᠤᠨ ᠡᠬᠡ ᠬᠡᠯᠡ ᠶᠢ ᠰᠤᠷᠭᠠᠭᠤᠯᠢ ᠠᠴᠠ ᠨᠢ ᠴᠢᠬᠤᠯᠠᠴᠢᠯᠠᠨ ᠦᠵᠡᠬᠦ ᠦᠶᠡᠰ᠂ ᠲᠡᠳᠡᠨ ᠤ | ᠭᠡᠷ ᠪᠦᠯᠢ ᠳᠤ ᠪᠠᠨ ᠪᠠ ᠨᠡᠶᠢᠭᠡᠮ ᠲᠣᠭᠤᠷᠢᠭ ᠠᠴᠠ ᠬᠤᠷᠠᠮᠳᠤᠭᠤᠯᠤᠭᠰᠠᠨ ᠮᠡᠳᠡᠯᠭᠡ ᠨᠢ ᠴᠦ ᠬᠦᠨᠳᠦᠳᠬᠡᠭᠳᠡᠵᠦ᠂ | ᠤᠯᠠᠮ ᠴᠢᠨᠠᠭᠰᠢᠲᠠ ᠬᠠᠶᠢᠨ ᠰᠦᠪᠡᠭᠴᠢᠯᠡᠭᠳᠡᠬᠦ ᠮᠦᠷᠲᠡᠭᠡᠨ ᠵᠢᠭᠠᠨ ᠰᠤᠷᠭᠠᠯᠲᠠ ᠶᠢᠨ ᠲᠦᠯᠦᠪᠯᠡᠭᠡᠨ ᠳᠤ ᠴᠦ | ᠤᠷᠤᠭᠤᠯᠬᠤ ᠪᠤᠯᠤᠮᠵᠢᠲᠠᠢ ᠪᠣᠯᠳᠠᠭ᠃ ᠴᠦᠭᠡᠨ ᠲᠤᠭᠠᠳᠤ ᠦᠭᠡ ᠬᠡᠯᠡᠨ ᠤ ᠬᠡᠷᠡᠭᠯᠡᠭᠴᠢ ᠳᠤ ᠠᠪᠴᠤ ᠬᠡᠯᠡᠪᠡᠯ᠂ ᠡᠬᠡ | ᠬᠡᠯᠨ ᠳᠤ ᠰᠠᠭᠤᠷᠢᠯᠠᠭᠰᠠᠨ ᠰᠤᠷᠭᠠᠨ ᠬᠦᠮᠦᠵᠢᠯ ᠨᠢ ᠨᠡᠩ ᠴᠢᠬᠤᠯᠠ ᠪᠠᠶᠢᠳᠠᠭ᠂ ᠤᠴᠢᠷ ᠨᠢ ᠡᠨᠡ ᠨᠢ ᠴᠦᠬᠡᠨ | ᠲᠤᠭᠠᠳᠤ ᠦᠨᠳᠦᠰᠦᠲᠡᠨ ᠶᠠᠰᠤᠲᠠᠨ ᠤ ᠦᠭᠡ ᠬᠡᠯᠡ ᠪᠣᠯᠤᠨ ᠰᠤᠶᠤᠯ ᠤᠨ ᠥᠪ ᠬᠦᠷᠦᠩᠭᠡ ᠶᠢ ᠬᠠᠳᠠᠭᠠᠯᠠᠨ | ᠬᠥᠭᠵᠢᠭᠦᠯᠬᠦ ᠪᠦᠲᠦᠮᠵᠢᠲᠠᠢ ᠠᠷᠭ᠎ᠠ ᠵᠠᠮ ᠪᠣᠯᠳᠠᠭ᠃ | ᠰᠤᠷᠭᠠᠭᠤᠯᠢ ᠶᠢᠨ ᠰᠤᠷᠭᠠᠨ ᠬᠦᠮᠦᠵᠢᠯ ᠤᠨ ᠦᠬᠡ ᠬᠡᠯᠨ ᠶᠢᠨ ᠳᠤᠮᠳᠠ ︽ᠤᠯᠤᠰ ᠤᠨ \ ᠵᠠᠰᠠᠭ ᠤᠨ | ᠳᠠᠯ᠎ᠠ ᠶᠢᠨ ᠦᠬᠡ ᠬᠡᠯᠡ︾ ᠪᠤᠯ ᠴᠤᠷ ᠤᠨ ᠭᠠᠭᠴᠠ ᠬᠠᠤᠯᠢ ᠳᠤ ᠨᠡᠶᠢᠴᠡᠭᠰᠡᠨ ᠵᠢᠭᠠᠨ ᠰᠤᠷᠭᠠᠯᠳᠠ ᠶᠢᠨ ᠦᠭᠡ ᠬᠡᠯᠡ | ᠪᠤᠯᠤᠨ᠎ᠠ ᠭᠡᠰᠡᠨ ᠪᠠᠶᠢᠡᠭᠭᠤ ᠶᠢᠨ ᠪᠤᠷᠤᠭᠤ ᠤᠶᠢᠯᠠᠭᠠᠯᠳᠠ ᠲᠠᠢ ᠪᠠᠶᠢᠳᠠᠭ᠃ ᠬᠡᠳᠦ᠋ᠢᠪᠡᠷ ᠤᠯᠤᠰ ᠤᠨ ᠵᠠᠰᠠᠭ ᠤᠨ | ᠳᠠᠯ᠎ᠠ ᠶᠢᠨ ᠦᠭᠡ ᠬᠡᠯᠡ ᠪᠤᠯᠤᠨ ᠴᠦᠬᠡᠨ ᠳᠤᠭᠠᠨ ᠤ ᠦᠭᠡ ᠬᠡᠯᠡ ᠶᠢ ᠬᠠᠮᠳᠤ ᠳᠤ ᠨᠢ ᠵᠢᠭᠠᠨ ᠰᠤᠷᠭᠠᠯᠳᠠ ᠶᠢᠨ | ᠦᠬᠡ ᠬᠡᠯᠡ ᠪᠤᠯᠭᠠᠭᠰᠠᠨ ᠴᠦ᠂ ᠦᠷᠬᠦᠯᠵᠢ ᠤᠯᠤᠰ ᠤᠨ ᠨᠡᠶᠢᠳᠡᠮ ᠬᠡᠷᠡᠭᠯᠡᠭᠳᠡᠬᠦ ᠦᠬᠡ ᠬᠡᠯᠡ ᠨᠢ ᠨᠡᠩ ᠤᠯᠠᠨ | ᠤᠨᠴᠠ ᠡᠷᠭᠡ ᠶᠢ ᠡᠳ᠋ᠯᠡᠳᠡᠭ᠃ ᠨᠦᠭᠦᠭᠡ ᠨᠢᠭᠡ ᠪᠤᠷᠤᠭᠤ ᠤᠶᠢᠯᠠᠭᠠᠯᠳᠠ ᠭᠡᠪᠡᠯ᠂ ᠡᠬᠡ ᠬᠡᠯᠡ ᠪᠠᠨ ᠰᠤᠷᠤᠯᠴᠠᠬᠤ ᠶᠢ | ᠴᠢᠩᠭᠠᠳᠬᠠᠬᠤ ᠨᠢ ᠳᠠᠷᠤᠢ ᠤᠯᠤᠰ ᠤᠨ ᠵᠠᠰᠠᠭ ᠤᠨ ᠳᠠᠯ᠎ᠠ ᠶᠢᠨ ᠦᠭᠡ ᠬᠡᠯᠡ ᠪᠤᠯᠤᠨ ᠤᠯᠠᠨ ᠤᠯᠤᠰ ᠤᠨ ᠦᠭᠡ | ᠬᠡᠯᠡ ᠶᠢ ᠠᠯᠢ ᠶᠢ ᠨᠢ ᠴᠦ ᠰᠤᠷᠤᠯᠴᠠᠬᠤ ᠦᠭᠡᠢ ᠭᠡᠬᠦ ᠦᠵᠡᠯᠳᠡ᠃ ᠭᠡᠳᠡᠯ᠎ᠡ ᠰᠤᠳᠤᠯᠭᠠᠨ ᠢᠶᠠᠷ | ᠢᠯᠡᠷᠡᠭᠦᠯᠦᠭᠰᠡᠨ ᠢᠶᠠᠷ᠂ ᠡᠨᠡ ᠪᠤᠯ ᠬᠤᠶᠠᠷ ᠤᠨ ᠳᠤᠮᠳᠠ ᠠᠴᠠ ᠨᠢᠭᠡ ᠶᠢ ᠰᠤᠩᠭᠤᠬᠤ ᠶᠠᠪᠤᠳᠠᠯ ᠪᠢᠰᠢ᠂ ᠬᠠᠷᠢᠯᠴᠠᠨ | ᠬᠠᠷᠰᠢᠯᠳᠤᠬᠤ ᠶᠠᠪᠤᠳᠠᠯ ᠤᠭᠳᠤ ᠪᠢᠰᠢ᠃ ᠡᠬᠡ ᠬᠡᠯᠡᠨ ᠤ ᠵᠢᠭᠠᠨ ᠰᠤᠷᠭᠠᠯᠳᠠ ᠶᠢ ᠴᠢᠩᠭᠠᠳᠬᠠᠬᠤ ᠨᠢ ᠳᠤᠰ | ᠤᠯᠤᠰ ᠤᠨ ᠵᠠᠰᠠᠭ ᠤᠨ ᠳᠠᠯ᠎ᠠ ᠶᠢᠨ ᠦᠬᠡ ᠬᠡᠯᠡ ᠪᠤᠯᠤᠨ ᠤᠯᠠᠨ ᠤᠯᠤᠰ ᠤᠨ ᠨᠡᠶᠢᠳᠡᠮ ᠬᠡᠷᠡᠭᠯᠡᠭᠳᠡᠬᠦ ᠦᠬᠡ | ᠬᠡᠯᠡ ᠶᠢ ᠤᠮᠳᠤᠭᠠᠶᠢᠯᠠᠨᠠ ᠭᠡᠰᠡᠨ ᠤᠳᠬ᠎ᠠ ᠪᠢᠰᠢ᠃ ᠰᠠᠶᠢᠳᠤᠷ ᠲᠦᠯᠦᠪᠯᠡᠭᠰᠡᠨ ︽ᠡᠬᠡ ᠬᠡᠯᠡ ᠪᠠᠷ ᠰᠠᠭᠤᠷᠢ | ᠪᠤᠯᠭᠠᠭᠰᠠᠨ ᠤᠯᠠᠨ ᠲᠦᠷᠦᠯ ᠤᠨ ᠬᠡᠯᠡᠨ ᠤ ᠰᠤᠷᠭᠠᠨ ᠬᠦᠮᠦᠵᠢᠯ︾ ᠤᠨ ᠲᠦᠯᠦᠪᠯᠡᠭᠡ ᠳᠤᠮᠳᠠ᠂ ᠰᠤᠷᠤᠭᠴᠢ | ᠠᠭᠤᠳᠠᠮᠴᠢ ᠴᠢᠨᠠᠷ ᠪᠦᠬᠦᠢ ᠦᠨᠳᠦᠷ ᠴᠢᠨᠠᠷ ᠴᠢᠨᠰᠠᠭ᠎ᠠ ᠲᠠᠢ ᠰᠤᠷᠤᠯᠴᠠᠬᠤ ᠤᠷᠴᠢᠨ ᠳᠤ ᠳᠤᠰ ᠤᠯᠤᠰ ᠤᠨ | ᠵᠠᠰᠠᠭ ᠤᠨ ᠳᠠᠯ᠎ᠠ ᠶᠢᠨ ᠦᠬᠡ ᠬᠡᠯᠡ ᠪᠤᠯᠤᠨ ᠤᠯᠠᠨ ᠤᠯᠤᠰ ᠤᠨ ᠦᠭᠡ ᠬᠡᠯᠡ ᠶᠢ ᠰᠤᠷᠴᠤ ᠪᠤᠯᠤᠨ᠎ᠠ᠃ ᠡᠬᠡ | ᠬᠡᠯᠡ ᠪᠠᠷ ᠢᠶᠠᠨ ᠦᠭᠡᠷ᠎ᠡ ᠪᠤᠰᠤᠳ ᠦᠬᠡ ᠬᠡᠯᠡᠨ ᠤ ᠮᠡᠷᠭᠡᠵᠢᠯ ᠢ ᠰᠤᠷᠤᠯᠴᠠᠬᠤ ᠪᠤᠯᠤᠨ ᠬᠦᠭᠵᠢᠭᠦᠯᠬᠦ ᠪᠤᠯ | ᠬᠠᠷᠢᠯᠴᠠᠨ ᠳᠤᠳᠠᠵᠤ ᠪᠤᠯᠤᠰᠢ ᠦᠭᠡᠢ ᠬᠤᠶᠠᠷ ᠵᠡᠷᠭᠡᠴᠡᠭᠡ ᠤᠷᠤᠰᠢᠬᠤ ᠳᠤᠯᠭᠠᠭᠤᠷᠢ ᠪᠤᠯᠤᠨ᠎ᠠ᠃ ᠵᠢᠭᠠᠨ | ᠰᠤᠷᠭᠠᠯᠳᠠ ᠶᠢᠨ ᠲᠦᠯᠦᠪᠯᠡᠭᠡ ᠳᠡᠭᠡᠷ᠎ᠡ᠂ ᠬᠡᠯᠡᠨ ᠤ ᠤᠬᠠᠭᠠᠨ ᠤ ᠡᠭᠦᠳᠡᠨ ᠠᠴᠠ ᠬᠤᠶᠠᠭᠤᠯᠠ ᠶᠢᠨ | ᠬᠤᠷᠤᠭᠤᠷᠤᠨᠳᠤᠬᠢ ᠬᠠᠷᠢᠴᠠᠭ᠎ᠠ ᠪᠤᠯᠤᠨ ᠴᠢᠬᠤᠯᠠ ᠴᠢᠨᠠᠷ ᠢ ᠬᠦᠯᠢᠶᠡᠨ ᠵᠦᠪᠰᠢᠶᠡᠷᠡᠬᠦ ᠮᠦᠷᠳᠡᠭᠡᠨ᠂ ᠪᠠᠰᠠ | ᠰᠤᠷᠤᠯᠴᠠᠬᠤ ᠴᠢᠳᠠᠪᠤᠷᠢ ᠶᠢᠨ ᠡᠭᠦᠳᠡᠨ ᠠᠴᠠ ᠳᠡᠳᠡᠨ ᠢ ᠬᠦᠯᠢᠶᠡᠨ ᠵᠦᠪᠰᠢᠶᠡᠷᠡᠬᠦ ᠬᠡᠷᠡᠭᠳᠡᠢ᠃ ᠢᠡᠭᠭᠢᠪᠡᠯ ᠰᠠᠶ᠋ᠢ | ᠬᠡᠦᠭᠡᠳ ᠤᠨ ᠬᠠᠮᠤᠭ ᠤᠨ ᠰᠠᠶᠢᠨ ᠰᠤᠷᠤᠯᠭ᠎ᠠ ᠶᠢᠨ ᠦᠷ᠎ᠡ ᠪᠦᠳᠦᠮᠵᠢ ᠤᠯᠬᠤ ᠶᠢ ᠳᠡᠮᠵᠢᠵᠤ ᠴᠢᠳᠠᠨ᠎ᠠ᠃ | ᠤᠯᠠᠨ ᠠᠷᠪᠢᠨ ᠬᠡᠷᠡᠭ ᠤᠨ ᠵᠢᠱᠢᠶ᠎ᠡ ᠠᠴᠠ ᠪᠢᠳᠡ ᠰᠤᠷᠭᠠᠨ ᠬᠦᠮᠦᠵᠢᠯ ᠤᠨ ᠳᠤᠮᠳᠠ ᠡᠬᠡ ᠬᠡᠯᠡ ᠶᠢ | ᠤᠮᠳᠤᠭᠠᠶᠢᠯᠠᠪᠠᠯ ᠬᠤᠪᠢ ᠬᠦᠮᠦᠨ᠂ ᠨᠡᠶᠢᠭᠡᠮ ᠪᠤᠯᠤᠨ ᠰᠤᠶᠤᠯ ᠤᠨ ᠭᠠᠵᠢᠭᠤᠳᠠᠯ ᠢ ᠪᠤᠢ ᠪᠤᠯᠭᠠᠬᠤ ᠵᠢᠴᠢ ᠰᠤᠷᠭᠠᠨ | ᠬᠦᠮᠦᠵᠢᠯ ᠢ ᠪᠤᠰᠠᠨᠢᠭᠤᠯᠬᠤ ᠳᠤ ᠬᠦᠷᠭᠡᠨ᠎ᠡ ᠭᠡᠳᠡᠭ ᠢ ᠤᠯᠵᠤ ᠮᠡᠳᠡᠪᠡ᠃ ᠬᠡᠷᠪᠡ ᠨᠦᠭᠦᠭᠡ ᠨᠢᠭᠡ ᠳᠤᠯᠭᠠᠭᠤᠷᠢ | ᠪᠤᠯᠬᠤ ᠤᠯᠠᠨ ᠬᠡᠯᠡᠨ ᠤ ᠰᠤᠷᠭᠠᠨ ᠬᠦᠮᠦᠵᠢᠯ ᠢ ᠤᠮᠳᠤᠭᠠᠶᠢᠯᠠᠪᠠᠯ ᠡᠬᠡ ᠬᠡᠯᠡ ᠭᠠᠭᠴᠠᠭᠠᠷᠳᠠᠬᠤ᠂ ᠬᠤᠴᠤᠷᠬᠤ | ᠪᠤᠯᠤᠨ ᠦᠷᠢᠰᠦᠯᠳᠦᠬᠦ ᠬᠦᠴᠦᠨ ᠮᠡᠭᠦᠰᠳᠡᠬᠦ ᠪᠤᠯᠵᠤ᠂ ᠪᠢᠳᠡ ᠤᠳᠤ ᠦᠶ᠎ᠡ ᠶᠢᠨ ᠠᠮᠢᠳᠤᠷᠠᠯ ᠳᠤ ᠪᠠᠨ ᠠᠭᠤᠰᠴᠤ | ᠴᠢᠳᠠᠬᠤ ᠦᠭᠡᠢ ᠪᠦᠭᠡᠳ ᠡᠭᠦᠨ ᠤ ᠰᠠᠶᠢᠨ ᠢ ᠡᠳ᠋ᠯᠡᠵᠤ ᠴᠢᠳᠠᠬᠤ ᠦᠭᠡᠢ ᠪᠤᠯᠤᠨ᠎ᠠ᠃ ᠬᠡᠷᠪᠡ ᠮᠠᠨ ᠤ ᠰᠤᠷᠭᠠᠨ | ᠬᠦᠮᠦᠵᠢᠯ ᠪᠤᠢ ᠪᠦᠬᠦᠢ ᠵᠢᠭᠠᠨ ᠰᠤᠷᠭᠠᠯᠳᠠ ᠶᠢᠨ ᠬᠠᠷᠠᠯᠳᠠ ᠪᠠᠨ ᠪᠡᠶᠡᠯᠡᠭᠦᠯᠬᠦ ᠶᠢᠨ ᠬᠠᠮᠳᠤ᠂ ᠠᠯᠢᠪᠠ ᠦᠭᠡ | ᠬᠡᠯᠡ ᠶᠢ ᠬᠦᠭᠵᠢᠭᠦᠯᠵᠤ᠂ ᠳᠡᠯᠡᠭᠡᠢ ᠳᠡᠭᠡᠷᠡᠬᠢ ᠤᠯᠠᠨ ᠲᠦᠷᠦᠯ ᠤᠨ ᠬᠡᠯᠡᠨ ᠤ ᠳᠠᠳᠬᠠᠯ ᠢ ᠬᠦᠮᠦᠵᠢᠭᠦᠯᠪᠡᠯ᠂ ᠬᠠᠷᠢᠨ | ᠮᠠᠰᠢ ᠰᠠᠶᠢᠨ ᠰᠤᠷᠭᠠᠨ ᠬᠦᠮᠦᠵᠢᠯ ᠪᠤᠯᠤᠨ ᠰᠤᠷᠤᠯᠴᠠᠯᠭ᠎ᠠ ᠶᠢᠨ ᠠᠶᠠᠨ ᠵᠠᠮ ᠪᠢᠰᠢ ᠤᠤ︖ | | |