ᠳᠤᠮᠳᠠᠳᠤ ᠤᠯᠤᠰ ᠤᠨ ᠵᠤᠭᠠᠴᠠᠯ ᠤᠨ ᠡᠳᠦᠷ ᠬᠦᠷᠴᠦ ᠢᠷᠡᠭᠰᠡᠨ ᠢ ᠪᠡᠯᠭᠡᠯᠡᠵᠤ᠂ ᠰᠣᠶᠣᠯ ᠵᠤᠭᠠᠴᠠᠯ ᠤᠨ | ᠠᠭᠤᠰᠤᠯᠴᠠᠨ ᠬᠥᠭᠵᠢᠬᠦ ᠶᠢ ᠠᠬᠢᠭᠤᠯᠵᠤ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠤ ᠬᠦᠴᠦᠨ | ᠨᠡᠮᠡᠷᠢᠯᠡᠵᠦ᠂ ᠪᠦᠬᠦ ᠬᠤᠲᠠ ᠶᠢᠨ ᠰᠣᠶᠣᠯ ᠵᠤᠭᠠᠴᠠᠯ ᠤᠨ ᠠᠵᠢᠯ ᠲᠥᠷᠥᠯ ᠤᠨ ᠦᠢᠯᠡᠳᠪᠦᠷᠢᠯᠡᠯ ᠢᠶᠠᠨ ᠰᠡᠷᠭᠦᠭᠡᠬᠦ ᠶᠢ | ᠲᠦᠷᠭᠡᠨ ᠠᠬᠢᠭᠤᠯᠬᠤ ᠶᠢᠨ ᠲᠤᠰᠡᠳᠡ᠂ 5 ᠰᠠᠷ᠎ᠠ ᠶᠢᠨ 19 ᠳᠤ᠂ ︽ᠡᠬᠡ ᠨᠤᠲᠤᠭ ᠭᠤᠶᠤᠬᠠᠨ · | ᠲᠦᠩᠯᠢᠶᠣᠤᠴᠤᠳ ᠲᠦᠩᠯᠢᠶᠣᠤ ᠪᠠᠷ ᠢᠶᠠᠨ ᠵᠤᠭᠠᠴᠠᠬᠤ︾ ᠪᠠᠷ ᠭᠤᠤᠯ ᠰᠡᠳᠦᠪ ᠪᠤᠯᠭᠠᠭᠰᠠᠨ 2020 ᠣᠨ ᠤ ︽ | ᠳᠤᠮᠳᠠᠳᠤ ᠤᠯᠤᠰ ᠤᠨ ᠵᠤᠭᠠᠴᠠᠯ ᠤᠨ ᠡᠳᠦᠷ ᠤᠨ ᠥᠪᠥᠷ ᠮᠣᠩᠭᠤᠯ ᠤᠨ ᠲᠦᠩᠯᠢᠶᠣᠤ ᠶᠢᠨ ᠭᠤᠤᠯ ᠰᠡᠳᠦᠪᠲᠦ | ᠠᠵᠢᠯᠯᠠᠭ᠎ᠠ︾ ᠵᠢᠴᠢ ᠬᠤᠷᠴᠢᠨ ᠰᠣᠶᠣᠯ ᠵᠤᠭᠠᠴᠠᠯ ᠠᠷᠠᠳ ᠲᠤ ᠠᠰᠢᠭ ᠬᠦᠷᠲᠡᠭᠡᠬᠦ ᠤᠯᠠᠷᠢᠯ ᠲᠠᠬᠢᠮᠳᠠᠭᠤ | ᠠᠮᠤᠷᠯᠢᠩᠭᠤᠢ ᠬᠡᠬᠡᠨ ᠰᠦᠳᠤ ᠬᠤᠸᠠᠩᠬᠡᠤ ᠶᠢᠨ ᠬᠦᠷᠢᠶᠡᠯᠡᠩ ᠤᠨ ᠰᠣᠶᠣᠯ ᠵᠤᠭᠠᠴᠠᠯ ᠤᠨ ᠤᠷᠤᠨ ᠳᠤ ᠬᠦᠰᠢᠬᠡ ᠪᠠᠨ | ᠢᠷᠡᠪᠡ᠃ ᠠᠵᠢᠯᠯᠠᠭ᠎ᠠ ᠶᠢ ᠬᠤᠲᠠ ᠶᠢᠨ ᠰᠣᠶᠣᠯ ᠵᠤᠭᠠᠴᠠᠯ ᠷᠠᠳᠢᠣ᠋ ᠲᠧᠯᠸᠢᠰ ᠲᠣᠪᠴᠢᠶ᠎ᠠ ᠠᠴᠠ ᠭᠤᠣᠯᠯᠠᠨ | ᠡᠷᠬᠢᠯᠡᠵᠦ᠂ ᠬᠤᠷᠴᠢᠨ ᠲᠣᠭᠤᠷᠢᠭ ᠤᠨ ᠰᠣᠶᠣᠯ ᠵᠤᠭᠠᠴᠠᠯ ᠤᠨ ᠲᠣᠪᠴᠢᠶ᠎ᠠ᠂ ᠲᠠᠬᠢᠮᠳᠠᠭᠤ ᠠᠮᠤᠷᠯᠢᠩᠭᠤᠢ ᠬᠡᠬᠡᠨ | ᠰᠦᠳᠤ ᠬᠤᠸᠠᠩᠬᠡᠤ ᠶᠢᠨ ᠬᠦᠷᠢᠶᠡᠯᠡᠩ ᠤᠨ ᠵᠤᠭᠠᠴᠠᠯ ᠤᠨ ᠤᠷᠤᠨ ᠳᠠᠭᠠᠭᠠᠨ ᠡᠷᠬᠢᠯᠡᠵᠦ᠂ ᠲᠦᠩᠯᠢᠶᠣᠤ ᠬᠤᠲᠠ ᠶᠢᠨ | ᠳᠤᠭᠤᠶ ᠲᠡᠷᠭᠡᠨ ᠤ ᠵᠤᠭᠠᠴᠠᠯ ᠤᠨ ᠨᠡᠶᠢᠭᠡᠮᠯᠢᠭ᠂ ᠬᠤᠷᠴᠢᠨ ᠲᠣᠭᠤᠷᠢᠭ ᠤᠨ ᠤᠯᠠᠭᠠᠨᠮᠥ᠋ᠴᠢᠷ᠂ ᠬᠤᠷᠴᠢᠨ | ᠲᠣᠭᠤᠷᠢᠭ ᠤᠨ ᠰᠣᠶᠣᠯ ᠤᠨ ᠣᠷᠳᠣᠨ ᠬᠠᠮᠵᠢᠯᠴᠠᠨ ᠡᠷᠬᠢᠯᠠᠪᠠ᠃ | ᠶᠣᠰᠣᠯᠠᠯ ᠳᠡᠭᠡᠷ᠎ᠡ᠂ ᠬᠤᠲᠠ ᠶᠢᠨ ᠰᠣᠶᠣᠯ ᠵᠤᠭᠠᠴᠠᠯ ᠷᠠᠳᠢᠣ᠋ ᠲᠧᠯᠸᠢᠰ ᠲᠣᠪᠴᠢᠶ᠎ᠠ ︽ᠳᠤᠮᠳᠠᠳᠤ | ᠤᠯᠤᠰ ᠤᠨ ᠵᠤᠭᠠᠴᠠᠯ ᠤᠨ ᠡᠳᠦᠷ︾ ᠤᠨ ᠠᠷᠠᠳ ᠲᠤ ᠠᠰᠢᠭ ᠬᠦᠷᠲᠡᠭᠡᠬᠦ ᠠᠷᠭ᠎ᠠ ᠬᠡᠮᠵᠢᠶ᠎ᠡ ᠵᠢᠴᠢ ᠬᠤᠲᠠ ᠶᠢᠨ | ᠳᠣᠲᠣᠷᠠᠬᠢ ᠬᠠᠯᠠᠮᠰᠢᠯ ᠱᠤᠭᠤᠮ ᠵᠡᠷᠭᠡ ᠵᠤᠭᠠᠴᠠᠯ ᠤᠨ ᠮᠡᠳᠡᠭᠡ ᠵᠠᠩᠭᠢ ᠶᠢ ᠨᠡᠶᠢᠲᠡᠯᠡᠪᠡ᠃ | ᠡᠬᠦᠨ ᠳᠤ᠂ ᠮᠠᠨ ᠤ ᠬᠤᠲᠠ ᠬᠤᠷᠴᠢᠨ 500 ᠺᠢᠯᠤᠮᠧᠳ᠋ᠷ ᠤᠨ ᠦᠵᠡᠮᠵᠢ ᠶᠢᠨ ᠶᠡᠭᠡ ᠬᠤᠩᠬᠢᠯ ᠢᠶᠠᠷ | ᠲᠦᠰᠢᠭ ᠪᠣᠯᠭᠠᠭᠰᠠᠨ ᠥᠪᠡᠷᠲᠡᠭᠡᠨ ᠲᠡᠷᠬᠡ ᠪᠠᠷᠢᠵᠤ ᠵᠤᠭᠠᠴᠡᠬᠤ ᠠᠶᠠᠯᠠᠯ ᠤᠨ ᠰᠣᠳᠣᠨ ᠵᠤᠭᠠᠴᠠᠯ ᠤᠨ ᠵᠠᠮ ᠱᠤᠭᠤᠮ | ᠭᠠᠷᠭᠠᠪᠠ᠄ ᠪᠤᠭᠲᠤ ᠡᠯᠡᠰᠦᠨ ᠴᠦᠯ ᠤᠨ ᠵᠤᠭᠠᠴᠠᠯ ᠤᠨ ᠣᠷᠣᠨ᠂ ᠰᠤᠭᠤᠨ ᠡᠯᠡᠰᠦᠨ ᠴᠦᠯ ᠤᠨ ᠵᠤᠭᠠᠴᠠᠯ ᠤᠨ | ᠣᠷᠣᠨ᠂ ᠮᠦᠩᠬᠦᠨ ᠲᠤᠬᠤᠢ ᠵᠤᠭᠠᠴᠠᠯ ᠤᠨ ᠣᠷᠣᠨ ᠢᠶᠠᠷ ᠲᠦᠰᠢᠭ ᠪᠣᠯᠭᠠᠭᠰᠠᠨ ᠡᠯᠡᠰᠦᠨ ᠴᠦᠯ ᠤᠨ ᠬᠡᠬᠡᠷ᠎ᠠ | ᠭᠠᠳᠠᠭ᠎ᠠ ᠪᠠᠷᠲᠠᠭ᠎ᠠ ᠰᠢᠨᠵᠢᠯᠡᠬᠦ ᠠᠶᠠᠯᠠᠯ︔ ᠬᠤᠷᠴᠢᠨ ᠲᠣᠭᠤᠷᠢᠭ ᠤᠨ ᠦᠷᠡᠭᠳᠡᠭᠰᠡᠨ ᠪᠠᠭᠠᠲᠤᠷ ᠯᠢᠦᠢ ᠮᠢᠩ ᠷᠧᠨ ᠤ | ᠳᠤᠷᠠᠰᠬᠠᠯ ᠤᠨ ᠣᠷᠳᠣᠨ / ᠦᠷᠡᠭᠳᠡᠭᠰᠡᠨ ᠪᠠᠭᠠᠲᠤᠷ ᠱᠢ ᠵᠢᠶᠧ ᠤᠨ ᠳᠤᠷᠠᠰᠬᠠᠯ ᠤᠨ ᠣᠷᠳᠣᠨ / ᠦᠷᠡᠭᠳᠡᠭᠰᠡᠨ | ᠪᠠᠭᠠᠲᠤᠷ ᠰᠢᠤᠢ ᠶᠦᠩ ᠴᠢᠩ ᠤᠨ ᠳᠤᠷᠠᠰᠬᠠᠯ ᠤᠨ ᠣᠷᠳᠣᠨ / ᠷᠧᠨ ᠮᠢᠩ ᠳ᠋ᠧ ᠶᠢᠨ ᠵᠣᠷᠢᠭ ᠰᠠᠨᠠᠭ᠎ᠠ ᠶᠢ | ᠤᠯᠠᠮᠵᠢᠯᠠᠨ ᠵᠠᠯᠭᠠᠮᠵᠢᠯᠠᠬᠤ ᠠᠵᠢᠯᠯᠠᠬᠤ ᠥᠷᠤᠬᠡ᠂ ᠺᠠᠶᠢᠯᠦ ᠰᠢᠶᠠᠨ ᠤ ᠾᠧᠢ ᠯᠦᠩ ᠪᠠ ᠪᠠᠯᠭᠠᠰᠤᠨ ᠤ | ᠬᠤᠪᠢᠰᠬᠠᠯ ᠤᠨ ᠳᠤᠷᠠᠰᠤᠮᠵᠢ ᠶᠢ ᠨᠠᠨᠳᠢᠩᠨᠠᠨ ᠬᠠᠳᠠᠭᠠᠯᠠᠬᠤ ᠣᠷᠳᠣᠨ᠂ ᠦᠷᠡᠭᠳᠡᠭᠰᠡᠨ ᠪᠠᠭᠠᠲᠤᠷ ᠮᠠᠶᠢᠰᠢᠨ ᠤ | ᠳᠤᠷᠠᠰᠬᠠᠯ ᠤᠨ ᠣᠷᠳᠣᠨ᠂ ᠦᠷᠡᠭᠳᠡᠭᠰᠡᠨ ᠪᠠᠭᠠᠲᠤᠷ ᠮᠠᠶᠢᠰᠢᠨ ᠤ ᠪᠤᠩᠬᠤᠨ ᠤ ᠬᠦᠷᠢᠶᠡᠯᠡᠩ ᠢᠶᠠᠷ ᠲᠦᠰᠢᠭ | ᠪᠣᠯᠭᠠᠭᠰᠠᠨ ᠬᠤᠷᠴᠢᠨ ᠤ ᠬᠤᠪᠢᠰᠬᠠᠯ ᠤᠨ ᠰᠣᠩᠭᠤᠳᠠᠬ ᠰᠤᠳᠤᠨ ᠠᠶᠠᠯᠠᠯ︔ ᠲᠠᠶᠢᠯ ᠪᠤᠬᠳᠡ ᠶᠢᠨ ᠲᠠᠷᠬᠠᠨ | ᠭᠤᠯᠤᠮᠳᠡ ᠶᠢᠨ ᠮᠣᠩᠭᠤᠯ ᠰᠤᠶᠤᠯ ᠤᠨ ᠬᠦᠷᠢᠶᠡᠯᠡᠩ᠂ ᠵᠢᠷᠤᠬᠡ ᠲᠠᠯ᠎ᠠ ᠨᠤᠲᠤᠭ ᠤᠨ ᠵᠤᠭᠠᠴᠠᠯ ᠤᠨ ᠣᠷᠣᠨ᠂ | ᠵᠠᠷᠤᠳ ᠬᠤᠰᠢᠭᠤᠨ ᠤ ᠳ᠋ᠦᠩ ᠬᠦ ᠵᠤᠭᠠᠴᠠᠯ ᠤᠨ ᠣᠷᠣᠨ᠂ ᠵᠠᠷᠤᠳ ᠬᠤᠰᠢᠭᠤᠨ ᠤ ᠨᠤᠲᠤᠭ ᠤᠨ ᠵᠤᠰᠠᠯᠠᠩ᠂ | ᠵᠠᠷᠤᠳ ᠤᠨ ᠠᠭᠤᠯᠠᠷᠬᠠᠭ ᠲᠠᠯ᠎ᠠ ᠨᠤᠲᠤᠭ ᠤᠨ ᠵᠤᠭᠠᠴᠠᠯ ᠤᠨ ᠣᠷᠣᠨ᠂ ᠬᠤᠣᠯᠢᠩᠭᠤᠣᠯ ᠬᠤᠲᠠ ᠶᠢᠨ ᠣᠪᠣᠭᠠᠨ | ᠳᠡᠭᠡᠷᠡᠬᠢ ᠠᠭᠤᠯᠵᠠᠯᠳᠡ ᠬᠠᠨ ᠠᠭᠤᠯᠠ ᠶᠢᠨ ᠵᠤᠭᠠᠴᠠᠯ ᠤᠨ ᠣᠷᠣᠨ ᠢᠶᠠᠷ ᠲᠦᠰᠢᠭ ᠪᠣᠯᠭᠠᠭᠰᠠᠨ ᠵᠠᠩ ᠦᠢᠯᠡ ᠶᠢ | ᠪᠡᠶᠡᠴᠢᠯᠡᠨ ᠣᠶᠢᠯᠠᠭᠠᠬᠤ ᠠᠶᠠᠯᠠᠯ︔ ᠨᠠᠢᠮᠠᠨ ᠸᠠᠩ ᠤᠨ ᠣᠷᠳᠣᠨ ᠤ ᠮᠦᠽᠧᠢ᠂ ᠲᠦᠩᠯᠢᠶᠣᠤ ᠬᠤᠲᠠ ᠶᠢᠨ ᠮᠦᠽᠧᠢ | ᠂ ᠰᠢᠶᠤᠤ ᠵᠤᠸᠠᠩ ᠬᠦᠷᠢᠶᠡᠯᠡᠩ ᠤᠨ ᠳᠠᠷᠬᠠᠨ ᠴᠢᠨ ᠸᠠᠩ ᠤᠨ ᠣᠷᠳᠣᠨ᠂ ᠬᠠᠮ ᠤᠨ ᠮᠠᠩᠬ᠎ᠠ ᠳᠠᠬᠢ ᠳᠡᠤᠬᠡ | ᠳᠡᠮᠳᠡᠭᠯᠡᠯ ᠠᠴᠠ ᠡᠮᠤᠨᠡᠬᠢ ᠠᠶᠢᠮᠠᠬ ᠪᠥᠯᠥᠭ ᠤᠨ ᠪᠡᠭᠤᠷᠢ ᠶᠢᠨ ᠴᠡᠴᠡᠷᠯᠢᠭ᠂ ᠵᠠᠷᠤᠳ ᠬᠤᠰᠢᠭᠤᠨ ᠤ ᠡᠮᠦᠨᠡᠲᠦ | ᠪᠤᠯᠠᠭᠲᠤ ᠶᠢᠨ ᠮᠦᠽᠧᠢ᠂ ᠵᠠᠷᠤᠳ ᠬᠤᠰᠢᠭᠤᠨ ᠤ ᠦᠯᠢᠭᠡᠷ ᠤᠨ ᠮᠦᠽᠧᠢ ᠪᠠᠷ ᠲᠦᠰᠢᠭ ᠪᠣᠯᠭᠠᠭᠰᠠᠨ ᠬᠤᠷᠴᠢᠨ | ᠰᠣᠶᠣᠯ ᠤᠨ ᠨᠢᠭᠤᠴᠠ ᠶᠢ ᠬᠠᠶᠢᠬᠤ ᠠᠶᠠᠯᠠᠯ ᠪᠤᠢ᠃ | | |