ᠬᠤᠷᠴᠢᠨ ᠮᠤᠩᠭᠤᠯᠴᠤᠳ ᠤᠨ ︽ᠮᠠᠩᠭᠤᠰ︾ ᠬᠠᠶᠢᠯᠠᠬᠤ ᠵᠠᠩᠰᠢᠯ
ᠨᠡᠶᠢᠲᠡᠯᠡᠭᠰᠡᠨ ᠴᠠᠭ᠄
2020/5/27
     ᠬᠠᠪᠤᠳᠤ ᠬᠠᠰᠠᠷ ᠤᠨ ᠬᠤᠶᠢᠴᠢᠰ ᠬᠤᠷᠴᠢᠨ ᠮᠤᠩᠭᠤᠯᠴᠤᠳ ︽ᠮᠠᠩᠭᠤᠰ ᠢ ᠲᠠᠷᠤᠬᠰᠠᠨ ᠦᠯᠢᠭᠡᠷ︾ ᠬᠠᠶᠢᠯᠠᠬᠤ ᠵᠠᠩᠰᠢᠯ ᠢ ᠶᠡᠭᠡ ᠡᠷᠬᠢᠮᠯᠡᠳᠡᠭ ᠪᠠᠶᠢᠵᠠᠢ᠃ ︽ᠮᠠᠩᠭᠤᠰ︾ ᠬᠡᠳᠡᠭ ᠦᠭᠡ ᠶᠢᠨ ᠤᠳᠬ᠎ᠠ ᠨᠢ ᠴᠢᠳᠭᠦᠷ ᠰᠢᠮᠨᠤᠰ ᠪᠤᠶᠤ ᠪᠤᠷᠤᠭᠤ ᠵᠦᠭ ᠤᠨ ᠡᠳᠡᠭᠡᠳ ᠢ ᠵᠢᠭᠠᠳᠠᠭ᠃ ᠬᠤᠷᠴᠢᠨ ᠲᠤᠤᠯᠢ ᠳᠤ ᠭᠠᠷᠳᠠᠭ ︽ᠮᠠᠩᠭᠤᠰ︾ ᠪᠤᠯ ᠠᠬᠯᠠᠭ ᠠᠭᠤᠯᠠᠨ ᠤ ᠠᠭᠤᠢ ᠳ᠋ᠦᠡᠭ ᠢᠶᠠᠷ ᠠᠮᠢᠳᠤᠷᠠᠳᠠᠭ ᠠᠮᠢᠳᠠᠨ᠃ ᠡᠨᠡ ᠭᠦ ᠠᠮᠢᠳᠠᠨ ᠨᠢ ᠠᠷᠠᠳ ᠲᠦᠮᠠᠨ ᠤ ᠡᠳ᠋ ᠠᠰᠢᠭ᠂ ᠠᠳᠤᠭᠤ ᠮᠠᠯ᠂ ᠲᠠᠷᠠᠴᠢᠯᠠᠨ ᠬᠦᠪᠡᠭᠦᠳ ᠦᠬᠢᠳ᠂ ᠡᠭᠡᠨᠡᠷ ᠲᠤᠨᠢ ᠬᠦᠷᠳᠠᠯ᠎ᠠ ᠪᠤᠯᠢᠶᠠᠵᠤ ᠠᠪᠠᠴᠢᠳᠠᠭ ᠲᠡᠷᠰᠯᠡᠭᠦᠦ ᠡᠳᠡᠭᠡᠳ ᠪᠤᠯᠤᠨ᠎ᠠ᠃ ᠵᠠᠷᠢᠮ ᠲᠤᠤᠯᠢ ᠳᠤ ᠢᠯᠠᠷᠡᠳᠡᠭ ᠮᠠᠩᠭᠤᠰ ᠤᠨ ᠲᠦᠷᠢ ᠪᠤᠯ ᠠᠷᠪᠠᠨ ᠬᠤᠶᠠᠷ ᠲᠤᠯᠤᠭᠠᠢ ᠲᠠᠢ ᠠᠷᠵᠠᠭ ᠬᠠᠷ᠎ᠠ ᠮᠠᠩᠭᠤᠰ ᠪᠠᠶᠢᠳᠠᠭ᠃ ᠲᠡᠳᠡᠭᠡᠷ ᠤᠨ ᠲᠤᠯᠤᠭᠠᠢ ᠨᠤᠭᠤᠳ ᠢ ᠨᠢ ᠲᠠᠰᠤ ᠲᠠᠰᠤ ᠴᠠᠪᠴᠢᠭᠠᠳ ᠠᠪᠤᠬᠰᠠᠨ ᠴᠤ ᠲᠡᠬᠢᠭᠠᠳ ᠤᠷᠭᠤᠳᠠᠭ ᠷᠢᠳᠢ ᠰᠢᠳᠢ ᠲᠠᠢ ᠪᠦᠷᠢᠯᠸ᠎ᠠ᠃ ᠮᠠᠩᠭᠤᠰ ᠤᠨ ᠵᠤᠯᠵᠠᠭ᠎ᠠ ᠠᠶᠢᠮᠠᠭ ᠪᠦᠯᠦᠭ ᠢᠶᠠᠷ ᠢᠶᠠᠨ ᠬᠦᠮᠤᠨ ᠤ ᠮᠢᠬ᠎ᠠ ᠴᠢᠰᠤ ᠪᠠᠷ ᠬᠤᠭᠤᠯᠠ ᠤᠮᠳᠠ ᠪᠠᠨ ᠪᠤᠯᠭᠠᠳᠠᠭ ᠰᠦᠷᠡᠭᠡᠢ ᠪᠤᠵᠠᠷ ᠪᠦᠭᠡᠳ ᠰᠠᠮᠠᠭᠤᠨ ᠠᠮᠢᠳᠠᠨ ᠮᠦᠨ᠃ ᠬᠤᠷᠴᠢᠨ ᠮᠤᠩᠭᠤᠯᠴᠤᠳ ᠲᠤᠤᠯᠢ ᠬᠠᠶᠢᠯᠠᠬᠤ ᠴᠤᠭᠤᠷᠴᠢᠳ ᠢ ︽ᠮᠠᠩᠭᠤᠰ ᠠᠪᠤ︾ ᠬᠡᠭᠦ ᠪᠢᠰᠢ ᠪᠤᠯ ᠰᠢᠭᠤᠳ ︽ᠮᠠᠩᠰᠠ︾ ᠬᠡᠵᠤ ᠲᠠᠭᠤᠳᠠᠳᠠᠭ᠃ ᠬᠠᠷᠢᠨ ︽ᠮᠠᠩᠭᠤᠰ ᠢ ᠲᠠᠷᠤᠬᠰᠠᠨ ᠦᠯᠢᠭᠡᠷ︾ ᠢ ᠲᠦᠭᠦᠮᠴᠢᠯᠡᠭᠡᠳ ︽ᠮᠠᠩᠭᠤᠰ ᠤᠨ ᠦᠯᠢᠭᠡᠷ︾ ᠬᠡᠵᠤ ᠨᠡᠷᠡᠶᠢᠳᠤᠭᠡᠳ ᠠᠷᠠᠳ ᠤᠨ ᠲᠤᠮᠳᠠ ᠤᠯᠠᠮᠵᠢᠭᠤᠯᠪᠠ᠃      ᠬᠤᠷᠴᠢᠨ ᠤ ᠲᠡᠤᠭᠡᠨ ᠳᠤ ︽ᠮᠠᠩᠭᠤᠰ ᠠᠪᠤ︾ ᠤᠯᠠᠨ ᠭᠠᠷᠴᠠᠢ᠃ ᠬᠡᠪᠡᠴᠤ ᠦᠰᠦᠭ ᠪᠢᠴᠢᠭ ᠪᠠ ᠲᠡᠤᠭᠡ ᠲᠡᠮᠳᠡᠭᠯᠡᠯ ᠲᠡᠭᠡᠷ᠎ᠠ ᠴᠤᠬᠯᠠᠭᠤᠯᠤᠨ ᠡᠮᠬᠢᠳᠭᠡᠭᠰᠡᠨ ᠦᠭᠡᠢ ᠠᠴᠠ ᠪᠤᠯᠵᠤ᠂ ︽ᠮᠠᠩᠭᠤᠰ ᠠᠪᠤ︾ ᠶᠢᠨ ᠨᠠᠮᠳᠠᠷ ᠲᠡᠤᠭᠡ ᠶᠢ ᠮᠡᠳᠡᠭᠦ ᠬᠦᠮᠤᠨ ᠴᠦᠭᠡᠨ ᠪᠤᠯᠵᠠᠢ᠃ ᠠᠷᠠᠳ ᠤᠨ ᠲᠤᠳᠤᠷ᠎ᠠ ᠤᠯᠠᠮᠵᠢᠯᠠᠬᠳᠠᠵᠤ ᠪᠠᠶᠢᠭ᠎ᠠ ᠮᠠᠲ᠋ᠧᠷᠢᠶᠠᠯ ᠢ ᠦᠨᠳᠤᠰᠤᠯᠠᠪᠠᠯ᠂ ᠬᠤᠷᠴᠢᠨ ᠮᠤᠩᠭᠤᠯᠴᠤᠳ ᠪᠠ ᠵᠠᠷᠤᠳ ᠲᠤ ᠬᠡᠯᠡᠳᠡᠭ ᠲᠤᠭᠠᠷ᠂ ᠴᠦᠢᠪᠠᠨᠭ᠌᠂ ᠬᠡᠨᠳᠤᠨ ᠮᠠᠩᠭᠤᠰ᠂ ᠰᠠᠮᠠᠨᠳᠠ᠂ ᠨᠠᠰᠤᠨᠳᠠᠮᠤᠷ᠂ ᠴᠢᠯᠠᠭᠤ᠂ ᠪᠠᠯᠵᠢᠨᠢᠮ᠎ᠠ᠂ ᠵᠠᠨ᠎ᠠ᠂ ᠫᠠᠵᠠᠢ᠂ ᠰᠧᠷᠡᠩ ᠵᠡᠷᠭᠡ ᠴᠤᠭᠤᠷᠴᠢᠳ ᠤᠯᠤᠰ ᠪᠠᠶᠢᠭᠤᠯᠤᠬᠳᠠᠳᠠᠯ᠎ᠠ ᠬᠤᠷᠴᠢᠨ ᠤ ᠲᠠᠯ᠎ᠠ ᠨᠤᠳᠤᠭ ᠲᠤ ᠴᠤᠭᠤᠷ ᠤᠨ ᠦᠯᠢᠭᠡᠷ ᠲᠤᠤᠯᠢ ᠶᠢ ᠦᠷᠭᠡᠨ ᠬᠡᠪᠴᠢᠶ᠎ᠠ ᠪᠠᠷ ᠠᠷᠠᠳ ᠤᠨ ᠲᠤᠮᠳᠠ ᠪᠠ ᠰᠦᠮ᠎ᠠ ᠬᠡᠶᠢᠳ ᠲᠤ ᠲᠦᠷᠬᠢᠯᠡᠭᠦᠯᠵᠤ ᠪᠠᠶᠢᠵᠠᠢ᠃      ᠴᠤᠭᠤᠷ ᠤᠨ ᠦᠯᠢᠭᠡᠷ ᠲᠤ ︽ᠵᠠᠩᠭᠠᠷ︾᠂ ︽ᠬᠡᠰᠠᠷ︾᠂ ︽ᠮᠠᠩᠭᠤᠰ︾ ᠭᠤᠷᠪᠠ ᠪᠠᠭᠳᠠᠵᠤ᠂ ᠬᠤᠭᠤᠷ ᠤᠨ ᠦᠯᠢᠭᠡᠷ ᠲᠤ ᠡᠷᠳᠠᠨ ᠤ ᠦᠯᠢᠭᠡᠷ ᠲᠤᠮᠤᠭ᠂ ᠲᠤᠮᠳᠠᠳᠤ ᠶᠢᠨ ᠲᠡᠤᠭᠡᠳᠤ ᠦᠯᠢᠭᠡᠷ ᠪᠠ ᠰᠢᠨ᠎ᠠ ᠮᠠᠶ᠋ᠢᠭ ᠢᠶᠠᠷ ᠨᠠᠶᠢᠷᠠᠭᠤᠯᠤᠨ ᠬᠡᠯᠡᠭᠦ ᠦᠯᠢᠭᠡᠷ ᠪᠠᠭᠳᠠᠨ᠎ᠠ᠃ ᠬᠤᠭᠤᠷᠴᠢᠳ ᠲᠤᠳᠤᠷ᠎ᠠ ᠵᠠᠭᠤᠷ᠎ᠠ ᠪᠠᠨ ︽ᠬᠠᠭᠤᠴᠢᠨ ᠦᠯᠢᠭᠡᠷ︾᠂ ︽ᠰᠢᠨ᠎ᠠ ᠦᠯᠢᠭᠡᠷ︾ ᠬᠡᠵᠤ ᠢᠯᠭᠠᠨ ᠰᠠᠯᠭᠠᠳᠠᠭ᠃ ᠤᠷᠠᠯᠢᠭ ᠤᠨ ᠲᠠᠯ᠎ᠠ ᠠᠴᠠ ᠬᠡᠯᠡᠪᠠᠯ ᠴᠤᠭᠤᠷ ᠤᠨ ᠦᠯᠢᠭᠡᠷ ᠢ ᠴᠤᠭᠤᠷ ᠢᠶᠠᠷ ᠬᠠᠶᠢᠯᠠᠵᠤ᠂ ᠬᠤᠭᠤᠷ ᠤᠨ ᠦᠯᠢᠭᠡᠷ ᠢ ᠲᠦᠷᠪᠠᠨ ᠤᠳᠠᠰᠤᠳᠤ ᠪᠦᠳᠦᠭᠦᠨ ᠬᠤᠭᠤᠷ ᠢᠶᠠᠷ ᠬᠡᠯᠡᠨ᠎ᠠ᠃ ᠬᠡᠳᠠᠯ᠎ᠠ ᠴᠤᠭᠤᠷ ᠤᠨ ᠦᠯᠢᠭᠡᠷ ᠢ ᠲᠦᠷᠪᠠᠨ ᠤᠳᠠᠰᠤᠳᠤ ᠬᠤᠭᠤᠷ ᠢᠶᠠᠷ ᠬᠠᠪᠰᠤᠷᠭᠠᠨ ᠬᠡᠯᠡᠭᠦ ᠦᠵᠡᠭᠳᠡᠯ ᠭᠠᠷᠤᠬᠰᠠᠨ ᠠᠴᠠ ᠨᠠᠰᠢ ᠪᠢᠴᠢᠭ ᠤᠨ ᠬᠦᠮᠤᠰ ︽ᠮᠠᠩᠭᠤᠰ ᠢ ᠲᠠᠷᠤᠬᠰᠠᠨ ᠦᠯᠢᠭᠡᠷ︾ ᠢ ︽ᠲᠤᠤᠯᠢ ᠬᠠᠶᠢᠯᠠᠬᠤ︾ ᠬᠡᠵᠤ ᠨᠡᠷᠡᠶᠢᠳᠤᠭᠡᠳ᠂ ᠡᠷᠳᠠᠨ ᠤ ᠲᠤᠮᠳᠠᠳᠤ ᠶᠢᠨ ᠲᠡᠤᠭᠡᠳᠤ ᠦᠯᠢᠭᠡᠷ ᠲᠤᠮᠤᠭ ᠬᠡᠯᠡᠭᠦ ᠶᠢ ︽ᠬᠤᠭᠤᠷ ᠤᠨ ᠦᠯᠢᠭᠡᠷ︾ ᠬᠡᠵᠠᠢ᠃ 1949 ᠤᠨ ᠠᠴᠠ ᠨᠠᠰᠢ ᠬᠤᠪᠢᠰᠬᠠᠯᠳᠤ ᠰᠢᠨ᠎ᠠ ᠦᠯᠢᠭᠡᠷ ᠢ ᠨᠠᠶᠢᠷᠠᠭᠤᠯᠤᠨ ᠬᠡᠯᠡᠭᠦ ᠦᠭᠡᠷᠡᠴᠢᠯᠠᠯᠳᠠ ᠭᠠᠷᠤᠬᠰᠠᠨ ᠠᠴᠠ ᠬᠤᠭᠤᠷ ᠤᠨ ᠦᠯᠢᠭᠡᠷ ᠲᠤ ᠬᠤᠶᠠᠷ ᠵᠦᠢᠯ ᠤᠨ ᠢᠯᠭᠠᠯ ᠭᠠᠷᠴᠠᠢ᠃ ᠨᠢᠭᠡ ᠨᠢ᠂ ᠤᠯᠠᠮᠵᠢᠯᠠᠯᠳᠤ ᠬᠤᠭᠤᠷ ᠤᠨ ᠦᠯᠢᠭᠡᠷ︔ ᠨᠦᠭᠦᠭᠡ ᠨᠢᠭᠡ ᠨᠢ᠂ ᠰᠢᠨ᠎ᠠ ᠮᠠᠶ᠋ᠢᠭ ᠤᠨ ᠬᠤᠭᠤᠷ ᠤᠨ ᠦᠯᠢᠭᠡᠷ ᠪᠤᠯᠤᠨ᠎ᠠ᠃ ᠲᠡᠶᠢᠮᠤ ᠶᠢᠨ ᠲᠤᠯᠠ ︽ᠴᠤᠭᠤᠷ ᠤᠨ ᠦᠯᠢᠭᠡᠷ︾᠂ ︽ᠪᠧᠨᠰᠠᠨ ᠦᠯᠢᠭᠡᠷ︾᠂ ︽ᠬᠤᠭᠤᠷ ᠤᠨ ᠦᠯᠢᠭᠡᠷ︾ ᠨᠢ ᠰᠤᠳᠤᠯᠭᠠᠳᠠᠨ ᠨᠠᠷ ᠤᠨ ᠮᠠᠳᠠᠭ ᠲᠠᠢ ᠲᠠᠯ᠎ᠠ ᠪᠤᠯᠤᠬᠰᠠᠨ ᠪᠠᠶᠢᠨ᠎ᠠ᠃      ᠶᠠᠪᠠᠭᠠᠨ ᠴᠤᠭᠤᠷᠴᠢ ᠰᠧᠷᠡᠩ ᠤᠨ ᠨᠠᠭᠠᠴᠤ ᠡᠪᠦᠭᠡ ᠨᠠᠰᠤᠨᠳᠠᠮᠤᠷ ᠴᠤᠭᠤᠷᠴᠢ ᠪᠤᠯ ᠲᠠᠷᠬᠠᠨ ᠸᠠᠩ ᠤᠨ ᠴᠤᠭᠤᠷᠴᠢ ᠪᠦᠭᠡᠳ ᠮᠤᠷᠤᠢ ᠶᠢᠨ ᠰᠦᠮ᠎ᠠ ᠶᠢᠨ ᠬᠡᠭᠡᠨ ᠤ ᠲᠠᠷᠬᠠᠨ ᠴᠤᠭᠤᠷᠴᠢ ᠠᠯᠳᠠᠷ ᠲᠠᠢ᠃ ᠤᠭ ᠨᠤᠳᠤᠭ ᠨᠢ ᠰᠦᠷᠦᠭ ᠤᠨ ᠬᠤᠰᠢᠭᠤ᠂ ᠲᠠᠷᠠ ᠯᠠᠬᠷᠤ᠂ ᠱᠤᠰᠢᠩᠭ᠎ᠠ᠂ ᠪᠦᠭᠡᠪᠢᠯᠢᠭᠳᠦ ᠴᠤᠭᠤᠷᠴᠢ ᠨᠠᠷ ᠠᠴᠠ ︽ᠠᠷᠪᠠᠨ ᠨᠠᠢᠮᠠᠨ ᠭᠠᠯᠪᠠ︾ ᠬᠡᠭᠦ ᠴᠤᠭᠤᠷ ᠤᠨ ᠦᠯᠢᠭᠡᠷ ᠢ ᠰᠤᠷᠴᠤ ᠡᠵᠡᠮᠰᠢᠭᠡᠳ ᠬᠤᠯᠠ ᠤᠶᠢᠷ᠎ᠠ ᠳᠠᠭᠠᠨ ︽ᠮᠠᠩᠭᠤᠰ ᠠᠪᠤ︾ ᠬᠡᠵᠤ ᠠᠯᠳᠠᠷ ᠮᠠᠨᠳᠤᠪᠠ᠃ ᠮᠤᠷᠤᠢ ᠶᠢᠨ ᠰᠦᠮ᠎ᠠ ᠶᠢᠨ ᠬᠡᠭᠡᠨ᠂ ᠨᠠᠰᠤᠨᠳᠠᠮᠤᠷ ᠲᠤ ︽ᠰᠦᠮ᠎ᠠ ᠶᠢᠨ ᠯᠤᠳᠽᠠᠷ ᠬᠤᠷᠠᠯ ᠬᠤᠷᠠᠬᠤ ᠪᠦᠷᠢ ᠳᠤ ᠰᠠᠷ᠎ᠠ ᠶᠢᠨ ᠦᠯᠢᠭᠡᠷ ᠬᠡᠯᠡᠭᠦ ᠬᠡᠷᠡᠭᠳᠡᠢ︾ ᠬᠡᠰᠠᠨ ᠪᠤᠷᠬᠠᠨ ᠵᠠᠷᠯᠢᠭ ᠪᠠᠭᠤᠯᠭᠠᠵᠠᠢ᠃ ᠨᠠᠰᠤᠨᠳᠠᠮᠤᠷ ᠴᠤᠭᠤᠷᠴᠢ ᠨᠠᠰᠤ ᠪᠠᠷᠠᠳᠠᠯ᠎ᠠ ᠪᠠᠨ ᠡᠨᠡ ᠭᠦ ︽ᠬᠦᠨᠳᠤ ᠡᠭᠦᠷᠭᠡ︾ ᠪᠠᠨ ᠪᠡᠶᠡᠯᠡᠭᠦᠯᠦᠭᠰᠡᠨ ᠪᠠᠶᠢᠨ᠎ᠠ᠃      ᠬᠤᠷᠴᠢᠨ ᠮᠤᠩᠭᠤᠯᠴᠤᠳ ᠤᠨ ᠴᠤᠭᠤᠷ ᠤᠨ ᠦᠯᠢᠭᠡᠷ ᠬᠠᠶᠢᠯᠠᠭᠤᠯᠵᠤ ᠮᠠᠩᠭᠤᠰ ᠢ ᠲᠠᠷᠤᠩᠭᠤᠶᠢᠯᠠᠬᠤ ᠭᠤᠤᠯ ᠵᠤᠷᠢᠯᠭ᠎ᠠ ᠨᠢ ᠨᠢᠭᠡ ᠳᠤ᠂ ᠡᠪᠡᠳᠴᠢᠨ ᠲᠠᠬᠤᠯ᠂ ᠬᠢᠵᠢᠭ ᠡᠪᠡᠳᠴᠢᠨ ᠲᠡᠯᠭᠡᠷᠡᠪᠠᠯ᠂ ᠭᠠᠢ ᠭᠠᠮᠰᠢᠭ ᠢ ᠠᠷᠢᠯᠭᠠᠬᠤ ᠶᠢᠨ ᠲᠦᠯᠦᠭᠡ ᠠᠷᠠᠳ ᠤᠯᠠᠨ ᠢ ᠪᠠᠶᠠᠰᠬᠠᠳᠠᠭ᠃ ᠬᠤᠶᠠᠷ ᠲᠤ᠂ ᠲᠦᠷᠦ ᠬᠦᠷᠦᠨ ᠲᠤᠷᠦ᠋ᠢᠳᠠᠵᠤ᠂ ᠬᠤᠯᠠᠭᠠᠢ ᠲᠡᠭᠡᠷᠡᠮ ᠰᠠᠮᠠᠭᠤᠷᠠᠪᠠᠯ ᠠᠶᠢᠯ ᠠᠶᠢᠮᠠᠭ ᠤᠨ ᠠᠬᠠᠮᠠᠳ ᠠᠴᠠ ᠴᠤᠭᠤᠷᠴᠢ ᠵᠠᠯᠠᠵᠤ ᠠᠶᠤᠯ ᠵᠤᠪᠠᠯᠠᠩ ᠢ ᠠᠷᠢᠯᠭᠠᠵᠤ᠂ ᠡᠩᠭᠡ ᠠᠮᠤᠭᠤᠯᠠᠩ᠂ ᠦᠯᠵᠠᠢ ᠮᠦᠷ ᠲᠠᠢ ᠰᠠᠭᠤᠬᠤ ᠶᠢ ᠬᠦᠰᠡᠳᠡᠭ᠃ ᠭᠤᠷᠪᠠ ᠳᠤ᠂ ᠠᠭᠤᠯᠠ ᠤᠰᠤ ᠶᠢᠨ ᠨᠠᠪᠳᠠᠭ ᠰᠠᠪᠳᠠᠭ᠂ ᠡᠵᠡᠳ ᠰᠠᠬᠢᠭᠤᠰᠤ ᠶᠢ ᠪᠠᠶᠠᠰᠬᠠᠬᠤ᠂ ᠪᠡᠯᠴᠢᠭᠡᠷ ᠤᠰᠤ ᠡᠯᠪᠡᠭ ᠲᠡᠯᠪᠡᠭ᠂ ᠠᠳᠤᠭᠤ ᠮᠠᠯ ᠲᠠᠷᠭᠤ ᠰᠠᠶᠢᠳᠠᠢ ᠶᠠᠪᠤᠬᠤ ᠶᠢ ᠪᠡᠯᠭᠡᠳᠠᠵᠤ᠂ ︽ᠮᠠᠩᠭᠤᠰ ᠠᠪᠤ︾ ᠶᠢ ᠵᠠᠯᠠᠵᠤ ᠴᠤᠭᠤᠷ ᠤᠨ ᠦᠯᠢᠭᠡᠷ ᠬᠠᠶᠢᠯᠠᠭᠤᠯᠳᠠᠭ᠃ ᠲᠡᠶᠢᠮᠤ ᠶᠢᠨ ᠲᠤᠯᠠ ᠴᠤᠭᠤᠷ ᠤᠨ ᠦᠯᠢᠭᠡᠷ ᠨᠢ ᠲᠠᠶᠢᠰᠤᠨ ᠢᠶᠠᠨ ᠲᠠᠷᠤᠵᠤ ᠲᠠᠷᠬᠠᠨ ᠴᠤᠯᠠ ᠪᠠᠨ ᠤᠯᠤᠭᠠᠳ ᠦᠯᠵᠠᠢ ᠪᠡᠯᠭᠡ ᠲᠠᠢ᠂ ᠵᠤᠯ ᠵᠢᠷᠭᠠᠯ ᠲᠠᠢ ᠠᠮᠢᠳᠤᠷᠠᠭᠤᠯᠤᠭᠠᠳ ᠪᠠᠶᠠᠷᠳᠤ ᠲᠡᠭᠦᠰᠭᠡᠯ ᠢᠶᠠᠷ     ᠲᠡᠭᠦᠰᠭᠡᠳᠡᠭ᠃      ᠴᠤᠭᠤᠷᠴᠢᠳ ᠤᠨ ᠬᠡᠪᠰᠢᠮᠠᠯ ᠵᠤᠷᠰᠢᠯ ᠳᠤ ︽ᠮᠠᠩᠭᠤᠰ ᠢ ᠲᠠᠷᠤᠬᠰᠠᠨ ᠦᠯᠢᠭᠡᠷ︾ ᠬᠠᠶᠢᠯᠠᠬᠤ ᠳᠠᠭᠠᠨ ᠵᠠᠪᠠᠯ ᠨᠢᠭᠡ ᠭᠠᠯᠪᠠ ᠶᠢ ᠪᠠᠷᠠᠳᠠᠯ᠎ᠠ ᠬᠡᠯᠡᠭᠦ ᠶᠢ ᠴᠢᠬᠤᠯᠠᠴᠢᠯᠠᠳᠠᠭ ᠶᠤᠮ᠃ ᠬᠠᠭᠠᠰ ᠲᠤᠳᠠᠭᠤ ᠬᠡᠯᠡᠪᠠᠯ ᠰᠤᠨᠤᠰᠤᠬᠰᠠᠨ ᠬᠦᠮᠤᠰ ᠪᠠ ᠲᠤᠤᠯᠢ ᠬᠠᠶᠢᠯᠠᠬᠰᠠᠨ ᠴᠤᠭᠤᠷᠴᠢ ᠨᠢ ᠰᠡᠪᠳᠤᠭᠦ ᠬᠡᠳᠡᠭ᠃ ᠠᠷᠠᠳ ᠤᠯᠠᠨ ᠴᠤ ᠴᠤᠭᠤᠷ ᠤᠨ ᠦᠯᠢᠭᠡᠷ ᠢ ᠲᠤᠳᠠᠭᠤ ᠲᠤᠷᠭᠤᠨ ᠰᠤᠨᠤᠰᠬᠤ ᠶᠢ ᠲᠤᠩ ᠴᠡᠭᠡᠷᠯᠡᠳᠡᠭ ᠶᠤᠮ᠃      ᠴᠤᠭᠤᠷᠴᠢ ᠦᠯᠢᠭᠡᠷ ᠡᠬᠢᠯᠡᠭᠦᠯᠭᠦ ᠳᠡᠭᠡᠨ ᠲᠦᠷᠪᠡᠯᠵᠢᠨ ᠰᠢᠷᠡᠭᠡ ᠲᠡᠭᠡᠷ᠎ᠠ ᠵᠤᠵᠠᠭᠠᠨ ᠤᠯᠪᠤᠭ ᠲᠡᠪᠢᠰᠴᠤ ᠠᠯᠭᠤᠷ ᠠᠭᠠᠵᠢᠮ ᠢᠶᠠᠷ ᠴᠤᠭᠤᠷ ᠢᠶᠠᠨ ᠬᠦᠭᠯᠡᠭᠦᠯᠵᠤ᠂ ᠠᠭᠤᠵᠢᠭᠤ ᠲᠠᠯᠪᠢᠭᠤ ᠬᠦᠡᠭᠬᠢᠨᠠᠮ᠎ᠠ ᠬᠤᠭᠤᠯᠠᠢ ᠪᠠᠷ ᠦᠯᠢᠭᠡᠷ ᠲᠡᠤᠭᠡ ᠪᠠᠨ ᠡᠬᠢᠯᠡᠭᠦᠯᠳᠡᠭ ᠪᠢᠯᠠ᠃ ᠬᠡᠳᠠᠯ᠎ᠠ ᠦᠯᠢᠭᠡᠷ ᠤᠨ ᠤᠷᠬᠢᠯ ᠪᠤᠯᠬᠤ ᠦᠶ᠎ᠠ ᠳᠤ ᠪᠠᠷᠤᠭ ᠯᠡ ᠪᠦᠭᠡ ᠤᠷᠤᠰᠢᠵᠤ ᠯᠠᠶᠢᠴᠢᠩ ᠪᠠᠭᠤᠵᠤ ᠪᠠᠶᠢᠬᠤ ᠮᠠᠳᠤ ᠰᠦᠷᠡᠭᠡᠢ ᠲᠤᠯᠬᠢᠨ ᠲᠤᠬᠰᠢᠨ ᠶᠠᠷᠢᠳᠠᠭ᠃ ᠵᠠᠷᠢᠮ ᠭᠡᠢ ᠬᠦᠢ ᠲᠠᠢ ︽ᠶᠠᠪᠠᠭᠠᠨ ᠴᠤᠭᠤᠷᠴᠢ︾ ᠬᠠᠨᠵᠤ ᠶᠢᠨ ᠪᠠᠷᠠᠭᠤᠨ ᠳᠤ ᠪᠠᠶᠢᠬᠰᠠᠨ ᠨᠢ ᠰᠦᠨᠢ ᠲᠤᠮᠳᠠ ᠪᠤᠯᠬᠤ ᠦᠶ᠎ᠠ ᠳᠤ ᠲᠤᠯᠤᠭᠠᠢ ᠰᠠᠵᠢᠵᠤ᠂ ᠮᠠᠯᠠᠭᠠᠢ ᠪᠠᠨ ᠰᠠᠪᠠᠭᠰᠠᠭᠠᠷ ᠬᠠᠨᠵᠤ ᠶᠢᠨ ᠵᠡᠭᠦᠨ ᠦᠵᠦᠭᠦᠷ ᠲᠤᠨᠢ ᠭᠠᠷᠳᠠᠭ ᠬᠡᠨ᠎ᠠ᠃ ︽ᠮᠠᠩᠭᠤᠰ ᠠᠪᠤ︾ᠴᠤᠭᠤᠷᠴᠢ ᠶᠢ ᠵᠠᠯᠠᠬᠤ ᠳᠤ ᠪᠠᠶᠢᠷᠢ ᠰᠠᠭᠤᠷᠢ ᠦᠨᠳᠤᠷ᠂ ᠡᠰᠡᠭᠦᠯ᠎ᠠ ᠪᠠᠶᠠᠨ ᠡᠷᠦᠭᠡ ᠠᠴᠠ ᠠᠷᠠᠳ ᠢ ᠲᠡᠶᠢᠴᠢᠯᠠᠳᠠᠭ᠃ ᠴᠤᠭᠤᠷᠴᠢ ᠵᠠᠯᠠᠬᠰᠠᠨ ᠠᠶᠢᠯ ᠠᠶᠢᠮᠠᠭ ᠤᠨ ᠨᠠᠰᠤᠳᠠᠶᠢᠴᠤᠳ ᠶᠡᠭᠡᠯ᠎ᠠ ᠦᠢᠮᠡᠭᠡᠨ ᠲᠡᠪᠵᠢᠶᠠᠨ ᠪᠤᠯᠵᠤ ᠬᠤᠨᠢ ᠢᠮᠠᠭ᠎ᠠ ᠠᠯᠠᠵᠤ᠂ ᠲᠠᠬᠢᠯ ᠲᠠᠪᠢᠯᠭ᠎ᠠ ᠲᠡᠯᠪᠢᠵᠤ᠂ ᠬᠦᠵᠢ ᠵᠤᠯᠠ ᠠᠰᠠᠭᠠᠵᠤ᠂ ᠡᠵᠡᠳ ᠰᠠᠬᠢᠭᠤᠰᠤ᠂ ᠨᠠᠷᠠᠨ ᠰᠠᠷᠠᠨ᠂ ᠤᠳᠤᠨ ᠭᠠᠷᠠᠭ᠂ ᠡᠴᠢᠭᠡ ᠲᠡᠭᠷᠢ᠂ ᠡᠪᠦᠭᠡ ᠲᠡᠭᠡᠳᠤᠰ ᠰᠢᠳᠤᠭᠡᠨ ᠳᠡᠭᠡᠨ ᠵᠠᠯᠪᠠᠷᠢᠵᠤ ᠪᠠᠷᠠᠭᠠᠳ ᠰᠠᠶ᠋ᠢ ᠮᠠᠩᠭᠤᠰ ᠤᠨ ᠦᠯᠢᠭᠡᠷ ᠬᠠᠶᠢᠯᠠᠬᠤ ᠤᠴᠢᠷ ᠤᠳᠬ᠎ᠠ ᠪᠠᠨ ᠤᠯᠠᠨ ᠳᠤ ᠲᠤᠩᠬᠠᠬᠯᠠᠨ᠎ᠠ᠃ ᠴᠤᠭᠤᠷ ᠤᠨ ᠦᠯᠢᠭᠡᠷ ᠰᠤᠨᠤᠰᠬᠤ ᠪᠠᠷ ᠢᠷᠡᠭᠦ ᠡᠪᠤᠭᠡᠳ ᠨᠠᠰᠤᠳᠠᠨ ᠴᠤ ᠲᠠᠪᠤ᠂ ᠠᠷᠪᠠ ᠪᠠᠷ ᠪᠦᠯᠦᠭᠯᠡᠵᠤ᠂ ᠬᠦᠵᠡᠭᠡ ᠲᠠᠢ ᠰᠢᠷ᠎ᠠ ᠲᠤᠰᠤ᠂ ᠬᠤᠨᠢᠨ ᠡᠪᠴᠢᠭᠦᠦ᠂ ᠬᠦᠭᠡ ᠬᠠᠳᠠᠭ ᠲᠠᠢ ᠬᠤᠨᠳᠠᠭ᠎ᠠ ᠡᠷᠭᠦᠭᠡᠳ ᠰᠠᠭᠠᠯᠢ ᠶᠢᠨ ᠠᠷᠢᠬᠢ ᠰᠠᠷᠬᠤᠳ ᠢᠶᠠᠨ ᠰᠡᠷᠵᠢᠮᠯᠠᠨ ᠴᠤᠭᠤᠷᠴᠢ ᠶᠢᠨ ᠠᠮᠠ ᠶᠢ ᠮᠢᠯᠢᠶᠠᠵᠤ ᠪᠠᠶᠢᠬᠤ ᠪᠠᠨ ᠢᠯᠡᠳᠭᠡᠳᠡᠭ᠃      ᠶᠡᠭᠡ ᠶᠤᠸᠠᠨ ᠤᠯᠤᠰ ᠤᠨ ᠬᠤᠪᠢᠯᠠᠢ ᠬᠠᠭᠠᠨ 1251 ᠤᠨ ᠳᠤ ᠰᠢᠷ᠎ᠠ ᠶᠢᠨ ᠱᠠᠰᠢᠨ ᠤ ᠲᠦᠯᠦᠭᠡᠯᠡᠭᠴᠢ ᠫᠠᠭᠪᠠ ᠯᠠᠮᠠ ᠶᠢ ᠵᠠᠯᠠᠵᠤ ᠮᠤᠩᠭᠤᠯ ᠤᠷᠤᠨ ᠳᠤ ᠪᠤᠷᠬᠠᠨ ᠤ ᠱᠠᠰᠢᠨ ᠢ ᠲᠡᠯᠭᠡᠷᠡᠭᠦᠯᠦᠭᠰᠡᠨ ᠠᠴᠠ ᠬᠤᠶᠢᠰᠢ ᠬᠤᠷᠴᠢᠨ ᠮᠤᠩᠭᠤᠯᠴᠤᠳ ᠤᠨ ︽ᠴᠤᠭᠤᠷ ᠤᠨ ᠦᠯᠢᠭᠡᠷ︾ ᠰᠤᠨᠤᠰᠬᠤ ᠵᠠᠩ ᠦᠢᠯᠡ ᠳᠤ ᠶᠡᠭᠡ ᠬᠡᠮᠵᠢᠶᠠᠨ ᠤ ᠬᠤᠪᠢᠷᠠᠯᠳᠠ ᠭᠠᠷᠴᠤ ᠬᠦᠵᠢ ᠵᠤᠯᠠ ᠠᠰᠠᠭᠠᠨ᠂ ᠬᠤᠨᠢᠨ ᠮᠢᠬ᠎ᠠ᠂ ᠭᠠᠭ᠋ᠠᠢ ᠶᠢᠨ ᠲᠤᠯᠤᠭᠠᠢ ᠪᠠᠷ ᠲᠠᠬᠢᠯ ᠲᠡᠪᠢᠰᠢ ᠲᠡᠯᠪᠢᠵᠤ᠂ ᠪᠤᠷᠬᠠᠨ ᠲᠡᠭᠷᠢ᠂ ᠯᠠᠮᠠ ᠬᠤᠸᠠᠷᠠᠭ ᠲᠤ ᠮᠦᠷᠭᠦᠵᠤ ᠪᠠᠷᠠᠬᠰᠠᠨ ᠤ ᠰᠡᠭᠦᠯᠡᠷ ᠰᠠᠶ᠋ᠢ ᠲᠤᠤᠯᠢ ᠰᠤᠨᠤᠰᠬᠤ ᠲᠠᠳᠬᠠᠯ ᠲᠠᠢ ᠪᠤᠯᠪᠠ᠃ ᠡᠳᠡᠭᠡᠷ ᠵᠠᠩ ᠦᠢᠯᠡ ᠳᠤ ᠭᠤᠷᠪᠠᠨ ᠵᠦᠢᠯ ᠤᠨ ᠬᠡᠯᠪᠠᠷᠢ ᠪᠤᠢ ᠪᠤᠯᠵᠤ ᠬᠦᠭᠵᠢᠵᠠᠢ᠃ ᠨᠢᠭᠡ ᠳᠤ᠂ ᠠᠶᠠᠨᠳᠠᠭᠠᠨ ᠪᠤᠢ ᠪᠤᠯᠤᠬᠰᠠᠨ ᠠᠷᠠᠳ ᠤᠨ ᠤᠯᠠᠮᠵᠢᠯᠠᠯᠳᠤ ᠵᠠᠩ ᠦᠢᠯᠡ᠃ ᠬᠤᠶᠠᠷ ᠲᠤ᠂ ᠪᠦᠭᠡ ᠮᠦᠷᠭᠦᠯ ᠤᠨ ᠡᠵᠡᠳ ᠰᠠᠬᠢᠭᠤᠰᠤ᠂ ᠰᠢᠳᠤᠭᠡᠨ ᠲᠡᠭᠷᠢ ᠶᠢ ᠰᠢᠳᠤᠭᠦ ᠵᠤᠷᠰᠢᠯ᠃ ᠭᠤᠷᠪᠠ ᠳᠤ᠂ ᠪᠤᠷᠬᠠᠨ ᠱᠠᠰᠢᠨ ᠤ ︽ᠯᠠᠮᠠ ᠭᠤᠷᠪᠠᠨ ᠡᠷᠳᠡᠨᠢ︾ ᠬᠡᠭᠦ ᠦᠵᠡᠯ ᠤᠬᠠᠮᠰᠠᠷ ᠨᠢ ᠴᠤᠭᠤᠷ ᠤᠨ ᠦᠯᠢᠭᠡᠷ ᠰᠤᠨᠤᠰᠬᠤ ᠵᠠᠩ ᠦᠢᠯᠡ ᠶᠢ ᠨᠦᠯᠦᠭᠡᠯᠡᠵᠤ ᠢᠷᠡᠵᠠᠢ᠃      ᠮᠤᠩᠭᠤᠯᠴᠤᠳ ᠤᠨ ᠠᠯᠢ ᠡᠷᠳᠡ ᠠᠴᠠ ᠠᠷᠠᠰᠤᠨ ᠴᠤᠭᠤᠷ ᠢᠶᠠᠷ ︽ᠮᠠᠩᠭᠤᠰ︾ ᠬᠠᠶᠢᠯᠠᠬᠤ ᠤᠳᠤᠮᠰᠢᠯᠳᠤ ᠵᠠᠩᠰᠢᠯ ᠪᠠᠶᠢᠬᠰᠠᠨ ᠢ ᠴᠦᠢᠪᠠᠨᠭ᠌ ᠬᠤᠭᠤᠷᠴᠢ ᠶᠢᠨ ᠦᠶ᠎ᠠ ᠳᠤ ᠬᠡᠨᠡᠳᠳᠠ ᠲᠦᠷᠪᠠᠨ ᠤᠳᠠᠰᠤᠳᠤ ᠪᠦᠳᠤᠭᠦᠨ ᠬᠤᠭᠤᠷ ᠢᠶᠠᠷ ᠲᠤᠤᠯᠢ ᠬᠡᠯᠡᠭᠦ ᠪᠤᠯᠤᠬᠰᠠᠨ ᠨᠢ ︽ᠮᠠᠩᠭᠤᠰ ᠢ ᠲᠠᠷᠤᠬᠰᠠᠨ ᠦᠯᠢᠭᠡᠷ︾ ᠤᠨ ᠮᠠᠰᠢ ᠶᠡᠭᠡ ᠬᠤᠪᠢᠷᠠᠯᠳᠠ ᠪᠤᠯᠪᠠ᠃ ᠴᠦᠢᠪᠠᠨᠭ᠌ ᠬᠤᠭᠤᠷᠴᠢ ᠶᠢᠨ ᠱᠠᠪᠢ᠂ ᠠᠯᠳᠠᠷᠳᠤ ᠬᠤᠭᠤᠷᠴᠢ ᠫᠠᠵᠠᠢ ᠲᠦᠷᠪᠠᠨ ᠤᠳᠠᠰᠤᠳᠤ ᠬᠤᠭᠤᠷ ᠢᠶᠠᠷ ︽ᠬᠡᠰᠡᠷ ᠪᠠᠭᠠᠳᠤᠷ︾ ᠤᠨ ᠦᠯᠢᠭᠡᠷ ᠢ ᠬᠡᠯᠡᠭᠡᠳ ᠲᠡᠯᠡᠭᠡᠢ ᠨᠠᠶᠢᠳᠠ ᠶᠢᠨ ᠠᠩᠬᠠᠷᠤᠯ ᠢ ᠲᠠᠳᠠᠬᠰᠠᠨ ᠪᠠᠶᠢᠨ᠎ᠠ᠃ 1983 ᠤᠨ ᠤ ᠨᠠᠮᠤᠷ᠂ ᠪᠢ ᠮᠤᠷᠤᠢ ᠶᠢᠨ ᠰᠦᠮ᠎ᠠ ᠰᠤᠮᠤ ᠶᠢᠨ ᠴᠢᠯᠠᠭᠤᠬᠤᠪᠤᠭ᠎ᠠ ᠭᠠᠴᠠᠭ᠎ᠠ ᠳᠤ ᠬᠦᠷᠴᠤ᠂ ︽ᠶᠠᠪᠠᠭᠠᠨ ᠴᠤᠭᠤᠷᠴᠢ︾ ᠨᠠᠰᠤᠨᠳᠠᠮᠤᠷ ᠤᠨ ᠵᠢᠭᠡ ᠤᠮᠪᠤᠯᠤ ᠰᠧᠷᠡᠩ ᠢ ᠰᠤᠷᠪᠤᠯᠵᠢᠯᠠᠪᠠ᠃ ᠲᠠᠷᠠ ᠦᠶ᠎ᠠ ᠳᠤ ᠰᠧᠷᠡᠩ ᠴᠤᠭᠤᠷᠴᠢ 62 ᠨᠠᠰᠤ ᠬᠦᠷᠦᠭᠰᠡᠨ ᠨᠢᠭᠡᠨ ᠲᠤᠷᠠᠩᠬᠠᠢ ᠬᠠᠷ᠎ᠠ ᠡᠪᠤᠭᠡᠨ ᠪᠤᠯᠴᠢᠬᠠᠵᠠᠢ᠃ ᠲᠤᠬᠠᠢ ᠶᠢᠨ ᠦᠶ᠎ᠠ ᠳᠤ ︽ᠮᠠᠩᠭᠤᠰ ᠤᠨ ᠦᠯᠢᠭᠡᠷ︾ ᠢ ᠴᠠᠭᠠᠵᠠᠯᠠᠵᠤ ᠪᠠᠶᠢᠬᠰᠠᠨ ᠠᠴᠠ ᠰᠤᠮᠤ ᠪᠠᠯᠭᠠᠰᠤᠨ ᠤ ᠤᠳᠤᠷᠢᠳᠤᠯᠭ᠎ᠠ ᠶᠢᠨ ᠵᠦᠪᠰᠢᠶᠠᠷᠠᠯ ᠢ ᠤᠯᠤᠬᠰᠠᠨ ᠪᠤᠯᠪᠠᠴᠤ ᠰᠧᠷᠡᠩ ᠴᠤᠭᠤᠷᠴᠢ ᠶᠢᠨ ᠵᠦᠪᠰᠢᠶᠠᠷᠠᠭᠦ ᠡᠰᠡᠭᠦ ᠶᠢ ᠮᠡᠳᠡᠭᠦ ᠦᠭᠡᠢ ᠲᠦᠭ ᠲᠠᠭ ᠲᠠᠢ ᠪᠠᠶᠢᠪᠠ᠃ ᠴᠢᠯᠠᠭᠤᠬᠤᠪᠤᠭ᠎ᠠ ᠭᠠᠴᠠᠭ᠎ᠠ ᠶᠢᠨ ᠲᠠᠷᠤᠭ᠎ᠠ ᠨᠠᠷ ᠬᠤᠨᠢ ᠠᠯᠠᠵᠤ ᠠᠶᠢᠯ ᠠᠶᠢᠮᠠᠭ ᠤᠨ ᠠᠬᠠᠮᠠᠳ ᠢᠶᠠᠨ ᠱᠦᠭᠦᠰᠤ ᠱᠦᠭᠦᠰᠤᠯᠡᠭᠡᠳ ᠶᠠᠪᠠᠭᠠᠨ ᠴᠤᠭᠤᠷᠴᠢ ᠰᠧᠷᠡᠩ ᠢ ᠰᠢᠷᠡᠭᠡᠨ ᠳᠤ ᠵᠠᠯᠠᠪᠠ᠃ ᠲᠠᠷᠠ ᠤᠷᠤᠢ ᠭᠠᠴᠠᠭ᠎ᠠ ᠶᠢᠨ ᠬᠤᠷᠠᠯ ᠤᠨ ᠭᠡᠷ ᠤᠨ ᠲᠤᠳᠤᠨ᠎ᠠ ᠭᠠᠳᠠᠨ᠎ᠠ ᠬᠦᠮᠤᠰ ᠨᠢᠴᠠ ᠲᠦᠭᠦᠷᠦᠭᠡᠳ ᠮᠢᠨᠤ ᠰᠤᠷᠪᠤᠯᠵᠢᠯᠠᠬᠤ ᠶᠢ ᠰᠤᠨᠢᠷᠬᠠᠵᠤ ᠵᠤᠬᠰᠤᠨ᠎ᠠ᠃ ᠡᠬᠢᠯᠡᠩᠭᠦᠳᠠ ᠴᠤᠭᠤᠷᠴᠢ ᠶᠠᠭ ᠵᠦᠪᠰᠢᠶᠠᠷᠡᠭᠦ ᠦᠭᠡᠢ᠃ ᠰᠤᠮᠤ᠂ ᠭᠠᠴᠠᠭ᠎ᠠ ᠶᠢᠨ ᠲᠠᠷᠤᠭ᠎ᠠ ᠨᠠᠷ ᠪᠠ ᠠᠷᠠᠳ ᠤᠯᠨᠨ ᠤ ᠤᠷᠢᠶᠠᠯᠠᠭ᠎ᠠ ᠪᠠᠷ ᠴᠤᠭᠤᠷᠴᠢ ᠶᠢᠨ ᠤᠷᠠᠯᠢᠭ ᠤᠨ ᠠᠪᠢᠶᠠᠰ ᠨᠢ ᠬᠦᠭᠵᠢᠭᠡᠳ ︽ᠪᠤᠳᠢ ᠭᠠᠯᠪᠠ ᠬᠠᠭᠠᠨ︾ ᠠᠴᠠ ᠦᠯᠢᠭᠡᠷ ᠡᠭᠦᠰᠭᠡᠪᠠ᠃ ᠬᠤᠶᠠᠷ ᠰᠦᠨᠢ ᠨᠢᠭᠡ ᠡᠳᠤᠷ ᠨᠦᠰᠡᠷ ᠬᠦᠨᠳᠤ ᠰᠢᠩᠭᠡᠭᠡᠯᠳᠠ ᠬᠢᠭᠡᠳ 12 ᠴᠠᠭ ᠤᠨ ᠰᠤᠷᠢᠨᠵᠢᠨ ᠬᠠᠯᠢᠰᠤᠨ ᠳᠤ ᠲᠦᠭᠦᠷᠳᠠᠯ᠎ᠠ ᠦᠯᠢᠭᠡᠷ ᠰᠢᠩᠭᠡᠭᠡᠵᠤ ︽ᠪᠤᠳᠢ ᠭᠠᠯᠪᠠ ᠬᠠᠭᠠᠨ︾᠂ ︽ᠴᠤᠭᠤᠷ ᠤᠨ ᠮᠠᠬᠳᠠᠭᠠᠯ︾᠂ ︽ᠠᠯᠳᠠᠨ ᠭᠠᠯᠪᠠ ᠬᠠᠭᠠᠨ︾ ᠭᠤᠷᠪᠠ ᠶᠢ ᠲᠡᠭᠦᠰᠭᠡᠵᠠᠢ᠃ ᠬᠤᠶᠠᠷ ᠭᠠᠯᠪᠠ ᠬᠠᠶᠢᠯᠠᠬᠰᠠᠨ ᠰᠧᠷᠡᠩ ᠴᠤᠭᠤᠷᠴᠢ ᠨᠡᠯᠢᠶᠡᠳ ᠶᠠᠳᠠᠷᠠᠬᠰᠠᠨ ᠪᠠᠶᠢᠳᠠᠯ ᠲᠠᠢ ᠲᠤᠯᠠ ︽ᠲᠡᠭᠦᠰᠴᠤᠬᠳᠤ ᠬᠠᠭᠠᠨ ᠤ ᠦᠯᠢᠭᠡᠷ︾ ᠢ ᠠᠪᠤᠬᠰᠠᠨ ᠦᠭᠡᠢ ᠡᠪᠤᠭᠡᠨ ᠴᠤᠭᠤᠷᠴᠢ ᠶᠢ ᠠᠮᠠᠷᠠᠭᠤᠯᠵᠠᠢ᠃ ᠡᠳᠡᠭᠡᠷ ᠰᠢᠩᠭᠡᠭᠡᠯᠳᠠ ᠪᠤᠯ ᠬᠤᠷᠴᠢᠨ ᠲᠤᠤᠯᠢ ᠪᠠ ᠮᠤᠩᠭᠤᠯ ᠲᠤᠤᠯᠢ ᠶᠢ ᠰᠤᠳᠤᠯᠬᠤ ᠳᠤ ᠦᠨ᠎ᠠ ᠴᠠᠨ᠎ᠠ ᠲᠠᠢ ᠴᠢᠬᠤᠯᠠ ᠮᠠᠲ᠋ᠧᠷᠢᠶᠠᠯ ᠮᠦᠷᠳᠡᠭᠡᠨ ᠠᠶᠠᠰ ᠠᠶᠠᠯᠭᠤ ᠶᠢ ᠰᠢᠨᠵᠢᠯᠡᠵᠤ ᠲᠡᠮᠳᠡᠭᠯᠡᠭᠦ ᠳᠤ ᠤᠯᠳᠠᠰᠢ ᠦᠭᠡᠢ ᠰᠤᠶᠤᠯ ᠤᠨ ᠦᠪ ᠬᠦᠷᠦᠩᠭᠡ ᠪᠤᠯᠬᠤ ᠶᠤᠮ᠃      ᠴᠤᠭᠤᠷᠴᠢᠳ ︽ᠮᠠᠩᠭᠤᠰ ᠢ ᠲᠠᠷᠤᠬᠰᠠᠨ ᠦᠯᠢᠭᠡᠷ︾ ᠬᠠᠶᠢᠯᠠᠬᠤ ᠳᠠᠭᠠᠨ ᠯᠤᠤ ᠵᠢᠯ ᠢ ᠤᠨᠴᠠ ᠠᠩᠬᠠᠷᠤᠯ ᠳᠠᠭᠠᠨ ᠠᠪᠴᠤ ᠲᠤᠬᠰᠢᠨ ᠬᠠᠶᠢᠯᠠᠬᠤ ᠶᠢ ᠡᠷᠬᠢᠮᠯᠡᠳᠡᠭ ᠵᠠᠩᠰᠢᠯ ᠲᠠᠢ᠃ ᠤᠨᠴᠠᠭᠠᠶᠢᠯᠠᠨ ᠬᠠᠷ᠎ᠠ ᠯᠤᠤ ᠵᠢᠯ ᠳᠤ ︽ᠮᠠᠩᠭᠤᠰ ᠤᠨ ᠦᠯᠢᠭᠡᠷ︾ ᠬᠠᠶᠢᠯᠠᠬᠤ ᠳᠠᠭᠠᠨ ᠦᠯᠢᠭᠡᠷ ᠰᠤᠨᠤᠰᠬᠤ ᠡᠳᠡᠭᠡᠳ ᠲᠤ ᠡᠷᠭᠡᠪᠰᠢ ᠬᠠᠷ᠎ᠠ ᠢᠮᠠᠭ᠎ᠠ ᠠᠯᠠᠬᠤ ᠶᠢ ᠬᠦᠰᠡᠳᠡᠭ᠃ ᠬᠠᠷ᠎ᠠ ᠢᠮᠠᠭ᠎ᠠ ᠠᠯᠠᠬᠤ ᠨᠢ ᠮᠠᠩᠭᠤᠰ ᠤᠨ ᠦᠯᠢᠭᠡᠷ ᠲᠤ ᠷᠢᠳᠢ ᠰᠢᠳᠢ ᠤᠷᠤᠰᠢᠵᠤ ᠂ ᠴᠤᠭᠤᠷ ᠤᠨ ᠦᠯᠢᠭᠡᠷ ᠨᠢ ᠡᠷᠴᠢᠮ ᠲᠠᠢ ᠶᠠᠪᠤᠬᠳᠠᠳᠠᠭ ᠬᠡᠨ᠎ᠠ᠃ ᠡᠪᠤᠭᠡᠳ ᠮᠡᠷᠭᠡᠯᠡᠭᠦ ᠳᠡᠭᠡᠨ ︽ᠮᠠᠩᠭᠤᠰ ᠠᠪᠤ ᠶᠢᠨ ᠲᠤᠬᠰᠢᠷᠠᠵᠤ ᠪᠠᠶᠢᠬᠤ ᠨᠢ ᠯᠤᠤ ᠵᠢᠯ ᠤᠨ ᠤᠴᠢᠷ᠂ ᠴᠤᠭᠤᠷᠴᠢᠳ ᠯᠤᠤ ᠵᠢᠯ ᠪᠤᠯᠤᠮᠠᠬᠴᠠ ᠪᠦᠷ ᠲᠤᠬᠰᠢᠷᠠᠳᠠᠭ ᠶᠤᠮ ︾ ᠬᠡᠳᠡᠭ᠃ ᠪᠦᠭᠡ ᠮᠦᠷᠭᠦᠯ ᠤᠨ ᠦᠵᠡᠭᠦ ᠪᠠᠷ ᠯᠤᠤ ᠵᠢᠯ ᠳᠤ ᠯᠤᠤ ᠶᠢᠨ ᠰᠦᠨᠡᠰᠤ ᠶᠢᠷᠳᠢᠨᠴᠤ ᠲᠡᠯᠡᠭᠡᠢ ᠳᠤ ᠤᠷᠤᠰᠢᠬᠤ ᠲᠤᠯᠠ ᠤᠡᠭᠭᠤᠳ᠂ ᠰᠢᠳᠤᠭᠡᠨ ᠨᠢ ᠴᠤ ᠲᠤᠬᠰᠢᠨ ᠪᠠᠶᠢᠳᠠᠭ ᠬᠡᠨ᠎ᠠ᠃ ᠯᠤᠤ ᠨᠢᠭᠡ ᠤᠨᠳᠠᠪᠠᠯ ᠠᠷᠪᠠᠨ ᠬᠤᠶᠠᠷ ᠵᠢᠯ᠂ ᠬᠡᠳᠠᠯ᠎ᠠ ᠪᠦᠭᠡ ᠨᠠᠷ ᠵᠠᠩᠳᠤᠷᠪᠠᠯ ᠤᠨᠳᠠᠵᠤ ᠪᠠᠶᠢᠭ᠎ᠠ ᠯᠤᠤ ᠠᠮᠢᠰᠬᠤᠯ ᠢᠶᠠᠨ ᠬᠤᠷᠢᠶᠠᠵᠤ ᠶᠢᠷᠳᠢᠨᠴᠤ ᠶᠢᠨ ᠦᠢᠮᠡᠭᠡᠨ ᠢ ᠯᠡᠪᠯᠠᠳᠠᠭ᠃ ᠡᠨᠡ ᠭᠦ ᠬᠤᠭᠤᠷᠤᠨᠳᠤ ᠨᠢ ᠡᠵᠡᠳ ᠰᠠᠬᠢᠭᠤᠰᠤ ᠵᠠᠪᠳᠤᠵᠤ ᠰᠢᠳᠤᠭᠡᠨ ᠪᠠᠭᠤᠳᠠᠭ ᠪᠠᠶᠢᠵᠠᠢ᠃ ᠲᠡᠶᠢᠮᠤ ᠶᠢᠨ ᠲᠤᠯᠠ ᠪᠦᠭᠡ ᠤᠷᠤᠰᠢᠬᠤ ᠳᠠᠭᠠᠨ ᠤᠳᠠᠭᠠᠨ ᠪᠠᠶᠢᠵᠤ ᠪᠤᠯᠳᠠᠭ ᠦᠭᠡᠢ᠃ ᠴᠤᠭᠤᠷᠴᠢᠳ ︽ᠮᠠᠩᠭᠤᠰ ᠢ ᠲᠠᠷᠤᠬᠰᠠᠨ ᠦᠯᠢᠭᠡᠷ︾ ᠬᠠᠶᠢᠯᠠᠬᠤ ᠳᠠᠭᠠᠨ ᠡᠨᠡ ᠭᠦ ᠶᠤᠰᠤ ᠤᠴᠢᠷ ᠢ ᠡᠷᠬᠢᠮᠯᠡᠭᠰᠡᠨ ᠪᠠᠶᠢᠵᠤ ᠮᠡᠳᠡᠨ᠎ᠠ᠃      ᠬᠤᠷᠴᠢᠨ ᠴᠤᠭᠤᠷᠴᠢᠳ ᠤᠨ ︽ᠮᠠᠩᠭᠤᠰ ᠤᠨ ᠦᠯᠢᠭᠡᠷ︾ ᠬᠠᠶᠢᠯᠠᠬᠤ ᠬᠡᠭᠴᠢ ᠦᠨᠡᠭᠡᠷ ᠠᠶᠤᠵᠤ ᠰᠤᠴᠢᠮᠠᠷ ᠵᠠᠩᠳᠤᠷᠴᠤ ᠲᠤᠬᠳᠤᠷᠤᠨ ᠪᠠᠷᠬᠢᠷᠠᠳᠠᠭ ᠪᠢᠯᠠ᠃ ᠴᠤᠭᠤᠷ ᠤᠨ ᠡᠭᠡᠰᠢᠭ ᠠᠶᠠᠯᠭᠤ ᠨᠢ ᠴᠤ ᠬᠦᠡᠭᠬᠢᠨᠡᠮ᠎ᠠ ᠪᠦᠭᠡᠳ ᠴᠤᠤᠷᠢᠶ᠎ᠠ ᠲᠠᠳᠠᠵᠤ ᠪᠠᠷᠤᠭ ᠯᠠ ︽ᠮᠠᠩᠭᠤᠰ︾ ᠨᠢ ᠰᠠᠯᠬᠢ ᠲᠠᠳᠠᠭᠠᠳ ᠪᠠᠭᠤᠵᠤ ᠪᠠᠶᠢᠬᠤ ᠮᠡᠳᠤ ᠰᠡᠵᠢᠭ ᠠᠵᠢᠭ ᠲᠦᠷᠦᠭᠳᠡᠭᠦᠯᠤᠨ᠎ᠠ᠃ ᠬᠤᠷᠴᠢᠨᠴᠤᠳ ᠡᠩ ᠤᠨ ᠠᠮᠢᠳᠤᠷᠠᠯ ᠳᠠᠭᠠᠨ ᠰᠦᠷᠡᠭᠡᠢ ᠢᠳᠡᠵᠤ ᠤᠤᠭᠤᠬᠤ ᠬᠦᠮᠤᠨ ᠢ ︽ᠮᠠᠩᠭᠤᠰ ᠤᠨ ᠪᠦᠷᠢᠯᠸ᠎ᠠ︾ ᠬᠡᠭᠦ ᠪᠤᠶᠤ ᠰᠤᠨᠢᠨ ᠵᠢᠭᠳᠡᠢ ᠮᠠᠯ ᠤᠨᠤᠭ᠎ᠠ ᠶᠢ ᠴᠤ ︽ᠮᠠᠩᠭᠤᠰ ᠲᠦᠷᠦᠵᠠᠢ︾ ᠬᠡᠳᠡᠭ᠃ᠡᠪᠤᠭᠡᠳ ᠨᠠᠰᠤᠳᠠᠨ ᠴᠤ ᠬᠡᠤᠭᠡᠨ ᠰᠢᠤᠬᠠᠳ ᠢᠶᠠᠨ ︽ᠮᠠᠩᠭᠤᠰ ᠢᠷᠡᠯ᠎ᠠ᠂ ᠪᠤᠤ ᠤᠬᠢᠯᠠ︾ ᠬᠡᠳᠡᠭ ᠶᠤᠮ᠃ ᠶᠠᠭ ᠡᠶᠢᠮᠤ ᠠᠴᠠ ᠬᠡᠤᠭᠡᠳ ᠰᠢᠤᠬᠠᠳ ᠨᠢ ᠬᠦᠷᠳᠠᠯ᠎ᠠ ︽ᠮᠠᠩᠭᠤᠰ︾ ᠢ ᠶᠠᠮᠠᠷ ᠨᠢᠭᠡᠨ ᠡᠵᠡᠯᠡᠭᠴᠢ ᠪᠠᠷ ᠦᠵᠡᠵᠤ ᠰᠦᠰᠤ ᠪᠠᠨ ᠬᠠᠭᠠᠷᠠᠳᠠᠯ᠎ᠠ ᠠᠶᠤᠳᠠᠭ ᠪᠠᠶᠢᠨ᠎ᠠ᠃ ᠬᠡᠷᠪᠠ ᠠᠶᠢᠯ ᠲᠤᠰᠬᠤᠨ ᠳᠤᠨᠢ ︽ᠮᠠᠩᠭᠤᠰ ᠠᠪᠤ︾ ᠦᠯᠢᠭᠡᠷ ᠬᠡᠯᠡᠭᠦ ᠪᠠᠷ ᠢᠷᠡᠪᠠᠯ ᠬᠡᠤᠭᠡᠳ ᠰᠢᠤᠬᠠᠳ ᠨᠢ ᠠᠶᠤᠭᠠᠳ ᠬᠠᠰᠢᠶ᠎ᠠ ᠰᠠᠷᠠᠪᠴᠢᠨ ᠳᠠᠭᠠᠨ ᠲᠠᠯᠳᠠᠯᠠᠳᠠᠬ ᠬᠡᠨ᠎ᠠ᠃ ᠬᠤᠷᠴᠢᠨ ᠤ ᠵᠠᠩᠰᠢᠯ ᠳᠤ ᠴᠤᠭᠤᠷ ᠤᠨ ᠦᠯᠢᠭᠡᠷ ᠢ ᠲᠡᠭᠦᠰᠭᠡᠪᠠᠯ ᠪᠠᠰᠠ ᠦᠯᠢᠭᠡᠷ ᠲᠡᠭᠦᠰᠭᠡᠭᠦ ᠶᠤᠰᠤᠯᠠᠯ ᠶᠠᠪᠤᠭᠤᠯᠵᠤ ᠬᠤᠨᠢ ᠮᠠᠯ ᠠᠯᠠᠵᠤ ᠨᠠᠶᠢᠷ ᠪᠠᠶᠠᠷ ᠬᠢᠳᠡᠭ᠃ ︽ᠮᠠᠩᠭᠤᠰ ᠠᠪᠤ︾ ᠶᠢ ᠮᠤᠷᠳᠠᠭᠤᠯᠬᠤ ᠳᠠᠭᠠᠨ ᠠᠶᠤᠰᠢ ᠬᠠᠳᠠᠭ ᠪᠠᠷᠢᠭᠤᠯᠵᠤ᠂ ᠲᠡᠪᠠᠯ ᠬᠤᠪᠴᠠᠰᠤ ᠡᠮᠤᠰᠭᠡᠨ᠂ ᠬᠤᠯᠠ ᠶᠢᠨ ᠵᠠᠮ ᠳᠠᠬᠢ ᠤᠨᠤᠭ᠎ᠠ ᠬᠦᠯᠦᠭ ᠲᠤᠨᠢ ᠬᠦᠷᠳᠠᠯ᠎ᠠ ᠪᠡᠯᠡᠭᠯᠡᠨ ᠬᠦᠷᠭᠡᠳᠡᠭ ᠵᠠᠩᠰᠢᠯ ᠲᠠᠢ᠃ ᠨᠠᠰᠤᠨᠳᠠᠮᠤᠷ ᠴᠤᠭᠤᠷᠴᠢ ᠶᠢᠨ ᠬᠡᠯᠡᠭᠦ ᠪᠠᠷ ︽ᠮᠠᠩᠭᠤᠰ ᠤᠨ ᠦᠯᠢᠭᠡᠷ ᠪᠤᠯ ᠪᠦᠬᠦ ᠠᠷᠪᠠᠨ ᠨᠠᠢᠮᠠᠨ ᠭᠠᠯᠪᠠ ᠪᠠᠶᠢᠳᠠᠭ᠃ ᠬᠡᠰᠡᠷ ᠬᠠᠭᠠᠨ ᠪᠤᠯ ᠲᠤᠯᠤᠳᠤᠭᠠᠷ ᠭᠠᠯᠪᠠ ᠳᠤ ᠲᠤᠭᠠᠴᠢᠬᠳᠠᠨ᠎ᠠ᠃ ᠠᠷᠠᠳ ᠤᠨ ᠲᠤᠮᠳᠠ ᠬᠡᠰᠡᠷ ᠤᠨ ᠦᠯᠢᠭᠡᠷ ᠨᠢ ᠦᠷᠭᠡᠵᠢᠭᠡᠳ ᠬᠠᠮᠤᠭ ᠤᠨ ᠤᠷᠳᠤ ᠭᠠᠯᠪᠠ ᠪᠤᠯᠤᠬᠰᠠᠨ ᠬᠡᠨ᠎ᠠ︾ ᠬᠡᠵᠤ ᠵᠢᠭᠡ ᠤᠮᠪᠤᠯᠤ ᠳᠠᠭᠠᠨ ᠦᠷᠭᠦᠯᠵᠢ ᠬᠡᠯᠡᠳᠡᠭ ᠪᠠᠶᠢᠪᠠ᠃      ︽ᠮᠠᠩᠭᠤᠰ ᠢ ᠲᠠᠷᠤᠬᠰᠠᠨ ᠦᠯᠢᠭᠡᠷ︾ ᠬᠤᠷᠴᠢᠨ ᠮᠤᠩᠭᠤᠯ ᠵᠠᠩ ᠦᠢᠯᠡ ᠳᠤ ᠤᠯᠠᠨ ᠬᠠᠷᠠᠬᠳᠠᠬᠤ ᠮᠦᠷᠳᠡᠭᠡᠨ ᠲᠤᠤᠯᠢ ᠬᠠᠶᠢᠯᠠᠬᠤ ᠤᠷᠢᠳᠠᠯ ᠵᠠᠩ ᠦᠢᠯᠡ ᠴᠤ ᠪᠠᠭ᠎ᠠ ᠪᠤᠰᠤ ᠪᠠᠶᠢᠵᠤ᠂ ᠲᠠᠷᠠ ᠨᠢ ᠲᠤᠤᠯᠢ ᠶᠢᠨ ᠤᠯᠠᠮᠵᠢᠯᠠᠯ ᠳᠤ ᠵᠤᠬᠢᠬᠤ ᠦᠢᠯᠡᠳᠤᠯ ᠦᠵᠡᠭᠦᠯᠦᠭᠰᠡᠨ ᠪᠠᠶᠢᠨ᠎ᠠ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号