ᠮᠤᠩᠭᠤᠯᠴᠤᠤᠨ ᠡᠷᠳᠡ ᠲᠡᠬᠡᠳᠤᠰ ᠠᠴᠠ ᠪᠠᠨ ᠲᠡᠭᠷᠢ ᠶᠢ ᠰᠢᠳᠤᠵᠤ ᠪᠠᠶᠢᠭᠠᠯᠢ ᠲᠡᠯᠡᠬᠡᠢ ᠲᠠᠢ ᠪᠠᠨ ᠡᠬᠡᠨᠡᠭᠰᠢᠨ | ᠤᠷᠤᠰᠢᠭᠰᠠᠭᠠᠷ ᠥᠨᠤᠳᠤᠷ ᠪᠤᠯᠤᠭᠰᠠᠨ ᠶᠤᠮ᠃ ᠲᠡᠳᠡ ᠤᠷᠳᠤ ᠤᠳᠠᠭᠠᠨ ᠠᠮᠢᠳᠤᠷᠠᠯ ᠤᠨ ᠵᠠᠮ ᠳᠤ ᠪᠠᠨ ᠥᠷ᠎ᠠ | ᠬᠤᠶᠢᠴᠢᠰ ᠢᠶᠠᠨ ᠰᠤᠷᠭᠠᠨ ᠬᠥᠮᠤᠵᠢᠬᠦᠯᠬᠦ ᠠᠯᠢ ᠤᠯᠠᠨ ᠤᠷ᠎ᠠ ᠤᠬᠠᠭᠠᠨ ᠢ ᠪᠥᠷᠢᠳᠤᠬᠦᠯᠤᠨ ᠥᠪᠯᠡᠵᠤ | ᠥᠯᠡᠳᠡᠬᠡᠭᠰᠡᠨ ᠪᠢᠯᠠ᠃ ︽ᠠᠯᠤᠩᠭᠤᠸ᠎ᠠ ᠡᠬᠡ ᠲᠠᠪᠤᠨ ᠮᠥᠰᠤ ᠪᠠᠷ ᠬᠡᠤᠬᠡᠤᠨ ᠢᠶᠠᠨ ᠰᠤᠷᠭᠠᠭᠰᠠᠨ ᠥᠯᠢᠬᠡᠷ︾᠂ ︽ | ᠲᠥᠷᠪᠡᠨ ᠬᠠᠭᠠᠨ ᠬᠥᠪᠡᠬᠦᠨ ᠢ ᠬᠥᠮᠤᠵᠢᠬᠦᠯᠦᠭᠰᠡᠨ ᠰᠤᠷᠬᠠᠭᠳᠠᠨᠢ ᠬᠠᠳᠤᠨ︾ ᠵᠡᠷᠬᠡ ᠥᠯᠢᠬᠡᠷ ᠵᠢᠱᠢᠶ᠎ᠠ ᠠᠴᠠ | ᠭᠠᠳᠠᠨ᠎ᠠ ᠠᠮᠢᠳᠤᠷᠠᠯ ᠠᠬᠤᠢ ᠳᠤ ᠪᠠᠨ ᠠᠮᠠᠨ ᠥᠯᠢᠬᠡᠷ᠂ ᠵᠦᠢᠷ ᠰᠡᠴᠡᠨ ᠥᠬᠡ᠂ ᠴᠡᠬᠡᠷ ᠶᠤᠰᠤᠨ ᠢᠶᠠᠷ ᠢᠶᠠᠨ ᠥᠷ᠎ᠠ | ᠬᠡᠤᠬᠡᠤᠨ ᠢᠶᠠᠨ ᠰᠤᠷᠭᠠᠨ ᠬᠥᠮᠤᠵᠢᠬᠦᠯᠵᠤ ᠪᠠᠶᠢᠳᠠᠭ᠃ | ᠬᠡᠤᠬᠡᠤᠨ ᠢ ᠪᠠᠭ᠎ᠠ ᠠᠴᠠ ᠨᠢ ᠡᠬᠡ ᠬᠡᠯᠡ ᠪᠠᠨ ᠬᠠᠶᠢᠷᠠᠯᠠᠵᠤ᠂ ᠥᠨᠳᠤᠰᠤᠳᠡᠨ ᠤ ᠪᠠᠨ ᠵᠠᠩ ᠲᠠᠳᠬᠠᠯ ᠢᠶᠠᠨ | ᠬᠥᠨᠳᠤᠳᠬᠡᠬᠦ ᠪᠤᠯᠭᠠᠬᠤ | ᠲᠥᠷᠤᠯᠬᠢ ᠬᠡᠯᠡ ᠪᠠᠨ ᠡᠵᠡᠮᠰᠢᠴᠢᠬᠡᠪᠡᠯ᠂ ᠱᠤᠷᠤᠩ ᠤᠨ ᠡᠬᠦᠳᠡᠨ ᠤ ᠲᠥᠯᠬᠢᠬᠦᠷ ᠢ ᠠᠳᠬᠤᠭᠰᠠᠨ ᠲᠠᠢ | ᠠᠳᠠᠯᠢ ᠬᠡᠭᠴᠢ ᠪᠠᠷ ᠡᠴᠢᠬᠡ ᠡᠬᠡ ᠪᠤᠯᠤᠭᠰᠠᠤᠨ ᠬᠡᠤᠬᠡᠤᠨ ᠢᠶᠠᠨ ᠬᠡᠯᠡ ᠳᠤ ᠤᠷᠤᠬᠤ ᠠᠴᠠ ᠨᠢ ᠡᠬᠢᠯᠡᠵᠤ ᠴᠡᠪᠡᠷ | ᠰᠠᠶᠢᠬᠠᠨ ᠮᠤᠩᠭᠤᠯ ᠬᠡᠯᠡ ᠪᠠᠷ ᠶᠠᠷᠢᠭᠤᠯᠬᠤ ᠶᠢ ᠠᠩᠬᠠᠷᠪᠠᠯ ᠵᠤᠬᠢᠨ᠎ᠠ᠃ ᠵᠢᠱᠢᠶᠡᠯᠡᠪᠡᠯ᠄ ᠠᠪᠤ ᠡᠵᠢ ᠠᠬ᠎ᠠ ᠲᠡᠬᠦᠤ | ᠬᠡᠬᠦ ᠮᠡᠳᠤ ᠪᠠᠷ ᠶᠠᠷᠢᠭᠤᠯᠤᠨ ᠥᠪᠡᠷᠰᠡᠤᠨ ᠢᠶᠠᠨ ᠴᠤ ᠮᠤᠩᠭᠤᠯ ᠢᠶᠠᠷ ᠶᠠᠷᠢᠬᠤ ᠶᠢ ᠠᠩᠬᠠᠷᠴᠤ ᠬᠡᠤᠬᠡᠤᠨ ᠲᠤ ᠪᠠᠨ ᠬᠡᠪ | ᠲᠥᠷᠢᠮ ᠪᠤᠯᠵᠤ ᠪᠠᠶᠢᠪᠠᠯ ᠬᠡᠤᠬᠡᠤᠨ ᠠᠶᠠᠨᠳᠠᠭᠠᠨ ᠥᠪᠡᠷ ᠤᠨ ᠡᠬᠡ ᠬᠡᠯ᠎ᠠ ᠪᠠᠨ ᠰᠤᠷᠴᠢᠬᠠᠬᠤ ᠶᠤᠮ᠃ | ᠬᠡᠤᠬᠡᠤᠨ ᠬᠡᠯᠡ ᠳᠤ ᠤᠷᠤᠭᠰᠠᠨ ᠤ ᠲᠠᠷᠠᠭ᠎ᠠ ᠥᠬᠡ ᠶᠢ ᠪᠥᠳᠤᠨ ᠶᠠᠷᠢᠭᠤᠯᠬᠤ ᠶᠢ ᠠᠩᠬᠠᠷᠬᠤ ᠬᠡᠷᠡᠭᠳᠡᠢ᠃ | ᠬᠡᠤᠬᠡᠤᠨ ᠥᠬᠡ ᠶᠢᠨ ᠲᠤᠯᠤᠭᠠᠢ ᠶᠢ ᠭᠠᠷᠭᠠᠭᠰᠠᠭᠠᠷ ᠯᠠ ᠪᠢᠳᠡ ᠲᠡᠳᠡᠨ ᠢ ᠤᠷᠤᠯᠠᠭᠠᠤᠨ ᠶᠠᠷᠢᠵᠤ ᠪᠤᠯᠬᠤ ᠥᠬᠡᠢ᠃ | ᠬᠡᠤᠬᠡᠤᠨ ᠪᠥᠳᠤᠨ ᠥᠬᠡ ᠶᠠᠷᠢᠵᠤ ᠴᠢᠳᠠᠬᠤ ᠥᠬᠡᠢ ᠴᠤ ᠪᠢᠳᠡ ᠲᠡᠳᠡᠨ ᠲᠠᠢ ᠬᠠᠭᠠᠰ ᠲᠤᠳᠠᠭᠤ ᠪᠠᠷ ᠶᠠᠷᠢᠯᠴᠠᠵᠤ | ᠪᠤᠯᠬᠤ ᠥᠬᠡᠢ᠃ ᠥᠪᠡᠰᠤᠪᠠᠨ ᠨᠡᠯᠢᠶᠡᠤᠨ ᠪᠤᠯᠪᠠᠰᠤᠷᠠᠩᠭᠤᠢ ᠶᠠᠷᠢᠵᠤ ᠪᠠᠶᠢᠬᠤ ᠥᠶᠡᠰ ᠲᠤ ᠵᠢᠱᠢᠶᠡᠯᠡᠪᠡᠯ᠄ ᠢᠳᠡᠭᠦ | ᠬᠡᠬᠦ ᠥᠬᠡ ᠶᠢ ᠶᠠᠷᠢᠪᠠᠯ ︽ᠬᠤᠭᠤᠯᠠ ᠢᠳᠡᠬᠦ᠂ ᠪᠤᠤᠪᠤ ᠢᠳᠡᠭᠦ᠂ ᠵᠢᠮᠢᠰ ᠢᠳᠡᠭᠦ︾ ᠮᠡᠳᠤ ᠪᠠᠷ ᠵᠢᠭᠠᠵᠤ ᠥᠭᠭᠦ ᠪᠠ | ᠵᠠᠯᠭᠠᠭᠠᠤᠨ ︽ᠪᠢ ᠶᠠᠮᠠᠷ ᠪᠤᠳᠠᠭ᠎ᠠ ᠢᠳᠡᠭᠦ ᠲᠤᠷᠠᠳᠠᠢ︾ ᠬᠡᠬᠦ ᠮᠡᠳᠤ ᠪᠠᠷ ᠬᠥᠨᠵᠡᠬᠡᠶᠢᠷᠡᠬᠦᠯᠤᠨ ᠶᠠᠷᠢᠪᠠᠯ ᠬᠤᠶᠢᠰᠢᠳᠠ | ᠰᠤᠷᠭᠠᠭᠤᠯᠢ ᠰᠤᠶᠤᠯ ᠤᠨ ᠮᠥᠷ ᠢ ᠬᠥᠬᠡᠬᠡᠭᠰᠡᠨ ᠤ ᠰᠡᠬᠦᠯᠡᠷ ᠮᠤᠩᠭᠤᠯ ᠬᠡᠯᠡᠨ ᠤ ᠬᠢᠨᠢ ᠥᠬᠡᠰ ᠤᠨ ᠰᠠᠩ ᠳᠤ ᠨᠢ | ᠨᠡᠮᠡᠷᠢ ᠪᠤᠯᠬᠤ ᠶᠤᠮ᠃ | ᠥᠬᠡ ᠶᠠᠷᠢᠬᠤ ᠳᠤ ᠪᠠᠨ ᠨᠠᠮᠵᠢᠭᠤᠨ ᠲᠤᠭᠳᠠᠭᠤᠨ ᠶᠠᠷᠢᠬᠤ ᠶᠢ ᠰᠤᠷᠭᠠᠵᠤ᠂ ᠲᠡᠬᠡᠷ᠎ᠠ ᠲᠠᠭᠤᠨ ᠢᠶᠠᠷ ᠶᠠᠷᠢᠬᠤ | ᠥᠬᠡᠢ᠂ ᠬᠥᠮᠤᠨ ᠤ ᠵᠤᠭᠤᠭ ᠢ ᠲᠠᠰᠤᠯᠳᠠᠭᠤᠯᠬᠤ ᠥᠬᠡᠢ ᠪᠠᠶᠢᠬᠤ᠂ ᠥᠬᠡ ᠪᠠᠨ ᠲᠤᠳᠤ ᠮᠥᠷᠳᠡᠬᠡᠨ | ᠤᠶᠢᠯᠠᠭᠠᠮᠵᠢᠳᠠᠢ ᠶᠠᠷᠢᠬᠤ ᠶᠢ ᠰᠤᠷᠭᠠᠪᠠᠯ ᠵᠤᠬᠢᠨ᠎ᠠ᠃ ᠤᠳᠤ ᠮᠠᠨ ᠤ ᠬᠡᠤᠬᠡᠤᠨ ᠤᠨ ᠲᠤᠮᠳᠠ ᠤᠷᠤᠰᠢᠵᠤ ᠪᠠᠶᠢᠭ᠎ᠠ | ᠲᠤᠳᠠᠭᠳᠠᠯ ᠪᠤᠯ ᠥᠬᠡ ᠪᠠᠨ ᠬᠠᠭᠠᠰ ᠶᠠᠷᠢᠬᠤ᠂ ᠪᠤᠳᠤᠵᠤ ᠪᠠᠶᠢᠭ᠎ᠠ ᠵᠦᠢᠯ ᠢᠶᠠᠨ ᠬᠥᠢᠴᠡᠤᠨ ᠢᠯᠡᠳᠬᠡᠨ ᠶᠠᠷᠢᠵᠤ | ᠲᠡᠶᠢᠯᠬᠦ ᠥᠬᠡᠢ ᠪᠠᠶᠢᠵᠤ ᠥᠬᠡᠰ ᠤᠨ ᠰᠠᠩ ᠨᠢ ᠶᠠᠳᠠᠭᠤ ᠮᠥᠷᠳᠡᠬᠡᠨ ᠬᠢᠳᠡᠤᠨ ᠢᠶᠠᠷ ᠶᠠᠷᠢᠵᠤ ᠰᠡᠳᠬᠢᠵᠤ ᠪᠠᠭᠰᠢ ᠶᠢᠨ | ᠠᠰᠠᠭᠤᠯᠳᠠ᠂ ᠲᠠᠰᠬᠠᠯ ᠢ ᠠᠷᠭᠠᠴᠠᠵᠤ ᠪᠠᠶᠢᠨ᠎ᠠ᠃ | ᠥᠨᠳᠤᠰᠤᠳᠡᠨ ᠤ ᠵᠠᠩ ᠲᠠᠳᠬᠠᠯ ᠢ ᠠᠮᠢᠳᠤᠷᠠᠯ ᠤᠨ ᠲᠤᠮᠳᠠ ᠪᠠᠨ ᠰᠢᠮᠡᠳᠬᠡᠬᠦ ᠶᠢ ᠴᠠᠭ ᠢᠮᠠᠭᠳᠠ | ᠠᠩᠬᠠᠷᠤᠨ᠎ᠠ᠃ ᠵᠢᠱᠢᠶᠡᠯᠡᠪᠡᠯ᠄ ᠴᠠᠭᠠᠨ ᠢᠳᠡᠭᠡ ᠶᠢ ᠠᠰᠬᠠᠵᠤ ᠴᠢᠳᠬᠤᠬᠤ ᠶᠢ ᠴᠡᠬᠡᠷᠯᠡᠬᠦ᠂ ᠬᠤᠭᠤᠯᠠᠨ ᠤ | ᠲᠡᠬᠡᠵᠢ ᠶᠢ ᠨᠠᠰᠤᠳᠠᠨ ᠳᠤ ᠪᠠᠷᠢᠬᠤ᠂ ᠨᠤᠭᠤᠭ᠎ᠠ ᠪᠤᠳᠠᠭ᠎ᠠ ᠶᠢ ᠢᠳᠡᠭᠦ ᠳᠤ ᠪᠠᠨ ᠴᠡᠪᠡᠷᠬᠡᠨ ᠢᠳᠡᠵᠤ ᠠᠰᠬᠠᠵᠤ | ᠴᠢᠳᠬᠤᠬᠤ ᠥᠬᠡᠢ᠂ ᠠᠬᠠᠮᠠᠤᠨ ᠬᠥᠮᠤᠰ ᠲᠤ ᠪᠠᠨ ᠨᠠᠶᠢᠷ ᠲᠠᠯᠪᠢᠬᠤ᠂ ᠵᠥᠪᠬᠡᠨ ᠥᠪᠡᠷ ᠤᠨ ᠲᠤᠷᠠᠳᠠᠢ ᠪᠠᠨ | ᠢᠳᠡᠴᠢᠬᠡᠬᠡᠤᠨ ᠪᠤᠰᠤᠤᠨ ᠤᠨ ᠬᠤᠪᠢ ᠶᠢ ᠥᠯᠡᠳᠡᠬᠡᠬᠦ ᠥᠬᠡᠢ ᠵᠡᠷᠬᠡ ᠨᠢ ᠮᠤᠷᠠᠯ ᠳᠤ ᠨᠡᠶᠢᠴᠡᠭᠦ ᠥᠬᠡᠢ ᠪᠤᠯᠤᠨ᠎ᠠ | ᠬᠡᠳᠡᠭ ᠢ ᠲᠠᠨᠢᠭᠤᠯᠤᠨ᠎ᠠ᠃ | ᠡᠮᠤᠰᠴᠤ ᠵᠡᠬᠦᠬᠦ ᠳᠤ ᠪᠠᠨ ᠴᠡᠪᠡᠷ ᠴᠡᠮᠴᠡᠬᠡᠷ ᠪᠠᠶᠢᠬᠤ ᠶᠢ ᠠᠩᠬᠠᠷᠴᠤ᠂ ᠪᠤᠷᠤᠭᠵᠢᠭᠤᠨ ᠲᠤᠬᠢᠯᠢᠭ ᠬᠤᠪᠴᠠᠰᠤ | ᠵᠠᠰᠠᠯ ᠡᠮᠤᠰᠬᠡᠨᠠ᠃ ᠬᠡᠳᠤᠷᠬᠡᠢ ᠬᠢᠯᠠᠰᠤᠮ᠎ᠠ ᠥᠡᠭᠭᠡ ᠶᠢ ᠴᠡᠬᠡᠷᠯᠡᠭᠦ ᠪᠤᠶᠤ ᠬᠡᠳᠤᠷᠬᠡᠢ ᠠᠶᠤᠮᠰᠢᠭᠳᠤ ᠵᠢᠷᠤᠭ | ᠲᠥᠷᠰᠤ ᠲᠠᠢ ᠬᠤᠪᠴᠠᠰᠤ ᠵᠠᠰᠠᠯ ᠡᠳ᠋ᠯᠡᠬᠦ ᠶᠢ ᠴᠡᠬᠡᠷᠯᠡᠨ᠎ᠡ᠃ ᠬᠥᠬᠡ᠂ ᠨᠤᠭᠤᠭᠠᠨ᠂ ᠴᠠᠭᠠᠨ ᠵᠡᠷᠬᠡ ᠪᠤᠷᠤᠭᠵᠢᠭᠤᠨ | ᠥᠡᠭᠭᠡ ᠶᠢ ᠢᠯᠡᠬᠦᠤ ᠡᠳ᠋ᠯᠡᠵᠤ᠂ ᠡᠩᠭᠡᠷ ᠡᠪᠴᠢᠬᠦᠤ ᠪᠠᠨ ᠰᠤᠯᠠ ᠲᠠᠯᠪᠢᠬᠤ᠂ ᠡᠬᠡᠵᠡᠭ ᠵᠠᠭᠠᠮ᠎ᠠ ᠪᠠᠨ ᠪᠤᠰᠬᠠᠬᠤ ᠶᠢ | ᠴᠡᠬᠡᠷᠯᠡᠬᠦᠯᠬᠦ ᠬᠡᠷᠡᠭᠳᠡᠢ᠃ ᠲᠡᠶᠢᠮᠤ ᠪᠤᠯᠬᠤᠷ ︽ᠲᠤᠪᠴᠢᠯᠠ ᠬᠡᠮᠡᠨ ᠲᠤᠪᠴᠢ ᠰᠢᠯᠪᠢ ᠬᠠᠳᠠᠵᠤ᠂ ᠲᠥᠪ ᠭᠤᠤᠯᠴᠢ | ᠶᠠᠪᠤ ᠬᠡᠮᠡᠨ ᠰᠤᠷᠭᠠᠯ ᠬᠥᠷᠳᠡᠬᠡᠳᠡᠭ︾ ᠬᠡᠮᠡᠨ ᠠᠷᠠᠤᠨ ᠤᠨ ᠮᠠᠨᠢ ᠰᠡᠴᠡᠨ ᠥᠬᠡᠨ ᠳᠤ ᠪᠠᠶᠢᠳᠠᠭ ᠪᠢᠯᠠ᠃ | ᠬᠡᠳᠤᠷᠬᠡᠢ ᠰᠥᠷᠳᠡᠬᠦᠯᠤᠯ ᠤᠨ ᠴᠢᠨᠠᠷᠳᠠᠢ ᠨᠠᠭᠠᠳᠤᠮ ᠢᠶᠠᠷ ᠨᠠᠭᠠᠳᠤᠭᠤᠯᠬᠤ ᠶᠢ ᠴᠡᠬᠡᠷᠯᠡᠵᠤ᠂ ᠤᠶᠤᠨ | ᠤᠬᠠᠭᠠᠨ ᠤᠢ ᠪᠢᠯᠢᠭ ᠲᠤ ᠨᠢ ᠲᠤᠰᠠᠳᠠᠢ ᠨᠠᠭᠠᠳᠤᠮ ᠲᠤᠭᠯᠠᠭᠠᠮ ᠤᠨ ᠵᠦᠢᠯ ᠢ ᠢᠯᠡᠬᠦᠬᠡᠨ ᠨᠠᠭᠠᠳᠤᠭᠤᠯᠤᠨ᠎ᠠ᠃ | ᠮᠤᠩᠭᠤᠯᠴᠤᠤᠨ ᠡᠷᠳᠡ ᠲᠡᠬᠡᠳᠤ ᠠᠴᠠ ᠪᠠᠨ ᠥᠪᠯᠡᠵᠤ ᠢᠷᠡᠭᠰᠡᠨ ᠤᠯᠠᠮᠵᠢᠯᠠᠯᠳᠤ ᠰᠠᠶᠢᠬᠠᠨ ᠨᠠᠭᠠᠳᠤᠮ ᠤᠨ | ᠲᠥᠷᠤᠯ ᠤᠳ ᠤᠯᠠᠨ ᠪᠠᠶᠢᠵᠤ᠂ ᠰᠢᠳᠠᠷ᠎ᠠ᠂ ᠪᠤᠭᠤᠨ ᠵᠢᠷᠬᠢᠶ᠎ᠠ ᠬᠡᠤᠨ ᠬᠡᠤᠬᠡᠤᠨ ᠤᠨ ᠨᠢᠯᠬ᠎ᠠ ᠪᠠᠭ᠎ᠠ ᠤᠶᠤᠨ ᠳᠤ ᠨᠢ | ᠤᠬᠠᠭᠠᠨ ᠨᠠᠮᠠᠷᠢᠯᠠᠵᠤ᠂ ᠬᠠᠷᠠᠴᠠ ᠶᠢ ᠨᠢ ᠲᠠᠯᠠᠨ ᠰᠡᠳᠬᠢᠯ ᠢ ᠨᠢ ᠥᠷᠬᠡᠵᠢᠬᠦᠯᠵᠤ᠂ ᠮᠤᠩᠭᠤᠯ ᠨᠤᠳᠤᠭ ᠲᠠᠢ ᠪᠠᠨ | ᠠᠳᠠᠯᠢ ᠠᠭᠤᠳᠠᠮ ᠴᠡᠬᠡᠵᠢ ᠲᠠᠢ᠂ ᠠᠯᠤᠰ ᠤᠨ ᠪᠤᠳᠤᠯ ᠲᠠᠢ ᠬᠥᠮᠤᠨ ᠪᠤᠯᠵᠤ ᠬᠦᠮᠦᠵᠢᠭᠳᠡᠬᠦ ᠶᠢᠨ ᠰᠠᠭᠤᠷᠢ ᠶᠢ | ᠲᠠᠯᠪᠢᠳᠠᠭ᠃ | ᠠᠮᠢᠳᠤᠷᠠᠯ ᠤᠨ ᠲᠤᠮᠳᠠ ᠡᠳ᠋ᠯᠡᠵᠤ ᠬᠡᠷᠡᠭᠯᠡᠵᠤ ᠪᠠᠶᠢᠭ᠎ᠠ ᠵᠦᠢᠯᠡᠰ ᠢ ᠮᠡᠳᠡᠬᠦᠯᠵᠤ ᠲᠠᠨᠢᠭᠤᠯᠵᠤ ᠪᠠᠶᠢᠬᠤ | ᠬᠡᠷᠡᠭᠳᠡᠢ᠃ ᠵᠢᠱᠢᠶᠡᠯᠡᠪᠡᠯ᠄ ᠮᠤᠷᠢᠨ ᠤ ᠡᠳ᠋ᠯᠡᠯ ᠬᠡᠷᠡᠭᠰᠡᠯ᠂ ᠡᠮᠡᠬᠡᠯ᠂ ᠬᠠᠵᠠᠭᠠᠷ᠂ ᠥᠷᠤᠬᠡᠯ ᠴᠢᠳᠤᠷ ᠢ ᠲᠠᠨᠢᠭᠤᠯᠵᠤ᠂ | ᠲᠠᠪᠤᠨ ᠬᠤᠰᠢᠭᠤ ᠮᠠᠯ ᠤᠨ ᠲᠤᠬᠠᠢ᠂ ᠲᠥᠯ ᠮᠠᠯ᠂ ᠡᠬᠡ ᠮᠠᠯ ᠵᠡᠷᠬᠡ ᠶᠢᠨ ᠨᠡᠷᠡᠶᠢᠳᠤᠯ ᠢ ᠲᠠᠨᠢᠭᠤᠯᠵᠤ ᠪᠠᠶᠢᠪᠠᠯ | ᠬᠤᠵᠢᠮ ᠰᠤᠷᠭᠠᠭᠤᠯᠢ ᠳᠤ ᠤᠷᠤᠪᠠᠯ ᠠᠮᠢᠳᠤᠷᠠᠯ ᠠᠴᠠ ᠤᠯᠤᠭᠰᠠᠨ ᠲᠡᠳᠡᠬᠡᠷ ᠮᠡᠳᠡᠯᠬᠡ ᠨᠢ ᠰᠤᠷᠤᠯᠭ᠎ᠠ ᠳᠤ ᠨᠢ | ᠶᠡᠬᠡᠬᠡᠨ ᠲᠤᠰᠠᠯᠠᠮᠵᠢ ᠪᠤᠯᠤᠨ᠎ᠠ᠃ | ᠥᠨᠳᠤᠰᠤᠳᠠᠨ ᠤ ᠤᠯᠠᠮᠵᠢᠯᠠᠯᠳᠤ ᠰᠤᠶᠤᠯ ᠤᠨ ᠥᠪ ᠢ ᠵᠠᠯᠭᠠᠮᠵᠢᠯᠠᠵᠤ᠂ ᠤᠯᠠᠮᠵᠢᠯᠠᠬᠤ ᠤᠬᠠᠮᠰᠠᠷ ᠢ | ᠬᠥᠮᠤᠵᠢᠬᠦᠯᠬᠦ | ᠤᠷᠳᠤ ᠶᠢᠨ ᠲᠠᠭᠤᠤ ᠶᠢᠨ ᠰᠢᠷᠤᠩᠬᠠᠢ ᠲᠠᠢ᠂ ᠤᠶᠠᠩᠭᠠᠳᠤ ᠬᠤᠭᠤᠷ ᠤᠨ ᠡᠬᠡᠰᠢᠭ ᠲᠠᠢ᠂ ᠬᠥᠴᠤᠳᠤ | ᠪᠥᠬᠡ ᠶᠢᠨ ᠲᠡᠪᠢᠯᠬᠡ ᠲᠠᠢ᠂ ᠬᠤᠷᠳᠤᠨ ᠮᠤᠷᠢᠤᠨ ᠤᠨ ᠲᠠᠪᠬᠢᠭ᠎ᠠ ᠲᠠᠢ᠂ ᠬᠡᠰᠡᠷ ᠵᠢᠩᠭᠠᠷ ᠤᠨ ᠲᠤᠤᠯᠢ ᠲᠠᠢ᠂ ᠬᠡᠬᠡᠨ | ᠮᠤᠩᠭᠤᠯ ᠤᠨ ᠥᠪ ᠰᠤᠶᠤᠯ ᠬᠡᠵᠤ ᠲᠠᠯᠠᠢ ᠪᠠᠶᠠᠨ ᠪᠠᠶᠢᠳᠠᠭ᠃ ᠡᠶᠢᠮᠤ ᠶᠡᠭᠡ ᠥᠪ ᠰᠤᠶᠤᠯ ᠤᠨ ᠵᠤᠵᠠᠭᠠᠨ | ᠬᠥᠷᠤᠩᠭᠡ ᠲᠠᠢ ᠪᠢᠳᠡ ᠴᠢᠨᠢ ᠲᠠᠭᠤᠤ ᠤᠷᠠᠯᠢᠭ᠂ ᠲᠠᠮᠢᠷ ᠰᠫᠤᠷᠲ ᠢᠶᠠᠷ ᠬᠡᠨ ᠠᠴᠠ ᠬᠤᠴᠤᠷᠬᠤ ᠥᠬᠡᠢ ᠠᠪᠢᠶᠠᠰ | ᠪᠢᠯᠢᠭᠳᠡᠤᠨ ᠪᠤᠯᠬᠤ ᠶᠤᠮ᠃ ᠲᠡᠶᠢᠮᠤ ᠠᠴᠠ ᠬᠡᠤᠬᠡᠤᠨ ᠤᠨ ᠠᠪᠢᠶᠠᠰ ᠪᠢᠯᠢᠭ ᠢ ᠨᠠᠷᠢᠨ ᠠᠩᠬᠠᠷᠴᠤ᠂ ᠤᠯᠠᠮᠵᠢᠯᠠᠯᠳᠤ | ᠥᠪ ᠰᠤᠶᠤᠯ ᠢᠶᠠᠨ ᠬᠡᠷᠬᠢᠨ ᠥᠪᠯᠠᠨ ᠵᠠᠯᠭᠠᠮᠵᠢᠯᠠᠬᠤ ᠶᠢ ᠪᠤᠳᠤᠵᠤ ᠰᠡᠳᠬᠢᠵᠤ ᠪᠠᠶᠢᠪᠠᠯ ᠵᠦᠢᠳᠠᠢ᠃ | ᠲᠥᠬᠦᠮᠬᠡᠨ ᠵᠦᠢᠯ ᠠᠴᠠ ᠭᠠᠷᠬᠤ ᠤᠷᠤᠬᠤ ᠪᠠᠷ ᠪᠤᠳᠤᠪᠠᠯ᠂ ᠪᠢᠳᠡ ᠬᠡᠤᠬᠡᠤᠨ ᠢᠶᠠᠨ ᠬᠠᠷᠠᠬᠠᠨ | ᠪᠠᠭ᠎ᠠ ᠠᠴᠠ ᠨᠢ ᠲᠠᠭᠤᠤ ᠰᠢᠯᠦᠭ ᠤᠨ ᠥᠬᠡ ᠴᠡᠬᠡᠵᠢᠯᠡᠬᠦᠯᠤᠨ᠂ ᠲᠠᠭᠤᠯᠠᠬᠤ᠂ ᠰᠢᠯᠦᠭᠯᠡᠬᠦ᠂ ᠪᠥᠵᠢᠭᠯᠡᠬᠦ ᠵᠡᠷᠬᠡ ᠶᠢ | ᠵᠢᠭᠠᠵᠤ ᠪᠤᠯᠤᠨ᠎ᠠ᠃ ᠤᠷᠠᠯᠢᠭ ᠬᠡᠳᠡᠭ ᠵᠦᠢᠯ ᠬᠥᠮᠤᠨ ᠤ ᠰᠡᠳᠬᠢᠯ ᠤᠬᠠᠭᠠᠨ ᠢ ᠰᠠᠷᠠᠭᠤᠯᠵᠢᠭᠤᠯᠤᠨ ᠤᠢ ᠪᠢᠯᠢᠭ ᠢ | ᠬᠤᠷᠴᠠᠯᠠᠳᠠᠭ᠃ ᠪᠠᠰᠠ ᠪᠥᠬᠡ ᠪᠠᠷᠢᠯᠳᠤᠬᠤ᠂ ᠰᠤᠷ ᠬᠠᠷᠪᠤᠬᠤ ᠵᠡᠷᠬᠡ ᠤᠯᠠᠮᠵᠢᠯᠠᠯᠳᠤ ᠲᠠᠮᠢᠷ ᠤᠨ ᠬᠥᠳᠡᠯᠬᠡᠬᠡᠨ ᠢ | ᠵᠠᠬ᠎ᠠ ᠠᠴᠠ ᠨᠢ ᠰᠤᠷᠭᠠᠵᠤ ᠪᠤᠯᠤᠨ᠎ᠠ᠃ ᠡᠨᠡ ᠨᠢ ᠬᠡᠤᠬᠡᠤᠨ ᠤᠨ ᠰᠢᠨᠳᠠᠰᠤ ᠶᠢ ᠡᠷᠴᠢᠯᠡᠵᠤ᠂ ᠰᠥᠰᠤ ᠵᠤᠷᠢᠭ ᠢ | ᠬᠥᠪᠴᠢᠯᠡᠳᠡᠭ᠃ ᠢᠡᠭᠭᠢᠵᠤ ᠤᠯᠠᠨ ᠲᠠᠯ᠎ᠠ ᠪᠠᠷ ᠬᠡᠤᠬᠡᠤᠨ ᠤᠨ ᠢᠶᠠᠨ ᠤᠷ ᠠ ᠠᠪᠢᠶᠠᠰ ᠢ ᠲᠡᠬᠡᠭᠰᠢᠯᠡᠬᠦᠯᠬᠦ ᠨᠢ ᠪᠡᠶ᠎ᠡ | ᠴᠤᠭᠴᠠᠰ ᠤᠨ ᠬᠥᠭᠵᠢᠯᠳᠠ ᠳᠤ ᠲᠦᠢᠯ ᠤᠨ ᠠᠰᠢᠭᠳᠠᠢ ᠪᠠᠶᠢᠵᠤ᠂ ᠰᠤᠷᠭᠠᠭᠤᠯᠢ ᠰᠤᠶᠤᠯ ᠤᠨ ᠮᠥᠷ ᠬᠥᠬᠡᠬᠡᠬᠦ ᠠᠴᠠ | ᠡᠬᠢᠯᠡᠬᠡᠤᠨ ᠨᠡᠶᠢᠬᠡᠮ ᠠᠮᠢᠳᠤᠷᠠᠯ ᠳᠤ ᠲᠡᠮᠡᠤᠯᠵᠤ ᠲᠡᠮᠡᠴᠡᠵᠤ ᠶᠠᠪᠤᠬᠤ ᠳᠤ ᠭᠠᠷ ᠢᠶᠠᠨ ᠨᠤᠬᠤᠯᠠᠵᠤ ᠭᠠᠴᠢᠭᠳᠠᠬᠤ | ᠪᠠᠶᠢᠳᠠᠯ ᠢ ᠥᠬᠡᠶᠢᠰᠬᠡᠬᠦ ᠮᠥᠷᠳᠡᠬᠡᠨ ᠶᠠᠭᠤᠮᠠᠨ ᠤ ᠤᠬᠠᠭᠠᠨ ᠢ ᠠᠮᠠᠷᠬᠠᠨ ᠤᠯᠬᠤ ᠳᠤ ᠲᠤᠰᠠ ᠪᠤᠯᠳᠠᠭ ᠶᠤᠮ᠃ | ᠴᠡᠪᠡᠷ ᠪᠤᠷᠤᠭᠵᠢᠭᠤᠨ ᠠᠰᠪᠤᠷ ᠴᠠᠭᠠᠪᠤᠷ ᠡᠷᠡᠰ ᠬᠠᠳᠠᠭᠤ ᠵᠠᠩ ᠴᠢᠨᠠᠷ ᠢ ᠬᠥᠮᠤᠵᠢᠬᠦᠯᠬᠦ | ᠮᠤᠩᠭᠤᠯᠴᠤᠤᠨ ᠬᠡᠵᠤ ᠠᠰᠪᠤᠷ ᠴᠠᠭᠠᠪᠤᠷ ᠵᠠᠩ ᠲᠠᠢ᠂ ᠲᠠᠯ᠎ᠠ ᠰᠢᠬ ᠠᠭᠤᠵᠢᠮ ᠰᠡᠳᠬᠢᠯ ᠲᠠᠢ ᠠᠷᠠᠤᠨ | ᠲᠥᠮᠡᠨ ᠶᠤᠮ᠃ ᠥᠷᠤᠰᠢᠶᠠᠯ ᠵᠢᠷᠤᠮ ᠢ ᠬᠢᠴᠢᠶᠡᠨ᠂ ᠲᠤᠷᠤᠢ ᠪᠠᠭᠤᠷᠠᠢ ᠪᠠᠨ ᠲᠡᠳᠬᠦᠳᠡᠭ ᠪᠤᠷᠬᠠᠨ ᠰᠢᠬ ᠠᠷᠠᠤᠨ | ᠲᠥᠮᠡᠨ ᠥᠨᠤᠴᠢᠨ ᠢᠰᠢᠬᠡ ᠶᠢ ᠬᠥᠷᠳᠡᠯ᠎ᠠ ᠮᠠᠯ ᠪᠤᠯᠭᠠᠨ ᠠᠰᠠᠷᠠᠳᠠᠭ᠃ ᠲᠡᠶᠢᠮᠤ ᠪᠤᠯᠬᠤᠷ ︽ᠰᠠᠶᠢᠨ ᠰᠠᠨᠠᠭᠠᠨ ᠤ | ᠥᠵᠤᠬᠦᠷ ᠰᠦ᠂ ᠮᠠᠭᠤ ᠰᠠᠨᠠᠭᠠᠨ ᠤ ᠥᠵᠤᠬᠦᠷ ᠬᠥ᠋︾᠂ ︽ᠬᠥᠮᠤᠨ ᠤ ᠰᠠᠶᠢᠨ ᠴᠠᠭᠠᠪᠤᠷ ᠲᠤ ᠪᠠᠨ ᠮᠤᠳᠤᠨ ᠤ | ᠰᠠᠶᠢᠨ ᠠᠰᠬᠠᠨ ᠳᠤ ᠪᠠᠨ︾ ᠬᠡᠬᠦ ᠮᠡᠳᠤᠴᠢᠯᠠᠨ ᠥᠷ᠎ᠠ ᠬᠡᠤᠬᠡᠤᠨ ᠢᠶᠠᠨ ᠰᠤᠷᠭᠠᠳᠠᠭ᠃ | ᠲᠡᠶᠢᠮᠤ ᠠᠴᠠ ᠪᠢᠳᠠ ᠥᠷ᠎ᠠ ᠬᠡᠤᠬᠡᠤᠨ ᠢᠶᠠᠨ ᠬᠠᠷᠠᠬᠠᠨ ᠪᠠᠭ᠎ᠠ ᠠᠴᠠ ᠨᠢ ᠪᠤᠰᠤᠤᠨ ᠤᠨ ᠠᠴᠢ ᠶᠢ | ᠬᠠᠷᠢᠭᠤᠯᠬᠤ ᠶᠢ ᠮᠡᠳᠡᠭᠦ ᠪᠤᠯᠭᠠᠵᠤ᠂ ᠥᠨᠳᠤᠰᠤᠳᠡᠨ ᠤ ᠪᠠᠨ ᠴᠡᠪᠡᠷ ᠴᠠᠶᠢᠯᠭᠠᠨ ᠵᠠᠩ ᠴᠢᠨᠠᠷ ᠢ ᠰᠤᠷᠭᠠᠵᠤ᠂ | ᠪᠤᠰᠤᠤᠨ ᠢ ᠥᠷᠤ ᠡᠪᠡᠳᠤᠨ᠂ ᠲᠤᠷᠤᠢ ᠪᠠᠭᠤᠷᠠᠢ ᠪᠠᠨ ᠲᠡᠮᠵᠢᠨ ᠲᠤᠰᠠᠯᠠᠵᠤ ᠬᠠᠷᠠᠭᠠᠯᠵᠠᠬᠤ ᠶᠢ ᠰᠤᠷᠭᠠᠬᠤ ᠪᠠᠷ | ᠥᠪᠡᠷ ᠤᠨ ᠪᠡᠶ᠎ᠡ ᠪᠠᠷ ᠢᠶᠠᠨ ᠬᠡᠪ ᠲᠠᠭᠤᠷᠢᠶᠠᠯ ᠪᠤᠯᠤᠨ ᠬᠡᠤᠬᠡᠤᠨ ᠢᠶᠠᠨ ᠬᠥᠰᠡᠯ ᠪᠤᠳᠤᠯ ᠲᠠᠢ᠂ ᠥᠪᠡᠷᠮᠢᠴᠡ ᠵᠠᠩ | ᠠᠭᠠᠰᠢ ᠲᠠᠢ ᠪᠤᠯᠭᠠᠵᠤ᠂ ᠬᠤᠶᠢᠰᠢᠳᠠ ᠮᠡᠳᠡᠯᠬᠡᠵᠢᠵᠤ᠂ ᠴᠢᠳᠠᠪᠤᠷᠢᠵᠢᠨ ᠤᠬᠠᠭᠠᠵᠢᠬᠤ ᠳᠤ ᠨᠢ ᠰᠠᠭᠤᠷᠢ ᠲᠠᠯᠪᠢᠪᠠᠯ | ᠵᠤᠬᠢᠨ᠎ᠠ᠃ | ᠲᠡᠶᠢᠮᠤ ᠠᠴᠠ ᠪᠢᠳᠠ ᠥᠷ᠎ᠠ ᠬᠡᠤᠬᠡᠤᠨ ᠢᠶᠠᠨ ᠬᠠᠷᠠᠬᠠᠨ ᠪᠠᠭ᠎ᠠ ᠠᠴᠠ ᠨᠢ ᠪᠤᠰᠤᠤᠨ ᠤᠨ ᠠᠴᠢ ᠶᠢ | ᠬᠠᠷᠢᠭᠤᠯᠬᠤ ᠶᠢ ᠮᠡᠳᠡᠭᠦ ᠪᠤᠯᠭᠠᠵᠤ᠂ ᠥᠨᠳᠤᠰᠤᠳᠡᠨ ᠤ ᠪᠠᠨ ᠴᠡᠪᠡᠷ ᠴᠠᠶᠢᠯᠭᠠᠨ ᠵᠠᠩ ᠴᠢᠨᠠᠷ ᠢ ᠰᠤᠷᠭᠠᠵᠤ᠂ | ᠪᠤᠰᠤᠤᠨ ᠢ ᠥᠷᠤ ᠡᠪᠡᠳᠤᠨ᠂ ᠲᠤᠷᠤᠢ ᠪᠠᠭᠤᠷᠠᠢ ᠪᠠᠨ ᠲᠡᠮᠵᠢᠨ ᠲᠤᠰᠠᠯᠠᠵᠤ ᠬᠠᠷᠠᠭᠠᠯᠵᠠᠬᠤ ᠶᠢ ᠰᠤᠷᠭᠠᠬᠤ ᠪᠠᠷ | ᠥᠪᠡᠷ ᠤᠨ ᠪᠡᠶ᠎ᠡ ᠪᠠᠷ ᠢᠶᠠᠨ ᠬᠡᠪ ᠲᠠᠭᠤᠷᠢᠶᠠᠯ ᠪᠤᠯᠤᠨ ᠬᠡᠤᠬᠡᠤᠨ ᠢᠶᠠᠨ ᠬᠥᠰᠡᠯ ᠪᠤᠳᠤᠯ ᠲᠠᠢ᠂ ᠥᠪᠡᠷᠮᠢᠴᠡ ᠵᠠᠩ | ᠠᠭᠠᠰᠢ ᠲᠠᠢ ᠪᠤᠯᠭᠠᠵᠤ᠂ ᠬᠤᠶᠢᠰᠢᠳᠠ ᠮᠡᠳᠡᠯᠬᠡᠵᠢᠵᠤ᠂ ᠴᠢᠳᠠᠪᠤᠷᠢᠵᠢᠨ ᠤᠬᠠᠭᠠᠵᠢᠬᠤ ᠳᠤ ᠨᠢ ᠰᠠᠭᠤᠷᠢ ᠲᠠᠯᠪᠢᠪᠠᠯ | ᠵᠤᠬᠢᠨ᠎ᠠ᠃ | ᠪᠠᠭ᠎ᠠ ᠠᠴᠠ ᠨᠢ ᠭᠠᠷ ᠤᠷᠠᠨ ᠬᠡᠷ ᠭᠠᠳᠠᠨᠠᠬᠢ ᠠᠵᠢᠯ ᠳᠤ ᠴᠠᠭᠠᠷᠠᠭᠤᠯᠬᠤ | ᠮᠤᠩᠭᠤᠯᠴᠤᠤᠨ ᠬᠡᠵᠤ ᠬᠥᠳᠡᠯᠮᠤᠷᠢᠴᠢ ᠠᠷᠠᠤᠨ ᠲᠥᠮᠡᠨ᠃ ᠮᠠᠯ ᠤᠨ ᠠᠰᠢᠭ ᠰᠢᠮ᠎ᠠ ᠪᠠᠨ ᠡᠳ᠋ᠰᠢᠬᠦᠯᠤᠨ | ᠪᠤᠯᠪᠠᠰᠤᠷᠠᠭᠤᠯᠬᠤ ᠠᠴᠠ ᠡᠬᠢᠯᠡᠬᠡᠤᠨ ᠤᠷᠠᠨ ᠭᠠᠷ ᠤᠬᠠᠭᠠᠨ ᠪᠤᠳᠤᠯ ᠳᠤ ᠪᠠᠨ ᠲᠥᠰᠢᠭᠯᠡᠨ ᠠᠮᠢᠳᠤᠷᠠᠯ ᠠᠬᠤᠢ ᠪᠠᠨ | ᠴᠤᠭᠴᠠᠯᠠᠳᠠᠭ᠃ ᠬᠠᠯᠠᠭᠤᠨ ᠬᠥᠢᠳᠡᠨ ᠢ ᠬᠠᠯᠬᠠᠯᠠᠵᠤ ᠢᠷᠡᠭᠰᠡᠨ ᠢᠰᠡᠬᠡᠢ ᠴᠠᠭᠠᠨ ᠬᠡᠷ ᠠᠴᠠ ᠬᠠᠳᠤᠨ ᠴᠢᠮᠪᠠᠢ ᠶᠢᠨ | ᠤᠷᠠᠯᠠᠵᠤ ᠵᠤᠬᠢᠶᠠᠭᠰᠠᠨ ᠤᠤᠵᠢ ᠮᠠᠯᠠᠭᠠᠢ ᠬᠥᠷᠳᠡᠯ᠎ᠠ ᠮᠤᠩᠭᠤᠯ ᠬᠥᠮᠤᠨ ᠤ ᠬᠥᠳᠡᠯᠮᠤᠷᠢ ᠪᠠ ᠤᠷ᠎ᠠ ᠤᠬᠠᠭᠠᠨ | ᠨᠢᠭᠤᠭᠳᠠᠵᠤ ᠪᠠᠶᠢᠳᠠᠭ ᠶᠤᠮ᠃ | ᠢᠡᠭᠭᠢᠵᠤ ᠮᠤᠩᠭᠤᠯᠴᠤᠤᠨ ᠥᠬᠢᠤᠨ ᠬᠥᠤᠴᠤᠤᠯ ᠢᠶᠠᠨ 6᠂ 7 ᠨᠠᠰᠤᠯᠠᠮᠠᠭᠴᠠ ᠥᠪᠡᠷ ᠥᠪᠡᠷ ᠤᠨ ᠬᠢᠨᠢ | ᠠᠵᠢᠯ ᠢ ᠬᠢᠯᠬᠡᠵᠤ ᠰᠤᠷᠭᠠᠳᠠᠭ᠃ ᠥᠬᠢᠤᠨ ᠲᠤ ᠪᠠᠨ ᠤᠶᠢᠢᠮᠤᠰᠤᠨ ᠤᠯᠠ ᠰᠢᠷᠢᠬᠦ ᠠᠴᠠ ᠡᠬᠢᠯᠡᠵᠤ ᠵᠡᠬᠦᠤ ᠤᠳᠠᠰᠤ | ᠤᠷᠤᠯᠳᠤᠭᠤᠯᠵᠤ ᠪᠠᠶᠢᠭᠰᠠᠨ ᠠᠴᠠ ᠪᠠᠨ ᠬᠤᠸᠠᠷ ᠬᠠᠳᠬᠤᠵᠤ᠂ ᠤᠭᠠᠯᠵᠠ ᠤᠷᠢᠶᠠᠬᠤ ᠵᠡᠷᠬᠡ ᠤᠶᠤᠳᠠᠯ ᠳᠤ | ᠤᠷᠤᠭᠤᠯᠳᠠᠭ᠃ ᠬᠥᠤᠴᠤᠤᠯ ᠳᠤ ᠪᠠᠨ ᠴᠢᠳᠤᠷ ᠮᠤᠰᠬᠢᠬᠤ᠂ ᠰᠠᠭᠰᠤ ᠬᠥᠷᠤᠭᠦ᠂ ᠲᠡᠬᠡᠰᠤ ᠲᠠᠮᠤᠬᠤ ᠶᠢ ᠰᠤᠷᠭᠠᠵᠤ᠂ | ᠲᠠᠭ᠎ᠠ ᠵᠠᠶᠢᠳᠠᠯᠠᠬᠤ᠂ ᠮᠠᠯ ᠤᠨᠤᠭ᠎ᠠ ᠡᠷᠬᠢᠬᠦᠯᠬᠦ ᠵᠡᠷᠬᠡ ᠳᠤ ᠭᠠᠷᠰᠢᠭᠤᠯᠳᠠᠭ ᠤᠯᠠᠮᠵᠢᠯᠠᠯ ᠲᠠᠢ ᠪᠢᠯᠠ᠃ ︽ | ᠠᠷᠭᠠᠯ ᠠᠴᠠ ᠢᠯᠴᠢ ᠭᠠᠷᠴᠤ᠂ ᠠᠵᠢᠯ ᠠᠴᠠ ᠲᠤᠰᠤ ᠭᠠᠷᠭᠠᠨ᠎ᠠ︾ ᠬᠡᠳᠡᠭ ᠢᠶᠠᠷ ᠪᠢᠳᠡ ᠬᠡᠤᠬᠡᠤᠨ ᠢᠶᠠᠨ | ᠰᠤᠷᠭᠠᠭᠤᠯᠢ ᠰᠤᠶᠤᠯ ᠳᠤ ᠶᠠᠪᠤᠭᠤᠯᠤᠯ᠎ᠠ ᠬᠡᠤᠨ ᠪᠠᠭᠰᠢ ᠨᠠᠷ ᠲᠤ ᠨᠢ ᠠᠯᠢᠪᠠ ᠶᠢ ᠨᠠᠶᠢᠳᠠᠵᠤ ᠪᠤᠯᠬᠤ ᠥᠬᠡᠢ᠃ | ᠠᠮᠠᠷᠠᠯᠳᠠ ᠶᠢᠨ ᠴᠢᠯᠤᠬᠡᠨ ᠳᠤ ᠬᠡᠤᠬᠡᠨᠴᠤᠤᠨ ᠲᠤ ᠪᠠᠨ ᠵᠡᠬᠦᠤ ᠤᠳᠠᠰᠤ ᠤᠷᠤᠯᠳᠤᠭᠤᠯᠵᠤ᠂ ᠪᠠᠷᠢᠭᠤᠯᠵᠤ ᠰᠤᠷᠭᠠᠬᠤ᠂ | ᠵᠠᠷᠢᠮ ᠲᠥᠬᠦᠮ ᠤᠶᠤᠳᠠᠯ᠂ ᠬᠥᠨᠵᠢᠯᠡ ᠲᠡᠪᠢᠰᠬᠡᠷ ᠤᠨ ᠲᠤᠳᠤᠷ ᠭᠠᠳᠠᠷ ᠢ ᠰᠢᠳᠠᠵᠤ ᠤᠶᠤᠬᠤ ᠶᠢ ᠰᠤᠷᠭᠠᠴᠢᠬᠠᠪᠠᠯ | ᠭᠠᠷ ᠥᠵᠤᠬᠦᠷ ᠭᠠᠴᠢᠭᠳᠠᠬᠤ ᠥᠬᠡᠢ ᠪᠤᠯᠤᠨ᠎ᠠ᠃ ᠬᠥᠤᠴᠤᠤᠯ ᠳᠤ ᠪᠤᠷᠭᠠᠰᠤ ᠪᠠᠷ ᠰᠠᠭᠰᠤ ᠬᠥᠷᠤᠭᠦ᠂ ᠮᠠᠯ ᠤᠨᠤᠭ᠎ᠠ | ᠡᠪᠡᠰᠤᠯᠡᠬᠦ ᠶᠢ ᠰᠤᠷᠭᠠᠬᠤ᠂ ᠮᠠᠯ ᠤᠨ ᠬᠠᠰᠢᠶ᠎ᠠ ᠬᠥᠷᠢᠶ᠎ᠠ ᠴᠡᠪᠡᠷᠯᠡᠬᠦ ᠶᠢ ᠰᠤᠷᠭᠠᠵᠤ ᠬᠡᠷ ᠵᠠᠭᠤᠷ᠎ᠠ ᠶᠢᠨ | ᠬᠥᠳᠡᠯᠮᠤᠷᠢ ᠳᠤ ᠤᠷᠤᠯᠴᠠᠭᠤᠯᠬᠤ ᠬᠡᠷᠡᠭᠳᠡᠢ᠃ ᠰᠤᠷᠤᠯᠭ᠎ᠠ ᠶᠢ ᠨᠢ ᠨᠥᠯᠤᠬᠡᠯᠡᠬᠦ ᠶᠤᠮ ᠬᠡᠤᠨ ᠶᠠᠭᠤ ᠴᠤ ᠬᠢᠯᠬᠡᠵᠤ | ᠰᠤᠷᠭᠠᠬᠤ ᠥᠬᠡᠢ ᠨᠢ ᠪᠤᠷᠤᠭᠤ ᠶᠤᠮ᠂ ᠥᠪ ᠰᠤᠶᠤᠯ ᠢᠶᠠᠨ ᠵᠠᠯᠭᠠᠮᠵᠢᠯᠠᠵᠤ ᠬᠥᠭᠵᠢᠭᠦᠯᠭᠦ ᠡᠬᠦᠷᠬᠡ ᠲᠡᠳᠡᠨ ᠤ | ᠮᠥᠷᠤᠨ ᠳᠤ ᠲᠠᠯᠪᠢᠭᠳᠠᠵᠤ ᠪᠠᠶᠢᠭ᠎ᠠ ᠶᠤᠮ᠃ | ᠡᠶᠢᠮᠤ ᠠᠴᠠ ᠪᠢᠳᠡ ᠮᠤᠩᠭᠤᠯ ᠰᠡᠳᠬᠢᠬᠦᠢ ᠪᠠᠷ ᠢᠶᠠᠨ ᠬᠡᠤᠬᠡᠤᠨ ᠢᠶᠠᠨ ᠲᠠᠳᠬᠠᠯᠵᠢᠭᠤᠯᠵᠤ ᠬᠥᠮᠤᠵᠢᠬᠦᠯᠤᠨ᠂ | ᠥᠪ ᠰᠤᠶᠤᠯ ᠢᠶᠠᠨ ᠥᠪᠯᠡᠨ ᠥᠭᠭᠦ ᠨᠢ ᠮᠠᠨ ᠤ ᠡᠮᠤᠨᠡᠬᠢ ᠲᠤᠯᠭᠠᠮ ᠱᠠᠭᠠᠷᠳᠠᠯᠭ᠎ᠠ ᠪᠤᠯᠤᠭᠠᠤᠨ ᠪᠠᠶᠢᠭ᠎ᠠ ᠶᠢ ᠰᠠᠷᠠᠨ | ᠮᠡᠳᠡᠵᠤ᠂ ᠥᠨᠳᠤᠰᠤᠳᠡᠨ ᠤ ᠪᠠᠨ ᠰᠤᠶᠤᠯ ᠪᠤᠯᠪᠠᠰᠤᠨ ᠤ ᠬᠥᠭᠵᠢᠯᠳᠡ ᠶᠢᠨ ᠲᠥᠯᠤᠬᠡ ᠴᠢᠷᠮᠠᠶᠢᠵᠠᠭᠠᠶ᠎ᠠ᠃ | | |