ᠰᠢᠬᠦᠮᠵᠢᠯᠡᠯ ᠪᠤᠯ ᠨᠢᠬᠡ ᠵᠦᠢᠯ ᠤᠨ ᠰᠤᠷᠭᠠᠨ ᠬᠦᠮᠤᠵᠢᠯ ᠤᠬᠠᠭᠠᠨ ᠪᠤᠯᠬᠤ ᠪᠦᠬᠡᠳ ᠮᠦᠨ ᠴᠦ ᠨᠢᠬᠡ | ᠵᠦᠢᠯ ᠤᠨ ᠰᠤᠷᠭᠠᠨ ᠬᠦᠮᠤᠵᠢᠬᠦᠯᠬᠦ ᠴᠢᠬᠤᠯᠠ ᠠᠷᠭ᠎ᠠ ᠪᠠᠷᠢᠯ ᠪᠤᠯᠤᠨ᠎ᠠ᠃ ᠲᠤᠬᠢᠷᠡᠮᠵᠢᠲᠡᠢ ᠰᠢᠬᠦᠮᠵᠢᠯᠡᠯ ᠨᠢ | ᠰᠤᠷᠤᠬᠴᠢ ᠶᠢ ᠰᠡᠬᠡᠬᠡᠷᠡᠬᠦᠯᠵᠤ᠂ ᠠᠯᠲᠠᠭ᠎ᠠ ᠲᠤᠲᠡᠬᠲᠡᠯ ᠢ ᠨᠢ ᠡᠷᠬᠢᠴᠡᠬᠦᠯᠤᠨ ᠪᠤᠲᠦᠭᠤᠯᠵᠤ᠂ ᠡᠷᠡᠬᠦᠯ ᠢᠶᠠᠷ ᠦᠰᠤᠨ | ᠪᠤᠶᠢᠵᠢᠬᠤ ᠶᠢ ᠠᠬᠢᠭᠤᠯᠵᠤ᠂ ᠰᠤᠷᠭᠠᠨ ᠬᠦᠮᠤᠵᠢᠬᠦᠯᠬᠦ ᠵᠤᠷᠢᠯᠭ᠎ᠠ ᠳᠠᠭᠠᠨ ᠦᠨᠡᠨ ᠬᠦ ᠬᠦᠷᠴᠦ ᠴᠢᠲᠡᠲᠠᠬ ᠶᠤᠮ᠃ | ᠲᠡᠬᠡᠪᠠᠯ ᠴᠤᠬᠤᠮ ᠶᠠᠮᠠᠷ ᠠᠷᠭ᠎ᠠ ᠮᠠᠶ᠋ᠢᠬ ᠢᠶᠠᠷ ᠰᠢᠬᠦᠮᠵᠢᠯᠡᠪᠠᠯ ᠰᠠᠶ᠋ᠢ ᠰᠢᠬᠦᠮᠵᠢᠯᠡᠯ ᠤᠨ ᠦᠢᠯᠠᠲᠦᠯ ᠢ ᠬᠦᠢᠴᠡᠳ | ᠪᠠᠲᠡᠷᠡᠭᠤᠯᠵᠤ ᠴᠢᠲᠡᠬᠤ ᠪᠤᠢ︖ ᠬᠡᠪᠠᠯ ᠮᠢᠨᠦ ᠭᠤᠴᠢᠨ ᠭᠤᠷᠪᠠᠨ ᠵᠢᠯ ᠠᠩᠬᠢ ᠶᠢᠨ ᠡᠷᠬᠢᠯᠡᠭᠴᠢ ᠶᠢᠨ ᠠᠵᠢᠯ | ᠬᠢᠭᠰᠡᠨ ᠲᠤᠷᠰᠢᠯᠭ᠎ᠠ ᠠᠴᠠ ᠦᠵᠡᠪᠡᠯ᠄ | ᠨᠢᠬᠡ᠂ ᠰᠢᠬᠦᠮᠵᠢᠯᠡᠯ ᠬᠢᠬᠦ ᠳᠡᠭᠡᠨ ᠦᠨᠡᠨ ᠪᠤᠲᠡᠲᠡᠢ ᠦᠨᠲᠦᠰᠤ ᠪᠠᠷᠢᠮᠲᠡ ᠶᠢ ᠪᠠᠷᠢᠮᠲᠡᠯᠠᠬᠤ ᠬᠡᠷᠡᠭᠲᠡᠢ᠃ | ᠰᠤᠷᠤᠬᠴᠢᠳ ᠤᠰᠤᠯ ᠪᠤᠷᠤᠭᠤ ᠭᠠᠷᠭᠠᠬᠰᠡᠨ ᠦᠶ᠎ᠠ ᠳᠤ ᠶᠡᠷᠤ ᠳᠡᠭᠡᠨ ᠪᠠᠭᠰᠢ ᠶᠢᠨ ᠰᠢᠬᠦᠮᠵᠢᠯᠡᠯ | ᠲᠤᠩᠭᠤᠲᠦᠯᠭᠠ ᠠᠴᠠ ᠵᠠᠶᠢᠯᠠᠰᠬᠢᠬᠦ ᠶᠢᠨ ᠲᠦᠯᠤᠬᠡ ᠦᠪᠡᠷ ᠤᠨ ᠭᠠᠷᠭᠠᠬᠰᠡᠨ ᠠᠯᠲᠠᠭ᠎ᠠ ᠪᠤᠷᠤᠭᠤ ᠪᠠᠨ | ᠬᠦᠲᠡᠯᠤᠩᠬᠦᠢ ᠪᠠᠷ ᠢᠷᠡᠵᠤ ᠮᠡᠲᠡᠷᠡᠲᠡᠭ ᠦᠬᠡᠢ᠃ ᠲᠡᠷᠡᠴᠢᠯᠡᠨ ᠬᠤᠲᠡᠯ ᠬᠡᠯᠡᠨ᠂ ᠬᠤᠯᠤ ᠲᠡᠯᠡᠰᠴᠦ ᠵᠠᠶᠢᠯᠠᠵᠤ | ᠲᠤᠲᠠᠭᠠᠬᠤ ᠶᠢ ᠪᠤᠲᠦᠲᠠᠬ ᠪᠤᠶᠤ ᠬᠡᠷᠡᠭ ᠠᠴᠠ ᠵᠠᠶᠢᠯᠠᠵᠤ ᠶᠠᠪᠤᠬᠤ ᠶᠢ ᠡᠷᠢᠲᠡᠭ ᠨᠢ ᠤᠯᠠᠨ ᠪᠤᠢ᠃ ᠡᠶᠢᠮᠤᠷᠬᠦᠦ | ᠪᠠᠶᠢᠲᠡᠯ ᠤᠨ ᠲᠤᠤᠷ᠎ᠠ ᠪᠠᠭᠰᠢ ᠠᠴᠠ ᠵᠦᠪ ᠪᠤᠷᠤᠭᠤ ᠬᠠᠷ᠎ᠠ ᠴᠠᠭᠠᠨ ᠢ ᠢᠯᠭᠠᠯ ᠦᠬᠡᠢ᠂ ᠪᠤᠲᠦᠵᠤ | ᠰᠠᠨᠠᠬᠰᠡᠨ ᠢᠶᠠᠷ ᠢᠶᠠᠨ ᠠᠬᠰᠤᠮᠨᠠᠨ ᠵᠠᠩᠲᠦᠷᠴᠦ᠂ ᠠᠭᠠᠰᠢᠯᠠᠬᠤ ᠪᠤᠶᠤ ᠡᠰᠡᠬᠦᠯ᠎ᠠ ᠡᠰᠡ ᠮᠡᠲᠡᠭᠰᠡᠨ ᠰᠢᠭ ᠬᠡᠨ ᠢ ᠴᠦ | ᠡᠪᠡᠳᠬᠡᠬᠦ ᠦᠬᠡᠢ ᠪᠠᠷ ᠦᠩᠬᠡᠷᠡᠬᠡᠬᠦ ᠨᠢ ᠰᠤᠷᠭᠠᠨ ᠬᠦᠮᠤᠵᠢᠬᠦᠯᠬᠦ ᠵᠤᠷᠢᠯᠭ᠎ᠠ ᠳᠠᠭᠠᠨ ᠬᠦᠴᠦ ᠴᠢᠲᠡᠬᠤ ᠦᠬᠡᠢ ᠶᠤᠮ᠃ | ᠨᠡᠩ ᠲᠦᠷ ᠵᠠᠭᠤᠷ᠎ᠠ ᠶᠢᠨ ᠠᠭᠤᠷ ᠬᠢᠯᠢᠩ ᠠᠴᠠ ᠪᠠᠨ ᠪᠤᠯᠵᠤ ᠰᠢᠬᠦᠮᠵᠢᠯᠡᠯ ᠬᠢᠬᠦ ᠳᠡᠭᠡᠨ ᠮᠠᠭᠤ ᠶᠢ ᠨᠢ ᠮᠠᠯᠲᠡᠨ᠂ | ᠬᠤᠱᠤᠩᠨᠠᠨ ᠶᠦᠬᠡᠲᠡᠵᠤ᠂ ᠬᠠᠷᠢᠶᠠᠵᠤ ᠵᠦᠬᠡᠬᠡᠬᠦ ᠮᠠᠲᠦ ᠪᠠᠷ ᠰᠤᠷᠤᠬᠴᠢ ᠶᠢᠨ ᠪᠡᠶ᠎ᠠ ᠰᠡᠳᠬᠢᠯ ᠢ ᠰᠢᠷᠬᠠᠲᠦᠭᠤᠯᠵᠤ | ᠪᠤᠯᠬᠤ ᠦᠬᠡᠢ᠃ ᠬᠠᠷᠢᠨ ︽ᠲᠠᠮ ᠤᠨ ᠦᠬᠡ ᠲᠠᠯᠠᠨ ᠬᠤᠲᠡᠯ︾ ᠪᠤᠯᠬᠤ ᠠᠴᠠ ᠵᠠᠶᠢᠯᠠᠰᠬᠢᠵᠤ ᠤᠰᠤᠯ ᠪᠤᠷᠤᠭᠤ | ᠭᠠᠷᠭᠠᠬᠰᠡᠨ ᠰᠤᠷᠤᠬᠴᠢ ᠶᠢᠨ ᠢᠶᠠᠨ ᠦᠨᠡᠨ ᠪᠤᠲᠠᠲᠦ ᠪᠠᠶᠢᠲᠡᠯ ᠢ ᠨᠢ ᠤᠶᠢᠯᠠᠭᠠᠨ᠂ ᠦᠨᠲᠦᠰᠥ ᠪᠠᠷᠢᠮᠲᠡ ᠲᠠᠢ ᠪᠠᠷ | ᠰᠢᠬᠦᠮᠵᠢᠯᠡᠯ ᠬᠢᠪᠡᠯ ᠦᠷ᠎ᠠ ᠳ᠋ᠦᠩ ᠢᠶᠠᠷ ᠰᠠᠶᠢᠨ ᠪᠠᠶᠢᠲᠠᠬ᠃ | ᠬᠤᠶᠠᠷ᠂ ᠰᠢᠬᠦᠮᠵᠢᠯᠡᠯ ᠬᠢᠬᠦ ᠳᠡᠭᠡᠨ ᠵᠤᠷᠢᠯᠭ᠎ᠠ ᠪᠠᠨ ᠲᠤᠲᠦ ᠪᠠᠶᠢᠯᠭᠠᠵᠤ ᠬᠠᠷᠡᠯᠲᠡ ᠲᠠᠢ ᠪᠠᠷ ᠰᠤᠮᠤ ᠬᠠᠷᠪᠤᠬᠤ | ᠬᠡᠷᠡᠭᠲᠡᠢ᠃ ᠵᠠᠷᠢᠮ ᠪᠠᠭᠰᠢ ᠶᠠᠷᠦ ᠨᠢ ᠬᠢᠴᠢᠶᠠᠯ ᠤᠨ ᠲᠠᠶᠢᠰᠡᠨ ᠲᠡᠬᠡᠷ᠎ᠠ ᠭᠠᠷᠬᠤ ᠲᠠᠢ ᠵᠡᠷᠬᠡ ᠦᠨᠲᠦᠷ ᠲᠠᠭᠤᠨ ᠢᠶᠠᠷ | ᠶᠡᠭᠡ ᠶᠤᠰᠦ ᠶᠠᠷᠢᠵᠤ ᠰᠢᠬᠦᠮᠵᠢᠯᠡᠯ ᠬᠢᠵᠤ ᠡᠬᠢᠯᠡᠲᠡᠭ᠃ ᠲᠡᠷᠡ ᠨᠢ ᠬᠠᠨᠲᠦᠯᠭᠠᠲᠦ ᠴᠢᠨᠠᠷ ᠢᠶᠠᠷ ᠲᠤᠲᠠᠮᠠᠬ ᠠᠴᠠ | ᠪᠤᠯᠵᠤ ᠠᠯᠲᠠᠭ᠎ᠠ ᠭᠠᠷᠭᠠᠬᠰᠡᠨ ᠰᠤᠷᠤᠬᠴᠢ ᠶᠢᠨ ᠡᠭᠲᠡᠬᠦᠴᠡᠯ ᠢ ᠬᠦᠷᠬᠡᠬᠦ ᠪᠠᠷ ᠪᠠᠷᠡᠬᠤ ᠦᠬᠡᠢ᠂ ︽ᠨᠤᠬᠠᠢ | ᠬᠤᠴᠠᠬᠤ ᠪᠠᠷ ᠢᠶᠠᠨ ᠬᠤᠴᠠᠵᠤ ᠲᠡᠮᠡᠭᠡ ᠶᠠᠪᠤᠬᠤ ᠪᠠᠷ ᠢᠶᠠᠨ ᠶᠠᠪᠤᠬᠤ︾ ᠶᠠᠪᠤᠲᠡᠯ ᠪᠤᠯᠭᠠᠲᠠᠬ᠃ ᠡᠶᠢᠮᠦ ᠠᠴᠠ | ᠰᠢᠬᠦᠮᠵᠢᠯᠡᠯ ᠨᠢ ᠡᠷᠬᠡᠪᠰᠢ ᠬᠠᠷᠡᠯᠲᠡ ᠲᠠᠢ ᠪᠠᠷ ᠰᠤᠮᠤ ᠬᠠᠷᠪᠤᠨ᠂ ᠨᠡᠶᠢᠲᠡᠯᠢᠭ ᠬᠦᠮᠤᠨ ᠪᠤᠶᠤ ᠬᠡᠷᠡᠭ ᠤᠴᠢᠷ ᠢ ᠵᠦᠪ | ᠲᠤᠲᠦᠷᠬᠠᠶᠢᠯᠠᠵᠤ᠂ ᠠᠯᠲᠠᠭ᠎ᠠ ᠨᠢ ᠬᠠᠮᠢᠭ᠎ᠠ ᠪᠠᠶᠢᠬᠤ᠂ ᠠᠯᠲᠠᠭ᠎ᠠ ᠤᠰᠤᠯ ᠭᠠᠷᠭᠠᠬᠰᠡᠨ ᠤᠴᠢᠷ ᠰᠢᠯᠲᠠᠭᠠᠨ᠂ ᠬᠤᠤᠷ | ᠬᠦᠨᠤᠬᠡᠯ ᠨᠢ ᠶᠠᠭᠤ ᠪᠤᠯᠬᠤ ᠶᠢ ᠵᠢᠭᠠᠨ ᠭᠠᠷᠭᠠᠵᠤ᠂ ᠡᠪᠡᠳᠴᠢᠨ ᠳᠤᠨᠢ ᠲᠤᠬᠢᠷᠡᠭᠤᠯᠵᠤ ᠡᠮ ᠦᠭᠬᠦ ᠠᠷᠭ᠎ᠠ ᠪᠠᠷ | ᠵᠠᠰᠠᠵᠤ ᠰᠤᠷᠭᠠᠬᠤ ᠬᠡᠷᠡᠭᠲᠡᠢ᠃ | ᠭᠤᠷᠪᠠ᠂ ᠰᠢᠬᠦᠮᠵᠢᠯᠡᠯ ᠬᠢᠬᠦ ᠳᠡᠭᠡᠨ ᠵᠤᠬᠢᠬᠤ ᠬᠡᠮᠵᠢᠶᠠᠨ ᠤ ᠴᠢᠯᠤᠬᠡᠲᠦ ᠤᠷᠤᠨ ᠵᠠᠢ ᠦᠯᠡᠲᠡᠬᠡᠵᠤ ᠦᠭᠬᠦ | ᠬᠡᠷᠡᠭᠲᠡᠢ᠃ ᠪᠠᠭᠰᠢ ᠪᠤᠯᠤᠬᠰᠡᠳ ᠰᠤᠷᠤᠬᠴᠢ ᠶᠢ ᠰᠢᠬᠦᠮᠵᠢᠯᠡᠬᠦ ᠳᠡᠭᠡᠨ ᠬᠠᠶᠢᠷᠡᠯᠠᠵᠤ ᠬᠦᠨᠲᠦᠳᠬᠡᠬᠦ ᠡᠬᠦᠲᠡᠨ ᠠᠴᠠ | ᠤᠴᠢᠵᠤ ᠬᠠᠨᠲᠦᠬᠤ ᠬᠡᠷᠡᠭᠲᠡᠢ᠃ ᠲᠡᠳᠡ ᠨᠠᠷ ᠤᠨ ᠭᠠᠷᠭᠠᠬᠰᠡᠨ ᠠᠯᠲᠠᠭ᠎ᠠ ᠪᠤᠷᠤᠭᠤ ᠪᠠᠨ ᠰᠡᠷᠡᠨ ᠮᠡᠲᠡᠷᠡᠬᠦ᠂ ᠬᠠᠯᠠᠨ | ᠰᠠᠶᠢᠵᠢᠷᠡᠭᠤᠯᠬᠤ ᠵᠠᠪᠰᠢᠶᠠᠨ ᠲᠤᠬᠢᠶᠠᠯ ᠤᠯᠭᠤᠬᠤ ᠬᠡᠷᠡᠭᠲᠡᠢ᠃ ᠰᠤᠷᠤᠬᠴᠢ ᠶᠢᠨ ᠨᠡᠷᠡᠯᠬᠡᠭ ᠰᠡᠳᠬᠢᠯ ᠢ ᠨᠢ | ᠬᠦᠨᠲᠦᠳᠬᠡᠨ ᠴᠠᠬ ᠬᠤᠭᠤᠴᠠᠭ᠎ᠠ᠂ ᠭᠠᠵᠠᠷ ᠤᠷᠤᠨ᠂ ᠤᠷᠮ᠎ᠠ ᠰᠡᠳᠬᠢᠯᠬᠡ ᠶᠢ ᠨᠢ ᠠᠩᠬᠠᠷᠴᠦ᠂ ᠬᠠᠮᠲᠦ ᠨᠦᠬᠦᠳ | ᠲᠠᠨᠢᠯ ᠲᠠᠰᠤᠯ ᠬᠦᠮᠤᠰ ᠤᠨ ᠡᠮᠤᠨ᠎ᠠ ᠰᠢᠬᠦᠮᠵᠢᠯᠡᠬᠦ ᠦᠬᠡᠢ ᠪᠤᠯ ᠬᠠᠮᠤᠬ ᠰᠠᠶᠢᠨ ᠪᠠᠶᠢᠲᠠᠬ᠃ ᠠᠷᠡᠳ ᠤᠨ ᠵᠦᠢᠷ | ᠦᠬᠡᠨ ᠳᠤ ︽ᠤᠬᠠᠭᠠᠨ ᠲᠠᠢ ᠬᠦᠮᠤᠨ ᠢ ᠤᠬᠤᠶᠢᠵᠤ ᠬᠠᠷᠡᠪᠠᠴᠦ ᠮᠡᠲᠡᠴᠢᠬᠡᠨᠠ︾ ᠬᠡᠲᠡᠭ ᠢᠶᠠᠷ ᠪᠠᠭᠰᠢ ᠬᠦᠮᠤᠨ | ᠬᠠᠷᠡᠴᠡ ᠪᠠᠷ ᠢᠶᠠᠨ ᠬᠠᠶᠢᠷ᠎ᠠ ᠪᠠᠨ ᠢᠯᠡᠳᠬᠡᠵᠤ ᠲᠡᠬᠦᠨ ᠳᠤ ᠰᠡᠷᠡᠮᠵᠢ ᠰᠠᠩᠬᠡᠷᠡᠬᠦᠯᠤᠯ ᠦᠭᠴᠦ᠂ ᠬᠤᠵᠢᠮ ᠲᠡᠪᠰᠢᠵᠤ | ᠤᠷᠤᠬᠰᠢᠯᠠᠬᠤ ᠵᠤᠷᠢᠬᠵᠢᠭᠤᠯᠤᠯ ᠤᠯᠭᠤᠨ᠎ᠠ᠃ ︽ᠰᠢᠪᠡᠷᠡᠭᠡ ᠬᠤᠷ᠎ᠠ ᠶᠡᠷᠦ ᠠᠴᠠ ᠪᠤᠷᠤᠭᠠᠨ ᠠᠴᠠ ᠰᠢᠮ᠎ᠠ ᠲᠠᠢ︾ | ᠬᠡᠲᠡᠭᠴᠢᠯᠡᠨ ᠴᠦᠬᠡᠨ ᠪᠤᠰᠦ ᠤᠰᠤᠯ ᠠᠯᠲᠠᠭ᠎ᠠ ᠭᠠᠷᠭᠠᠬᠰᠡᠨ ᠰᠤᠷᠤᠬᠴᠢ᠂ ᠪᠠᠭᠰᠢ ᠶᠢᠨ ᠠᠭᠤᠲᠡᠮ ᠪᠠᠭᠲᠠᠭᠠᠮᠵᠢᠲᠡᠢ | ᠰᠡᠳᠬᠢᠯ ᠳᠤ ᠤᠶᠠᠰᠴᠦ᠂ ᠬᠡᠮᠰᠢᠵᠤ ᠤᠬᠠᠭᠠᠷᠡᠨ᠂ ᠦᠪᠡᠷ ᠤᠨ ᠪᠤᠷᠤᠭᠤ ᠪᠠᠨ ᠲᠠᠰᠤᠷᠡᠯᠲᠡ ᠦᠬᠡᠢ ᠬᠠᠯᠠᠨ | ᠰᠠᠶᠢᠵᠢᠷᠡᠭᠤᠯᠬᠤ ᠵᠠᠩ ᠲᠠᠳᠬᠠᠯ ᠲᠠᠢ ᠪᠤᠯᠲᠠᠬ᠃ ᠡᠬᠦᠨ ᠤ ᠡᠰᠡᠷᠬᠦ ᠪᠠᠷ ᠪᠠᠭᠰᠢ ᠬᠡᠷᠪᠡ ᠰᠤᠷᠤᠬᠴᠢ ᠶᠢᠨ ᠤᠰᠤᠯ | ᠠᠯᠲᠠᠭ᠎ᠠ ᠶᠢ ᠶᠠᠬ ᠶᠠᠩ ᠢᠯᠲᠠᠷ ᠬᠠᠶᠠᠬᠤ ᠦᠬᠡᠢ᠂ ᠦᠴᠤᠬᠡᠨ ᠪᠤᠷᠤᠭᠤ ᠶᠢ ᠨᠢ ᠦᠷᠬᠦᠯᠵᠢ ᠲᠤᠩᠭᠤᠲᠦᠭᠠᠳ | ᠪᠠᠶᠢᠲᠠᠬ ᠶᠤᠮ ᠪᠤᠯ ᠲᠠᠲᠠ ᠨᠠᠷ ᠤᠨ ᠤᠬᠠᠭᠠᠵᠢᠬᠤ ᠳᠤ ᠬᠠᠷᠰᠢ ᠪᠤᠯᠵᠤ᠂ ᠠᠯᠲᠠᠭ᠎ᠠ ᠪᠠᠨ ᠵᠠᠯᠠᠷᠡᠭᠤᠯᠬᠤ ᠵᠠᠪᠰᠢᠶᠠᠨ | ᠲᠤᠬᠢᠶᠠᠯ ᠤᠯᠭᠤᠬᠤ ᠦᠬᠡᠢ ᠲᠡᠲᠡᠨ ᠤ ᠡᠭᠲᠡᠴᠡᠬᠦᠴᠡᠯ ᠢ ᠬᠦᠷᠬᠡᠵᠤ ᠰᠦᠷᠬᠡᠦ ᠰᠡᠳᠬᠢᠴᠡ ᠶᠢ ᠨᠢ ᠡᠬᠦᠰᠬᠡᠵᠤ | ᠮᠡᠲᠡᠨ᠎ᠠ᠃ ᠡᠬᠦᠨ ᠤ ᠳ᠋ᠦᠩ ᠳᠤ ᠵᠤᠷᠢᠯᠭ᠎ᠠ ᠲᠠᠢ ᠪᠠᠷ ᠪᠠᠭᠰᠢ ᠲᠠᠢ ᠪᠠᠨ ᠦᠰᠢᠯᠲᠦᠵᠤ᠂ ᠬᠡᠷᠡᠭ ᠤᠴᠢᠷ ᠪᠤᠯᠭᠠᠨ ᠳᠤ | ᠪᠠᠭᠰᠢ ᠶᠢᠨ ᠦᠬᠡ ᠶᠢ ᠶᠠᠪᠤᠭᠤᠯᠬᠤ ᠦᠬᠡᠢ ᠦᠰᠢᠯᠲᠦᠬᠦ ᠪᠠᠶᠢᠲᠡᠯ ᠭᠠᠷᠴᠦ ᠮᠡᠲᠡᠨ᠎ᠠ᠃ ᠡᠶᠢᠮᠤᠷᠬᠦᠦ ᠰᠢᠬᠦᠮᠵᠢᠯᠡᠯ | ᠪᠤᠯ ᠶᠠᠮᠠᠷ ᠴᠦ ᠦᠷ᠎ᠠ ᠳ᠋ᠦᠩ ᠦᠬᠡᠢ ᠢᠯᠠᠬᠲᠠᠬᠰᠡᠨ ᠰᠢᠬᠦᠮᠵᠢᠯᠡᠯ ᠳᠤ ᠲᠤᠭᠠᠴᠠᠬᠲᠠᠨᠠ᠃ ᠵᠢᠱᠢᠶᠠᠯᠠᠪᠡᠯ᠄ ᠮᠠᠨ ᠤ | ᠠᠩᠬᠢ ᠶᠢᠨ ᠨᠢᠬᠡ ᠡᠷᠡᠭᠲᠡᠢ ᠰᠤᠷᠤᠬᠴᠢ ᠶᠢ ᠬᠠᠮᠲᠦ ᠨᠦᠬᠦᠳ ᠨᠢ ᠵᠦᠪᠬᠡᠨ ᠰᠠᠬᠢᠯᠭ᠎ᠠ ᠪᠠᠲᠦ ᠶᠢᠨ ᠲᠠᠯ᠎ᠠ ᠪᠠᠷ | ᠵᠢᠭᠠᠬᠠᠨ ᠰᠤᠯᠠ ᠵᠠᠲᠠᠭᠠᠢ ᠠᠴᠠ ᠦᠬᠡᠷ᠎ᠠ ᠲᠤᠲᠠᠬᠲᠠᠯ ᠦᠬᠡᠢ ᠬᠡᠵᠤ ᠬᠡᠯᠡᠲᠡᠭ᠃ ᠨᠢᠬᠡ ᠤᠲᠠᠭᠠᠨ ᠤ ᠬᠢᠴᠢᠶᠠᠯ | ᠲᠡᠬᠡᠷ᠎ᠠ ᠪᠢ ᠶᠠᠬ ᠵᠤᠬᠢᠶᠠᠯ ᠤᠨ ᠠᠭᠤᠯᠭ᠎ᠠ ᠶᠢ ᠲᠠᠶᠢᠯᠪᠦᠷᠢᠯᠠᠵᠤ ᠪᠠᠶᠢᠲᠡᠯᠠ ᠭᠡᠨᠡᠳᠳᠡ ᠡᠬᠦᠲᠡ ︽ᠲᠦᠰ︾ ᠬᠢᠵᠤ | ᠲᠦᠯᠬᠢᠭᠲᠡᠨ ᠨᠡᠬᠡᠬᠡᠭᠲᠡᠵᠤ ᠲᠡᠷᠡ ᠰᠤᠷᠤᠬᠴᠢ ᠤᠷᠤᠵᠤ ᠢᠷᠡᠪᠡ᠃ ᠲᠡᠷᠡ ᠨᠠᠲᠠ ᠶᠢ ᠤᠯᠵᠤ ᠦᠵᠡᠬᠡᠳ ᠲᠦᠷ | ᠵᠤᠬᠰᠤᠨ ᠬᠡᠯᠡ ᠪᠠᠨ ᠭᠠᠷᠭᠠᠭᠠᠳ ᠢᠨᠢᠶᠠᠴᠢᠬᠡᠪᠡ᠃ ᠪᠢ ᠶᠠᠭᠤᠮ᠎ᠠ ᠪᠤᠯᠭᠠᠬᠰᠡᠨ ᠦᠬᠡᠢ ᠰᠢᠭ ᠲᠡᠬᠦᠨ ᠢ | ᠤᠷᠤᠨ ᠳᠠᠭᠠᠨ ᠤᠴᠢᠵᠤ ᠰᠠᠭᠤ ᠬᠡᠰᠡᠨ ᠲᠤᠬᠢᠶ᠎ᠠ ᠦᠭᠪᠡ᠃ ᠬᠢᠴᠢᠶᠠᠯ ᠤᠨ ᠠᠭᠤᠯᠭ᠎ᠠ ᠪᠠᠨ ᠲᠡᠶᠢᠯᠪᠦᠷᠢᠯᠠᠵᠤ | ᠪᠠᠷᠡᠭᠠᠳ ᠲᠡᠬᠦᠨ ᠤ ᠲᠡᠷᠬᠡᠲᠡ ᠤᠴᠢᠬᠤ ᠳᠤ ᠲᠡᠷᠡ ᠬᠤᠷᠲᠦᠬᠠᠨ ᠲᠤᠯᠤᠭᠠᠢ ᠪᠠᠨ ᠪᠦᠬᠦ᠋ᠢᠯᠬᠡᠪᠡ᠃ ᠲᠡᠬᠦᠨ ᠤ | ᠢᠯᠡᠷᠡᠯ ᠪᠠ ᠪᠠᠶᠢᠲᠡᠯ ᠠᠴᠠ ᠨᠢ ᠦᠵᠡᠬᠦ ᠳᠤ ᠲᠡᠷᠡ ᠪᠤᠷᠤᠭᠤ ᠪᠠᠨ ᠰᠠᠷᠡᠨ ᠮᠡᠲᠡᠷᠡᠭᠰᠡᠨ ᠢ ᠤᠶᠢᠯᠠᠭᠠᠬᠰᠡᠨ ᠲᠤᠯᠠ ᠪᠢ | ᠲᠡᠬᠦᠨ ᠢ ᠭᠠᠭᠴᠠ ᠦᠬᠡ ᠪᠠᠷ ᠰᠢᠬᠦᠮᠵᠢᠯᠡᠭᠰᠡᠨ ᠦᠬᠡᠢ ᠦᠩᠬᠡᠷᠡᠬᠡᠪᠡ᠃ ᠡᠨᠡ ᠨᠢ ᠲᠡᠷᠡ ᠰᠤᠷᠤᠬᠴᠢ ᠶᠢᠨ ᠨᠠᠷᠠ | ᠨᠢᠭᠤᠷ ᠢ ᠨᠢ ᠬᠠᠮᠠᠭᠠᠯᠠᠬᠰᠡᠨ ᠲᠤᠯᠠ ᠲᠡᠷᠡ ᠰᠤᠷᠤᠬᠴᠢ ᠰᠡᠳᠬᠢᠯ ᠳᠡᠭᠡᠨ ᠪᠠᠭᠰᠢ ᠳᠠᠭᠠᠨ ᠲᠠᠯᠠᠷᠬᠠᠵᠤ᠂ ᠰᠡᠬᠦᠯᠠᠷ ᠨᠢ | ᠡᠶᠢᠮᠤᠷᠬᠦᠦ ᠮᠠᠶ᠋ᠢᠬ ᠤᠨ ᠤᠰᠤᠯ ᠠᠯᠲᠠᠭ᠎ᠠ ᠨᠢᠬᠡ ᠴᠦ ᠭᠠᠷᠭᠠᠬᠰᠡᠨ ᠦᠬᠡᠢ ᠪᠢᠯᠡ᠃ ᠡᠶᠢᠮᠤᠷᠬᠦᠦ ᠰᠤᠷᠤᠬᠴᠢ ᠶᠢᠨ | ᠤᠰᠤᠯ ᠪᠤᠷᠤᠭᠤ ᠳᠤ ︽ᠴᠢᠯᠤᠬᠡᠲᠦ ᠤᠷᠤᠨ ᠵᠠᠢ ᠦᠯᠡᠲᠡᠬᠡᠬᠦ︾ ᠨᠢ ᠲᠠᠭᠤᠨ ᠲᠠᠢ ᠰᠢᠬᠦᠮᠵᠢᠯᠡᠯ ᠬᠢᠭᠰᠡᠨ ᠠᠴᠠ ᠨᠡᠩ | ᠰᠠᠶᠢᠨ ᠦᠷ᠎ᠠ ᠳ᠋ᠦᠩ ᠢ ᠤᠯᠲᠠᠬ ᠪᠠᠶᠢᠨ᠎ᠠ᠃ | ᠲᠦᠷᠪᠡ᠂ ᠰᠢᠬᠦᠮᠵᠢᠯᠡᠯ ᠬᠢᠬᠦ ᠳᠡᠭᠡᠨ ᠬᠠᠲᠠᠭᠤ ᠵᠦᠬᠡᠯᠡᠨ ᠠᠷᠭ᠎ᠠ ᠶᠢ ᠤᠶᠠᠯᠲᠦᠭᠤᠯᠬᠤ ᠬᠡᠷᠡᠭᠲᠡᠢ᠃ ᠡᠨᠡ ᠪᠤᠯ | ᠰᠤᠷᠤᠬᠴᠢ ᠶᠢᠨ ᠹᠢᠽᠢᠤᠯᠤᠬᠢ ᠬᠢᠬᠡᠳ ᠰᠡᠳᠬᠢᠴᠡ ᠶᠢᠨ ᠤᠨᠴᠠᠯᠢᠬ ᠠᠴᠠ ᠡᠬᠦᠰᠥᠭᠰᠡᠨ ᠨᠢᠬᠡ ᠵᠦᠢᠯ ᠤᠨ ᠬᠦᠮᠤᠨ ᠢ | ᠬᠦᠮᠤᠵᠢᠬᠦᠯᠬᠦ ᠠᠷᠭ᠎ᠠ ᠪᠠᠷᠢᠯ ᠪᠤᠯᠬᠤ ᠶᠤᠮ᠃ ᠶᠡᠷᠤᠲᠡ ᠶᠢᠨ ᠦᠬᠡᠨ ᠳᠤ ︽ᠨᠢᠬᠡ ᠲᠦᠯᠬᠢᠬᠦᠷ ᠢᠶᠠᠷ ᠨᠢᠬᠡ | ᠤᠨᠢᠰᠦ ᠶᠢ ᠨᠡᠬᠡᠬᠡᠨ᠎ᠠ︾ ᠬᠡᠲᠡᠭ ᠢᠶᠠᠷ ᠬᠠᠲᠠᠭᠤ ᠪᠠᠷ ᠵᠦᠬᠡᠯᠡᠨ ᠢ ᠲᠡᠶᠢᠯᠵᠤ᠂ ᠵᠦᠬᠡᠯᠡᠨ ᠢᠶᠠᠷ ᠬᠠᠲᠠᠭᠤ ᠶᠢ | ᠤᠶᠠᠷᠡᠭᠤᠯᠬᠤ ᠠᠷᠭ᠎ᠠ ᠮᠠᠶ᠋ᠢᠬ ᠤᠨ ᠰᠢᠬᠦᠮᠵᠢᠯᠡᠯ ᠨᠢ ᠦᠷ᠎ᠠ ᠳ᠋ᠦᠩ ᠢᠶᠠᠷ ᠬᠠᠮᠤᠬ ᠰᠠᠶᠢᠨ ᠪᠠᠶᠢᠲᠠᠬ᠃ ᠵᠢᠱᠢᠶᠠᠯᠡᠪᠡᠯ᠄ | ᠡᠮᠡᠭᠲᠡᠢ ᠰᠤᠷᠤᠬᠴᠢ ᠶᠢ ᠰᠢᠬᠦᠮᠵᠢᠯᠡᠬᠦ ᠳᠡᠭᠡᠨ ᠵᠦᠬᠡᠯᠡᠨ ᠳᠤ ᠬᠠᠲᠠᠭᠤ ᠶᠢ ᠤᠶᠠᠯᠲᠦᠭᠤᠯᠪᠠᠯ ᠡᠪᠬᠡᠷᠡᠬᠦᠯᠬᠦ ᠦᠢᠯᠠᠲᠦᠯ | ᠭᠠᠷᠭᠠᠲᠠᠬ᠃ ᠤᠯᠠᠩᠬᠢ ᠡᠮᠡᠭᠲᠡᠢ ᠰᠤᠷᠤᠬᠴᠢ ᠨᠤᠮᠤᠬᠠᠨ ᠵᠦᠬᠡᠯᠡᠨ ᠪᠠᠶᠢᠲᠠᠬ ᠠᠴᠠ ᠡᠴᠢᠬᠡ ᠬᠦᠮᠤᠨ ᠰᠢᠭ ᠡᠷᠬᠡ | ᠰᠦᠷ ᠲᠠᠢ᠂ ︽ᠬᠠᠯᠠ ᠨᠢ ᠭᠠᠲᠠᠨ᠎ᠠ ᠪᠠᠨ ᠬᠠᠶᠢᠷ᠎ᠠ ᠨᠢ ᠲᠤᠲᠦᠷᠠ ᠪᠠᠨ︾ ᠪᠠᠶᠢᠬᠤ ᠮᠠᠶ᠋ᠢᠬ ᠢᠶᠠᠷ ᠰᠢᠬᠦᠮᠵᠢᠯᠡᠯ ᠬᠢᠪᠡᠯ | ᠵᠤᠬᠢᠨ᠎ᠠ᠃ ᠡᠰᠡᠷᠬᠦ ᠪᠠᠷ ᠡᠷᠡᠭᠲᠡᠢ ᠰᠤᠷᠤᠬᠴᠢ ᠶᠢ ᠰᠢᠬᠦᠮᠵᠢᠯᠡᠬᠦ ᠳᠡᠭᠡᠨ ᠬᠠᠷᠢᠨ ᠬᠠᠲᠠᠭᠤ ᠶᠢᠨ ᠲᠤᠲᠦᠷᠠ ᠵᠦᠬᠡᠯᠡᠨ ᠢ | ᠤᠶᠠᠯᠲᠦᠭᠤᠯᠪᠠᠯ ᠮᠤᠵᠢᠭᠤᠲᠡ ᠪᠤᠲᠦᠯ ᠢ ᠨᠢ ᠤᠶᠠᠷᠠᠭᠤᠯᠤᠨ ᠵᠦᠬᠡᠯᠡᠷᠡᠬᠦᠯᠬᠦ ᠦᠢᠯᠠᠲᠦᠯ ᠭᠠᠷᠭᠠᠲᠠᠬ᠃ ᠤᠯᠠᠩᠬᠢ | ᠡᠷᠡᠭᠲᠡᠢ ᠰᠤᠷᠤᠬᠴᠢ ᠡᠷᠡᠰ ᠬᠠᠲᠠᠭᠤ ᠬᠤᠭᠤᠷᠡᠬᠤ ᠠᠴᠠ ᠪᠢᠰᠢ ᠨᠤᠭᠤᠷᠡᠬᠤ ᠦᠬᠡᠢ ᠰᠢᠭ ᠪᠠᠶᠢᠲᠠᠬ ᠪᠤᠯᠪᠠᠴᠦ | ᠲᠡᠬᠦᠨ ᠳᠤ ᠡᠬᠡ ᠬᠦᠮᠤᠨ ᠤ ᠡᠯᠢᠬᠡᠰᠡᠭ ᠲᠤᠲᠦᠨᠤ ᠬᠠᠶᠢᠷ᠎ᠠ ᠶᠢ ᠬᠦᠷᠲᠡᠬᠡᠪᠡᠯ ᠰᠡᠳᠬᠢᠯ ᠨᠢ ᠬᠦᠲᠡᠯᠤᠨ ᠠᠯᠲᠠᠭ᠎ᠠ | ᠪᠤᠷᠤᠭᠤ ᠪᠠᠨ ᠬᠦᠲᠡᠯᠤᠩᠬᠦᠢ ᠪᠠᠷ ᠮᠠᠲᠡᠷᠡᠨ ᠬᠠᠯᠠᠵᠤ ᠦᠬᠡᠷᠡᠴᠢᠯᠡᠲᠡᠭ᠃ ᠪᠠᠭᠰᠢ ᠪᠤᠯᠤᠬᠰᠡᠳ ᠰᠢᠬᠦᠮᠵᠢᠯᠡᠯ | ᠬᠢᠬᠦ ᠳᠡᠭᠡᠨ ᠡᠷᠬᠡᠪᠰᠢ ᠰᠤᠷᠤᠬᠴᠢ ᠶᠢᠨ ᠪᠡᠶ᠎ᠠ ᠪᠠᠨ ᠬᠦᠲᠥᠳᠬᠡᠬᠦ ᠨᠡᠷᠡᠯᠬᠡᠭ ᠰᠡᠳᠬᠢᠯ ᠢ ᠰᠢᠷᠬᠠᠲᠦᠭᠤᠯᠬᠤ ᠦᠬᠡᠢ ᠪᠠᠷ | ᠰᠢᠬᠦᠮᠵᠢᠯᠡᠯ ᠬᠢᠪᠠᠯ ᠰᠠᠶ᠋ᠢ ᠨᠦᠬᠦᠷᠰᠡᠭ ᠬᠠᠷᠢᠴᠠᠭ᠎ᠠ ᠪᠠᠨ ᠵᠤᠵᠠᠭᠠᠳᠬᠠᠵᠤ ᠴᠢᠲᠡᠨᠠ᠃ | ᠠᠷᠡᠳ ᠤᠨ ᠦᠬᠡᠨ ᠳᠤ ︽ᠡᠮ ᠭᠠᠰᠢᠭᠤᠨ ᠪᠤᠯᠪᠠᠴᠦ ᠡᠪᠡᠳᠴᠢᠨ ᠳᠤ ᠲᠤᠰᠠᠲᠡᠢ᠂ ᠦᠬᠡ ᠬᠠᠲᠠᠭᠤ | ᠪᠤᠯᠪᠠᠴᠦ ᠪᠡᠶ᠎ᠠ ᠳᠤ ᠲᠤᠰᠠᠲᠡᠢ︾ ᠬᠡᠲᠡᠭ ᠢᠶᠠᠷ ᠰᠢᠬᠦᠮᠵᠢᠯᠡᠯ ᠢ ᠵᠤᠬᠢᠰᠲᠡᠢ ᠰᠠᠶᠢᠬᠠᠨ ᠬᠡᠷᠡᠭᠯᠡᠵᠤ ᠴᠢᠲᠡᠪᠡᠯ | ᠰᠤᠷᠤᠬᠴᠢ ᠶᠢᠨ ᠪᠡᠶ᠎ᠠ ᠲᠡᠬᠡᠷᠡᠬᠢ ︽ᠠᠷᠬᠠᠬ ᠬᠡᠮ ︾ ᠢ ᠠᠷᠢᠯᠭᠠᠨ ᠵᠠᠰᠠᠬᠤ ᠪᠠᠷ ᠪᠠᠷᠡᠬᠤ ᠦᠭᠡᠢ ᠠᠯᠤᠰ | ᠢᠷᠡᠬᠡᠲᠦᠢ ᠳᠤᠨᠢ ᠰᠠᠶᠢᠨ ᠰᠠᠶᠢᠬᠠᠨ ᠮᠤᠷᠡᠯ ᠰᠤᠷᠲᠡᠯ ᠤᠨ ᠰᠠᠭᠤᠷᠢ ᠲᠠᠯᠪᠢᠵᠤ᠂ ᠪᠠᠭᠰᠢ ᠰᠤᠷᠤᠬᠴᠢ ᠶᠢᠨ ᠬᠠᠶᠢᠷ᠎ᠠ | ᠰᠡᠳᠬᠢᠯᠬᠡ ᠪᠠ ᠨᠦᠬᠦᠷᠯᠡᠯ ᠢᠶᠠᠨ ᠵᠤᠵᠠᠭᠠᠳᠬᠠᠲᠠᠬ᠃ ᠰᠢᠬᠦᠮᠵᠢᠯᠡᠯ ᠨᠢ ᠰᠠᠶᠢᠰᠢᠶᠠᠯ ᠲᠠᠢ ᠠᠳᠠᠯᠢ ᠪᠠᠷ ᠪᠦᠷ ᠯᠡ | ᠰᠤᠷᠭᠠᠨ ᠬᠦᠮᠤᠵᠢᠬᠦᠯᠬᠦ ᠠᠷᠭ᠎ᠠ ᠠᠪᠴᠠᠯ ᠪᠤᠯᠤᠬᠰᠡᠨ ᠤ ᠬᠤᠪᠢ ᠳᠤ ᠰᠠᠶᠢᠨ ᠦᠷ᠎ᠠ ᠳ᠋ᠦᠩ ᠤᠯᠬᠤ ᠡᠰᠡᠬᠦ ᠨᠢ | ᠪᠠᠭᠰᠢ ᠶᠢᠨ ᠰᠢᠬᠦᠮᠵᠢᠯᠡᠯ ᠪᠠ ᠬᠠᠶᠢᠷ᠎ᠠ ᠶᠢ ᠬᠡᠷᠬᠢᠨ ᠤᠶᠠᠯᠲᠦᠭᠤᠯᠵᠤ ᠴᠢᠲᠠᠬᠤ ᠡᠰᠡᠬᠦ ᠲᠠᠢ ᠰᠢᠭᠤᠳ ᠬᠤᠯᠪᠤᠬᠲᠠᠨᠠ | ᠃ ᠪᠠᠭᠰᠢ ᠪᠤᠯᠤᠬᠰᠡᠳ ᠡᠲᠦᠷ ᠲᠤᠲᠦᠮ ᠤᠨ ᠰᠤᠷᠤᠬᠴᠢ ᠶᠢ ᠬᠦᠮᠤᠵᠢᠬᠦᠯᠵᠤ ᠰᠤᠷᠭᠠᠬᠤ ᠲᠤᠮᠲᠠ ᠳᠠᠭᠠᠨ | ᠰᠢᠬᠦᠮᠵᠢᠯᠡᠯ ᠢ ᠵᠤᠬᠢᠰᠲᠡᠢ ᠰᠠᠶᠢᠬᠠᠨ ᠬᠦᠨᠲᠦ ᠬᠦᠩᠬᠡᠨ ᠢ ᠨᠢ ᠲᠤᠬᠢᠷᠡᠭᠤᠯᠵᠤ ᠴᠢᠲᠡᠪᠠᠯ ᠲᠡᠷᠡ ᠨᠢ ᠰᠤᠷᠭᠠᠨ | ᠬᠦᠮᠤᠵᠢᠬᠦᠯᠬᠦ ᠠᠵᠢᠯ ᠳᠤ ᠲᠤᠲᠠᠬᠲᠡᠵᠤ ᠪᠤᠯᠤᠰᠢ ᠦᠬᠡᠢ ᠦᠨ᠎ᠠ ᠦᠷᠲᠡᠭ ᠲᠠᠢ ︽ᠡᠷᠲᠡᠨᠢ ᠡᠮ︾ ᠤᠨ | ᠦᠢᠯᠡᠳᠦᠯ ᠢ ᠪᠠᠲᠡᠷᠡᠭᠤᠯᠵᠤ ᠪᠤᠯᠤᠨ᠎ᠠ᠃ ᠡᠭᠦᠨ ᠤ ᠲᠠᠭᠠᠤ ᠰᠢᠬᠦᠮᠵᠢᠯᠡᠯ ᠬᠢᠬᠦ ᠳᠡᠭᠡᠨ ᠰᠤᠷᠤᠬᠴᠢ ᠶᠢᠨ ᠨᠠᠰᠤᠨ ᠤ | ᠤᠨᠴᠠᠯᠢᠬ ᠲᠤᠨᠢ ᠲᠤᠬᠢᠷᠡᠭᠤᠯᠬᠤ ᠬᠡᠷᠡᠭᠲᠡᠢ᠃ | | |