ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠬᠡᠵᠦ ᠶᠡᠷᠢᠬᠤ ᠲᠠᠢ ᠵᠡᠷᠭᠡ ᠤᠯᠠᠩᠬᠢ ᠬᠦᠮᠦᠰ ᠯᠤᠤᠳᠤ | ᠤᠩᠭᠤᠴᠠᠨ ᠤ ᠤᠷᠤᠯᠳᠤᠭᠠᠨ ᠬᠢᠬᠦ᠂ ᠽᠦᠩᠽᠢ ᠢᠳᠡᠬᠦ᠂ ᠠᠭᠤᠯᠠ ᠠᠪᠠᠷᠢᠬᠤ ᠵᠡᠷᠭᠡ ᠶᠢ ᠪᠤᠳᠤᠨ ᠤᠯᠳᠠᠭ᠃ | ᠬᠡᠳᠡᠯ᠎ᠡ ᠬᠤᠷᠴᠢᠨ ᠨᠤᠳᠤᠭ ᠲᠤ ᠪᠤᠯ ᠲᠡᠪᠤᠨ ᠰᠠᠷ᠎ᠠ ᠶᠢᠨ ᠰᠢᠨ᠎ᠡ ᠶᠢᠨ ᠲᠠᠪᠤᠨ ᠢ ᠲᠤᠷᠠᠳᠬᠤ ᠲᠠᠢ ᠵᠡᠷᠭᠡ ᠦᠨᠳᠡᠭᠡ | ᠦᠩᠭᠦᠷᠢᠬᠦᠯᠬᠦ ᠲᠤᠭᠯᠠᠭᠠᠮ᠂ ᠦᠷᠦᠮ᠎ᠡ ᠲᠠᠢ ᠬᠠᠭᠤᠷᠤᠭᠰᠠᠨ ᠪᠤᠳᠠᠭ᠎ᠠ᠂ ᠲᠤᠭᠤᠯ ᠲᠠᠩ᠂ ᠬᠤᠷᠤᠳ ᠠᠭᠠᠷᠤᠤᠯ | ᠵᠡᠷᠭᠡ ᠵᠦᠢᠯ ᠪᠤᠳᠤᠭᠳᠠᠳᠠᠭ᠃ | ᠮᠠᠨ ᠤ ᠨᠤᠳᠤᠭ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠪᠠᠶᠠᠨᠮᠤᠳᠤ ᠰᠤᠮᠤ ᠬᠡᠵᠦ ᠠᠭᠤᠯᠠ | ᠴᠦᠬᠡᠨᠳᠠᠢ᠂ ᠭᠤᠤᠯ ᠮᠦᠷᠡᠨ ᠴᠤᠬᠠᠭ᠂ ᠲᠠᠯ᠎ᠠ ᠪᠠ ᠮᠠᠩᠬ᠎ᠠ ᠵᠤ ᠪᠠᠷ ᠭᠤᠤᠯᠯᠠᠭᠰᠠᠨ ᠭᠠᠵᠠᠷ ᠶᠤᠮ᠃ ᠶᠠᠭ ᠡᠨᠡ ᠬᠦ | ᠨᠤᠳᠤᠭ ᠤᠷᠤᠨ ᠤ ᠪᠠᠨ ᠤᠨᠴᠠᠯᠢᠭ ᠲᠤ ᠲᠤᠬᠢᠷᠠᠯᠴᠠᠭᠤᠯᠤᠨ ᠨᠤᠳᠤᠭ ᠤᠨ ᠮᠢᠨᠢ ᠬᠦᠮᠦᠰ ᠦᠨᠳᠦᠷ ᠮᠠᠩᠬᠠᠨ ᠳᠤ | ᠭᠠᠷᠴᠤ ᠦᠬᠡᠳᠡᠯᠡᠬᠦ ᠨᠠᠷᠠᠨ ᠢ ᠤᠭᠳᠤᠵᠤ᠂ ᠠᠯᠤᠰ ᠤᠨ ᠪᠠᠷ᠎ᠠ ᠶᠢ ᠪᠠᠷᠠᠯᠠᠨ ᠲᠠᠪᠤᠨ ᠰᠠᠷ᠎ᠠ ᠶᠢᠨ ᠰᠢᠨ᠎ᠡ ᠶᠢᠨ | ᠲᠠᠪᠤᠨ ᠤ ᠤᠯᠠᠮᠵᠢᠯᠠᠯᠳᠤ ᠪᠠᠶᠠᠷ ᠢᠶᠠᠨ ᠤᠭᠳᠤᠳᠠᠭ᠃ ᠵᠢᠯ ᠪᠦᠷᠢ ᠶᠢᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ | ᠦᠷᠯᠦᠬᠡ ᠪᠦᠬᠦ ᠬᠡᠷ ᠢᠶᠠᠷ ᠢᠶᠠᠨ ᠨᠠᠷᠠᠨ ᠠᠴᠠ ᠡᠷᠳᠡ ᠪᠤᠰᠴᠤ ᠬᠤᠪᠢ ᠬᠤᠪᠢᠨ ᠤ ᠠᠵᠢᠯ ᠳᠠᠭᠠᠨ ᠶᠠᠭᠠᠷᠠᠯᠳᠤᠳᠠᠭ᠃ | ᠡᠷᠡᠭᠳᠡᠶᠢᠴᠦᠳ ᠬᠤᠯᠠ ᠶᠠᠪᠤᠵᠤ ᠠᠬᠢ ᠰᠦᠢᠬᠡ ᠲᠡᠬᠦᠨ ᠢᠷᠡᠵᠦ᠂ ᠬᠡᠷ ᠤᠨ ᠢᠶᠠᠨ ᠡᠬᠦᠳᠡ ᠬᠠᠭᠠᠯᠭ᠎ᠠ ᠠᠴᠠ ᠮᠠᠯ | ᠦᠬᠡᠷ ᠤᠨ ᠢᠶᠠᠨ ᠬᠠᠰᠢᠶᠠᠨ ᠤ ᠡᠬᠦᠳᠡᠨ ᠳᠤ ᠬᠦᠷᠳᠡᠯ᠎ᠡ ᠡᠯᠬᠦᠵᠤ ᠲᠠᠯᠪᠢᠳᠠᠭ᠃ ᠡᠨᠡ ᠨᠢ ᠵᠢᠯ ᠲᠤᠷᠰᠢ ᠳᠠᠭᠠᠨ | ᠬᠦᠮᠦᠨ ᠮᠠᠯ ᠦᠬᠡᠳᠡ ᠡᠰᠡᠷᠡᠭ ᠪᠠᠶᠢᠬᠤ ᠶᠢ ᠪᠡᠯᠭᠡᠳᠡᠵᠦ ᠪᠠᠶᠢᠬᠤ ᠤᠳᠬ᠎ᠠ ᠲᠠᠢ᠃ ᠬᠡᠥᠬᠡᠳ ᠪᠠᠭᠠᠴᠤᠳ ᠬᠤᠳᠳᠤᠭ | ᠲᠠᠷᠤᠨ ᠤᠰᠤ ᠭᠠᠷᠭᠠᠵᠤ᠂ ᠬᠦᠮᠦᠨ ᠪᠦᠬᠦᠨ ᠬᠦᠯ ᠦᠬᠡᠢ ᠲᠡᠬᠦᠵᠢᠩ ᠤᠰᠤ ᠶᠢ ᠵᠡᠪᠡᠯ ᠬᠡᠳᠦᠨ ᠠᠮᠠ ᠵᠠᠯᠬᠢᠬᠤ | ᠶᠤᠰᠤᠳᠠᠢ ᠮᠦᠷᠳᠡᠭᠡᠨ ᠡᠨᠡ ᠤᠰᠤᠨ ᠳᠠᠭᠠᠨ ᠰᠦᠢᠬᠡ ᠡᠪᠡᠰᠦᠨ ᠨᠠᠪᠴᠢ ᠶᠢ ᠬᠢᠵᠦ᠂ ᠨᠢᠭᠤᠷ ᠭᠠᠷ ᠢᠶᠠᠨ ᠤᠬᠢᠶᠠᠨ | ᠴᠡᠪᠡᠷᠯᠡᠳᠡᠭ᠃ ᠡᠨᠡ ᠨᠢ ᠡᠪᠡᠳᠴᠢᠨ ᠲᠠᠬᠤᠯ ᠲᠤᠰᠬᠤ ᠦᠬᠡᠢ᠂ ᠡᠷᠡᠬᠦᠯ ᠰᠠᠶᠢᠬᠠᠨ ᠪᠠᠶᠢᠬᠤ ᠶᠢ ᠵᠦᠩᠨᠡᠵᠦ ᠪᠠᠶᠢᠭ᠎ᠠ | ᠶᠠᠪᠤᠳᠠᠯ ᠮᠦᠨ᠃ ᠬᠠᠷᠢᠨ ᠡᠮᠡᠭᠳᠡᠶᠢᠴᠦᠳ ᠪᠤᠯ ᠦᠨᠢᠶ᠎ᠡ ᠰᠠᠭᠠᠨ᠂ ᠦᠷᠦᠮ᠎ᠡ ᠬᠠᠷᠮᠠᠨ᠂ ᠬᠤᠷᠤᠳ ᠬᠢᠵᠦ᠂ | ᠦᠨᠳᠡᠭᠡ ᠴᠢᠨᠠᠨ ᠶᠠᠭᠠᠷᠠᠵᠤ ᠭᠠᠷᠳᠠᠭ᠃ | ᠦᠤᠷ ᠢᠶᠠᠷ ᠪᠤᠰᠴᠤ ᠬᠤᠪᠢ ᠬᠤᠪᠢᠨ ᠤ ᠠᠵᠢᠯ ᠢᠶᠠᠨ ᠲᠠᠭᠤᠰᠬᠠᠭᠰᠠᠨ ᠬᠦᠮᠦᠰ ᠬᠡᠥᠬᠡᠳ ᠠᠴᠢ ᠨᠠᠷ ᠢᠶᠠᠨ | ᠲᠠᠭᠠᠭᠤᠯᠵᠤ ᠦᠨᠳᠦᠷ ᠮᠠᠩᠬᠠᠨ ᠤ ᠤᠷᠤᠢ ᠳᠤ ᠮᠠᠴᠤᠨ ᠭᠠᠷᠴᠤ᠂ ᠨᠠᠷᠠ ᠮᠠᠨᠳᠤᠬᠤ ᠶᠢ ᠪᠠᠷᠠᠯᠠᠨ᠂ ᠠᠯᠤᠰ ᠢ ᠰᠢᠷᠳᠡᠨ | ᠨᠢᠳᠤᠨ ᠴᠢᠯᠡᠭᠡ ᠪᠠᠨ ᠭᠠᠷᠭᠠᠵᠤ᠂ ᠰᠡᠳᠬᠢᠯ ᠰᠠᠨᠠᠭ᠎ᠠ ᠪᠠᠨ ᠰᠡᠷᠬᠦᠬᠡᠳᠡᠭ᠃ ᠬᠠᠮᠤᠭ ᠠᠴᠠ ᠬᠦᠷ ᠬᠦᠭᠵᠢᠶᠡᠨᠲᠠᠢ ᠨᠢ | ᠬᠠᠰᠢ ᠯᠡ ᠬᠡᠥᠬᠡᠳ ᠤᠨ ᠦᠨᠳᠡᠭᠡ ᠦᠩᠬᠦᠷᠢᠬᠦᠯᠬᠦ ᠤᠷᠤᠯᠳᠤᠭᠠᠨ ᠪᠤᠯᠤᠨ᠎ᠠ᠃ ᠬᠡᠥᠬᠡᠳ ᠪᠠᠭᠠᠴᠤᠳ ᠬᠡᠳᠦᠨ | ᠡᠳᠦᠷ ᠤᠨ ᠡᠮᠦᠨ᠎ᠡ ᠠᠴᠠ ᠰᠢᠯᠢᠵᠦ ᠰᠤᠩᠭᠤᠭᠰᠠᠨ ᠦᠩᠬᠦᠷᠢᠬᠦ ᠳᠤ ᠰᠠᠶᠢᠨ ᠦᠨᠳᠡᠭᠡ ᠶᠢᠨ ᠢᠶᠠᠨ ᠲᠡᠭᠡᠷ᠎ᠡ ᠨᠢ | ᠨᠠᠷᠠ ᠪᠠᠨ ᠪᠢᠴᠢᠬᠦ ᠪᠤᠶᠤ ᠦᠪᠡᠷ ᠤᠨ ᠤᠨᠴᠠᠯᠢᠭ ᠲᠠᠢ ᠵᠢᠷᠤᠭ ᠲᠡᠮᠳᠡᠭ ᠬᠢᠵᠦ᠂ ᠮᠠᠩᠬᠠᠨ ᠤᠷᠦᠢ ᠠᠴᠠ ᠲᠤᠷᠤᠭᠰᠢ | ᠦᠩᠬᠦᠷᠢᠬᠦᠯᠤᠨ᠂ ᠦᠪᠡᠷᠰᠡᠳ ᠢᠶᠠᠨ ᠤᠷᠢᠳ ᠢᠶᠠᠷ ᠬᠦᠶᠤᠨ ᠪᠠᠭᠤᠵᠤ᠂ ᠮᠠᠩᠬᠠᠨ ᠡᠩᠭᠡᠷ ᠠᠴᠠ ᠦᠨᠳᠡᠭᠡ ᠪᠠᠨ | ᠲᠤᠰᠳᠠᠭ᠃ ᠲᠠᠬᠢᠨ ᠮᠠᠩᠬᠠᠨ ᠡᠩᠭᠡᠷ ᠠᠴᠠ ᠲᠡᠭᠡᠭᠰᠢ ᠭᠠᠷᠬᠤ ᠳᠠᠭᠠᠨ ᠮᠠᠩᠬᠠᠨ ᠳᠤ ᠮᠠᠴᠤᠨ ᠤᠷᠤᠯᠳᠤᠳᠠᠭ᠃ | ᠢᠩᠬᠢᠵᠦ ᠪᠠᠶᠠᠷᠯᠠᠨ ᠬᠦᠬᠡᠷᠦᠵᠦ ᠬᠡᠳᠦᠨ ᠴᠠᠭ ᠲᠤᠭᠯᠠᠭᠠᠳ ᠪᠡᠯᠡᠳᠭᠡᠵᠦ ᠠᠪᠴᠢᠷᠠᠭᠰᠠᠨ ᠬᠤᠷᠤᠳ᠂ ᠠᠭᠠᠷᠤᠤᠯ᠂ | ᠦᠨᠳᠡᠭᠡ᠂ ᠠᠶᠢᠷᠠᠭ ᠲᠠᠷᠠᠭ ᠢᠶᠠᠨ ᠬᠤᠪᠢᠶᠠᠯᠴᠠᠨ ᠢᠳᠡᠵᠦ᠂ ᠰᠢᠯᠦᠭ ᠲᠠᠭᠤᠤ ᠠᠶᠠᠯᠭᠤᠯᠠᠭᠰᠠᠭᠠᠷ ᠬᠠᠮᠳᠤ ᠳᠠᠭᠠᠨ | ᠠᠶᠢᠯ ᠤᠷᠤᠭᠤ ᠪᠠᠨ ᠪᠤᠴᠠᠳᠠᠭ᠃ | ᠬᠡᠷ ᠲᠡᠭᠡᠨ ᠬᠦᠷᠬᠦ ᠳᠤ ᠠᠵᠢᠯᠰᠠᠭ ᠵᠠᠩ ᠲᠠᠢ ᠡᠵᠢ ᠨᠠᠷ ᠠᠩᠬᠢᠯᠤᠮ᠎ᠠ ᠰᠠᠶᠢᠬᠠᠨ ᠦᠨᠦᠷ ᠲᠠᠢ ᠲᠤᠭᠤᠯ | ᠲᠠᠩ ᠢᠶᠠᠨ ᠪᠤᠴᠠᠯᠭᠠᠵᠤ᠂ ᠦᠷᠦᠮ᠎ᠡ ᠰᠦ᠂ ᠬᠠᠭᠤᠷᠤᠭᠰᠠᠨ ᠪᠤᠳᠠᠭ᠎ᠠ᠂ ᠴᠠᠭᠠᠨ ᠰᠢᠬᠢᠷ ᠵᠡᠷᠭᠡ ᠶᠢᠨ ᠠᠮᠳᠠᠳᠤ | ᠢᠳᠡᠬᠡᠨ ᠢᠶᠠᠨ ᠰᠢᠷᠡᠭᠡ ᠲᠦᠬᠦᠷᠡᠩ ᠪᠡᠯᠡᠳᠬᠡᠬᠡᠳ ᠬᠦᠯᠢᠶᠡᠵᠦ ᠪᠠᠶᠢᠳᠠᠭ᠃ ᠲᠠᠪᠤᠨ ᠰᠠᠷ᠎ᠠ ᠶᠢᠨ ᠰᠢᠨ᠎ᠡ ᠶᠢᠨ | ᠲᠠᠪᠤᠨ ᠨᠢ ᠬᠤᠷᠴᠢᠨ ᠮᠤᠩᠭᠤᠯᠴᠤᠳ ᠲᠤ ᠠᠪᠴᠤ ᠬᠡᠯᠡᠪᠡᠯ ᠪᠡᠯᠴᠢᠬᠡᠷ ᠡᠪᠡᠰᠦ ᠢᠬᠴᠦ ᠰᠠᠬᠤᠯᠢᠭ ᠤᠷᠭᠤᠵᠤ᠂ | ᠦᠬᠡᠷ ᠬᠤᠨᠢ ᠨᠤᠭᠤᠭᠠᠨ ᠳᠤ ᠴᠠᠳᠴᠤ ᠲᠠᠷᠭᠤ ᠬᠦᠴᠦ ᠠᠪᠤᠨ ᠰᠦ ᠴᠠᠭ᠎ᠠ ᠪᠠᠭᠤᠵᠤ ᠡᠬᠢᠯᠡᠭᠰᠡᠨ ᠤ ᠪᠡᠯᠭᠡ ᠲᠡᠮᠳᠡᠭ | ᠪᠤᠯᠳᠠᠭ᠃ ᠬᠤᠷᠴᠢᠨ ᠨᠤᠳᠤᠭ ᠤᠨ ᠬᠢᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠳᠤ ᠲᠤᠭᠤᠯ ᠲᠠᠩ ᠬᠢᠵᠦ᠂ | ᠲᠡᠭᠡᠵᠢ ᠶᠢ ᠨᠢ ᠨᠤᠳᠤᠭ ᠤᠰᠤᠨ ᠤ ᠨᠠᠪᠳᠠᠭ ᠰᠠᠪᠳᠠᠭ ᠲᠠᠭᠠᠨ ᠡᠷᠬᠦᠵᠦ᠂ ᠪᠦᠬᠦ ᠭᠡᠷ ᠢᠶᠠᠷ ᠢᠶᠠᠨ ᠪᠠᠶᠠᠷ ᠬᠦᠷ ᠲᠠᠢ | ᠴᠠᠭᠠᠨ ᠢᠳᠡᠭᠡ ᠠᠮᠰᠠᠬᠤ ᠶᠢ ᠲᠦᠢᠯ ᠤᠨ ᠡᠷᠬᠢᠮ ᠢᠶᠠᠷ ᠦᠵᠡᠳᠡᠭ᠃ ᠦᠳᠡᠰᠢ ᠨᠢ ᠠᠬᠢ ᠰᠦᠢᠬᠡ ᠪᠠᠷ ᠰᠠᠩ | ᠲᠠᠯᠪᠢᠨ᠂ ᠦᠬᠡᠷ ᠬᠤᠨᠢᠨ ᠤ ᠬᠠᠰᠢᠶ᠎ᠠ ᠬᠤᠷᠤᠭ᠎ᠠ ᠪᠠᠨ ᠠᠷᠢᠭᠤᠳᠬᠠᠵᠤ᠂ ᠡᠪᠡᠳᠴᠢᠨ ᠬᠢᠵᠢᠭ ᠲᠤᠰᠤᠬᠤ ᠦᠬᠡᠢ᠂ | ᠦᠬᠡᠳᠡᠯᠡᠨ ᠦᠷᠡᠵᠢᠬᠦ ᠶᠢ ᠪᠡᠯᠭᠡᠳᠡᠳᠡᠭ᠃ | ᠤᠳᠤᠬᠢᠴᠢᠯᠠᠭᠰᠠᠨ ᠮᠠᠯ ᠠᠵᠤ ᠠᠬᠤᠢ ᠨᠡᠶᠢᠬᠡᠮ ᠲᠠᠶᠠᠭᠠᠷ ᠲᠦᠬᠡᠮᠡᠯᠵᠢᠭᠰᠡᠨ ᠦᠨᠦᠳᠦᠷ᠂ ᠬᠤᠷᠴᠢᠨ | ᠨᠤᠳᠤᠭ ᠤᠨ ᠬᠢᠨ ᠮᠦᠨ ᠴᠤ ᠡᠨᠡ ᠬᠦ ᠤᠯᠠᠮᠵᠢᠯᠠᠯᠳᠤ ᠪᠠᠶᠠᠷ ᠲᠤᠷᠠᠰᠬᠠᠯ ᠤᠨ ᠡᠳᠦᠷ ᠤᠨ ᠵᠠᠩ ᠵᠠᠩᠰᠢᠯ ᠢᠶᠠᠨ | ᠪᠠᠷᠢᠮᠳᠠᠯᠠᠭᠰᠠᠭᠠᠷ ᠶᠤᠮ᠃ | | |