ᠮᠤᠩᠭᠤᠯᠴᠤᠳ ᠤᠨ ᠤᠬᠳᠤᠵᠤ ᠵᠣᠴᠢᠯᠠᠬᠤ ᠴᠡᠭᠡᠷ ᠶᠣᠰᠣᠨ
ᠨᠡᠶᠢᠲᠡᠯᠡᠭᠰᠡᠨ ᠴᠠᠭ᠄
2020/8/4
           
     ᠮᠤᠩᠭᠤᠯ ᠬᠦᠮᠦᠨ ᠤ ᠭᠡᠶᠢᠴᠢᠨ ᠵᠣᠴᠢᠨ ᠤᠬᠳᠤᠵᠤ ᠵᠣᠴᠢᠯᠠᠬᠤ ᠴᠡᠭᠡᠷ ᠶᠣᠰᠣᠨ ᠣᠯᠠᠨ ᠪᠠᠶᠢᠳᠠᠭ᠃ ᠦᠵᠡᠬᠦᠶ᠎ᠡ ᠡᠳᠡᠭᠡᠷ ᠴᠡᠭᠡᠷ ᠶᠣᠰᠣᠨ ᠨᠢ ᠬᠡᠦᠬᠡᠳ ᠤᠨ ᠶᠣᠰᠣ ᠮᠤᠷᠠᠯ ᠲᠠᠢ ᠪᠣᠯᠣᠨ ᠥᠰᠦᠨ ᠪᠤᠶᠢᠵᠢᠬᠤ ᠳᠤ ᠲᠤᠩ ᠶᠡᠭᠡ ᠬᠦᠮᠦᠵᠢᠯ ᠪᠣᠯᠳᠠᠭ ᠪᠠᠶᠢᠨ᠎ᠠ᠃      ᠢᠷᠡᠬᠦ ᠭᠡᠶᠢᠴᠢᠨ ᠤ ᠡᠮᠦᠨ᠎ᠡ ᠠᠴᠠ ᠦᠨᠡᠰᠦ ᠬᠤᠭ ᠠᠪᠴᠤ ᠭᠠᠷᠬᠤ ᠶᠢ ᠴᠡᠭᠡᠷᠯᠡᠳᠡᠭ᠃ ᠦᠨᠡᠰᠦ ᠬᠤᠭ ᠢᠶᠠᠨ ᠳᠠᠷᠦ᠋ᠢᠬᠠᠨ ᠨᠢᠭᠤᠨ ᠳᠠᠯᠳᠠᠯᠠᠵᠤ ᠵᠣᠴᠢᠨ ᠭᠡᠷ ᠲᠤ ᠣᠷᠤᠬᠰᠠᠨ ᠤ ᠰᠡᠭᠦᠯᠡᠷ ᠰᠡᠮᠡᠭᠡᠷ ᠬᠠᠶᠠᠳᠠᠭ᠃      ᠢᠷᠡᠬᠦ ᠵᠣᠴᠢᠨ ᠤ ᠡᠰᠡᠷᠭᠦ ᠠᠴᠠ ᠬᠤᠭᠤᠰᠤᠨ ᠰᠠᠪᠠ ᠰᠠᠭᠤᠯᠠᠭ᠎ᠠ ᠠᠪᠴᠤ ᠭᠠᠷᠬᠤ ᠶᠢ ᠴᠡᠭᠡᠷᠯᠡᠳᠡᠭ᠃ ᠢᠷᠡᠬᠦ ᠭᠡᠶᠢᠴᠢᠨ ᠬᠤᠭᠤᠰᠤᠨ ᠰᠠᠪᠠ ᠲᠠᠭᠠᠷᠠᠪᠠᠯ ᠶᠠᠪᠤᠳᠠᠯ ᠤᠴᠢᠷ ᠪᠦᠳᠦᠮᠵᠢ ᠦᠭᠡᠢ ᠭᠡᠵᠦ ᠦᠵᠡᠳᠡᠭ᠃      ᠬᠤᠷᠮᠣᠢ ᠪᠤᠶᠤ ᠬᠠᠨᠴᠤᠢ ᠪᠠᠨ ᠱᠤᠭᠤᠵᠤ ᠵᠣᠴᠢᠨ ᠤᠬᠳᠤᠬᠤ ᠶᠢ ᠴᠡᠭᠡᠷᠯᠡᠳᠡᠭ᠃ ᠡᠨᠡ ᠨᠢ ᠵᠣᠴᠢᠨ ᠤ ᠡᠭᠳᠡᠭᠦᠦ ᠶᠢ ᠬᠦᠷᠭᠡᠬᠦ ᠮᠤᠷᠠᠯ ᠦᠭᠡᠢ ᠦᠵᠡᠭᠳᠡᠯ ᠪᠤᠯᠤᠨ᠎ᠠ᠃      ᠵᠣᠴᠢᠨ ᠣᠷᠤᠵᠦ ᠢᠷᠡᠬᠦ ᠳᠤ ᠭᠡᠷ ᠬᠦᠷᠢᠶ᠎ᠡ ᠪᠠᠨ ᠱᠦᠭᠦᠷᠳᠡᠬᠦ ᠶᠢ ᠴᠡᠭᠡᠷᠯᠡᠳᠡᠭ᠃ ᠭᠡᠶᠢᠴᠢᠨ ᠣᠷᠤᠵᠦ ᠢᠷᠡᠬᠦ ᠳᠤ ᠱᠦᠭᠦᠷᠳᠡᠪᠡᠯ ᠵᠣᠴᠢᠨ ᠢᠶᠠᠨ ᠬᠥᠭᠡᠬᠡᠵᠦ ᠪᠠᠶᠢᠨ᠎ᠠ ᠭᠡᠳᠡᠭ᠃      ᠬᠡᠦᠬᠡᠳ ᠦᠷ᠎ᠡ ᠪᠠᠨ ᠭᠡᠶᠢᠴᠢᠨ ᠤ ᠡᠮᠦᠨ᠎ᠡ ᠵᠣᠳᠤᠵᠤ ᠵᠠᠩᠨᠠᠬᠤ ᠶᠢ ᠴᠡᠭᠡᠷᠯᠡᠳᠡᠭ᠃ ᠭᠡᠶᠢᠴᠢᠨ ᠳᠤ ᠭᠠᠷᠭᠠᠬᠤ ᠠᠭᠤᠷ ᠢ ᠬᠡᠦᠬᠡᠳ ᠲᠡᠭᠡᠨ ᠭᠠᠷᠭᠠᠵᠤ ᠪᠠᠶᠢᠨ᠎ᠠ ᠭᠡᠰᠡᠨ ᠳᠦᠷᠦᠭᠳᠡᠯ ᠥᠭᠬᠦ ᠶᠢᠨ ᠳᠠᠭᠠᠤ ᠬᠡᠦᠬᠡᠳ ᠤᠨ ᠬᠦᠮᠦᠵᠢᠯ ᠳᠤ ᠮᠠᠭᠤ ᠪᠠᠶᠢᠳᠠᠭ᠃      ᠭᠡᠶᠢᠴᠢᠨ ᠤ ᠡᠮᠦᠨ᠎ᠡ ᠨᠢᠷᠤᠭᠤ ᠡᠭᠦᠷᠴᠦ ᠵᠣᠬᠰᠤᠬᠤ ᠶᠢ ᠴᠡᠭᠡᠷᠯᠡᠳᠡᠭ᠃ ᠡᠨᠡ ᠨᠢ ᠮᠤᠷᠠᠯ ᠦᠭᠡᠢ ᠦᠵᠡᠭᠳᠡᠯ ᠪᠤᠯᠵᠦ ᠭᠡᠷ ᠤᠨ ᠰᠤᠷᠭᠠᠯ ᠮᠠᠭᠤ ᠭᠡᠵᠦ ᠬᠦᠮᠦᠰ ᠦᠵᠡᠳᠡᠭ᠃      ᠭᠡᠶᠢᠴᠢᠨ ᠵᠣᠴᠢᠨ ᠢ ᠬᠤᠷᠤᠭᠤ ᠪᠠᠷ ᠢᠶᠠᠨ ᠵᠢᠭᠠᠬᠤ ᠶᠢ ᠣᠬᠳᠤ ᠴᠡᠭᠡᠷᠯᠡᠳᠡᠭ᠃ ᠥᠰ ᠲᠠᠢ ᠬᠦᠮᠦᠨ ᠢ ᠰᠠᠶ᠋ᠢ ᠬᠤᠷᠤᠭᠤ ᠪᠠᠷ ᠢᠶᠠᠨ ᠵᠢᠭᠠᠳᠠᠭ ᠪᠠᠶᠢᠭ᠎ᠠ᠃      ᠭᠡᠶᠢᠴᠢᠨ ᠳᠤ ᠴᠠᠢ ᠪᠤᠳᠠᠭ᠎ᠠ ᠠᠶᠠᠭᠠᠯᠠᠬᠤ ᠳᠠᠭᠠᠨ ᠬᠤᠷᠤᠭᠤ ᠬᠢᠮᠤᠰᠤ ᠪᠠᠨ ᠲᠦᠷᠦᠬᠦ ᠶᠢ ᠴᠡᠭᠡᠷᠯᠡᠳᠡᠭ᠃ ᠭᠡᠷ ᠲᠤ ᠵᠣᠴᠢᠨ ᠪᠠᠶᠢᠬᠤ ᠳᠤ ᠴᠠᠭ ᠢᠶᠠᠨ ᠪᠠᠶᠢᠩᠭᠤ ᠣᠯᠠᠨ ᠬᠠᠷᠠᠬᠤ ᠶᠢ ᠴᠡᠭᠡᠷᠯᠡᠳᠡᠭ᠃ ᠡᠨᠡ ᠨᠢ ᠭᠡᠶᠢᠴᠢᠨ ᠢᠶᠠᠨ ᠬᠤᠷᠳᠣᠨ ᠶᠠᠪᠤᠭᠤᠯᠬᠤ ᠰᠠᠨᠠᠭ᠎ᠠ ᠲᠠᠢ ᠭᠡᠰᠡᠨ ᠪᠣᠳᠤᠯ ᠥᠭᠳᠡᠭ᠃      ᠵᠣᠴᠢᠨ ᠶᠠᠪᠤᠬᠰᠠᠠ ᠬᠤᠶᠢᠨ᠎ᠠ ᠬᠤᠭ ᠦᠨᠡᠰᠦ ᠬᠠᠶᠠᠬᠤ ᠶᠢ ᠴᠡᠭᠡᠷᠯᠡᠳᠡᠭ᠃ ᠡᠨᠡ ᠨᠢ ᠭᠡᠶᠢᠴᠢᠨ ᠤ ᠬᠡᠢ ᠮᠣᠷᠢ ᠮᠠᠨᠳᠤᠬᠤ ᠳᠤ ᠮᠠᠭᠤ ᠪᠣᠯᠤᠨ᠎ᠠ ᠭᠡᠳᠡᠭ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号