ᠮᠤᠷᠤᠢ ᠶᠢᠨ ᠰᠦᠮ᠎ᠠ ᠶᠢᠨ ᠮᠠᠨᠲᠤᠯ | | | | | | | ᠲᠠᠷᠬᠠᠨ ᠬᠤᠰᠢᠭᠤᠨ ︵ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤ︶ ᠤ ᠵᠣᠷᠢᠭᠳᠣ ᠸᠠᠩ ᠤᠨ ᠭᠡᠷ ᠤᠨ | ᠬᠡᠶᠢᠳ ᠪᠤᠯᠬᠤ ᠪᠠᠶᠠᠨ ᠮᠣᠷᠣᠢ ᠶᠢᠨ ᠰᠦᠮ᠎ᠡ ᠨᠢ ᠠᠩᠬ᠎ᠠ ᠡᠬᠢᠨ ᠳᠤ ᠪᠠᠨ ᠦᠩ ᠰᠢᠮᠡᠯᠢᠭ ᠬᠦᠷᠦᠰᠦ ᠰᠢᠷᠣᠢ ᠲᠠᠢ | ᠦᠨᠢᠷ ᠪᠠᠶᠠᠯᠢᠭ ᠨᠣᠳᠤᠭ ᠣᠰᠣ ᠲᠠᠢ ᠲᠠᠷᠬᠠᠨ ᠬᠤᠰᠢᠭᠤ ᠶᠢᠨ ᠨᠦᠬᠡᠳᠣ ᠶᠢᠨ ᠠᠷᠣ ︵ᠣᠳᠣ ᠶᠢᠨ ᠲᠦᠩᠯᠢᠶᠤᠤ | ᠬᠤᠳᠠ ᠶᠢᠨ ᠬᠤᠷᠴᠢᠨ ᠲᠤᠭᠤᠷᠢᠭ ᠤᠨ ᠢᠤᠢ ᠯᠢᠶᠠᠩ ᠫᠥ᠋ ᠪᠠᠯᠭᠠᠰᠤ᠂ ᠢᠤᠢ ᠯᠢᠶᠠᠩ ᠫᠥ᠋ ᠪᠤᠯ ᠡᠷᠢᠶᠡᠨ ᠪᠤᠳᠠ | ᠬᠡᠳᠡᠭ ᠮᠤᠩᠭᠤᠯ ᠨᠡᠷ᠎ᠡ ᠶᠢᠨ ᠠᠪᠢᠶ᠎ᠠ ᠤᠨᠳᠤᠤᠰᠢᠭᠤᠯᠤᠭᠰᠠᠨ ᠬᠢᠳᠠᠳ ᠲᠠᠭᠤᠳᠠᠯᠭ᠎ᠠ ᠪᠤᠯᠤᠨ᠎ᠠ︶᠂ ᠰᠢᠷᠠᠮᠦ᠋ᠷᠡᠨ ᠤ | ᠣᠮᠠᠷ᠎ᠠ ᠲᠡᠨᠵᠢᠨ ᠳᠤ ᠪᠠᠶᠢᠭᠤᠯᠣᠭᠳᠠᠵᠤ᠂ ᠬᠠᠮᠪᠤ ᠰᠦᠮ᠎ᠠ ᠬᠡᠵᠤ ᠨᠡᠷᠡᠶᠢᠳᠪᠡ᠃ ᠲᠤᠰ ᠰᠦᠮ᠎ᠡ ᠶᠢᠨ ᠠᠩᠬ᠎ᠠ | ᠲᠦᠷᠢ ᠶᠢᠨ ᠭᠡᠭᠡᠨ ᠸᠴᠢᠷᠠᠯᠮᠠᠰ ᠢ ᠲᠦᠪᠡᠳ ᠲᠤ ᠰᠣᠷᠣᠯᠴᠠᠵᠣ ᠪᠠᠶᠢᠭ᠎ᠠ ᠬᠤᠭᠤᠴᠠᠭᠠᠨ ᠳᠤ᠂ ᠰᠦᠮ᠎ᠡ ᠨᠢ | ᠦᠶᠡᠷ ᠤᠨ ᠣᠰᠣᠨ ᠳᠤ ᠦᠯᠦᠪ ᠠᠪᠳᠠᠵᠣ ᠣᠷᠣ ᠦᠭᠡᠢ ᠪᠣᠯᠪᠠ᠃ ᠡ᠊ᠨᠳᠡ ᠪᠠᠨ ᠦᠯᠡᠳᠡᠵᠣ ᠰᠦᠮ᠎ᠡ ᠪᠠᠨ | ᠡᠷᠬᠢᠯᠡᠵᠣ ᠪᠠᠶᠢᠭᠰᠠᠨ ᠰᠢᠨᠡᠯᠠᠮ᠎ᠠ ᠣᠯᠠᠨ ᠮᠡᠷᠭᠡᠳ ᠢᠶᠠᠨ ᠲᠠᠭᠠᠭᠤᠯᠣᠨ᠂ ᠭᠠᠵᠠᠷ ᠤᠨ ᠰᠠᠶᠢᠨ ᠢ ᠰᠢᠨᠵᠢᠨ | ᠰᠣᠩᠭᠤᠭᠰᠠᠭᠠᠷ ᠡᠷᠢᠶᠡᠨ ᠦᠨᠳᠣᠷ ᠤᠨ ᠡᠩᠭᠡᠷ ︵ᠤᠳᠤ ᠶᠢᠨ ᠲᠦᠩᠯᠢᠶᠤᠤ ᠬᠤᠲᠡ ᠶᠢᠨ ᠬᠤᠷᠴᠢᠨ ᠲᠤᠭᠤᠷᠢᠬ ᠤᠨ | ᠮᠤᠷᠤᠢ ᠲᠤᠰᠬᠤᠨ ᠳᠤ ᠪᠤᠢ︶ ᠲᠤ ᠰᠦᠮ᠎ᠡ ᠶᠢ ᠲᠠᠬᠢᠨ ᠰᠢᠨᠡᠳᠭᠡᠨ ᠪᠠᠶᠢᠭᠤᠯᠬᠤ ᠪᠠᠷ ᠲᠣᠭᠳᠠᠪᠠ᠃ ᠵᠣᠷᠢᠭᠳᠣ ᠸᠠᠩ | ᠂ ᠲᠠᠷᠬᠠᠨ ᠸᠠᠩ ᠵᠢᠴᠢ ᠠᠶᠢᠮᠠᠭ ᠤᠨ ᠲᠠᠷᠤᠭ᠎ᠠ ᠪᠣᠳᠣᠷᠣᠣᠯ ᠪᠢᠴᠢᠭ ᠪᠢᠴᠢᠵᠣ᠂ ᠡᠵᠡᠨ ᠬᠠᠭᠠᠨ ᠳᠤ ᠠᠶᠢᠯᠠᠳᠬᠠᠪᠠ᠃ | ᠶᠠᠭ ᠡᠨᠡ ᠦᠶ᠎ᠡ ᠳᠤ ᠸᠴᠢᠷᠠᠯᠮᠠᠰ ᠭᠡᠭᠡᠨ ᠭᠤᠴᠢᠨ ᠭᠤᠷᠪᠠᠲᠠᠢ ᠳᠤ ᠪᠠᠨ ᠵᠢᠷᠭᠤᠳᠣᠭᠠᠷ ᠲᠦᠷᠢ ᠶᠢᠨ ᠪᠠᠨᠴᠢᠨ ᠠᠴᠠ | ᠨᠣᠮ ᠰᠣᠷᠴᠣ᠂ ᠶᠢᠰᠣᠳᠣᠭᠡᠷ ᠲᠦᠷᠢ ᠶᠢᠨ ᠲᠠᠯᠠᠢ ᠯᠠᠮᠠ ᠠᠴᠠ ︽ᠪᠠᠨᠳᠢᠳᠠ︾ ᠴᠣᠯᠠ ᠯᠾᠠᠷᠡᠮᠪᠠ ᠵᠡᠷᠭᠡ ᠶᠢ | ᠬᠦᠷᠳᠡᠭᠡᠳ᠂ ᠨᠣᠮ ᠤᠨ ᠨᠡᠷ᠎ᠡ ᠶᠢ ᠨᠢ ᠯᠣᠪᠰᠠᠩᠳᠠᠮᠪᠠᠷᠠᠪᠵᠠᠢ ᠬᠡᠮᠡᠪᠡ᠃ ᠡᠨᠡ ᠵᠢᠯ ᠳᠤ ᠲᠡᠷᠡ ᠪᠠᠷ ᠪᠡᠭᠡᠵᠢᠩ ᠳᠤ | ᠬᠦᠷᠴᠣ᠂ ᠰᠢᠷ᠎ᠠ ᠶᠢᠨ ᠱᠠᠰᠢᠨ ᠤ ᠲᠦᠷᠪᠡᠨ ᠶᠡᠬᠡᠰ ︵ᠲᠠᠯᠠᠢ ᠯᠠᠮᠠ᠂ ᠪᠠᠨᠴᠢᠨ ᠡᠷᠳᠡᠨᠢ᠂ ᠠᠷᠣ ᠪᠣᠭᠳᠠ᠂ ᠵᠠᠩᠭᠢᠶ᠎ᠠ | ᠬᠤᠳᠣᠭᠳᠣ︶ ᠤᠨ ᠨᠢᠭᠡ ᠨᠢ ᠪᠣᠯᠬᠤ ᠵᠠᠩᠭᠢᠶ᠎ᠠ ᠬᠤᠳᠣᠭᠳᠣ ᠳᠤ ᠪᠠᠷᠠᠳᠠᠨ᠂ ᠮᠣᠷᠣᠢ ᠶᠢᠨ ᠰᠦᠮ᠎ᠡ ᠶᠢᠨ ᠦᠶᠡᠷ ᠲᠤ | ᠠᠪᠳᠠᠭᠳᠠᠭᠰᠠᠨ ᠪᠠᠶᠢᠳᠠᠯ ᠢ ᠠᠶᠢᠯᠠᠳᠬᠠᠨ ᠮᠡᠳᠡᠭᠦᠯᠦᠭᠰᠡᠨ ᠳᠤ᠂ ᠵᠠᠩᠭᠢᠶ᠎ᠠ ᠬᠤᠳᠣᠭᠳᠣ ᠦᠪᠦᠷ ᠮᠣᠩᠭᠤᠯ ᠤᠨ ᠵᠡᠭᠦᠨ | ᠣᠷᠣᠨ ᠳᠤ ᠲᠦᠷᠪᠡᠨ ᠣᠷᠳᠣ᠂ ᠲᠠᠪᠣᠨ ᠷᠠᠰᠠᠩ ᠲᠠᠢ ᠶᠡᠭᠡ ᠬᠡᠶᠢᠳ ᠰᠦᠮ᠎ᠡ ᠪᠠᠶᠢᠭᠤᠯᠬᠤ ᠴᠢᠬᠤᠯᠠ ᠲᠠᠢ ᠬᠡᠮᠡᠨ | ᠸᠴᠢᠷᠠᠯᠮᠠᠰ ᠭᠡᠭᠡᠨ ᠢ ᠪᠡᠶ᠎ᠡ ᠪᠠᠷ ᠢᠶᠠᠨ ᠲᠠᠭᠠᠭᠤᠯᠣᠨ᠂ ᠲᠠᠷᠠᠭ᠎ᠠ ᠡᠳᠣᠷ ᠤᠨ ᠡᠷᠳᠡ ᠶᠢᠨ ᠴᠣᠣ ᠲᠡᠭᠡᠷ᠎ᠡ ᠲᠡᠭᠷᠢ | ᠲᠡᠳᠭᠦᠭᠴᠢ ᠬᠠᠭᠠᠨ ᠳᠤ ᠪᠠᠷᠠᠳᠠᠨ ᠰᠦᠮ᠎ᠡ ᠪᠠᠶᠢᠭᠤᠯᠬᠤ ᠣᠴᠢᠷ ᠢᠶᠠᠨ ᠠᠶᠢᠯᠠᠳᠬᠠᠭᠰᠠᠨ ᠳᠤ᠂ ᠬᠠᠭᠠᠨ ᠣᠣᠯ ᠨᠢ | ᠰᠦᠮ᠎ᠡ ᠪᠠᠶᠢᠭᠤᠯᠬᠤ ᠪᠣᠳᠣᠷᠣᠣᠯ ᠢ ᠦᠵᠡᠭᠰᠡᠨ ᠲᠣᠯᠠ ᠲᠠᠷᠣᠢ ᠳᠤ ᠨᠢ ᠵᠦᠪᠰᠢᠶᠡᠷᠡᠭᠡᠳ᠂ ᠰᠦᠮ᠎ᠡ ᠷᠠᠰᠠᠩ | ᠪᠠᠶᠢᠭᠤᠯᠬᠤ ᠪᠠ ᠪᠣᠷᠬᠠᠨ᠂ ᠨᠣᠮ ᠰᠣᠳᠣᠷ᠂ ᠡᠯ᠎ᠡ ᠵᠦᠢᠯ ᠤᠨ ᠡᠳ᠋ ᠬᠡᠷᠡᠭᠰᠡᠯ ᠢ ᠬᠠᠭᠠᠨ ᠰᠠᠩ ᠠᠴᠠ ᠰᠤᠶᠤᠷᠬᠠᠨ᠂ | ᠰᠢᠷ᠎ᠠ ᠠᠯᠳᠠ᠂ ᠴᠠᠭᠠᠨ ᠮᠦᠩᠭᠦ᠂ ᠲᠣᠷᠭ᠎ᠠ ᠳᠣᠷᠳᠣᠩ᠂ ᠰᠣᠪᠣᠳ ᠡᠷᠳᠡᠨᠢ ᠵᠡᠷᠭᠡ ᠬᠤᠪᠣᠷ ᠴᠣᠬᠠᠭ ᠡᠳ᠋ ᠪᠣᠳᠠᠰ ᠢ | ᠣᠯᠠᠨ ᠠᠷᠪᠢᠨ ᠦᠭᠴᠡᠢ᠃ ᠮᠦᠨ ᠪᠡᠭᠡᠵᠢᠩ ᠠᠴᠠ ᠨᠡᠷ᠎ᠡ ᠠᠯᠳᠠᠷᠳᠠᠢ ᠣᠷᠠᠴᠣᠳ ᠲᠠᠷᠬᠠᠳ ᠢ ᠲᠣᠮᠢᠯᠠᠨ᠂ | ᠰᠦᠮ᠎ᠡ ᠶᠢ ᠲᠠᠬᠢᠨ ᠪᠠᠶᠢᠭᠤᠯᠬᠤ ᠶᠢ ᠬᠦᠴᠣᠳᠠᠢ ᠲᠡᠮᠵᠢᠨ ᠲᠣᠰᠠᠯᠠᠪᠠ᠃ ᠸᠴᠢᠷᠠᠯᠮᠠᠰ ᠭᠡᠭᠡᠨ ᠵᠠᠩᠭᠢᠶ᠎ᠠ | ᠬᠤᠳᠣᠭᠳᠣ ᠶᠢᠨ ᠬᠦᠵᠢ ᠶᠢᠨ ᠰᠦᠮ᠎ᠡ ᠳᠤ ᠣᠳᠠᠭᠠᠨ ᠡᠳᠣᠷ ᠰᠠᠭᠤᠵᠣ ᠴᠦᠢᠷᠸᠠ ᠪᠤᠯᠢᠶᠠᠯᠳᠤᠨ ᠨᠤᠮ ᠬᠠᠶᠠᠯᠴᠠᠪᠠ᠃ | ᠵᠣᠷᠢᠭᠳᠣ ᠸᠠᠩ᠂ ᠸᠴᠢᠷᠠᠯᠮᠠᠰ ᠭᠡᠭᠡᠨ ᠤ ᠪᠡᠭᠡᠵᠢᠩ ᠳᠤ ᠢᠷᠡᠭᠰᠡᠨ ᠮᠡᠳᠡᠭᠡ ᠶᠢ ᠣᠯᠣᠮᠠᠭᠴᠠ᠂ ᠷᠠᠰᠠᠩ ᠯᠠᠮᠠ | ᠭᠡᠰᠡᠷᠵᠠᠪ᠂ ᠬᠤᠰᠢᠭᠤᠨ ᠮᠡᠶᠢᠷᠡᠨ ᠲᠣᠭᠤᠭ᠎ᠠ ᠲᠦᠷᠦᠭᠦᠦ ᠲᠠᠢ ᠨᠢᠭᠡ ᠪᠦᠯᠦᠭ ᠬᠦᠮᠦᠰ ᠢᠶᠠᠷ ᠰᠡᠥᠬᠡ᠂ ᠮᠣᠷᠢ᠂ | ᠲᠡᠮᠡᠭᠡ᠂ ᠮᠠᠶᠢᠬᠠᠨ ᠵᠡᠷᠭᠡ ᠶᠢ ᠪᠡᠯᠡᠳᠭᠡᠯᠭᠡᠨ᠂ ᠭᠡᠭᠡᠨ ᠢᠶᠠᠨ ᠣᠭᠳᠣᠨ ᠠᠪᠴᠢᠷᠠᠬᠤ ᠪᠠᠷ ᠪᠡᠭᠡᠵᠢᠩ ᠳᠤ ᠶᠠᠭᠠᠷᠠᠨ | ᠬᠦᠷᠪᠡ᠃ ᠸᠴᠢᠷᠠᠯᠮᠠᠰ ᠯᠾᠠᠷᠡᠮᠪᠡ ᠭᠡᠭᠡᠨ ᠱᠠᠰᠢᠨ ᠤ ᠶᠣᠰᠣ ᠪᠠᠷ ᠬᠠᠳᠠᠭ ᠲᠠᠳᠠᠨ ᠵᠠᠩᠭᠢᠶ᠎ᠠ ᠬᠤᠳᠣᠭᠳᠣ ᠲᠠᠢ | ᠠᠶᠠᠷᠯᠠᠨ ᠰᠠᠯᠵᠣ᠂ ᠦᠨᠳᠡᠯᠡᠨ ᠳᠣᠯᠠᠭᠠᠨ ᠤ ᠡᠩᠭᠡᠷ ᠲᠠᠬᠢ ᠵᠣᠷᠢᠭᠳᠣ ᠸᠠᠩ ᠤᠨ ᠣᠷᠳᠣᠨ ᠳᠤ ᠵᠠᠯᠠᠷᠠᠨ ᠪᠠᠭᠤᠬᠤ ᠳᠤ | ᠂ ᠲᠠᠷᠬᠠᠨ ᠬᠤᠰᠢᠭᠤᠨ ᠤ ᠡᠷᠬᠢᠮᠳᠡᠳ ᠲᠠᠶᠢᠵᠢ ᠵᠢᠴᠢ ᠯᠠᠮᠠ ᠬᠤᠸᠠᠷᠠᠭ ᠨᠠᠷ ᠬᠦᠨᠳᠣ ᠶᠣᠰᠣᠨ ᠢᠶᠠᠷ ᠮᠦᠷᠭᠦᠨ | ᠵᠣᠯᠭᠠᠪᠠ᠃ ᠸᠠᠩ ᠤᠨ ᠣᠷᠳᠣᠨ ᠳᠤ ᠬᠡᠳᠣᠨ ᠡᠳᠣᠷ ᠪᠠᠶᠢᠬᠤ ᠲᠠᠰᠢᠷᠠᠮ ᠳᠤ᠂ ᠮᠦᠷᠭᠦᠯᠴᠢᠳ ᠤᠨ ᠡᠷᠭᠦᠴᠡ ᠪᠣᠯᠣᠨ | ᠠᠶᠢᠮᠠᠭ ᠬᠤᠰᠢᠭᠤ ᠨᠣᠳᠤᠭ ᠤᠨ ᠡᠳ᠋ ᠪᠣᠳᠠᠰ ᠪᠠ ᠬᠦᠮᠦᠨ ᠤ ᠬᠦᠴᠣᠨ ᠤ ᠲᠡᠮᠵᠢᠯᠭᠡ ᠶᠢ ᠬᠤᠷᠠᠮᠳᠤᠭᠤᠯᠤᠨ | ᠰᠦᠮ᠎ᠡ ᠶᠢᠨ ᠡᠳ᠋ ᠮᠦᠩᠭᠦ ᠬᠢᠭᠡᠳ ᠬᠠᠭᠠᠨ ᠰᠠᠩ ᠠᠴᠠ ᠦᠭᠭᠦᠭᠰᠡᠨ ᠡᠳ᠋ ᠮᠦᠩᠭᠦ ᠪᠠᠷ ᠰᠦᠮ᠎ᠡ ᠪᠠᠷᠢᠬᠤ ᠪᠡᠯᠡᠳᠭᠡᠯ | ᠠᠵᠢᠯ ᠢᠶᠠᠨ ᠱᠠᠯᠠᠪᠳᠠᠨ ᠭᠦᠢᠴᠡᠳᠭᠡᠵᠣ᠂ ᠡᠳᠣᠷ ᠤᠨ ᠰᠠᠶᠢᠨ ᠢ ᠰᠤᠩᠭᠤᠨ᠂ ᠰᠢᠨᠡᠯᠠᠮ᠎ᠠ ᠶᠢᠨ ᠲᠣᠭᠳᠠᠭᠠᠭᠰᠠᠨ | ᠡᠷᠢᠶᠡᠨ ᠦᠨᠳᠦᠷ ᠤᠨ ᠡᠩᠭᠡᠷ ᠲᠤ ᠰᠦᠮ᠎ᠡ ᠪᠠᠷᠢᠵᠣ ᠡᠬᠢᠯᠡᠪᠡ᠃ ᠭᠠᠵᠠᠷ ᠣᠰᠣᠨ ᠤ ᠨᠠᠪᠳᠠᠭ ᠰᠠᠪᠳᠠᠭ ᠪᠠ ᠡᠵᠡᠳ | ᠰᠠᠬᠢᠭᠤᠯᠰᠣᠨ ᠢᠶᠠᠨ ᠲᠠᠭᠠᠳᠬᠠᠨ ᠲᠠᠬᠢᠵᠣ᠂ ᠪᠠᠷᠢᠯᠭ᠎ᠠ ᠶᠢᠨ ᠠᠵᠢᠯ ᠳᠤ ᠣᠷᠣᠯᠴᠠᠬᠤ ᠪᠦᠬᠦ ᠬᠦᠮᠦᠰ ᠢ ᠲᠠᠶᠢᠯᠠᠨ | ᠪᠠᠶᠠᠰᠬᠠᠪᠠ᠃ ᠪᠠᠷᠢᠯᠭ᠎ᠠ ᠡᠬᠢᠯᠡᠬᠦ ᠶᠣᠰᠣᠯᠠᠯ ᠳᠤ᠂ ᡀᠠᠷᠠᠮ ᠭᠡᠭᠡᠨ ᠪᠡᠶ᠎ᠡ ᠪᠠᠷ ᠬᠦᠷᠦᠰᠦ ᠬᠦᠨᠳᠡᠭᠰᠡᠨ ᠪᠦᠭᠡᠳ ᠲᠡᠷᠡ | ᠡᠳᠣᠷ ᠠᠴᠠ ᠡᠬᠢᠯᠡᠨ ᡀᠠᠷᠠᠮ ᠭᠡᠭᠡᠨ ᠪᠠᠷᠢᠯᠭ᠎ᠠ ᠶᠢᠨ ᠭᠠᠵᠠᠷ ᠰᠠᠭᠤᠭᠠᠳ ᠪᠡᠶᠡᠴᠢᠯᠡᠨ ᠵᠢᠯᠣᠭᠤᠳᠴᠣ᠂ ᠠᠵᠢᠯ ᠤᠨ | ᠠᠬᠢᠴᠠ ᠪᠠ ᠴᠢᠨᠠᠷ ᠢ ᠪᠠᠳᠣᠯᠠᠪᠠ᠃ | ᠲᠤᠰ ᠰᠦᠮ᠎ᠡ ᠶᠢ ᠪᠠᠶᠠᠨ ᠮᠣᠷᠣᠢ ᠶᠢᠨ ᠰᠦᠮ᠎ᠡ ᠭᠡᠵᠣ ᠬᠠᠯᠠᠨ ᠨᠡᠷᠡᠶᠢᠳᠪᠡ᠃ ᠲᠣᠬᠠᠢ ᠶᠢᠨ ᠦᠶ᠎ᠡ ᠶᠢᠨ | ᠪᠠᠶᠠᠨ ᠮᠣᠷᠣᠢ ᠶᠢᠨ ᠰᠦᠮ᠎ᠡ ᠶᠢᠨ ᠪᠠᠶᠢᠳᠠᠯ ᠭᠡᠪᠡᠯ᠂ ᠬᠠᠮᠤᠭ ᠲᠦᠷᠦᠭᠦᠨ ᠳᠤ ᠡᠮ ᠤᠨ ᠵᠦᠢᠯ ᠤᠨ ᠦᠨᠳᠦᠰᠦᠨ | ᠲᠦᠷᠪᠡᠨ ᠵᠠᠭᠤ ᠪᠦᠭᠡᠳ ᠲᠦᠷᠪᠡᠨ ᠵᠦᠢᠯ ᠢ ᠭᠤᠣᠯᠳᠠᠭᠤ ᠬᠦᠮᠣᠨ ᠠᠮᠢᠳᠠᠨ ᠤ ᠴᠠᠭ ᠪᠣᠰᠣ ᠡᠪᠡᠳᠴᠢᠨ ᠲᠠᠬᠤᠯ | ᠪᠣᠯᠬᠤ ᠳᠤ ᠵᠣᠷᠢᠭᠤᠯᠣᠨ᠂ ᠡᠮ ᠤᠨ ᠡᠬᠢᠳ ᠵᠦᠢᠳ ᠢ ᠲᠠᠶᠢᠯᠪᠣᠷᠢᠯᠠᠨ ᠨᠠᠷᠢᠪᠴᠢᠯᠠᠬᠤ ᠳᠤ ᠪᠠᠨ ᠷᠢᠯᠣ ᠡᠮ | ᠨᠠᠶᠢᠷᠠᠭᠤᠯᠬᠤ ᠶᠣᠰᠣᠨ᠂ ᠬᠦᠮᠦᠨ ᠤ ᠪᠡᠶ᠎ᠡ ᠶᠢᠨ ᠲᠠᠪᠣᠨ ᠮᠠᠬᠠᠪᠣᠳ ᠤᠨ ᠪᠦᠳᠣᠵᠣ ᠲᠦᠷᠦᠬᠦ ᠶᠢᠨ ᠡᠬᠡ | ᠦᠨᠳᠣᠰᠣᠨ ᠢ ᠡᠷᠬᠢᠯᠡᠨ᠂ ᠬᠦᠮᠦᠨ ᠵᠣᠨ ᠢ ᠢᠮᠠᠭᠳᠠ ᠠᠮᠣᠷ ᠮᠡᠨᠳᠦᠭᠡᠨ ᠶᠠᠪᠣᠭᠤᠯᠬᠤ ᠶᠢᠨ ᠲᠣᠰᠠᠳᠠ᠂ ᠡᠮ | ᠡᠮᠨᠡᠯᠭᠡ ᠶᠢᠨ ᠰᠣᠷᠭᠠᠯ ᠢ ᠬᠢᠬᠦ ︽ᠮᠠᠷᠠᠮᠪᠠ ᠷᠠᠰᠠᠩ︾ ᠢ ᠴᠤᠭᠴᠠᠯᠠᠨ ᠪᠠᠶᠢᠭᠤᠯᠵᠣ᠂ ᠣᠷᠳᠣᠨ ᠳᠤ ᠨᠢ ᠣᠳᠠᠴᠢ | ᠵᠡᠷᠭᠡ ᠨᠠᠢᠮᠠᠨ ᠶᠡᠭᠡ ᠪᠣᠷᠬᠠᠨ᠂ ᠯᠾᠠᠮᠣ᠂ ᠨᠠᠰᠣᠨ ᠠᠶᠣᠰᠢ ᠵᠢᠴᠢ ᠡᠯ᠎ᠡ ᠵᠦᠢᠯ ᠤᠨ ᠨᠣᠮ ᠰᠣᠳᠣᠷ ᠢ ᠲᠠᠬᠢᠪᠠ᠃ | ᠲᠡᠳ᠋ ᠲᠤ ᠨᠢ᠂ ᠲᠠᠪᠣᠨ ᠪᠣᠳᠢ ᠨᠣᠮ ᠤᠨ ᠲᠠᠷᠨᠢ ᠦᠰᠦᠭ ᠢ ᠲᠣᠭᠠᠯᠠᠵᠣ ᠤᠩᠰᠢᠬᠤ᠂ ᠨᠣᠮ ᠤᠨ ᠰᠢᠯᠦᠭ | ᠣᠳᠬ᠎ᠠ ᠶᠢ ᠴᠡᠭᠡᠵᠢᠯᠡᠵᠣ ᠣᠩᠰᠢᠬᠤ ᠶᠢ ᠪᠣᠯᠪᠠᠰᠣᠷᠠᠬᠤ ᠲᠤᠭ᠎ᠠ ᠭᠦᠢᠴᠡᠳᠭᠡᠬᠦ ᠪᠠ ᠬᠠᠷ᠎ᠠ ᠴᠠᠭᠠᠨ ᠤ ᠬᠤᠶᠠᠷ | ᠡᠷᠬᠡ ᠶᠢ ᠲᠡᠪᠴᠢᠬᠦ᠂ ᠬᠤᠵᠢᠮ ᠤᠨ ᠬᠦᠮᠦᠰ ᠤᠨ ᠲᠦᠷᠦᠯ ᠨᠢ ᠪᠣᠷᠬᠠᠨ ᠤ ᠶᠠᠮᠠᠨᠳᠠᠺᠠ ᠬᠤᠳᠠ ᠳᠤ ᠣᠴᠢᠵᠣ | ᠲᠦᠷᠦᠬᠦ ᠰᠣᠷᠭᠠᠯ ᠬᠢᠬᠦ ︽ᠵᠣᠳᠪᠠ ᠷᠠᠰᠠᠩ︾ ᠢ ᠪᠠᠷᠢᠵᠣ᠂ ᠮᠦᠢᠯ ᠪᠣᠷᠬᠠᠨ᠂ ᠡᠳ᠋ ᠤᠨ ᠡᠵᠡᠨ ᠢ ᠲᠠᠬᠢᠵᠣ᠂ | ᠵᠣᠳᠪᠠ ᠷᠠᠰᠠᠩ ᠤᠨ ᠪᠠᠷᠠᠭᠤᠨ ᠳᠤ ᠣᠪᠠᠳᠢᠰ ᠤᠨ ᠪᠣᠷᠬᠠᠨ ᠤ ᠣᠷᠳᠣ ᠪᠠᠶᠢᠵᠣ᠂ ᠲᠣᠳᠣᠷ᠎ᠠ ᠨᠢ ᠲᠣᠯᠣᠭᠠᠨ | ᠵᠠᠯᠪᠠᠴᠢᠨ᠂ ᠲᠠᠮᠳᠢᠨ ᠵᠢᠴᠢ ᠨᠣᠮᠣ ᠰᠣᠮᠣ᠂ ᠵᠢᠳᠠ ᠰᠡᠯᠡᠮ᠎ᠡ ᠵᠡᠷᠭᠡ ᠶᠢ ᠲᠠᠬᠢᠪᠠ᠃ ᠭᠤᠳᠠᠭᠠᠷ ᠲᠤ᠂ ᠠᠷᠭ᠎ᠠ ᠪᠢᠯᠢᠭ | ᠬᠤᠣᠰᠯᠠᠯᠳᠣᠬᠤ ᠨᠠᠷᠠᠨ ᠰᠠᠷᠠᠨ ᠤ ᠡᠭᠡᠯᠵᠢᠯᠡᠬᠦ ᠲᠦᠷᠢᠮ᠂ ᠴᠠᠭ᠂ ᠡᠳᠣᠷ᠂ ᠰᠠᠷ᠎ᠠ ᠶᠢᠨ ᠲᠤᠭ᠎ᠠ ᠬᠡᠮᠵᠢᠶ᠎ᠡ᠂ | ᠬᠠᠯᠠᠭᠤᠨ ᠬᠦᠢᠳᠡᠨ ᠬᠠᠷᠢᠯᠴᠠᠬᠤ ᠶᠣᠰᠣᠨ᠂ ᠲᠡᠭᠷᠢ ᠶᠢᠨ ᠦᠩᠭᠡ᠂ ᠭᠠᠵᠠᠷ ᠤᠨ ᠵᠦᠢ᠂ ᠴᠢᠭᠢᠭ ᠰᠠᠯᠬᠢ ᠪᠣᠷᠣᠭᠠᠨ | ᠬᠠᠭᠰᠠᠷᠠᠭᠠᠨ ᠪᠣᠯᠬᠤ ᠭᠠᠯᠪᠠ ᠶᠢᠨ ᠲᠤᠭ᠎ᠠ ᠬᠡᠮᠵᠢᠶᠡᠨ ᠤ ᠰᠣᠷᠭᠠᠯ ᠬᠢᠬᠦ ︽ᠵᠢᠷᠣᠬᠠᠢ ᠳ᠋ᠦᠢᠩᠺᠦᠷ ᠷᠠᠰᠠᠩ︾ ᠢ | ᠪᠠᠷᠢᠵᠣ᠂ ᠲᠣᠳᠣᠷ᠎ᠠ ᠨᠢ ᠽᠣᠩᠺᠠᠪᠠ ᠪᠣᠷᠬᠠᠨ᠂ ᠳ᠋ᠦᠢᠩᠺᠦᠷ ᠪᠣᠷᠬᠠᠨ ᠢ ᠲᠠᠬᠢᠵᠣ ᠪᠠᠰᠠ ᠡᠯ᠎ᠡ ᠲᠦᠷᠦᠯ ᠤᠨ ᠵᠢᠷᠤᠭ | ᠪᠠ ᠨᠣᠮ ᠰᠣᠳᠣᠷ ᠢ ᠲᠠᠬᠢᠪᠠ᠃ ᠲᠦᠳᠦᠭᠡᠷ ᠲᠤ᠂ ᠮᠦᠩᠬᠡ ᠪᠣᠰᠣ ᠶᠢ ᠭᠤᠣᠯ ᠪᠣᠯᠭᠠᠵᠣ ᠬᠤᠭᠤᠰᠣᠨ ᠠᠴᠠ | ᠪᠦᠳᠦᠵᠣ ᠭᠠᠷᠬᠤ ᠮᠦᠨ ᠪᠣᠰᠣ ᠶᠢᠨ ᠰᠢᠯᠳᠠᠭᠠᠨ ᠢ ᠡᠭᠦᠰᠬᠦ ᠲᠡᠭᠦᠰᠭᠡᠯ ᠤᠨ ᠴᠢᠨᠠᠷ ᠶᠣᠰᠣᠨ ᠤ ᠣᠴᠢᠷ ᠢ | ᠨᠠᠷᠢᠪᠴᠢᠯᠠᠨ ᠲᠠᠶᠢᠯᠪᠣᠷᠢᠯᠠᠬᠤ᠂ ᠡᠬᠢ ᠦᠨᠳᠦᠰᠣᠨ ᠠᠴᠠ ᠵᠦᠢᠯ ᠵᠦᠢᠯ ᠢ ᠬᠢᠨᠠᠵᠣ ᠢᠯᠭᠠᠨ ᠲᠠᠶᠢᠯᠪᠣᠷᠢᠯᠠᠵᠣ | ᠪᠣᠯᠢᠶᠠᠯᠳᠣᠨ᠂ ᠦᠨᠡᠨ ᠢ ᠢᠯᠡᠷᠬᠡᠶᠢᠯᠡᠨ ᠬᠡᠯᠡᠬᠦ ᠶᠣᠰᠣᠨ ᠢ ᠰᠣᠷᠣᠯᠴᠠᠬᠤ ︽ᠴᠦᠢᠷᠸᠠ ᠷᠠᠰᠠᠩ︾ ᠲᠠᠢ | ᠵᠡᠷᠭᠡᠴᠡᠭᠦᠯᠣᠨ ᠪᠠᠷᠢᠪᠠ᠃ ᠲᠠᠪᠣᠳᠣᠭᠠᠷ ᠲᠤ ᠨᠢ᠂ ᠴᠣᠭᠴᠢᠨ ᠲᠣᠭᠠᠩ ᠢ ᠴᠦᠢᠷᠸᠠ ᠷᠠᠰᠠᠩ ᠤᠨ ᠵᠡᠭᠦᠨ ᠲᠠᠯ᠎ᠠ ᠳᠤ | ᠪᠠᠶᠢᠷᠢᠰᠢᠭᠤᠯᠪᠠ᠃ ᠲᠡᠭᠦᠨ ᠤ ᠡᠵᠡᠯᠡᠭᠰᠡᠨ ᠲᠠᠯᠠᠪᠠᠢ ᠨᠢ ᠬᠠᠮᠤᠭ ᠠᠴᠠ ᠶᠡᠭᠡ ᠪᠣᠯᠣᠨ᠎ᠠ᠃ ᠴᠣᠭᠴᠢᠨ ᠲᠣᠭᠠᠩ ᠨᠢ | ᠨᠠᠶᠠᠨ ᠨᠢᠭᠡᠨ ᠵᠠᠩ ᠲᠠᠰᠣᠯᠭ᠎ᠠ ᠭᠤᠷᠪᠠᠨ ᠲᠠᠪᠬᠤᠷ ᠠᠰᠠᠷ᠂ ᠣᠷᠣᠢ ᠶᠢᠨ ᠭᠠᠨᠵᠢᠷ᠎ᠡ ᠶᠢ ᠰᠢᠷ᠎ᠠ ᠠᠯᠳᠠ ᠪᠠᠷ | ᠴᠣᠭᠴᠠᠯᠠᠭᠰᠠᠨ ᠲᠣᠯᠠ ᠬᠤᠯᠠ ᠶᠢᠨ ᠬᠤᠯᠠ ᠠᠴᠠ ᠭᠡᠷᠡᠯ ᠰᠠᠴᠣᠷᠠᠨ ᠰᠦᠷᠯᠢᠭ ᠰᠠᠶᠢᠬᠠᠨ ᠬᠠᠷᠠᠭᠳᠠᠳᠠᠭ᠃ | ᠶᠡᠨᠳᠡᠷ ᠤᠨ ᠡᠭᠦᠳᠡᠨ ᠤ ᠪᠠᠷᠠᠭᠤᠨ ᠬᠠᠨ᠎ᠠ ᠳᠤ ᠨᠢ ᠡᠷᠯᠢᠭ ᠤᠨ ᠲᠠᠮᠣ ᠶᠢᠨ ᠬᠦᠷᠦᠭ ᠵᠢᠷᠤᠭ ᠲᠠᠢ᠃ ᠣᠷᠳᠣᠨ ᠳᠤ ᠨᠢ | ᠭᠤᠷᠪᠠᠨ ᠴᠠᠭ ᠤᠨ ᠪᠣᠷᠬᠠᠨ ᠠᠮᠣᠷ ᠪᠣᠷᠬᠠᠨ᠂ ᠱᠠᠭᠵᠠᠮᠤᠨᠢ ᠪᠣᠷᠬᠠᠨ᠂ ᠮᠠᠶᠢᠳᠠᠷᠢ ᠪᠣᠷᠬᠠᠨ ᠤ ᠡᠮᠣᠨ᠎ᠡ ᠨᠢ ᠨᠠᠢᠮᠠᠨ | ᠲᠣᠮᠣ ᠨᠣᠭᠤᠭᠠᠨ ᠳ᠋ᠠᠷ᠎ᠠ᠂ ᠠᠷᠣ ᠳᠤ ᠨᠢ ᠠᠷᠪᠠᠨ ᠨᠠᠶᠢᠮᠠᠨ ᠠᠭᠤᠶᠢᠳᠣ ᠰᠢᠳᠣᠭᠡᠨ ᠢ ᠲᠠᠬᠢᠪᠠ᠃ ᠶᠡᠭᠡ ᠣᠷᠳᠣᠨ ᠤ | ᠬᠠᠨ᠎ᠠ ᠶᠢ ᠲᠠᠭᠠᠭᠠᠳ ᠬᠦᠩᠭᠠᠷᠠᠪᠠ ᠳᠤ ᠮᠢᠩᠭᠠᠨ ᠮᠤᠳᠤᠷᠳᠤ ᠨᠣᠭᠤᠭᠠᠨ ᠳ᠋ᠠᠷ᠎ᠠ ᠶᠢ ᠲᠠᠬᠢᠪᠠ᠃ ᠬᠤᠶᠠᠳᠣᠭᠠᠷ | ᠠᠰᠠᠷ ᠢ ᠵᠠᠮᠪᠠᠯ᠂ ᠰᠦᠯᠳᠡ ᠵᠢᠴᠢ ᠨᠣᠮ ᠰᠣᠳᠣᠷ ᠢᠶᠠᠷ ᠲᠦᠭᠦᠷᠭᠡᠵᠣ ᠪᠠᠶᠢᠪᠠ᠃ ᠭᠤᠷᠪᠠᠳᠣᠭᠠᠷ ᠠᠰᠠᠷ ᠲᠤ ᠮᠢᠩᠭᠠᠨ | ᠮᠣᠳᠣᠷᠳᠣ ᠮᠢᠩᠭᠠᠨ ᠨᠢᠳᠣᠳᠣ ᠳ᠋ᠠᠷ᠎ᠠ᠂ ᠴᠠᠭᠠᠨ ᠠᠯᠳᠠᠨ ᠳ᠋ᠠᠷ᠎ᠠ᠂ ᠸᠧᠨ ᠱᠥ ᠵᠢᠴᠢ ᠠᠯᠳᠠᠨ ᠭᠠᠨᠵᠤᠤᠷ ᠵᠡᠷᠭᠡ | ᠬᠤᠪᠣᠷ ᠴᠣᠬᠠᠭ ᠨᠣᠮ ᠰᠣᠳᠣᠷ᠂ ᠠᠯᠳᠠᠨ ᠴᠦᠬᠦᠴᠡ᠂ ᠮᠦᠩᠭᠦᠨ ᠬᠦᠵᠢ ᠶᠢᠨ ᠲᠠᠯᠪᠢᠭᠤᠷ᠂ ᠲᠠᠬᠢᠯ ᠤᠨ ᠰᠠᠪᠠ | ᠬᠡᠷᠡᠭᠰᠡᠯ ᠪᠦᠷᠢᠨ ᠲᠠᠭᠦᠰ ᠪᠠᠶᠢᠪᠠ᠃ ᠲᠦᠷᠪᠡᠨ ᠲᠠᠯ᠎ᠠ ᠶᠢᠨ ᠬᠠᠨ᠎ᠠ ᠨᠢ ᠳᠣᠩ ᠴᠠᠭᠠᠨ ᠮᠦᠷᠳᠡᠭᠡᠨ ᠣᠯᠠᠭᠠᠨ | ᠦᠩᠭᠡ ᠪᠠᠷ ᠡᠮᠵᠢᠶᠡᠷᠢᠯᠡᠨ ᠬᠦᠪᠡᠭᠡᠯᠡᠭᠰᠡᠨ ᠪᠠᠶᠢᠪᠠ᠃ ᠲᠣᠯᠭᠠᠭᠤᠷᠢ ᠨᠢ ᠪᠦᠷ ᠴᠢᠯᠠᠭᠤ ᠪᠠᠷ ᠣᠷᠠᠯᠠᠨ ᠰᠡᠶᠢᠯᠦᠭᠰᠡᠨ | ᠪᠠᠶᠢᠵᠣ᠂ ᠶᠡᠨᠳᠡᠷ ᠢ ᠨᠢ ᠴᠦᠮ ᠲᠣᠮᠣ ᠬᠡᠰᠡᠭᠳᠣ ᠴᠢᠯᠠᠭᠤ ᠪᠠᠷ ᠵᠡᠷᠭᠡᠯᠡᠨ ᠲᠡᠪᠢᠰᠴᠣ᠂ ᠴᠣᠭᠴᠢᠨ ᠲᠤᠭᠠᠩ ᠤᠨ ᠲᠣᠮᠣ | ᠬᠦᠷᠢᠶ᠎ᠡ ᠶᠢᠨ ᠲᠠᠯᠠᠪᠠᠢ ᠶᠢ ᠬᠦᠬᠡ ᠲᠣᠭᠤᠰᠬ᠎ᠠ ᠪᠠᠷ ᠲᠡᠪᠢᠰᠦᠭᠰᠡᠨ ᠪᠠᠶᠢᠪᠠ᠃ ᠬᠦᠷᠢᠶᠡᠨ ᠡᠭᠦᠳᠡᠨ ᠤ ᠠᠰᠠᠷ ᠲᠤ | ᠲᠦᠷᠪᠡᠨ ᠶᠡᠭᠡ ᠮᠠᠬᠠᠷᠠᠨᠽᠠ ︵ᠬᠦ᠋ ᠭᠦᠸᠧ᠂ ᠵᠧᠩ ᠵᠢᠩ᠂ ᠭᠤᠸᠠᠩ ᠮᠥ᠂ ᠳ᠋ᠦᠸᠧ ᠸᠧᠨ︶ ᠶᠢᠨ ᠱᠣᠭᠤᠮᠠᠯ ᠢ | ᠵᠢᠭᠳᠡᠢ ᠠᠮᠢᠳᠠᠨ ᠤᠨᠤᠵᠤ᠂ ᠭᠠᠷ ᠲᠠᠭᠠᠨ ᠰᠢᠬᠦᠷ᠂ ᠬᠦᠭᠵᠢᠮ᠂ ᠰᠡᠯᠡᠮ᠎ᠡ ᠠᠳᠬᠤᠵᠣ ᠪᠠᠶᠢᠬᠤ ᠪᠠᠷ ᠪᠣᠰᠬᠠᠪᠠ᠃ | ᠡᠭᠦᠳᠡᠨ ᠤ ᠬᠤᠶᠠᠷ ᠲᠠᠯ᠎ᠠ ᠳᠤ ᠨᠢ ᠬᠡᠩᠭᠡᠷᠭᠡᠨ ᠤ ᠠᠰᠠᠷ ︵ᠣᠷᠣᠢ ᠣᠨᠳᠠᠬᠤ ᠳᠤ ᠵᠦᠩ ᠴᠣᠬᠢᠵᠣ᠂ ᠡᠷᠳᠡ | ᠪᠣᠰᠬᠤ ᠳᠤ ᠭᠦᠯᠣ ᠲᠡᠯᠡᠳᠬᠦ︶ ᠪᠠᠶᠢᠵᠤ᠂ ᠡᠭᠦᠳᠡᠨ ᠤ ᠭᠠᠳᠠᠨ᠎ᠠ ᠨᠢ ᠬᠤᠶᠠᠷ ᠲᠣᠮᠣ ᠴᠢᠯᠠᠭᠤᠨ ᠠᠷᠰᠯᠠᠨ ᠢ ᠬᠤᠶᠠᠷ | ᠭᠠᠷᠯᠠᠨ ᠵᠣᠭᠰᠣᠭᠠᠪᠠ᠃ ᠡᠭᠦᠳᠡᠨ ᠠᠴᠠ ᠪᠠᠭ᠋ᠠᠨ ᠵᠠᠶᠢᠳᠠᠢ ᠰᠢᠬ ᠬᠤᠶᠠᠷ ᠴᠢᠯᠠᠭᠤ ᠪᠤᠰᠬᠠᠬᠰᠠᠨ ᠪᠠᠶᠢᠪᠠ᠃ | ᠰᠦᠮ᠎ᠡ ᠶᠢᠨ ᠣᠷᠳᠣ ᠬᠠᠷᠰᠢ ᠪᠦᠬᠦᠨ ᠳᠤ ᠤᠳᠠᠢ᠂ ᠪᠡᠭᠡᠵᠢᠩ᠂ ᠲᠦᠪᠡᠳ᠂ ᠬᠦᠬᠡᠨᠠᠭᠤᠷ ᠠᠴᠠ ᠲᠡᠮᠡᠭᠡᠨ | ᠠᠴᠢᠶ᠎ᠠ ᠪᠠᠷ ᠠᠪᠴᠣ ᠢᠷᠡᠭᠰᠡᠨ ᠲᠣᠮᠣ ᠪᠣᠷᠬᠠᠨ ᠤ ᠬᠦᠷᠦᠭ ᠪᠠ ᠣᠪᠣᠭ᠎ᠠ ᠤᠯᠠᠨ ᠨᠣᠮ ᠰᠣᠳᠣᠷ ᠢ ᠡᠯ᠎ᠡ ᠵᠦᠢᠯ ᠤᠨ | ᠬᠠᠳᠬᠤᠮᠠᠯ ᠰᠡᠶᠢᠯᠣᠮᠠᠯ ᠵᠡᠷᠭᠡ ᠬᠤᠪᠣᠷ ᠴᠣᠬᠠᠭ ᠡᠳ᠋ ᠪᠣᠶᠣ ᠲᠣᠷᠭ᠎ᠠ ᠲᠣᠷᠳᠣᠩ ᠢᠶᠠᠷ ᠪᠠᠭᠯᠠᠨ ᠲᠠᠬᠢᠪᠠ᠃ | ᠲᠡᠳᠡᠭᠡᠷ ᠨᠢ ᠴᠦᠮ ᠲᠡᠷᠡ ᠬᠢᠷᠢ ᠪᠠᠷ ᠢᠶᠠᠨ ᠭᠠᠶᠢᠬᠠᠮᠰᠢᠭᠳᠣ ᠣᠷᠠᠯᠢᠭ ᠤᠨ ᠡᠳ᠋ ᠪᠣᠯᠠᠢ᠃ ᠪᠣᠷᠬᠠᠨ ᠤ ᠬᠡᠳᠣᠨ | ᠲᠠᠯ᠎ᠠ ᠪᠠᠷ ᠡᠯᠭᠦᠭᠰᠡᠨ ᠪᠣᠷᠬᠠᠨ ᠤ ᠬᠦᠷᠦᠭ ᠤᠨ ᠡᠯᠭᠦᠮᠡᠯ ᠨᠦᠭᠦᠳ ᠨᠢ ᠪᠦᠷ ᠠᠯᠳᠠ ᠪᠠᠷ ᠬᠦᠪᠡᠭᠡᠯᠡᠭᠰᠡᠨ ᠲᠣᠷᠭ᠎ᠠ | ᠲᠣᠷᠳᠣᠩ ᠤᠨ ᠵᠦᠢᠯᠡᠰ ᠪᠣᠯᠬᠤᠷ ᠨᠢᠳᠣ ᠭᠢᠯᠠᠰᠣᠮ᠎ᠠ ᠭᠤᠶᠣ ᠪᠠᠶᠢᠳᠠᠭ᠃ | ᠴᠣᠭᠴᠢᠨ ᠲᠣᠭᠠᠩ ᠤᠨ ᠵᠡᠭᠦᠨ ᠬᠤᠶᠢᠳᠣ ᠲᠠᠯ᠎ᠠ ᠳᠤ ᠨᠢ ᠡᠯ᠎ᠡ ᠷᠠᠰᠠᠩ ᠤᠨ ᠰᠠᠩ᠂ ᠭᠡᠭᠡᠨ ᠤ ᠣᠷᠳᠣ᠂ | ᠴᠦᠢᠵᠢᠩ ᠤᠨ ᠬᠤᠶᠠᠷ ᠰᠦᠮ᠎ᠡ᠂ ᠯᠣᠣᠰ ᠤᠨ ᠰᠦᠮ᠎ᠡ ᠨᠦᠭᠦᠳ ᠵᠢᠭᠳᠡᠷᠡᠨ ᠪᠠᠶᠢᠷᠢᠰᠢᠵᠣ ᠪᠠᠶᠢᠪᠠ᠃ ᠡᠮᠣᠨ᠎ᠡ | ᠲᠠᠯ᠎ᠠ ᠳᠤ ᠨᠢ ᠴᠢᠯᠠᠭᠤᠨ ᠰᠣᠪᠣᠷᠭ᠎ᠠ ᠲᠠᠢ᠂ ᠡᠷᠢᠶᠡᠨ ᠦᠨᠳᠦᠷ ᠤᠨ ᠬᠤᠷᠮᠣᠢ ᠳᠤ ᠯᠠᠮᠠ ᠬᠤᠸᠠᠷᠠᠭ ᠤᠳ ᠤᠨ | ᠱᠠᠷᠢᠯ ᠤᠨ ᠬᠦᠷᠢᠶᠡᠯᠡᠩ ᠪᠠᠶᠢᠪᠠ᠃ ᠰᠢᠨᠡᠯᠠᠮ᠎ᠠ ᠶᠢ ᠣᠷᠣᠰᠢᠭᠤᠯᠣᠭᠰᠠᠨ ᠲᠣᠮᠣ ᠴᠢᠯᠠᠭᠤᠨ ᠰᠣᠪᠣᠷᠭ᠎ᠠ ᠴᠥ ᠲᠡᠨᠳᠡ | ᠪᠠᠶᠢᠭᠰᠠᠨ ᠪᠢᠯᠡ᠃ ᠪᠣᠰᠣᠳ ᠤᠨ ᠬᠢᠨᠢ ᠴᠢᠨᠳᠠᠷ ᠢ ᠵᠡᠷᠭᠡ ᠲᠡᠰ ᠤᠨ ᠶᠡᠭᠡ ᠪᠠᠭ᠎ᠠ ᠶᠢ ᠦᠨᠳᠣᠰᠣᠯᠡᠨ ᠶᠡᠭᠡ ᠪᠠᠭ᠎ᠠ ᠨᠢ | ᠠᠳᠠᠯᠢ ᠦᠭᠡᠢ ᠴᠠᠭᠠᠨ ᠰᠣᠪᠣᠷᠭᠠᠨ ᠳᠤ ᠲᠠᠯᠪᠢᠳᠠᠭ᠃ ᠡ᠊ᠨᠳᠡ ᠮᠦᠨ ᠰᠦᠮ᠎ᠡ ᠶᠢᠨ ᠨᠢᠰᠴᠢᠨ ᠨᠠᠷ ᠡᠷᠳᠡ | ᠣᠷᠣᠢ ᠶᠢᠨ ᠴᠢᠯᠦᠭᠡ ᠪᠠᠷ ᠪᠦᠷᠢᠶ᠎ᠡ ᠪᠢᠰᠭᠢᠭᠦᠷ ᠪᠣᠯᠪᠠᠰᠣᠷᠠᠳᠠᠭ ᠭᠠᠵᠠᠷ ᠪᠠᠶᠢᠵᠠᠢ᠃ | ᠪᠠᠶᠠᠨ ᠮᠣᠷᠣᠢ ᠶᠢᠨ ᠰᠦᠮ᠎ᠡ ᠶᠢ ᠲᠡᠭᠷᠢ ᠲᠡᠳᠭᠦᠭᠴᠢ ᠶᠢᠨ ᠲᠠᠪᠢᠨ ᠣᠨ ︵1785︶ ᠠᠴᠠ ᠰᠠᠶᠢᠰᠢᠶᠠᠯ | ᠢᠷᠦᠭᠡᠯᠳᠣ ᠶᠢᠨ ᠠᠷᠪᠠᠨ ᠨᠢᠭᠡᠨ ᠣᠨ ︵1806︶ ᠤ ᠬᠤᠭᠤᠷᠣᠨᠳᠣ ᠪᠠᠶᠢᠭᠤᠯᠵᠤ ᠲᠠᠭᠤᠰᠬᠠᠪᠠ᠃ ᠶᠠᠭ | ᠦᠨᠡᠨ ᠳᠤ ᠪᠠᠨ ᠭᠤᠣᠯ ᠪᠠᠷᠢᠯᠭ᠎ᠠ ᠨᠢ ᠲᠠᠭᠤᠰᠣᠭᠰᠠᠨ ᠪᠣᠯᠪᠠᠴᠣ ᠲᠠᠭᠠᠯᠳᠣᠭᠰᠠᠨ ᠪᠠᠷᠢᠯᠭ᠎ᠠ ᠨᠢ ᠪᠠᠰᠠ | ᠦᠷᠭᠦᠯᠵᠢᠯᠡᠭᠰᠡᠭᠡᠷ ᠪᠠᠶᠢᠪᠠ᠃ ᠰᠠᠶᠢᠰᠢᠶᠠᠯ ᠢᠷᠦᠭᠡᠯᠳᠣ ᠶᠢᠨ ᠬᠤᠷᠢᠨ ᠲᠠᠪᠣᠨ ᠣᠨ ︵1820︶ ᠳᠤ ᠴᠢᠩ ᠤᠨ | ᠦᠨᠳᠦᠰᠦᠳᠡᠨ ᠤ ᠬᠡᠷᠡᠭ ᠡᠷᠬᠢᠯᠡᠬᠦ ᠶᠠᠮᠣᠨ ᠠᠴᠠ ᠲᠦᠷᠪᠡᠨ ᠬᠡᠯᠡ ᠶᠢᠨ ᠪᠢᠴᠢᠭᠡᠰᠦᠳᠡᠢ ︽ᠡᠩᠭᠡᠵᠢᠬᠦᠯᠦᠨ | ᠬᠤᠷᠢᠶᠠᠭᠴᠢ ᠬᠡᠶᠢᠳ︾ ᠬᠡᠮᠡᠬᠦ ᠠᠯᠳᠠᠨ ᠦᠰᠦᠭᠳᠣ ᠫᠠᠶᠢᠰᠠ ᠦᠭᠭᠦᠭᠰᠡᠨ ᠢ ᠴᠣᠭᠴᠢᠨ ᠲᠣᠭᠠᠩ ᠤᠨ ᠡᠭᠦᠳᠡᠨ ᠤ | ᠲᠡᠬᠡᠷ᠎ᠠ ᠡᠯᠭᠦᠪᠡ᠃ ᠲᠡᠷᠡ ᠡᠳᠣᠷ ᠲᠤ ᠨᠢ ᠮᠠᠰᠢ ᠶᠡᠭᠡ ᠪᠠᠶᠠᠷ ᠪᠣᠯᠵᠣ ᠬᠤᠰᠢᠭᠤᠨ ᠤ ᠸᠠᠩ ᠭᠦᠩ ᠵᠢᠴᠢ ᠯᠠᠮᠠ | ᠬᠤᠸᠠᠷᠠᠭ ᠨᠠᠷ ᠪᠦᠷ ᠡ᠊ᠨᠳᠡ ᠬᠤᠷᠠᠨ ᠴᠣᠭᠯᠠᠷᠠᠵᠠᠭᠠᠭᠠᠳ ᠦᠯᠵᠡᠢ ᠬᠤᠳᠣᠭᠳᠣ ᠨᠣᠮ ᠢ ᠣᠩᠰᠢᠭᠤᠯᠵᠣ ᠪᠢᠯᠡ᠃ | ᠡᠭᠦᠨ ᠳᠤ ᠵᠣᠷᠢᠭᠳᠣ ᠸᠠᠩ ᠠᠴᠠ ᠦᠪᠡᠷ ᠤᠨ ᠵᠠᠭᠤᠨ ᠡᠷᠦᠬᠡ ᠬᠠᠷᠢᠶᠠᠳᠣ ᠠᠷᠠᠳ ᠢᠶᠠᠨ ᠰᠦᠮ᠎ᠡ ᠶᠢᠨ ᠠᠯᠪᠠᠳᠣ | ᠪᠣᠯᠭᠠᠨ ᠦᠭᠪᠠ᠃ ᠮᠦᠨ ᠵᠢᠯ ᠤᠨ ᠨᠠᠢᠮᠠᠨ ᠰᠠᠷ᠎ᠠ ᠶᠢᠨ ᠠᠷᠪᠠᠨ ᠲᠠᠪᠣᠨᠠ ᠪᠣᠷᠬᠠᠨ ᠤ ᠭᠡᠷᠡᠯ ᠭᠡᠷᠡᠯᠳᠦᠭᠦᠯᠬᠦ ᠪᠠ | ᠡᠷᠢᠶᠡᠨ ᠦᠨᠳᠦᠷ ᠲᠤ ᠬᠠᠷ᠎ᠠ ᠴᠠᠭᠠᠨ ᠣᠪᠣᠭ᠎ᠠ ᠪᠣᠰᠬᠠᠭᠰᠠᠨ ᠳᠤ᠂ ᠯᠾᠠᠷᠡᠮᠪᠡ ᠭᠡᠭᠡᠨ ᠨᠣᠮ ᠲᠠᠯᠪᠢᠨ ᠦᠪᠡᠳᠡᠭᠰᠢ | ᠶᠡᠭᠡ ᠨᠣᠮ ᠤᠨ ᠬᠤᠷᠠᠯ ᠪᠠ ᠨᠠᠶᠢᠷ ᠨᠠᠭᠠᠳᠣᠮ ᠪᠣᠯᠵᠣ ᠪᠢᠯᠡ᠃ ᠪᠠᠶᠠᠨ ᠮᠤᠷᠤᠢ ᠶᠢᠨ ᠰᠦᠮ᠎ᠠ ᠶᠢᠨ ᠲᠣᠬᠠᠢ ᠶᠢᠨ | ᠦᠶ᠎ᠡ ᠶᠢᠨ ᠪᠠᠶᠢᠳᠠᠯ ᠢ ᠲᠤᠰ ᠰᠦᠮ᠎ᠠ ᠳᠤ ᠯᠠᠮᠠ ᠪᠠᠶᠢᠬᠰᠡᠨ ᠭᠸᠧᠠᠨᠵᠠᠮᠰᠦ ᠪᠠᠳᠮ᠎ᠠ ᠬᠤᠶᠠᠷ ᠨᠠᠰᠤᠲᠡᠨ ᠠᠴᠠ ︽ | ᠬᠤᠯᠠ ᠣᠶᠢᠷ᠎ᠠ ᠶᠢᠨ ᠮᠦᠷᠭᠦᠯᠴᠢᠳ ᠬᠤᠷᠠᠨ ᠴᠣᠭᠯᠠᠷᠠᠭᠠᠳ ᠰᠦᠮ᠎ᠡ ᠶᠢᠨ ᠬᠤᠶᠠᠷ ᠲᠠᠯ᠎ᠠ ᠪᠠᠷ ᠮᠣᠩᠭᠤᠯ ᠭᠡᠷ | ᠮᠠᠶᠢᠬᠠᠨ ᠢᠶᠠᠷ ᠲᠦᠭᠦᠷᠴᠣ᠂ ᠲᠠᠪᠣᠨ ᠭᠠᠵᠠᠷ ᠣᠷᠳᠣ ᠵᠡᠭᠡᠯᠢ ᠪᠣᠯᠣᠨ ᠰᠣᠨᠣᠯᠵᠠᠨ ᠦᠷᠭᠦᠯᠵᠢᠯᠡᠭᠡᠳ᠂ ᠡᠷᠭᠦᠯᠴᠢᠨ | ᠮᠦᠷᠭᠦᠯᠴᠢᠳ ᠵᠡᠭᠡᠯᠢ ᠭᠤᠳᠣᠮᠵᠢ ᠪᠠᠷ ᠢᠪᠡᠷᠡᠯᠳᠣᠨ ᠰᠢᠬᠠᠯᠳᠣᠵᠣ ᠣᠷᠳᠣ ᠡᠩᠨᠡᠭᠡ ᠪᠣᠯᠵᠣ ᠪᠠᠶᠢᠯ᠎ᠠ᠃ ᠡᠭᠦᠨ ᠠᠴᠠ | ᠪᠠᠶᠠᠨ ᠮᠣᠷᠣᠢ ᠶᠢᠨ ᠰᠦᠮ᠎ᠡ ᠶᠢᠨ ᠬᠦᠵᠢ ᠵᠣᠯᠠ ᠬᠦᠭᠵᠢᠨ᠂ ᠯᠠᠮᠠ ᠬᠤᠸᠠᠷᠠᠭ ᠨᠢ ᠣᠯᠠᠰᠢᠷᠠᠭᠠᠳ ᠬᠤᠶᠠᠷ ᠮᠢᠩᠭᠠᠨ | ᠲᠤᠭ᠎ᠠ ᠳᠤ ᠬᠦᠷᠪᠡ ᠭᠡᠨ᠎ᠡ︾ ᠭᠡᠵᠣ ᠣᠣᠯ ᠤᠨ ᠪᠠᠶᠠᠨ ᠮᠣᠷᠣᠢ ᠶᠢᠨ ᠰᠦᠮ᠎ᠡ ᠶᠢᠨ ᠭᠡᠭᠡᠨ ᠤ ᠲᠡᠮᠡᠭᠡᠴᠢᠨ ᠤ ᠣᠮᠪᠣᠯᠣ | ᠬᠦᠪᠡᠭᠦᠨ ᠬᠠᠷᠠᠨᠣᠳ ᠮᠤᠤᠨᠤᠬᠠᠢ ᠶᠠᠷᠢᠵᠤ ᠪᠢᠯᠡ᠃ ᠮᠣᠷᠣᠢ ᠶᠢᠨ ᠰᠦᠮ᠎ᠡ ᠨᠢ ᠦᠪᠦᠷ ᠮᠣᠩᠭᠤᠯ ᠤᠨ ᠵᠡᠭᠦᠨ | ᠣᠷᠣᠨ ᠳᠤ ᠯᠾᠠᠰᠠ᠂ ᠯᠠᠪᠷᠤᠩ᠂ ᠤᠳᠠᠢ ᠯᠤᠭ᠎ᠠ ᠮᠦᠷ ᠵᠡᠷᠭᠡᠴᠡᠭᠰᠡᠨ ᠪᠣᠷᠬᠠᠨ ᠱᠠᠰᠢᠨ ᠤ ᠬᠤᠪᠢᠯᠭᠠᠨ ᠣᠷᠣᠨ | ᠪᠣᠯᠵᠣ ᠠᠯᠳᠠᠷᠰᠢᠪᠠ᠃ ᠬᠤᠷᠴᠢᠨ ᠠᠶᠢᠮᠠᠭ ᠨᠢ ᠦᠪᠦᠷ ᠬᠤᠷᠢᠨ ᠲᠦᠷᠪᠡᠨ ᠠᠶᠢᠮᠠᠭ ᠤᠨ ᠲᠤᠲᠦᠷᠠ ᠬᠠᠮᠤᠭ | ᠲᠦᠷᠦᠭᠦᠨᠡ ᠴᠢᠩ ᠢ ᠲᠦᠰᠢᠭᠰᠡᠨ ᠲᠣᠯᠠ ᠨᠣᠳᠤᠭ ᠲᠡᠪᠢᠰᠬᠡᠷ ᠨᠢ ᠴᠠᠩ ᠪᠠᠢ ᠱᠠᠨ ᠠᠭᠤᠯᠠ᠂ ᠬᠠᠷᠠᠮᠦ᠋ᠷᠡᠨ ᠠᠴᠠ | ᠣᠷᠳᠣ ᠴᠠᠭᠠᠨ ᠬᠡᠷᠡᠮ ᠬᠦᠷᠴᠣ᠂ ᠦᠩᠭᠡ ᠦᠵᠡᠮᠵᠢᠳᠣ ᠠᠭᠤᠯᠠ ᠣᠰᠣ ᠦᠷᠭᠡᠨ ᠠᠭᠤᠳᠠᠮ ᠲᠠᠯ᠎ᠠ ᠴᠠᠶᠢᠳᠠᠮ ᠲᠠᠢ | ᠦᠨᠢᠷ ᠪᠠᠶᠠᠯᠢᠭ ᠨᠣᠳᠤᠭ ᠣᠷᠣᠨ ᠪᠠᠶᠢᠭᠰᠠᠨ᠃ ᠡᠨᠡ ᠬᠦ ᠰᠠᠶᠢᠬᠠᠨ ᠨᠣᠳᠤᠭ ᠲᠡᠪᠢᠰᠭᠡᠷ ᠲᠡᠭᠡᠷ᠎ᠡ | ᠪᠠᠶᠢᠭᠤᠯᠣᠭᠳᠠᠭᠰᠠᠨ ᠪᠠᠶᠠᠨ ᠮᠣᠷᠣᠢ ᠶᠢᠨ ᠰᠦᠮ᠎ᠡ ᠨᠢ ᠦᠨᠡᠨ ᠬᠦ ᠨᠡᠷ᠎ᠡ ᠨᠢᠳᠡᠷ ᠲᠤ ᠪᠠᠨ ᠲᠡᠩᠴᠡᠭᠰᠡᠨ ᠪᠦᠬᠦ | ᠲᠠᠯ᠎ᠠ ᠪᠠᠷ ᠪᠠᠶᠠᠨ ᠴᠢᠨᠡᠭᠡᠯᠢᠭ ᠰᠦᠮ᠎ᠡ ᠪᠣᠯᠵᠣ᠂ ᠵᠦᠪᠬᠡᠨ ᠯᠠᠮᠠ ᠬᠤᠸᠠᠷᠠᠭ ᠭᠡᠭᠡᠨ ᠬᠤᠪᠢᠯᠭᠠᠳ ᠢᠶᠠᠷ ᠢᠶᠠᠨ | ᠠᠯᠳᠠᠷᠰᠢᠭᠰᠠᠨ ᠲᠡᠳᠣᠢ ᠪᠢᠰᠢ᠂ ᠬᠠᠷᠢᠨ ᠭᠡᠷ ᠪᠠᠷᠢᠯᠭ᠎ᠠ ᠶᠢᠨ ᠶᠡᠬᠡᠮᠰᠥᠭ ᠰᠦᠷᠯᠢᠭ᠂ ᠣᠷᠠᠯᠢᠭ ᠤᠨ ᠨᠠᠷᠢᠯᠢᠭ | ᠬᠡᠬᠡᠮᠰᠥᠭ ᠢᠶᠠᠷ ᠢᠶᠠᠨ ᠴᠤ ᠠᠯᠳᠠᠷᠰᠢᠨ᠂ ᠲᠠᠶᠠᠩ ᠤᠨ ᠬᠦᠮᠦᠰ ᠢ ᠱᠠᠭᠰᠢᠭᠤᠯᠵᠣ ᠪᠠᠶᠢᠪᠠ᠃ ᠰᠦᠮ᠎ᠡ ᠶᠢᠨ ᠡᠯ᠎ᠡ | ᠰᠠᠩ ᠨᠢ ᠴᠦᠮ ᠬᠡᠳᠦᠨ ᠠᠷᠪᠠᠨ ᠬᠦᠮᠦᠨ ᠵᠠᠷᠣᠵᠣ᠂ ᠲᠠᠷᠢᠶᠠᠯᠠᠩ ᠮᠠᠯᠵᠢᠯ ᠢ ᠣᠶᠠᠯᠳᠣᠭᠤᠯᠣᠨ᠂ ᠦᠬᠡᠷ | ᠠᠳᠣᠭᠤᠨ ᠳᠤ ᠪᠠᠨ ᠴᠠᠭᠠᠵᠠᠨ ᠲᠠᠮᠠᠭ᠎ᠠ ᠲᠠᠢ ᠪᠠᠶᠢᠭᠰᠠᠨ ᠶᠣᠮ᠃ ᠠᠯᠳᠠ ᠮᠦᠩᠭᠦᠨ ᠶᠣᠸᠠᠮᠪᠣᠣ᠂ ᠵᠣᠭᠤᠰ ᠵᠤᠭ᠎ᠠ᠂ | ᠬᠠᠰ ᠲᠠᠨ᠎ᠠ ᠮᠡᠳᠣ ᠶᠢᠨ ᠬᠤᠪᠣᠷ ᠴᠣᠬᠠᠭ ᠡᠳ᠋ ᠡᠷᠳᠡᠨᠢᠰ ᠬᠢᠭᠡᠳ ᠬᠡᠪᠢᠰ ᠲᠣᠷᠭ᠎ᠠ᠂ ᠬᠡᠰᠡᠭ ᠲᠠᠢ ᠪᠦᠰ ᠰᠠᠩ | ᠬᠦᠮᠦᠷᠭᠡ ᠲᠦᠭᠦᠷᠴᠣ᠂ ᠰᠦᠮ᠎ᠡ ᠶᠢᠨ ᠬᠦᠷᠢᠶ᠎ᠡ ᠭᠤᠷᠢᠶ᠎ᠠ ᠵᠡᠭᠦᠨᠰᠢ ᠪᠠᠷᠠᠭᠤᠨᠰᠢ ᠡᠮᠣᠨᠡᠰᠢ ᠣᠮᠠᠷᠠᠰᠢ ᠨᠠᠢᠮᠠᠨ ᠭᠠᠵᠠᠷ ᠢ | ᠬᠡᠳᠣᠷᠡᠵᠦ᠂ ᠨᠠᠢᠮᠠᠨ ᠶᠡᠭᠡ ᠵᠡᠭᠡᠯᠢ ᠵᠢᠷᠭᠤᠭᠠᠨ ᠵᠣᠷᠪᠣᠰ ᠭᠤᠳᠣᠮᠵᠢ ᠲᠠᠢ ᠪᠣᠯᠣᠨ ᠬᠦᠭᠵᠢᠵᠣ᠂ ᠠᠷᠣ ᠲᠦᠷᠪᠡᠨ | ᠵᠡᠭᠡᠯᠢ ᠳᠤ ᠨᠢ ᠯᠠᠮᠠ ᠬᠤᠸᠠᠷᠠᠭ ᠤᠨ ᠪᠠᠶᠢᠷᠢ ᠰᠠᠭᠤᠴᠠ ᠲᠠᠢ᠂ ᠡᠮᠦᠨ᠎ᠡ ᠲᠦᠷᠪᠡᠨ ᠵᠡᠭᠡᠯᠢ ᠳᠤ ᠨᠢ ᠲᠠᠪᠣᠨ | ᠷᠠᠰᠠᠩ ᠤᠨ ᠶᠡᠭᠡ ᠣᠷᠳᠣᠨ ᠪᠠ ᠡᠯ᠎ᠡ ᠷᠠᠰᠠᠩ ᠤᠨ ᠰᠠᠩ ᠤᠨ ᠭᠡᠷ ᠪᠠᠷᠢᠯᠭ᠎ᠠ ᠤᠳ ᠡᠮᠬᠢ ᠵᠠᠮᠪᠠᠷᠠᠭ᠎ᠠ ᠲᠠᠢ ᠵᠢᠭᠳᠡᠷᠡᠨ | ᠰᠠᠭᠤᠷᠢᠰᠢᠭᠰᠠᠨ ᠪᠠᠶᠢᠵᠠᠢ᠃ | ᠪᠠᠶᠠᠨ ᠮᠣᠷᠣᠢ ᠶᠢᠨ ᠰᠦᠮ᠎ᠡ ᠨᠣᠮ ᠤᠨ ᠬᠤᠷᠠᠯ ᠪᠠ ᠰᠠᠬᠢᠯ ᠰᠨᠨᠸᠠᠷ ᠵᠡᠷᠭᠡ ᠲᠠᠯ᠎ᠠ ᠪᠠᠷ ᠮᠠᠰᠢ ᠴᠢᠩᠭ᠎ᠠ ᠶᠣᠮ | ᠰᠠᠨ᠃ ᠬᠠᠮᠢᠶᠠᠷᠣᠯᠳᠠ ᠶᠢᠨ ᠲᠠᠯ᠎ᠠ ᠪᠠᠷ ᠯᠾᠠᠰᠠ ᠶᠢᠨ ᠭᠤᠷᠪᠠᠨ ᠶᠡᠭᠡ ᠬᠡᠶᠢᠳ ᠢᠶᠠᠷ ᠲᠠᠭᠤᠷᠢᠶᠠᠯ ᠪᠣᠯᠭᠠᠵᠣ | ᠪᠠᠶᠢᠬᠰᠠᠨ ᠠᠴᠠ ᠬᠡᠳᠣᠨ ᠠᠷᠪᠠ ᠪᠣᠶᠣ ᠬᠡᠳᠣᠨ ᠵᠠᠭᠤᠨ ᠯᠠᠮᠠ ᠬᠤᠸᠠᠷᠠᠭ ᠲᠠᠢ ᠬᠦᠷᠢᠶ᠎ᠡ ᠬᠡᠪᠴᠢᠶ᠎ᠡ ᠪᠠᠭᠠᠬᠠᠨ ᠬᠡᠶᠢᠳ | ᠰᠦᠮ᠎ᠡ ᠲᠡᠭᠦᠨ ᠲᠠᠢ ᠠᠳᠠᠯᠢᠳᠬᠠᠬᠤ ᠶᠢᠨ ᠠᠷᠭ᠎ᠠ ᠦᠭᠡᠢ᠃ ᠬᠡᠨ ᠬᠦᠮᠦᠨ ᠭᠡᠰᠡᠨ ᠦᠭᠡᠢ ᠰᠦᠮ᠎ᠡ ᠶᠢᠨ ᠲᠦᠷᠢᠮ | ᠰᠠᠬᠢᠯᠭ᠎ᠠ ᠶᠢ ᠦᠴᠦᠬᠡᠨ ᠲᠡᠳᠣᠢ ᠵᠦᠷᠢᠴᠡᠵᠣ ᠪᠣᠯᠬᠤ ᠦᠭᠡᠢ᠃ ᠯᠠᠮᠠ ᠬᠤᠸᠠᠷᠠᠭ ᠲᠠᠭᠠᠨ ᠬᠠᠶᠢᠷᠠᠲᠠᠢ᠂ ᠡᠳᠣᠷ | ᠲᠣᠳᠣᠮ ᠤᠨ ᠠᠮᠢᠳᠣᠷᠠᠯ ᠢ ᠨᠢ ᠴᠠᠭ ᠢᠮᠠᠭᠳᠠ ᠬᠠᠯᠠᠮᠵᠢᠯᠠᠨ ᠬᠠᠷᠠᠭᠠᠯᠵᠠᠵᠣ ᠪᠠᠶᠢᠭᠰᠠᠨ ᠨᠢ᠂ ᠰᠦᠮ᠎ᠡ ᠶᠢᠨ ᠬᠦᠭᠵᠢᠨ | ᠮᠠᠨᠳᠣᠬᠤ ᠶᠢᠨ ᠵᠠᠶᠢᠯᠠᠰᠢ ᠦᠭᠡᠢ ᠦᠨᠳᠣᠰᠣ ᠰᠣᠷᠪᠣᠯᠵᠢ ᠣᠷᠢᠳᠠᠯ ᠨᠦᠬᠦᠴᠡᠯ ᠪᠣᠯᠵᠣ ᠪᠠᠶᠢᠭᠰᠠᠨ ᠶᠣᠮ᠃ ᠡᠨᠡ ᠨᠢ | ᠮᠦᠨ ᠴᠥ ᠯᠾᠠᠷᠡᠮᠪᠠ ᠭᠡᠭᠡᠨ ᠤ ᠪᠣᠷᠬᠠᠨ ᠤ ᠣᠷᠣᠨ ᠲᠦᠪᠡᠳ ᠲᠤ ᠪᠠᠶᠢᠬᠤ ᠳᠤ ᠪᠠᠨ ᠰᠠᠶᠢᠨ ᠰᠣᠷᠴᠣ᠂ ᠨᠣᠮ | ᠰᠣᠳᠣᠷ ᠲᠤ ᠪᠠᠨ ᠴᠠᠭᠠᠷᠠᠵᠣ ᠨᠡᠪᠳᠡᠷᠡᠭᠰᠠᠨ ᠲᠡᠭᠡᠳᠣ ᠰᠣᠷᠠᠨᠠᠢ ᠶᠢᠨ ᠯᠠᠮᠠ ᠬᠤᠸᠠᠷᠠᠭ ᠪᠣᠯᠣᠭᠰᠠᠨ ᠪᠠ ᠲᠡᠭᠦᠨ ᠤ | ᠣᠶᠣᠨ ᠲᠠᠷᠢᠬᠢ ᠪᠠᠨ ᠰᠢᠪᠬᠠᠵᠣ ᠦᠪᠡᠷ ᠪᠡᠶ᠎ᠡ ᠪᠠᠨ ᠵᠦᠳᠡᠭᠡᠨ ᠴᠢᠷᠮᠠᠶᠢᠨ ᠬᠠᠮᠢᠶᠠᠷᠤᠭᠰᠠᠨ ᠲᠠᠢ ᠰᠢᠭᠤᠳ | ᠬᠤᠯᠪᠣᠭᠳᠠᠯ ᠲᠠᠢ ᠶᠣᠮ᠃ ᠰᠦᠮ᠎ᠡ ᠶᠢᠨ ᠲᠦᠷᠢᠮ ᠲᠣᠭᠳᠠᠭᠠᠯ ᠢᠶᠠᠨ ᠨᠠᠷᠢᠨ ᠲᠣᠳᠣᠷᠬᠠᠢ ᠲᠣᠭᠳᠠᠭᠠᠵᠣ᠂ ᠡᠳᠣᠷ | ᠲᠣᠳᠣᠮ ᠤᠨ ᠠᠮᠢᠳᠣᠷᠠᠯ ᠲᠣᠮᠳᠠ ᠪᠠᠨ ᠴᠢᠩᠭ᠎ᠠ ᠨᠢᠮᠪᠠᠢ ᠬᠡᠷᠡᠭᠵᠢᠭᠦᠯᠳᠡᠭ᠃ ᠨᠢᠭᠡ᠂ ᠠᠮᠢ ᠬᠤᠷᠣᠭᠠᠬᠤ ᠦᠭᠡᠢ︔ | ᠬᠤᠶᠠᠷ᠂ ᠬᠤᠯᠠᠭᠠᠶᠢᠯᠠᠨ ᠲᠡᠭᠡᠷᠡᠮᠳᠡᠬᠦ ᠦᠭᠡᠢ︔ ᠭᠤᠷᠪᠠ᠂ ᠬᠤᠳᠠᠯ ᠬᠠᠭᠤᠮᠠᠭᠠᠢ ᠶᠠᠪᠣᠬᠤ ᠦᠭᠡᠢ︔ ᠲᠦᠷᠪᠡ᠂ | ᠠᠷᠢᠬᠢ ᠲᠠᠷᠠᠰᠣ ᠡᠳ᠋ᠯᠡᠬᠦ ᠦᠭᠡᠢ︔ ᠲᠠᠪᠤ᠂ ᠲᠠᠮᠠᠬᠢ ᠲᠠᠳᠠᠬᠤ ᠦᠭᠡᠢ︔ ᠵᠢᠷᠭᠤᠭ᠎ᠠ᠂ ᠭᠡᠷᠭᠡᠢ ᠡᠬᠡᠨᠡᠷ ᠠᠪᠬᠤ ᠦᠭᠡᠢ | ︔ ᠲᠣᠯᠤᠭ᠎ᠠ᠂ ᠮᠠᠭᠤ ᠣᠴᠢᠷ ᠶᠠᠪᠣᠳᠠᠯ ᠦᠢᠯᠡᠳᠬᠦ ᠦᠭᠡᠢ︔ ᠨᠠᠢᠮᠠᠨ᠂ ᠲᠣᠣᠷᠠᠳᠣ ᠲᠡᠰ ᠤᠨ ᠨᠠᠵᠠᠭᠠᠢ ᠲᠣᠷ᠎ᠠ | ᠰᠣᠨᠢᠷᠬᠠᠯ ᠪᠠᠶᠢᠵᠣ ᠪᠣᠯᠬᠤ ᠦᠭᠡᠢ︔ ᠶᠢᠰᠣ᠂ ᠨᠠᠵᠠᠭᠠᠢ ᠵᠠᠮ ᠢᠶᠠᠷ ᠶᠠᠪᠣᠵᠣ ᠪᠣᠯᠬᠤ ᠦᠭᠡᠢ︔ ᠠᠷᠪᠠ᠂ | ᠪᠣᠰᠣᠳ ᠲᠤ ᠬᠤᠣᠷ ᠦᠢᠯᠡᠳᠬᠦ ᠦᠭᠡᠢ᠃ ᠬᠡᠨ ᠬᠦᠮᠦᠨ ᠰᠠᠬᠢᠯᠭ᠎ᠠ ᠲᠦᠷᠢᠮ ᠢ ᠵᠦᠷᠢᠴᠡᠪᠡᠯ ᠬᠦᠨᠳᠦ | ᠬᠦᠩᠬᠡᠨ ᠢ ᠨᠢ ᠦᠵᠡᠵᠣ ᠪᠠᠶᠢᠭᠠᠳ ᠶᠠᠯᠠᠳᠠᠨ ᠰᠢᠢᠳᠭᠡᠨ᠎ᠡ᠃ ᠬᠦᠩᠬᠡᠨ ᠢ ᠨᠢ ᠵᠠᠨᠴᠢᠬᠤ᠂ ᠬᠠᠷ᠎ᠠ ᠠᠵᠢᠯ ᠬᠢᠯᠭᠡᠨ᠎ᠡ᠃ | ᠬᠦᠨᠳᠦ ᠶᠢ ᠨᠢ ᠰᠦᠮ᠎ᠡ ᠠᠴᠠ ᠬᠦᠭᠡᠭᠡᠬᠦ᠂ ᠬᠦᠮᠦᠨ ᠠᠯᠠᠭᠰᠠᠨ ᠶᠠᠯᠠᠳᠠᠨ ᠢ ᠲᠡᠭᠡᠳᠣ ᠵᠠᠰᠠᠭ ᠲᠤ ᠮᠡᠳᠡᠭᠦᠯᠦᠨ | ᠲᠣᠰᠢᠶᠠᠨ᠎ᠠ᠃ | ᠪᠠᠶᠠᠨ ᠮᠣᠷᠣᠢ ᠶᠢᠨ ᠰᠦᠮ᠎ᠡ ᠨᠢ ᠨᠡᠯᠢᠶᠡᠳ ᠲᠡᠭᠦᠯᠳᠡᠷ ᠵᠠᠰᠠᠭ ᠵᠠᠬᠢᠷᠭ᠎ᠠ ᠲᠠᠢ ᠪᠠᠶᠢᠭᠰᠠᠨ ᠶᠣᠮ᠃ ᠴᠦᠢᠷᠸᠠ | ᠷᠠᠰᠠᠩ ᠤᠨ ᠰᠢᠷᠡᠭᠡ ᠯᠠᠮᠠ ᠶᠢ ᠷᠠᠰᠠᠩ ᠯᠠᠮᠠ ︵ᠰᠦᠮ᠎ᠡ ᠪᠠᠷᠠᠭᠳᠠᠬᠤ ᠶᠢᠨ ᠦᠶ᠎ᠡ ᠳᠤ ᠭᠦᠣᠰᠢ ᠯᠠᠮᠠ ᠡᠨᠡ | ᠲᠣᠰᠢᠶᠠᠯ ᠳᠤ ᠪᠠᠶᠢᠪᠠ︶ ᠭᠡᠬᠦ᠃ ᠮᠠᠷᠠᠮᠪᠠ ᠷᠠᠰᠠᠩ ᠤᠨ ᠰᠢᠷᠡᠭᠡ ᠯᠠᠮᠠ ᠶᠢ ᠮᠠᠷᠠᠮᠪᠠ ᠯᠠᠮᠠ ︵ᠰᠦᠮ᠎ᠡ | ᠪᠠᠷᠠᠭᠳᠠᠬᠤ ᠶᠢᠨ ᠦᠶ᠎ᠡ ᠷᠠᠰᠢᠰᠧᠷᠡᠩ ᠡᠨᠡ ᠲᠣᠰᠢᠶᠠᠯ ᠳᠤ ᠪᠠᠶᠢᠭᠰᠠᠨ︶ ᠭᠡᠬᠦ᠃ ᠵᠣᠳᠪᠠ ᠷᠠᠰᠠᠩ ᠤᠨ ᠰᠢᠷᠡᠭᠡ | ᠯᠠᠮᠠ ᠶᠢ ᠰᠤᠷᠠᠮᠪᠠ ᠯᠠᠮᠠ ︵ᠰᠦᠮ᠎ᠡ ᠲᠠᠭᠤᠰᠬᠤ ᠦᠶ᠎ᠡ ᠲᠠᠮᠷᠢᠨᠵᠠᠪ ᠡᠨᠡ ᠲᠣᠰᠢᠶᠠᠯ ᠳᠤ ᠪᠠᠶᠢᠭᠰᠠᠨ︶ ᠭᠡᠬᠦ᠃ | ᠵᠢᠷᠣᠬᠠᠢ ᠰᠠᠩ ᠤᠨ ᠰᠢᠷᠡᠭᠡ ᠯᠠᠮᠠ ᠶᠢ ᠲᠣᠷᠳᠣᠨᠱᠣᠩᠪᠠ ᠯᠠᠮᠠ ︵ᠨᠠᠷᠠᠭ ᠤᠨ ᠭᠡᠭᠡᠨ ᠲᠣᠰ ᠲᠣᠰᠢᠶᠠᠯ ᠳᠤ ᠪᠠᠶᠢᠭᠰᠠᠨ | ︶ ᠭᠡᠬᠦ ᠮᠡᠳᠣ ᠶᠢᠨ ᠣᠯᠠᠨ ᠯᠠᠮᠠ ᠪᠠᠶᠢᠭᠰᠠᠨ ᠪᠢᠯᠡ᠃ ᠪᠦᠬᠦ ᠰᠦᠮ᠎ᠡ ᠳᠤ ᠪᠠᠨ ᠵᠠᠰᠠᠭ ᠳ᠋ᠡ ᠯᠠᠮᠠ᠂ ᠳ᠋ᠠ ᠯᠠᠮᠠ᠂ | ᠭᠡᠪᠭᠦᠢ᠂ ᠲᠡᠮᠴᠢ ᠲᠠᠢ᠃ ᠡᠳᠡᠭᠡᠷ ᠯᠠᠮᠠ ᠨᠢ ᠭᠡᠭᠡᠨ ᠢᠶᠠᠨ ᠬᠠᠪᠰᠣᠷᠴᠣ ᠰᠦᠮ᠎ᠡ ᠶᠢᠨ ᠢᠶᠠᠨ ᠡᠳᠣᠷ ᠲᠣᠳᠣᠮ ᠤᠨ | ᠠᠮᠢᠳᠣᠷᠠᠯ ᠤᠨ ᠲᠣᠮᠳᠠᠬᠢ ᠬᠡᠷᠡᠭ ᠶᠠᠪᠣᠳᠠᠯ ᠢ ᠬᠠᠷᠢᠭᠤᠴᠠᠨ᠎ᠠ᠃ ᠯᠠᠮᠠ ᠬᠤᠸᠠᠷᠠᠭ ᠨᠡᠭᠦᠵᠦ ᠭᠠᠷᠬᠤ ᠪᠤᠶᠦ ᠤᠷᠤᠵᠤ | ᠢᠷᠡᠭᠦ ᠲᠤᠭ᠎ᠠ ᠨᠣᠷᠮ᠎ᠠ ᠶᠢᠨ ᠨᠡᠮᠡᠭᠳᠡᠵᠤ ᠬᠠᠰᠣᠭᠳᠠᠬᠤ ᠪᠣᠶᠣ ᠭᠠᠢ ᠭᠠᠮᠰᠢᠭ ᠭᠠᠷᠬᠤ ᠶᠢ ᠰᠡᠷᠭᠡᠶᠢᠯᠡᠬᠦ᠂ ᠰᠠᠬᠢᠯ | ᠲᠦᠷᠢᠮ ᠢ ᠡᠪᠳᠡᠭᠰᠡᠳ ᠢ ᠰᠢᠢᠳᠭᠡᠬᠦ ᠪᠠ ᠲᠡᠭᠡᠳᠣ ᠱᠠᠳᠣᠨ ᠳᠤ ᠲᠣᠰᠢᠶᠠᠬᠤ ᠵᠡᠷᠭᠡ ᠦᠢᠯᠡ ᠶᠢ ᠭᠦᠢᠴᠡᠳᠭᠡᠨ᠎ᠡ᠃ | ᠭᠡᠪᠭᠦᠢ ᠯᠠᠮᠠ ᠳᠤ ᠴᠤᠭᠴᠢᠨ ᠭᠡᠪᠭᠦᠢ ᠪᠠ ᠷᠠᠰᠠᠩ ᠭᠡᠪᠭᠦᠢ ᠭᠡᠵᠦ ᠪᠠᠶᠢᠳᠠᠭ ᠪᠦᠭᠡᠳ ᠡᠯ᠎ᠡ ᠷᠠᠰᠠᠩ ᠤᠨ | ᠲᠣᠰᠢᠶᠠᠯ ᠳᠤ ᠨᠢᠭᠡ ᠵᠢᠯ ᠪᠠᠶᠢᠵᠣ᠂ ᠴᠣᠭᠴᠢᠨ ᠭᠡᠪᠭᠦᠢ ᠭᠤᠷᠪᠠᠨ ᠵᠢᠯ ᠬᠠᠷᠢᠭᠤᠴᠠᠨ᠎ᠠ᠃ ᠵᠢᠯ ᠪᠦᠷᠢ ᠶᠢᠨ ᠠᠷᠪᠠᠨ | ᠰᠠᠷ᠎ᠠ ᠶᠢᠨ ᠬᠤᠷᠢᠨ ᠲᠠᠪᠣᠨ ᠪᠣᠯ ᠬᠠᠣᠯᠢ ᠪᠠᠷ ᠡᠭᠡᠯᠵᠢ ᠰᠣᠯᠢᠬᠤ ᠡᠳᠣᠷ ᠪᠣᠯᠣᠨ᠎ᠠ᠃ ᠭᠡᠪᠭᠦᠢ ᠯᠠᠮᠠ ᠨᠢ ᠰᠦᠮ᠎ᠡ ᠶᠢᠨ | ᠰᠠᠬᠢᠯᠭ᠎ᠠ ᠲᠦᠷᠢᠮ ᠢ ᠪᠠᠶᠢᠴᠠᠭᠠᠨ ᠬᠡᠷᠡᠭᠵᠢᠭᠦᠯᠬᠦ ᠡᠭᠦᠷᠭᠡ ᠬᠠᠷᠢᠭᠤᠴᠠᠯᠭ᠎ᠠ ᠲᠠᠢ᠃ ᠡᠳᠣᠷ ᠪᠦᠷᠢ ᠶᠢᠨ ᠬᠤᠷᠠᠯ ᠤᠨ | ᠬᠦᠮᠦᠰ ᠢ ᠪᠦᠷᠢᠳᠭᠡᠬᠦ᠂ ᠣᠴᠢᠷ ᠶᠠᠪᠣᠳᠠᠯ ᠲᠠᠢ ᠳᠤ ᠨᠢ ᠴᠢᠯᠦᠭᠡ ᠵᠦᠪᠰᠢᠶᠡᠷᠡᠬᠦ᠂ ᠦᠳᠡᠰᠢ ᠣᠷᠣᠢ ᠭᠡᠷ ᠭᠡᠷ ᠢᠶᠠᠷ | ᠪᠠᠶᠢᠴᠠᠭᠠᠵᠣ ᠨᠡᠷᠡᠰ ᠤᠨ ᠪᠦᠷᠢᠳᠭᠡᠯ ᠬᠢᠬᠦ ᠵᠡᠷᠭᠡ ᠪᠣᠯᠣᠨ᠎ᠠ᠃ ᠭᠡᠪᠭᠦᠢ ᠶᠢᠨ ᠬᠠᠪᠰᠣᠷᠣᠭᠴᠢ ᠶᠢ ᠬᠡᠶᠤᠭ ᠭᠡᠳᠡᠭ | ᠪᠢᠯᠡ᠃ ᠤᠮᠵᠠᠳ ᠯᠠᠮᠠ ᠨᠢ ᠨᠣᠮ ᠣᠳᠣᠷᠢᠳᠣᠨ ᠣᠩᠰᠢᠬᠤ ᠲᠣᠯᠠ ᠨᠣᠮ ᠳᠤ ᠪᠠᠨ ᠨᠡᠪᠳᠡᠷᠡᠭᠰᠡᠨ ᠰᠠᠶᠢᠨ | ᠬᠤᠭᠤᠯᠠᠢ ᠲᠠᠢ ᠯᠠᠮᠠ ᠪᠠᠶᠢᠬᠤ ᠬᠡᠷᠡᠭᠳᠡᠢ᠃ ᠭᠤᠨᠢᠷ ᠯᠠᠮᠠ ᠨᠢ ᠨᠣᠮ ᠰᠣᠳᠣᠷ ᠢᠶᠠᠨ ᠲᠢᠭᠯᠡᠨ ᠡᠮᠬᠢᠳᠭᠡᠵᠣ᠂ | ᠪᠣᠷᠬᠠᠨ ᠳᠤ ᠬᠦᠵᠢ ᠵᠣᠯᠠ ᠡᠷᠭᠦᠬᠦ ᠪᠠ ᠪᠣᠷᠬᠠᠨ ᠤ ᠭᠡᠷ ᠤᠨ ᠠᠷᠢᠭᠤᠨ ᠴᠡᠪᠡᠷ ᠢ ᠭᠦᠢᠴᠡᠳᠭᠡᠳᠡᠭ᠃ ᠲᠡᠭᠦᠨ ᠤ | ᠲᠣᠣᠷ᠎ᠠ ᠭᠡᠯᠡᠪ ᠯᠠᠮᠠ ᠭᠡᠵᠣ ᠪᠠᠶᠢᠳᠠᠭ ᠪᠦᠭᠡᠳ ᠲᠡᠷᠡ ᠨᠢ ᠵᠣᠯᠠ ᠶᠢᠨ ᠲᠣᠰᠣ ᠶᠢ ᠬᠠᠮᠢᠶᠠᠷᠳᠠᠭ᠃ ᠱᠠᠩᠽᠠᠳ ︵ | ᠱᠠᠩᠰᠠᠳ︶ ᠯᠠᠮᠠ ᠰᠦᠮ᠎ᠡ ᠶᠢᠨ ᠡᠳ᠋ ᠪᠠᠷᠠᠭ᠎ᠠ᠂ ᠠᠵᠣ ᠠᠮᠢᠳᠣᠷᠠᠯ᠂ ᠭᠠᠳᠠᠭᠠᠳᠣ ᠲᠠᠢ ᠬᠠᠷᠢᠯᠴᠠᠬᠤ ᠵᠡᠷᠭᠡ ᠶᠢ | ᠬᠠᠷᠢᠭᠤᠴᠠᠳᠠᠭ᠃ ᠲᠡᠮᠴᠢ ᠨᠢ ᠭᠤᠣᠯᠳᠠᠭᠤ ᠰᠦᠮ᠎ᠡ ᠶᠢᠨ ᠡᠳᠣᠷ ᠲᠣᠳᠣᠮ ᠤᠨ ᠬᠡᠷᠡᠭ ᠶᠠᠪᠣᠳᠠᠯ ᠪᠣᠯᠣᠨ | ᠪᠢᠴᠢᠭᠡᠴᠢ ᠶᠢᠨ ᠠᠵᠢᠯ ᠢ ᠬᠠᠷᠢᠭᠤᠴᠠᠳᠠᠭ᠃ ᠳ᠋ᠤᠨᠢᠷ ᠨᠢ ᠰᠦᠮ᠎ᠡ ᠶᠢᠨ ᠡᠳ᠋ ᠪᠠᠷᠠᠭ᠎ᠠ ᠲᠠᠩᠰᠠ ᠶᠢ ᠬᠠᠮᠢᠶᠠᠷᠳᠠᠭ᠃ | ᠵᠠᠮ᠎ᠠ ᠯᠠᠮᠠ ᠨᠢ ᠰᠦᠮ᠎ᠡ ᠶᠢᠨ ᠬᠤᠭᠤᠯᠠ ᠴᠠᠢ ᠶᠢ ᠭᠦᠢᠴᠡᠳᠭᠡᠳᠡᠭ ᠪᠦᠭᠡᠳ ᠰᠦᠮ᠎ᠡ ᠶᠢᠨ ᠶᠠᠪᠣᠳᠠᠯ ᠤᠨ | ᠲᠣᠳᠠᠭᠳᠠᠵᠣ ᠪᠣᠯᠣᠰᠢ ᠦᠭᠡᠢ ᠭᠡᠰᠢᠭᠦᠨ ᠪᠣᠯᠣᠨ᠎ᠠ᠃ | ᠴᠣᠭᠴᠢᠨ ᠲᠤᠭᠠᠩ ᠤᠨ ᠪᠠᠷᠠᠭᠤᠨ ᠲᠣᠣᠷ᠎ᠠ ᠴᠢᠬᠢᠨ ᠭᠡᠷ ᠲᠤ ᠬᠡᠳᠣᠨ ᠮᠠᠩᠵᠠᠨ ᠲᠣᠭᠤᠭ᠎ᠠ ᠲᠣᠯᠵᠣ᠂ ᠨᠢᠭᠡ | ᠮᠠᠩᠵᠠᠨ ᠲᠣᠭᠤᠭ᠎ᠠ ᠳᠤ ᠨᠢᠭᠡ ᠪᠦᠳᠦᠭᠦᠨ ᠦᠬᠡᠷ ᠢ ᠬᠡᠳᠦᠬᠡᠨ ᠬᠡᠰᠡᠭᠯᠡᠭᠡᠳ ᠬᠢᠪᠡᠯ ᠨᠢᠭᠡ ᠯᠡ ᠪᠣᠴᠠᠯᠣᠭᠰᠠᠭᠠᠷ | ᠮᠢᠬ᠎ᠠ ᠨᠢ ᠪᠦᠷ ᠰᠢᠷᠬᠡᠭ ᠪᠣᠯᠴᠢᠬᠠᠳᠠᠭ ᠶᠣᠮ᠃ ᠶᠠᠰᠣ ᠶᠢ ᠨᠢ ᠱᠦᠭᠦᠵᠣ ᠠᠪᠣᠭᠠᠳ ᠱᠦᠯᠦᠨ ᠳᠤ ᠨᠢ ᠲᠣᠬᠠᠪᠠ | ᠴᠢᠨᠠᠳᠠᠭ ᠪᠢᠯᠡ᠃ ᠰᠦᠮ᠎ᠡ ᠶᠢᠨ ᠵᠡᠭᠦᠨ ᠬᠤᠶᠠᠷ ᠭᠠᠵᠠᠷ ᠢᠯᠡᠭᠦᠦ ᠵᠠᠶᠢᠳᠠᠢ ᠨᠢᠭᠡ ︽ᠶᠠᠰᠣᠨ ᠣᠷᠣᠢ︾ ᠭᠡᠵᠣ | ᠪᠠᠶᠢᠳᠠᠭ ᠨᠢ ᠲᠡᠭᠡᠵᠣ ᠪᠦᠷᠢᠯᠳᠣᠨ ᠢᠩᠭᠢᠵᠣ ᠨᠡᠷᠡᠯᠡᠭᠰᠡᠨ ᠪᠣᠯᠣᠯᠳᠠᠢ᠃ | ᠭᠡᠭᠡᠨ ᠬᠤᠳᠣᠭᠳᠣ ᠶᠢᠨ ᠣᠷᠳᠣᠨ ᠳᠤ᠂ ᠳ᠋ᠤᠨᠢᠷ ᠨᠢᠭᠡ ᠬᠦᠮᠦᠨ᠂ ᠰᠦᠢᠪᠥᠨ ︵ᠪᠠᠰᠠ ᠰᠤᠯᠪᠤᠨ ᠬᠡᠳᠡᠭ︶ | ᠬᠤᠶᠠᠷ ᠬᠦᠮᠦᠨ᠂ ᠲᠠᠭᠠᠭᠰᠠᠳ ᠲᠦᠷᠪᠡᠨ ᠬᠦᠮᠦᠨ᠂ ᠪᠢᠴᠢᠭᠡᠴᠢ ᠨᠢᠭᠡ ᠬᠦᠮᠦᠨ ᠪᠠᠶᠢᠳᠠᠭ᠃ ᠳ᠋ᠤᠨᠢᠷ ᠨᠢ ᠭᠡᠭᠡᠨ ᠤ | ᠡᠳᠣᠷ ᠲᠣᠳᠣᠮ ᠤᠨ ᠬᠡᠷᠡᠭᠯᠡᠬᠦ ᠨᠣᠮ ᠰᠣᠳᠣᠷ᠂ ᠡᠮ ᠲᠣᠮ ᠢ ᠬᠠᠮᠢᠶᠠᠷᠴᠣ᠂ ᠰᠦᠢᠪᠥᠨ ᠨᠢ ᠲᠦᠷᠪᠡᠨ ᠣᠯᠠᠷᠢᠯ ᠤᠨ | ᠬᠤᠪᠴᠠᠰᠣ ᠬᠤᠨᠠᠷ᠂ ᠵᠠᠷᠣᠳᠠᠯ ᠪᠠᠷᠢᠳᠠᠯ ᠢ ᠪᠡᠯᠡᠳᠭᠡᠨ ᠬᠠᠮᠢᠶᠠᠷᠴᠣ᠂ ᠲᠠᠭᠠᠭᠰᠠᠳ ᠨᠢ ᠭᠡᠭᠡᠨ ᠤ ᠶᠠᠪᠣᠵᠣ ᠰᠠᠭᠤᠬᠤ | ᠲᠡᠷᠭᠡ ᠬᠦᠰᠭᠡ ᠶᠢ ᠪᠡᠯᠡᠳᠭᠡᠨ ᠬᠠᠮᠢᠶᠠᠷᠳᠠᠭ ᠪᠦᠭᠡᠳ ᠴᠠᠭ ᠮᠦᠴᠡ ᠰᠠᠯᠣᠯ ᠦᠭᠡᠢ ᠲᠠᠭᠠᠳᠠᠭ᠃ ᠭᠡᠭᠡᠨ ᠤ ᠭᠠᠳᠠᠷ | ᠰᠠᠩ ᠳᠤ ᠪᠣᠰᠣᠳ ᠰᠠᠩ ᠤᠳ ᠲᠠᠢ ᠠᠳᠠᠯᠢ ︵ᠡᠯ᠎ᠡ ᠷᠠᠰᠠᠩ᠂ ᠴᠦᠢᠵᠢᠩ ᠤᠨ ᠰᠦᠮ᠎ᠡ ᠨᠢ ᠪᠦᠷ ᠲᠣᠳᠣᠷ ᠭᠠᠳᠠᠷ | ᠬᠡᠳᠣᠨ ᠰᠠᠩ ᠲᠠᠢ︶ ᠬᠤᠪᠢ ᠬᠦᠮᠦᠨ ᠤ ᠠᠵᠣ ᠠᠬᠤᠢ ᠠᠮᠢᠳᠣᠷᠠᠯ ᠤᠨ ᠣᠴᠢᠷ ᠶᠠᠪᠣᠳᠠᠯ ᠢᠶᠠᠨ ᠬᠠᠮᠢᠶᠠᠷᠳᠠᠭ᠃ | ᠭᠤᠣᠯ ᠬᠠᠷᠢᠭᠤᠴᠠᠯᠭᠠᠳᠠᠳ ᠨᠢ ᠱᠠᠩᠽᠠᠳ᠂ ᠲᠡᠮᠴᠢ᠂ ᠲᠢᠪ᠂ ᠪᠢᠴᠢᠭᠡᠴᠢ᠂ ᠨᠢᠷᠪᠠ ︵ᠲᠠᠮᠠᠭᠠᠨ ᠨᠢᠷᠪᠠ᠂ | ᠭᠠᠳᠠᠭᠰᠢ ᠭᠦᠶᠦᠬᠦ ᠨᠢᠷᠪᠠ ᠭᠡᠵᠣ ᠬᠤᠪᠢᠶᠠᠨ᠎ᠠ︶ ᠭᠡᠵᠣ ᠪᠠᠶᠢᠳᠠᠭ᠃ | ᠪᠠᠶᠠᠨ ᠮᠣᠷᠣᠢ ᠶᠢᠨ ᠰᠦᠮ᠎ᠡ ᠶᠢᠨ ᠯᠠᠮᠠ ᠬᠤᠸᠠᠷᠠᠭ ᠤᠨ ᠴᠣᠯᠠ ᠮᠢᠨᠳᠠᠭ ᠲᠤ᠂ ᠭᠡᠭᠡᠨ ᠢᠶᠠᠨ ᠲᠡᠳ᠋ᠯᠡᠪᠡᠯ | ᠭᠠᠪᠵᠣ ᠯᠠᠮᠠ ︵ᠪᠠᠭ᠎ᠠ ᠰᠦᠮ᠎ᠡ ᠶᠢ ᠪᠣᠯ ᠭᠠᠪᠵᠣ ᠯᠠᠮᠠ ᠬᠠᠷᠢᠭᠤᠴᠠᠳᠠᠭ︶᠂ ᠴᠣᠷᠵᠢ ᠯᠠᠮᠠ ︵ᠡᠷᠳᠡᠮ ᠨᠤᠮ ᠳᠤ | ᠨᠡᠪᠲᠡᠷᠡᠭᠰᠡᠨ ᠯᠠᠮᠠ︶᠂ ᠭᠡᠯᠣᠩ ᠯᠠᠮᠠ ︵ᠬᠤᠷᠢᠨ ᠨᠠᠰᠤᠨ ᠠᠴᠠ ᠲᠡᠬᠡᠭᠰᠢᠬᠢ ᠬᠤᠸᠠᠷᠠᠬ︶᠂ ᠯᠣᠣᠰᠪᠠ ᠯᠠᠮᠠ ︵ | ᠣᠷᠴᠢᠭᠤᠯᠣᠭᠴᠢ ᠯᠠᠮᠠ︶᠂ ᠲᠦᠢᠨ ᠯᠠᠮᠠ ︵ᠨᠣᠶᠠᠳ ᠲᠠᠶᠢᠵᠢ ᠶᠢᠨ ᠬᠡᠥᠬᠡᠳ ᠯᠠᠮᠠ ᠬᠤᠸᠠᠷᠠᠭ ᠪᠣᠯᠪᠠᠯ ᠢᠩᠭᠢᠵᠣ | ᠲᠠᠭᠤᠳᠠᠳᠠᠭ︶ ᠭᠡᠬᠦ ᠮᠡᠳᠣ ᠪᠠᠶᠢᠪᠠ᠃ ᠪᠦᠷᠢᠶ᠎ᠡ ᠪᠢᠰᠭᠢᠭᠦᠷ ᠦᠯᠢᠶᠡᠭᠴᠢᠳ ᠢ ᠨᠢᠰᠴᠢᠨ ︵ᠬᠦᠭᠵᠢᠮᠴᠢᠨ︶ ᠯᠠᠮᠠ | ᠭᠡᠳᠡᠭ᠃ ᠰᠣᠭᠨᠠᠮ ᠪᠣᠰᠬᠤ ᠴᠦᠢᠷᠸᠠ ᠷᠠᠰᠠᠩ ᠢ ᠵᠢᠷᠭᠤᠭᠠᠨ ᠰᠠᠷ᠎ᠠ ᠶᠢᠨ ᠬᠤᠷᠢᠨ ᠲᠠᠪᠣᠨ ᠳᠤ᠂ ᠴᠣᠭᠴᠢᠨ ᠢ | ᠲᠣᠯᠣᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠬᠢᠳᠡᠭ᠃ ᠰᠢᠷᠡᠭᠡ ᠯᠠᠮᠠ ᠪᠣᠶᠣ ᠭᠠᠪᠵᠤ ᠴᠣᠷᠵᠢ ᠶᠢᠨ | ᠠᠰᠠᠭᠤᠯᠳᠠ ᠶᠢ ᠠᠮᠠ ᠪᠠᠷ ᠬᠠᠷᠢᠭᠤᠯᠣᠨ ᠶᠠᠷᠢᠯᠴᠠᠨ ᠰᠢᠯᠭᠠᠷᠠᠭᠤᠯᠳᠠᠭ᠃ ᠡᠩ ᠤᠨ ᠪᠠᠶᠢᠳᠠᠯ ᠳᠤ ᠠᠷᠪᠠᠨ ᠲᠠᠪᠤ ᠠᠴᠠ | ᠬᠤᠷᠢᠨ ᠵᠢᠯ ᠰᠣᠷᠣᠯᠴᠠᠪᠠᠯ ᠰᠠᠶ᠋ᠢ ᠰᠣᠭᠨᠠᠮ ᠪᠣᠰᠣᠨ ᠵᠡᠷᠭᠡ ᠬᠡᠷᠬᠡᠮ ᠲᠡᠪᠰᠢᠳᠡᠭ ᠪᠠᠶᠢᠨ᠎ᠠ᠃ ᠪᠠᠰᠠ ᠰᠣᠭᠨᠠᠮ ᠪᠣᠰᠣᠨ | ᠵᠡᠷᠭᠡ ᠲᠡᠪᠰᠢᠭᠰᠡᠨ ᠬᠦᠮᠦᠨ ᠨᠢ ᠦᠪᠡᠷ ᠤᠨ ᠰᠦᠢᠳᠭᠡᠯ ᠢᠶᠠᠷ ᠢᠶᠠᠨ ᠨᠠᠶᠢᠷ ᠬᠢᠵᠣ ᠣᠯᠠᠨ ᠢ ᠪᠠᠶᠠᠰᠬᠠᠳᠠᠭ᠃ | ᠪᠠᠶᠠᠨ ᠮᠣᠷᠣᠢ ᠶᠢᠨ ᠰᠦᠮ᠎ᠡ ᠶᠢᠨ ᠨᠣᠮ ᠤᠨ ᠬᠤᠷᠠᠯ ᠨᠢ ᠲᠦᠪᠡᠳ ᠤᠨ ᠰᠠᠯᠠ ᠬᠡᠶᠢᠳ ᠢ ᠲᠠᠭᠤᠷᠢᠶᠠᠨ᠂ | ᠵᠢᠯ ᠳᠤ ᠲᠦᠷᠪᠡᠨ ᠶᠡᠭᠡ ᠬᠤᠷᠠᠯ ᠲᠠᠢ᠃ ᠬᠠᠪᠣᠷ ᠤᠨ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠠᠴᠠ ᠠᠷᠪᠠᠨ | ᠲᠦᠷᠪᠡᠨ ᠪᠣᠯᠳᠠᠯ᠎ᠠ᠂ ᠭᠤᠣᠯᠳᠠᠭᠤ ᠪᠣᠷᠬᠠᠨ ᠤ ᠵᠠᠩᠴᠢ ᠵᠣᠯᠠ ᠶᠢᠨ ᠨᠣᠮ ᠤᠨ ᠬᠤᠷᠠᠯ ᠪᠣᠯᠳᠠᠭ᠃ ᠲᠣᠰ ᠬᠤᠷᠠᠯ ᠳᠤ | ᠭᠡᠭᠡᠨ ᠤ ᠨᠡᠷ᠎ᠡ ᠴᠣᠯᠠ ᠲᠠᠢ ᠯᠠᠮᠠ ᠨᠠᠷ ᠤᠨ ᠬᠡᠷᠡᠭᠯᠡᠵᠣ ᠦᠩᠭᠡᠷᠡᠭᠰᠡᠨ ᠨᠣᠮ ᠰᠣᠳᠣᠷ᠂ ᠬᠤᠩᠬ᠎ᠠ ᠲᠠᠮᠠᠷᠣ᠂ ᠸᠴᠢᠷ | ᠵᠡᠷᠭᠡ ᠪᠠ ᠽᠣᠩᠺᠠᠪᠠ᠂ ᠲᠠᠯᠠᠢ ᠯᠠᠮᠠ᠂ ᠪᠠᠨᠴᠢᠨ ᠡᠷᠳᠡᠨᠢ ᠨᠠᠷ ᠤᠨ ᠬᠡᠷᠡᠭᠯᠡᠵᠣ ᠦᠩᠭᠡᠷᠡᠭᠰᠡᠨ ᠨᠣᠮ ᠰᠣᠳᠣᠷ᠂ | ᠮᠠᠯᠠᠭᠠᠢ᠂ ᠭᠤᠳᠣᠯ᠂ ᠬᠠᠮᠠᠷ ᠲᠠᠮᠠᠬᠢᠨ ᠬᠦᠬᠦᠷ᠂ ᠮᠠᠨᠢ ᠪᠣᠷᠬᠠᠨ ᠤ ᠬᠦᠷᠦᠭ᠂ ᠡᠳ᠋ᠯᠡᠯ ᠬᠡᠷᠡᠭᠰᠡᠯ ᠵᠡᠷᠭᠡ ᠶᠢ ᠲᠡᠯᠭᠡᠨ | ᠲᠠᠯᠪᠢᠵᠣ ᠮᠦᠷᠭᠦᠯ ᠬᠢᠯᠭᠡᠳᠡᠭ᠃ ᠲᠣᠰ ᠬᠤᠷᠠᠯ ᠳᠤ ᠵᠠᠭᠤ᠂ ᠮᠢᠩᠭ᠎ᠠ᠂ ᠲᠦᠮᠡ ᠪᠠᠷ ᠵᠣᠯᠠ ᠡᠷᠭᠦᠳᠡᠭ ᠪᠢᠯᠡ᠃ | ᠵᠣᠨ ᠤ ᠵᠢᠷᠭᠤᠭᠠᠨ ᠰᠠᠷ᠎ᠠ ᠶᠢᠨ ᠨᠠᠢᠮᠠᠨ ᠠᠴᠠ ᠠᠷᠪᠠᠨ ᠲᠠᠪᠣᠨ ᠪᠣᠯᠲᠠᠯ᠎ᠠ ᠮᠠᠨᠢ ᠶᠢᠨ ᠬᠤᠷᠠᠯ ᠪᠣᠯᠳᠠᠭ᠃ ᠡᠭᠦᠨ ᠢ | ᠪᠠᠰᠠ ︽ᠵᠣᠨ ᠤ ᠰᠠᠬᠢᠯᠭ᠎ᠠ ᠶᠢᠨ ᠪᠠᠶᠠᠷ︾ ᠭᠡᠳᠡᠭ᠃ ᠪᠣᠳᠢᠰᠠᠳ᠋ᠸ᠎ᠠ ᠶᠢ ᠠᠮᠢᠳᠣ ᠪᠠᠶᠢᠬᠤ ᠳᠤ ᠱᠠᠪᠢ ᠨᠠᠷ ᠨᠢ ᠭᠠᠵᠠᠷ | ᠪᠣᠯᠭᠠᠨ ᠳᠤ ᠨᠣᠮ ᠲᠠᠯᠪᠢᠵᠣ ᠶᠠᠪᠣᠬᠤ ᠳᠤ ᠪᠠᠨ ᠠᠷᠠᠳ ᠤᠨ ᠲᠠᠷᠢᠶ᠎ᠠ ᠲᠦᠮᠦᠰᠦ ᠶᠢ ᠭᠢᠰᠭᠢᠯᠡᠨ ᠰᠦᠢᠳᠭᠡᠭᠰᠡᠨ | ᠶᠠᠪᠣᠳᠠᠯ ᠭᠠᠷᠣᠭᠰᠠᠨ ᠢ ᠱᠠᠭᠵᠠᠮᠤᠨᠢ ᠮᠡᠳᠡᠭᠡᠳ᠂ ᠪᠣᠷᠣᠭᠠᠨ ᠤ ᠣᠯᠠᠷᠢᠯ ᠤᠨ ᠭᠤᠷᠪᠠᠨ ᠰᠠᠷ᠎ᠠ ᠳᠤ ᠰᠦᠮ᠎ᠡ ᠠᠴᠠ | ᠭᠠᠷᠴᠣ ᠪᠣᠯᠬᠤ ᠦᠭᠡᠢ ᠭᠡᠬᠦ ᠰᠠᠬᠢᠯ ᠲᠣᠭᠳᠠᠭᠠᠵᠠᠢ᠃ ᠡᠭᠦᠨ ᠳᠤ ᠡᠭᠡᠯ ᠠᠷᠠᠳ ᠪᠠᠶᠠᠷᠯᠠᠬᠤ ᠳᠤ ᠪᠠᠨ ︽ᠵᠣᠨ ᠤ | ᠰᠠᠬᠢᠯᠭ᠎ᠠ ᠶᠢᠨ ᠪᠠᠶᠠᠷ︾ ᠪᠣᠯᠭᠠᠨ ᠲᠣᠷᠠᠰᠬᠠᠨ ᠲᠡᠮᠳᠡᠭᠯᠡᠵᠣ ᠪᠠᠶᠢᠭᠰᠠᠨ ᠣᠴᠢᠷᠲᠠᠢ ᠪᠢᠯᠡ᠃ ᠬᠤᠷᠠᠯ ᠳᠤ | ᠰᠠᠭᠤᠭᠰᠠᠳ ᠡᠬᠢᠨ ᠠᠴᠠ ᠲᠡᠭᠦᠰᠳᠡᠯ᠎ᠡ ᠦᠭᠡ ᠲᠣᠣᠭᠠᠷᠬᠤ ᠦᠭᠡᠢ ᠪᠦᠭᠡᠳ ᠣᠴᠢᠷ ᠶᠠᠪᠣᠳᠠᠯ ᠲᠠᠢ ᠪᠣᠯ ᠭᠠᠷ ᠤᠨ | ᠲᠣᠬᠢᠶ᠎ᠠ ᠪᠠᠷ ᠬᠤᠯᠪᠣᠭ᠎ᠠ ᠪᠠᠷᠢᠵᠣ ᠰᠠᠨᠠᠭ᠎ᠠ ᠪᠠᠨ ᠰᠣᠯᠢᠯᠴᠠᠳᠠᠭ᠃ ᠨᠠᠮᠣᠷ ᠤᠨ ᠨᠠᠢᠮᠠᠨ ᠰᠠᠷ᠎ᠠ ᠶᠢᠨ ᠬᠤᠷᠠᠯ ᠳᠤ᠂ | ᠲᠡᠭᠡᠳᠣ ᠰᠤᠷᠠᠨᠠᠢ ᠶᠢᠨ ᠯᠠᠮᠠ ᠨᠠᠷ ᠣᠷᠣᠯᠴᠠᠨ᠂ ᠨᠠᠶᠠᠨ ᠡᠳᠣᠷ ᠤᠨ ᠨᠣᠮ ᠪᠢᠰᠢᠯᠭᠠᠳᠠᠭ ᠪᠦᠭᠡᠳ ᠣᠨᠴᠠ ᠨᠢᠭᠤᠴᠠ | ᠨᠢᠮᠪᠠᠢ ᠪᠠᠶᠢᠵᠣ᠂ ᠭᠠᠳᠠᠨᠠᠬᠢ ᠬᠦᠮᠦᠨ ᠠᠮᠢᠳᠠᠨ ᠳᠤ ᠰᠣᠨᠣᠰᠬᠠᠬᠤ ᠦᠭᠡᠢ ᠪᠠᠶᠢᠬᠤ ᠶᠢ ᠬᠢᠴᠢᠶᠡᠳᠡᠭ ᠰᠠᠨ᠃ | ᠬᠤᠷᠠᠯ ᠤᠨ ᠬᠤᠭᠤᠴᠠᠭᠠᠨ ᠳᠤ ᠭᠠᠳᠠᠨ᠎ᠠ ᠪᠠᠨ ᠲᠣᠰᠬᠠᠢ ᠬᠦᠮᠦᠨ ᠲᠣᠬᠢᠷᠠᠭᠤᠯᠵᠣ ᠱᠠᠭᠠᠵᠠᠭᠠᠢ ᠰᠢᠪᠠᠭᠤ᠂ | ᠬᠠᠷᠢᠶᠠᠴᠠᠢ ᠪᠣᠯᠵᠣᠮᠣᠷ ᠢ ᠨᠠᠳᠬᠤᠭᠠᠨ ᠬᠦᠭᠡᠭᠡᠯᠭᠡᠳᠡᠭ᠃ ᠨᠣᠮ ᠳᠤ ᠰᠠᠭᠤᠭᠰᠠᠳ ᠬᠤᠷᠠᠯ ᠤᠨ ᠬᠤᠭᠤᠴᠠᠭᠠᠨ ᠳᠤ | ᠠᠯᠬᠤᠵᠣ ᠭᠢᠰᠬᠢᠬᠦ ᠳᠤ ᠭᠠᠷ ᠢᠶᠠᠨ ᠰᠠᠵᠢᠯᠠᠬᠤ ᠦᠭᠡᠢ᠂ ᠬᠦᠯ ᠢᠶᠠᠨ ᠬᠦᠩᠭᠡᠨ ᠱᠦᠩᠭᠡᠨ ᠲᠠᠯᠪᠢᠵᠣ ᠨᠠᠮ ᠭᠦᠮ | ᠪᠠᠶᠢᠬᠤ ᠶᠢ ᠬᠢᠴᠢᠶᠡᠳᠡᠭ᠃ ᠬᠤᠷᠠᠯ ᠤᠨ ᠲᠠᠷᠠᠭ᠎ᠠ ᠨᠢᠭᠡ ᠡᠳᠣᠷ ᠠᠮᠠᠷᠠᠳᠠᠭ᠃ ᠡᠨᠡ ᠡᠳᠣᠷ ᠲᠤ ᠨᠢ᠂ ᠰᠦᠮ᠎ᠡ ᠶᠢᠨ | ᠣᠶᠢᠷ᠎ᠠ ᠣᠷᠴᠢᠮ ᠤᠨ ᠠᠶᠢᠯ ᠲᠣᠰᠬᠤᠨ ᠤ ᠬᠢᠨᠢ ᠡᠳᠡᠭᠡᠷ ᠯᠠᠮᠠ ᠨᠠᠷ ᠢ ᠨᠣᠮ ᠰᠣᠳᠣᠷ ᠲᠠᠢ ᠨᠢ ᠵᠠᠯᠠᠵᠣ ᠠᠪᠠᠴᠢᠨ | ᠭᠠᠨᠵᠤᠤᠷ ᠣᠩᠰᠢᠭᠤᠯᠳᠠᠭ ᠪᠠᠶᠢᠯ᠎ᠠ᠃ ᠨᠣᠮ ᠢᠶᠠᠨ ᠣᠩᠰᠢᠵᠣ ᠪᠠᠷᠠᠭᠰᠠᠨ ᠤ ᠲᠠᠷᠠᠭ᠎ᠠ᠂ ᠠᠶᠢᠯ ᠤᠨ ᠬᠦᠮᠦᠰ | ᠬᠠᠪᠢᠰᠣᠳᠠᠢ ᠲᠣᠮᠣ ᠵᠣᠵᠠᠭᠠᠨ ᠰᠤᠳᠤᠷ ᠢ ᠡᠭᠦᠷᠴᠣ ᠠᠶᠢᠯ ᠢᠶᠠᠨ ᠵᠦᠪ ᠢᠶᠠᠷ ᠨᠢᠭᠡ ᠡᠷᠭᠢᠳᠡᠭ᠃ ᠡᠭᠦᠨ ᠢᠶᠠᠨ ᠭᠠᠢ | ᠪᠠᠷᠴᠢᠳ ᠢ ᠠᠷᠢᠯᠭᠠᠨ ᠴᠢᠳᠭᠦᠷ ᠱᠣᠯᠣᠮ ᠢ ᠦᠯᠳᠡᠨ ᠬᠦᠭᠡᠭᠡᠵᠣ ᠡᠩᠬᠡ ᠠᠮᠣᠭᠤᠯᠠᠩ ᠢ ᠣᠷᠢᠵᠣ ᠪᠠᠶᠢᠨ᠎ᠠ ᠭᠡᠳᠡᠭ᠃ | ᠡᠪᠦᠯ ᠤᠨ ᠮᠦᠢᠯ ᠣᠬᠢᠶᠠᠯ ᠤᠨ ᠬᠤᠷᠠᠯ ᠨᠢ᠂ ᠲᠦᠴᠢᠨ ᠡᠳᠦᠷ ᠢᠶᠠᠷ ᠵᠣᠯᠠ ᠶᠢᠨ ᠭᠡᠷᠡᠯ ᠨᠣᠮ ᠤᠨ ᠲᠠᠭᠤᠨ | ᠲᠠᠰᠣᠷᠠᠬᠤ ᠦᠭᠡᠢ ᠶᠠᠪᠣᠭᠳᠠᠳᠠᠭ᠃ ᠨᠣᠮ ᠤᠨ ᠬᠤᠷᠠᠯ ᠲᠡᠭᠦᠰᠬᠦ ᠡᠳᠣᠷ ᠨᠢ ᠯᠠᠮᠠ ᠬᠤᠸᠠᠷᠠᠭ ᠨᠠᠷ ᠮᠦᠢᠯ ᠪᠣᠷᠬᠠᠨ ᠢ | ᠲᠣᠮᠳᠠ ᠪᠠᠨ ᠲᠠᠮᠨᠠᠨ ᠴᠠᠭ ᠤᠨ ᠵᠡᠭᠦᠦ ᠶᠢᠨ ᠡᠷᠭᠢᠯᠳᠡ ᠪᠠᠷ ᠴᠣᠭᠴᠢᠨ ᠤ ᠣᠷᠳᠣ ᠶᠢ ᠭᠤᠷᠪᠠᠨᠳᠠ ᠡᠷᠭᠢᠬᠦ ᠪᠦᠭᠡᠳ | ᠮᠦᠷᠭᠦᠯᠴᠢᠳ ᠮᠦᠢᠯ ᠪᠣᠷᠬᠠᠨ ᠤ ᠲᠣᠣᠭᠤᠷ ᠰᠢᠷᠭᠤᠳᠠᠭ᠃ ᠡᠨᠡ ᠡᠳᠣᠷ ᠨᠢ ᠬᠡᠵᠢᠶᠡᠳᠡ ᠯᠠ ᠰᠠᠷ᠎ᠠ ᠶᠢᠨ ᠬᠤᠷᠢ | ᠶᠢᠰᠣᠨ ᠳᠤ ᠲᠣᠬᠢᠶᠠᠯᠳᠣᠳᠠᠭ ᠲᠣᠯᠠ᠂ ᠲᠠᠷᠠᠭ᠎ᠠ ᠡᠳᠣᠷ ᠠᠴᠠ ᠨᠢ ᠨᠢᠭᠡ ᠰᠠᠷ᠎ᠠ ᠶᠢᠨ ᠴᠢᠯᠦᠭᠡ ᠲᠠᠯᠪᠢᠳᠠᠭ᠂ ᠡᠭᠦᠨ ᠢ | ︽ᠯᠣᠣᠰᠣᠷᠳᠠᠬᠤ︾ ᠭᠡᠳᠡᠭ ᠶᠣᠮ᠃ ᠡᠨᠡ ᠬᠦ ᠠᠮᠠᠷᠠᠯᠳᠠ ᠶᠢᠨ ᠬᠤᠭᠤᠴᠠᠭᠠᠨ ᠳᠤ ᠪᠠᠨ ᠯᠠᠮᠠ ᠬᠤᠸᠠᠷᠠᠭᠴᠣᠳ | ᠨᠠᠭᠠᠳᠣᠮ ᠨᠠᠭᠠᠳᠬᠤ᠂ ᠦᠯᠢᠭᠡᠷ ᠰᠣᠨᠣᠰᠬᠤ᠂ ᠭᠡᠷ ᠨᠣᠳᠤᠭ ᠢᠶᠠᠨ ᠡᠷᠭᠢᠵᠣ ᠡᠴᠢᠭᠡ ᠡᠬᠡ ᠡᠯᠢᠭᠡᠨ | ᠰᠠᠳᠣᠨ ᠲᠠᠢ ᠪᠠᠨ ᠣᠴᠠᠷᠠᠨ ᠵᠣᠯᠭᠠᠵᠣ᠂ ᠪᠠᠶᠠᠷ ᠬᠦᠷ ᠲᠠᠢ ᠪᠠᠷ ᠰᠢᠨᠡᠯᠡᠨ ᠴᠠᠭᠠᠯᠠᠵᠣ ᠰᠠᠷ᠎ᠠ ᠶᠢᠨ ᠴᠢᠯᠦᠭᠡ ᠪᠠᠨ | ᠦᠩᠭᠡᠷᠡᠭᠡᠳᠡᠭ ᠪᠢᠯᠡ᠃ | | | | | | | | | | | | | | | | | | | ︵ᠬᠡᠷᠡᠯ ᠵᠢᠷᠤᠬ ᠢ ᠾᠧ ᠬᠧᠨ ᠴᠢᠤᠧᠠᠨ ᠬᠠᠩᠭᠠᠪᠠ︶ | |