ᠰᠤᠶᠤᠯ ᠪᠡ ᠵᠢᠭᠤᠯᠴᠢᠯᠡᠯ ᠤᠨ ᠶᠠᠮᠤᠨ ᠤ ᠵᠠᠬ᠎ᠠ ᠳᠡᠯᠬᠡᠬᠦᠷ ᠤᠨ ᠬᠠᠮᠢᠶᠠᠷᠤᠯᠳᠠ ᠶᠢᠨ ᠵᠤᠷᠭᠠᠨ ᠤ ᠤᠶᠢᠷ᠎ᠠ ᠳᠤ | ᠳᠠᠷᠤᠮᠠᠯᠯᠠᠨ ᠳᠠᠷᠬᠠᠭᠠᠬᠰᠠᠨ ᠵᠦᠭᠯᠡᠬᠦᠷ ᠢ ᠦᠨᠳᠦᠰᠦᠯᠡᠪᠡᠯ᠂ ᠠᠶᠤᠯ ᠳᠦᠭᠰᠢᠬᠦᠷᠢ ᠪᠠᠷ ᠪᠠᠭ᠎ᠠ ᠭᠠᠵᠠᠷ ᠤᠷᠤᠨ ᠤ ᠬᠢᠨ | ᠳᠤᠬᠠᠢ ᠶᠢᠨ ᠭᠠᠵᠠᠷ ᠤᠨ ᠨᠠᠮ ᠤᠨ ᠬᠤᠷᠢᠶ᠎ᠠ ᠵᠠᠰᠠᠬ ᠤᠨ ᠤᠷᠳᠤᠨ ᠤ ᠵᠦᠪᠰᠢᠶᠡᠷᠡᠯ ᠢᠶᠠᠷ ᠳᠠᠮᠵᠢᠨ᠂ | ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ᠡᠷᠬᠢᠯᠡᠵᠦ ᠪᠤᠯᠤᠨ᠎ᠠ᠂ ᠬᠡᠪᠡᠴᠦ ᠳᠤᠮᠳᠠ ᠪᠠ ᠳᠤᠮᠤ | ᠬᠡᠯᠪᠡᠷᠢ ᠶᠢᠨ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ᠶᠢ ᠳᠦᠷ ᠬᠤᠶᠢᠰᠢᠯᠠᠭᠤᠯᠬᠤ ᠬᠡᠷᠡᠭᠳᠡᠢ᠃ | ᠵᠦᠴᠦᠬᠡ ᠶᠢᠨ ᠬᠦᠷᠢᠶᠡᠯᠡᠩ ᠵᠡᠷᠬᠡ ᠳᠤᠬᠯᠠᠯᠳᠠ ᠶᠢᠨ ᠳᠠᠯᠠᠪᠤᠷ ᠲᠠᠬᠢ ᠦᠵᠡᠭᠴᠢᠳ ᠤᠨ ᠳᠤᠭ᠎ᠠ ᠶᠢ ᠵᠦᠴᠦᠬᠡ ᠶᠢᠨ | ᠳᠠᠯᠠᠪᠤᠷ ᠤᠨ ᠰᠠᠭᠤᠳᠠᠯ ᠤᠨ ᠳᠤᠭᠠᠨ ᠤ 30% ᠠᠴᠠ ᠳᠠᠪᠠᠭᠤᠯᠵᠦ ᠪᠤᠯᠬᠤ ᠦᠬᠡᠢ᠂ ᠰᠠᠭᠤᠳᠠᠯ ᠠᠯᠤᠰᠯᠠᠨ | ᠰᠠᠭᠤᠯᠭᠠᠵᠦ᠂ 1 ᠮᠧᠳ᠋ᠷ ᠠᠴᠠ ᠳᠡᠬᠡᠭᠰᠢ ᠵᠠᠶᠢᠳᠠᠢ ᠪᠠᠶᠢᠬᠤ ᠶᠢ ᠪᠠᠳᠤᠯᠠᠬᠤ ᠬᠡᠷᠡᠭᠳᠡᠢ᠃ | ᠤᠶᠢᠷ᠎ᠠ ᠳᠤ᠂ ᠰᠤᠶᠤᠯ ᠪᠡ ᠵᠢᠭᠤᠯᠴᠢᠯᠡᠯ ᠤᠨ ᠶᠠᠮᠤᠨ ᠤ ᠵᠠᠬ᠎ᠠ ᠳᠡᠯᠬᠡᠬᠦᠷ ᠤᠨ ᠬᠠᠮᠢᠶᠠᠷᠤᠯᠳᠠ ᠶᠢᠨ | ᠵᠤᠷᠭᠠᠨ ᠠᠴᠠ ︽ᠵᠦᠴᠦᠬᠡ ᠶᠢᠨ ᠬᠦᠷᠢᠶᠡᠯᠡᠩ ᠵᠡᠷᠬᠡ ᠳᠤᠬᠯᠠᠯᠳᠠ ᠶᠢᠨ ᠳᠠᠯᠠᠪᠤᠷ ᠤᠨ ᠨᠡᠬᠡᠬᠡᠯᠳᠡ ᠪᠠᠨ ᠰᠡᠷᠭᠦᠭᠡᠵᠤ | ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠷᠭ᠎ᠠ ᠬᠡᠮᠵᠢᠶᠡᠨ ᠤ ᠵᠦᠭᠯᠡᠬᠦᠷ︾ ︽ᠢᠨᠲ᠋ᠧᠷ ᠰᠦᠯᠵᠢᠶᠡᠨ ᠤ | ᠰᠦᠯᠵᠢᠶᠡᠨ ᠳᠤ ᠭᠠᠷᠬᠤ ᠦᠢᠯᠡᠴᠢᠯᠡᠬᠡᠨ ᠤ ᠡᠵᠡᠩᠨᠡᠯᠳᠡ ᠶᠢᠨ ᠳᠠᠯᠠᠪᠤᠷ ᠤᠨ ᠨᠡᠬᠡᠬᠡᠯᠳᠡ ᠪᠠᠨ ᠰᠡᠷᠬᠦᠬᠡᠵᠤ ᠬᠢᠵᠢᠭ ᠤᠨ | ᠪᠠᠶᠢᠳᠠᠯ ᠢ ᠰᠡᠷᠬᠡᠶᠢᠯᠡᠨ ᠡᠵᠡᠮᠳᠡᠬᠦ ᠠᠷᠭ᠎ᠠ ᠬᠡᠮᠵᠢᠶᠡᠨ ᠤ ᠵᠦᠭᠯᠡᠬᠦᠷ︾ ︽ᠵᠤᠭ᠎ᠠ ᠴᠡᠩᠬᠡᠯ ᠤᠨ ᠳᠠᠯᠠᠪᠤᠷ ᠤᠨ | ᠨᠡᠬᠡᠬᠡᠯᠳᠡ ᠪᠠᠨ ᠰᠡᠷᠬᠦᠬᠡᠵᠦ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠷᠭ᠎ᠠ ᠬᠡᠮᠵᠢᠶᠡᠨ ᠤ ᠵᠦᠭᠯᠡᠬᠦᠷ︾ ᠢ | ᠳᠠᠷᠤᠮᠠᠯᠯᠠᠨ ᠳᠠᠷᠬᠠᠭᠠᠵᠦ᠂ ᠡᠳᠡᠬᠡᠷ ᠳᠠᠯᠠᠪᠤᠷ ᠤᠨ ᠨᠡᠬᠡᠬᠡᠯᠳᠡ ᠪᠠᠨ ᠰᠡᠷᠬᠦᠬᠡᠬᠦ ᠶᠢ ᠡᠮᠬᠢ ᠵᠢᠷᠦᠮ ᠲᠠᠢ ᠪᠠᠷ | ᠠᠬᠢᠭᠤᠯᠬᠤ ᠶᠢ ᠵᠦᠪᠰᠢᠶᠡᠷᠡᠪᠠ᠃ | ᠵᠦᠭᠯᠡᠬᠦᠷ ᠲᠤ᠂ ᠪᠠᠶᠢᠩᠭᠤᠵᠢᠬᠰᠠᠨ ᠰᠡᠷᠬᠡᠶᠢᠯᠡᠯᠳᠡ ᠡᠵᠡᠮᠰᠢᠯ ᠢ ᠪᠠᠷᠢᠮᠳᠠᠯᠠᠵᠦ᠂ ᠡᠮᠬᠢ ᠵᠢᠷᠦᠮ ᠲᠠᠢ ᠪᠠᠷ | ᠨᠡᠬᠡᠬᠡᠯᠳᠡ ᠬᠢᠵᠦ᠂ ᠤᠷᠢᠳᠴᠢᠯᠡᠨ ᠪᠤᠯᠵᠤᠵᠤ ᠳᠠᠯᠠᠪᠤᠷ ᠲᠤ ᠤᠷᠤᠭᠤᠯᠬᠤ ᠬᠦᠮᠦᠨ ᠤ ᠳᠤᠭ᠎ᠠ ᠶᠢ ᠬᠢᠵᠠᠭᠠᠷᠯᠠᠬᠤ | ᠬᠡᠷᠡᠭᠳᠡᠢ᠃ ᠬᠢᠵᠢᠭ ᠢ ᠰᠡᠷᠬᠡᠶᠢᠯᠡᠬᠦ ᠠᠷᠭ᠎ᠠ ᠬᠡᠮᠵᠢᠶ᠎ᠠ ᠶᠢ ᠬᠦᠢᠴᠡᠳ ᠬᠢᠭᠰᠡᠨ ᠪᠠᠶᠢᠳᠠᠯ ᠳᠤᠤᠷ᠎ᠠ᠂ ᠠᠶᠤᠯ | ᠳᠦᠭᠰᠢᠬᠦᠷᠢ ᠪᠠᠷ ᠪᠠᠭ᠎ᠠ ᠭᠠᠵᠠᠷ ᠤᠷᠤᠨ ᠤ ᠬᠢᠨ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ | ᠡᠷᠬᠢᠯᠡᠵᠦ ᠪᠤᠯᠤᠨ᠎ᠠ᠂ ᠬᠡᠪᠡᠴᠦ ᠳᠤᠮᠳᠠ ᠳᠤᠮᠤ ᠬᠡᠯᠪᠡᠷᠢ ᠶᠢᠨ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ | ᠠᠵᠢᠯᠯᠠᠭ᠎ᠠ ᠶᠢ ᠳᠦᠷ ᠬᠤᠶᠢᠰᠢᠯᠠᠭᠤᠯᠵᠦ᠂ ᠭᠠᠳᠠᠭᠠᠳᠤ ᠯᠤᠭ᠎ᠠ ᠬᠤᠯᠪᠤᠬᠳᠠᠬᠤ᠂ ᠰᠢᠶᠠᠩᠭᠠᠩ ᠤᠤᠮᠸᠠ ᠯᠤᠭ᠎ᠠ | ᠬᠤᠯᠪᠤᠬᠳᠠᠬᠤ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ︵ᠳᠤᠬᠯᠠᠬᠴᠢ ᠨᠢ ᠬᠢᠯᠢ ᠶᠢᠨ ᠳᠤᠳᠤᠷ᠎ᠠ | ᠪᠠᠶᠢᠭ᠎ᠠ ᠶᠢ ᠪᠠᠭᠳᠠᠭᠠᠬᠤ ᠦᠬᠡᠢ︶ ᠶᠢ ᠳᠦᠷ ᠬᠤᠶᠢᠰᠢᠯᠠᠭᠤᠯᠬᠤ ᠬᠡᠷᠡᠭᠳᠡᠢ᠃ ᠳᠤᠮᠳᠠ ᠵᠡᠷᠭᠡ ᠶᠢᠨ ᠠᠶᠤᠯ | ᠳᠦᠭᠰᠢᠬᠦᠷᠢ ᠲᠠᠢ ᠪᠠ ᠠᠶᠤᠯ ᠲᠦᠭᠰᠢᠭᠦᠷᠢ ᠶᠡᠬᠡᠲᠠᠢ ᠭᠠᠵᠠᠷ ᠤᠷᠤᠨ ᠤ ᠬᠢᠨ ᠡᠵᠡᠩᠨᠡᠯᠳᠡ ᠶᠢᠨ ᠴᠢᠨᠠᠷᠳᠠᠢ | ᠳᠤᠬᠯᠠᠯᠳᠠ ᠶᠢᠨ ᠠᠵᠢᠯᠯᠠᠭ᠎ᠠ ᠶᠢ ᠳᠦᠷ ᠬᠤᠶᠢᠰᠢᠯᠠᠭᠤᠯᠬᠤ ᠬᠡᠷᠡᠭᠳᠡᠢ᠃ ᠡᠯ᠎ᠠ ᠭᠠᠵᠠᠷ ᠤᠷᠤᠨ ᠤ ᠬᠢᠨ ᠡᠷᠬᠡᠪᠰᠢ | ᠬᠠᠷᠢᠶ᠎ᠠ ᠭᠠᠵᠠᠷ ᠤᠨ ᠢᠶᠠᠨ ᠨᠠᠮ ᠤᠨ ᠬᠤᠷᠢᠶ᠎ᠠ᠂ ᠵᠠᠰᠠᠬ ᠤᠨ ᠤᠷᠳᠤᠨ ᠤ ᠨᠢᠬᠡᠳᠦᠯᠳᠡᠢ ᠪᠠᠶᠢᠷᠢᠯᠠᠭᠤᠯᠤᠯᠳᠠ ᠶᠢ | ᠴᠢᠩᠭ᠎ᠠ ᠵᠢᠷᠤᠮᠯᠠᠵᠦ᠂ ᠰᠢᠶᠠᠨ ᠢᠶᠠᠷ ᠨᠢᠬᠡᠴᠢ ᠪᠤᠯᠭᠠᠨ᠂ ᠭᠠᠵᠠᠷ ᠤᠷᠤᠨ ᠬᠤᠪᠢᠶᠠᠨ ᠳᠡᠰ ᠲᠦᠷᠦᠯ ᠬᠤᠪᠢᠶᠠᠨ᠂ | ᠰᠦᠯᠵᠢᠶᠡᠨ ᠳᠤ ᠭᠠᠷᠬᠤ ᠦᠢᠯᠡᠴᠢᠯᠡᠬᠡᠨ ᠤ ᠳᠠᠯᠠᠪᠤᠷ᠂ ᠵᠤᠭ᠎ᠠ ᠴᠡᠩᠬᠡᠯ ᠤᠨ ᠳᠠᠯᠠᠪᠤᠷ ᠤᠨ ᠨᠡᠬᠡᠬᠡᠯᠳᠡ ᠶᠢ ᠰᠡᠷᠬᠦᠬᠡᠬᠦ | ᠴᠠᠬ ᠪᠤᠯᠤᠨ ᠪᠤᠳᠠᠳᠠᠢ ᠱᠠᠭᠠᠷᠳᠠᠯᠭ᠎ᠠ ᠶᠢ ᠳᠤᠬᠳᠠᠭᠠᠬᠤ ᠬᠡᠷᠡᠭᠳᠡᠢ ᠬᠡᠵᠦ ᠱᠠᠭᠠᠷᠳᠠᠵᠠᠢ᠃ | ᠵᠦᠭᠯᠡᠬᠦᠷ ᠲᠤ᠂ ᠨᠡᠬᠡᠬᠡᠯᠳᠡ ᠪᠠᠨ ᠰᠡᠷᠬᠦᠬᠡᠭᠰᠡᠨ ᠳᠤᠬᠯᠠᠯᠳᠠ ᠶᠢᠨ ᠳᠠᠯᠠᠪᠤᠷ᠂ ᠰᠦᠯᠵᠢᠶᠡᠨ ᠳᠤ ᠭᠠᠷᠬᠤ | ᠦᠢᠯᠡᠴᠢᠯᠡᠭᠡᠨ ᠤ ᠳᠠᠯᠠᠪᠤᠷ᠂ ᠵᠤᠭ᠎ᠠ ᠴᠡᠩᠬᠡᠯ ᠤᠨ ᠳᠠᠯᠠᠪᠤᠷ ᠤᠨ ᠬᠢᠨ ᠤᠷᠢᠳᠴᠢᠯᠡᠨ ᠪᠤᠯᠵᠤᠵᠦ ᠬᠦᠮᠦᠨ ᠤ | ᠲᠤᠭ᠎ᠠ ᠶᠢ ᠬᠢᠵᠠᠭᠠᠷᠯᠠᠬᠤ ᠠᠷᠭ᠎ᠠ ᠬᠡᠮᠵᠢᠶ᠎ᠠ ᠠᠪᠬᠤ ᠬᠡᠷᠡᠭᠳᠡᠢ᠃ ᠤᠯᠠᠨ ᠵᠦᠴᠦᠬᠡ ᠶᠢᠨ ᠳᠠᠯᠠᠪᠠᠢ ᠲᠠᠢ | ᠶᠡᠷᠦᠩᠬᠡᠶᠢᠯᠡᠭᠰᠡᠨ ᠴᠢᠨᠠᠷᠳᠠᠢ ᠳᠤᠬᠯᠠᠯᠳᠠ ᠶᠢᠨ ᠳᠠᠯᠠᠪᠤᠷ ᠨᠢ ᠠᠳᠠᠯᠢ ᠨᠢᠬᠡ ᠴᠠᠬ ᠲᠤ ᠨᠢᠬᠡ ᠯᠡ ᠵᠦᠴᠦᠬᠡ ᠶᠢᠨ | ᠳᠠᠯᠠᠪᠠᠢ ᠪᠠᠨ ᠨᠡᠬᠡᠬᠡᠵᠦ ᠪᠤᠯᠤᠨ᠎ᠠ᠃ ᠨᠡᠬᠡᠬᠡᠯᠳᠡ ᠪᠠᠨ ᠰᠡᠷᠬᠦᠭᠡᠭᠰᠡᠨ ᠰᠦᠯᠵᠢᠶᠡᠨ ᠳᠤ ᠭᠠᠷᠬᠤ ᠦᠢᠯᠡᠴᠢᠯᠡᠬᠡᠨ ᠤ | ᠳᠠᠯᠠᠪᠤᠷ ᠤᠷᠢᠳᠴᠢᠯᠡᠨ ᠪᠤᠯᠵᠤᠬᠤ᠂ ᠤᠷᠬᠢᠯ ᠠᠴᠠ ᠵᠠᠶᠢᠯᠠᠰᠬᠢᠨ ᠳᠠᠯᠠᠪᠤᠷ ᠲᠤ ᠤᠷᠤᠭᠤᠯᠬᠤ᠂ ᠠᠯᠤᠰᠯᠠᠨ | ᠰᠠᠭᠤᠯᠭᠠᠬᠤ ᠵᠡᠷᠬᠡ ᠠᠷᠭ᠎ᠠ ᠬᠡᠮᠵᠢᠶ᠎ᠠ ᠶᠢ ᠠᠪᠴᠦ᠂ ᠬᠦᠯᠢᠶᠡᠨ ᠠᠪᠬᠤ ᠬᠡᠷᠡᠭᠯᠡᠭᠴᠢᠳ ᠤᠨ ᠳᠤᠭ᠎ᠠ ᠶᠢ ᠬᠢᠨᠠᠨ | ᠳᠤᠬᠳᠠᠭᠠᠬᠰᠠᠨ ᠬᠦᠮᠦᠨ ᠤ ᠳᠤᠭᠠᠨ ᠤ 50% ᠠᠴᠠ ᠳᠠᠪᠠᠭᠤᠯᠵᠦ ᠪᠤᠯᠬᠤ ᠦᠬᠡᠢ᠂ ᠲᠤᠰᠬᠠᠢ ᠦᠷᠦᠬᠡ ᠳᠠᠬᠢ | ᠬᠦᠮᠦᠨ ᠤ ᠳᠤᠭ᠎ᠠ ᠶᠢ ᠴᠤ ᠬᠢᠨᠠᠨ ᠳᠤᠬᠳᠠᠭᠠᠬᠰᠠᠨ ᠬᠦᠮᠦᠨ ᠤ ᠳᠤᠭᠠᠨ ᠤ 50% ᠠᠴᠠ ᠳᠠᠪᠠᠭᠤᠯᠵᠤ ᠪᠤᠯᠬᠤ | ᠦᠬᠡᠢ᠃ ᠳᠠᠭᠤᠤ ᠪᠦᠵᠢᠭ ᠤᠨ ᠵᠤᠭ᠎ᠠ ᠴᠡᠩᠬᠡᠯ ᠤᠨ ᠳᠠᠯᠠᠪᠤᠷ ᠤᠨ ᠬᠦᠯᠢᠶᠡᠨ ᠠᠪᠬᠤ ᠬᠡᠷᠡᠭᠯᠡᠭᠴᠢᠳ ᠤᠨ ᠳᠤᠭ᠎ᠠ ᠶᠢ | ᠬᠢᠨᠠᠨ ᠳᠤᠬᠳᠠᠭᠠᠬᠰᠠᠨ ᠬᠦᠮᠦᠨ ᠤ ᠳᠤᠭᠠᠨ ᠤ 50% ᠠᠴᠠ ᠳᠠᠪᠠᠭᠤᠯᠵᠦ ᠪᠤᠯᠬᠤ ᠦᠬᠡᠢ᠂ ᠲᠤᠰᠬᠠᠢ | ᠦᠷᠦᠬᠡ ᠶᠢᠨ ᠬᠦᠯᠢᠶᠡᠨ ᠠᠪᠬᠤ ᠬᠦᠮᠦᠨ ᠤ ᠳᠤᠭ᠎ᠠ ᠶᠢ ᠴᠦ ᠬᠢᠨᠠᠨ ᠳᠤᠬᠳᠠᠭᠠᠬᠰᠠᠨ ᠬᠦᠮᠦᠨ ᠤ ᠳᠤᠭᠠᠨ ᠤ | 50% ᠠᠴᠠ ᠳᠠᠪᠠᠭᠤᠯᠵᠦ ᠪᠤᠯᠬᠤ ᠦᠬᠡᠢ︔ ᠨᠠᠭᠠᠳᠤᠮ ᠤᠨ ᠵᠤᠭ᠎ᠠ ᠴᠡᠩᠬᠡᠯ ᠤᠨ ᠳᠠᠯᠠᠪᠤᠷ ᠤᠨ ᠬᠦᠯᠢᠶᠡᠨ ᠠᠪᠬᠤ | ᠬᠡᠷᠡᠭᠯᠡᠭᠴᠢᠳ ᠤᠨ ᠳᠤᠭ᠎ᠠ ᠶᠢ ᠬᠢᠨᠠᠨ ᠳᠤᠬᠳᠠᠭᠠᠬᠰᠠᠨ ᠬᠦᠮᠦᠨ ᠤ ᠳᠤᠭᠠᠨ ᠤ 50% ᠠᠴᠠ ᠳᠠᠪᠠᠭᠤᠯᠵᠦ ᠪᠤᠯᠬᠤ | ᠦᠬᠡᠢ ᠬᠡᠵᠦ ᠱᠠᠭᠠᠷᠳᠠᠪᠠ᠃ | ᠵᠦᠭᠯᠡᠬᠦᠷ ᠲᠤ᠂ ᠦᠵᠡᠭᠴᠢᠳ ᠳᠤᠬᠯᠠᠯᠳᠠ ᠶᠢᠨ ᠳᠠᠯᠠᠪᠤᠷ ᠲᠤ ᠤᠷᠤᠬᠤ ᠳᠠᠭᠠᠨ ᠡᠷᠬᠡᠪᠰᠢ ᠠᠮᠠᠪᠴᠢ ᠵᠡᠬᠦᠵᠦ | ᠂ ᠪᠠᠶ᠎ᠠ ᠶᠢᠨ ᠲᠤᠯᠠᠭᠠᠨ ᠢᠶᠠᠨ ᠬᠡᠮᠵᠢᠬᠦᠯᠵᠦ᠂ ᠡᠷᠡᠬᠦᠯ ᠮᠡᠨᠳᠦ ᠶᠢᠨ ᠺᠤᠳ᠋ ᠢᠶᠠᠨ ᠦᠵᠡᠬᠦᠯᠬᠦ ᠬᠡᠷᠡᠭᠳᠡᠢ᠃ | ᠳᠤᠬᠯᠠᠯᠳᠠ ᠶᠢᠨ ᠳᠠᠯᠠᠪᠤᠷ ᠡᠷᠬᠡᠪᠰᠢ ᠠᠮᠠᠪᠴᠢ᠂ ᠪᠡᠬᠡᠯᠡᠢ ᠵᠡᠷᠬᠡ ᠬᠠᠮᠠᠭᠠᠯᠠᠯᠳᠠ ᠶᠢᠨ ᠡᠳ᠋ ᠪᠤᠳᠠᠰ ᠢ ᠪᠡᠯᠡᠳᠬᠡᠭᠦ ᠶᠢᠨ | ᠬᠠᠮᠳᠤ᠂ ᠭᠠᠷ ᠤᠬᠢᠶᠠᠬᠤ ᠳᠠᠰᠤᠬ ᠲᠤ ᠭᠠᠷ ᠤᠬᠢᠶᠠᠬᠤ ᠰᠢᠩᠬᠡᠨ ᠬᠢᠬᠡᠳ ᠠᠷᠢᠭᠤᠳᠬᠠᠯ ᠤᠨ ᠡᠳ᠋ ᠬᠡᠷᠡᠭᠰᠡᠯ | ᠪᠡᠯᠡᠳᠬᠡᠭᠰᠡᠨ ᠪᠠᠶᠢᠬᠤ ᠬᠡᠷᠡᠭᠳᠡᠢ᠃ ᠬᠡᠷᠡᠭᠯᠡᠭᠴᠢᠳ ᠰᠦᠯᠵᠢᠶᠡᠨ ᠳᠤ ᠭᠠᠷᠬᠤ ᠦᠢᠯᠡᠴᠢᠯᠡᠬᠡᠨ ᠤ ᠳᠠᠯᠠᠪᠤᠷ᠂ ᠵᠤᠭ᠎ᠠ | ᠴᠡᠩᠬᠡᠯ ᠤᠨ ᠳᠠᠯᠠᠪᠤᠷ ᠲᠤ ᠤᠷᠤᠬᠤ ᠳᠠᠭᠠᠨ ᠡᠷᠬᠡᠪᠰᠢ ᠠᠮᠠᠪᠴᠢ ᠵᠡᠬᠦᠵᠦ᠂ ᠪᠠᠶ᠎ᠠ ᠶᠢᠨ ᠲᠤᠯᠠᠭᠠᠨ ᠢᠶᠠᠨ ᠬᠡᠮᠵᠢᠬᠦᠯᠵᠦ᠂ | ᠡᠷᠡᠬᠦᠯ ᠮᠡᠨᠳᠦ ᠶᠢᠨ ᠺᠤᠳ᠋ ᠢᠶᠠᠨ ᠦᠵᠡᠬᠦᠯᠬᠦ ᠶᠢᠨ ᠬᠠᠮᠳᠤ᠂ ᠦᠨᠡᠨ ᠨᠡᠷ᠎ᠠ ᠪᠠᠷ ᠢᠶᠠᠨ ᠳᠠᠩᠰᠠᠯᠠᠭᠤᠯᠬᠤ ᠬᠡᠷᠡᠭᠳᠡᠢ | ᠬᠡᠵᠦ ᠱᠠᠭᠠᠷᠳᠠᠪᠠ᠃ | ᠵᠦᠭᠯᠡᠬᠦᠷ ᠨᠢ ᠰᠦᠯᠵᠢᠶ᠎ᠡ ᠪᠠᠷ ᠦᠢᠯᠡᠴᠢᠯᠡᠬᠦ ᠶᠢ ᠵᠤᠷᠢᠬᠵᠢᠭᠤᠯᠵᠦ᠂ ᠰᠦᠯᠵᠢᠶᠡᠨ ᠳᠡᠬᠡᠷ᠎ᠠ ᠦᠨᠡᠨ ᠨᠡᠷ᠎ᠠ ᠪᠠᠷ | ᠪᠢᠯᠧᠲ ᠬᠤᠳᠠᠯᠳᠤᠨ ᠠᠪᠬᠤ ᠪᠠ ᠡᠯᠧᠺᠳ᠋ᠷᠤᠨ ᠪᠢᠯᠧᠲ ᠬᠤᠳᠠᠯᠳᠤᠨ ᠠᠪᠬᠤ ᠶᠢ ᠵᠤᠷᠢᠬᠵᠢᠭᠤᠯᠵᠦ᠂ ᠰᠦᠯᠵᠢᠶ᠎ᠡ ᠪᠠᠷ | ᠵᠤᠭᠤᠰ ᠳᠤᠰᠢᠶᠠᠵᠦ᠂ ᠠᠯᠢ ᠴᠢᠳᠠᠬᠤ ᠪᠠᠷ ᠰᠢᠭᠤᠳ ᠤᠶᠢᠷᠠᠳᠤᠯᠴᠠᠬᠤ ᠶᠢ ᠪᠠᠭᠠᠰᠬᠠᠬᠤ ᠶᠢ ᠵᠤᠷᠢᠬᠵᠢᠭᠤᠯᠪᠡ᠃ | ᠵᠦᠴᠦᠬᠡ ᠶᠢᠨ ᠬᠦᠷᠢᠶᠡᠯᠡᠩ ᠵᠡᠷᠬᠡ ᠳᠤᠰᠬᠠᠢ ᠮᠡᠷᠬᠡᠵᠢᠯ ᠤᠨ ᠳᠤᠬᠯᠠᠯᠳᠠ ᠶᠢᠨ ᠳᠠᠯᠠᠪᠤᠷ ᠲᠤ ᠦᠨᠡᠨ ᠨᠡᠷ᠎ᠠ ᠪᠠᠷ | ᠪᠢᠯᠧᠲ ᠬᠤᠳᠠᠯᠳᠤᠨ ᠠᠪᠬᠤ ᠪᠠ ᠦᠨᠡᠨ ᠨᠡᠷ᠎ᠠ ᠪᠠᠷ ᠳᠠᠩᠰᠠᠯᠠᠭᠤᠯᠤᠨ ᠳᠠᠯᠠᠪᠤᠷ ᠲᠤ ᠤᠷᠤᠬᠤ ᠶᠢ ᠬᠡᠷᠡᠭᠵᠢᠬᠦᠯᠦᠨ᠎ᠠ᠃ | | | |