ᠣᠷᠠᠨ ᠪᠥᠳᠥᠭᠡᠯ ᠤᠨ ᠰᠣᠩᠭᠤᠳᠠᠭᠵᠢᠯ ᠤᠨ ᠣᠴᠢᠷ | — ︽ᠰᠣᠩᠭᠤᠳᠠᠭ ᠠᠷᠠᠳ ᠤᠨ ᠲᠠᠭᠤᠣ ︿ᠭᠠᠳᠠ ᠮᠡᠶᠢᠷᠡᠨ﹀ ᠤ ᠰᠣᠳᠣᠯᠣᠯ︾ ᠭᠡᠬᠦ ᠨᠣᠮ ᠢ ᠣᠩᠰᠢᠭᠠᠳ | ᠣᠷᠴᠢᠮᠬᠠᠨ ᠪᠣᠶᠠᠨᠳᠣᠭᠳᠠᠬᠤ᠂ ᠲᠠᠷᠬᠤᠳ ᠬᠢᠩᠭᠠᠨ᠂ ᠮᠠ ᠭᠥᠸᠧ ᠯᠢᠨ ᠨᠠᠷ ᠤᠨ ᠲᠣᠭᠤᠷᠪᠢᠨ ᠪᠢᠴᠢᠭᠰᠡᠨ | ︽ᠰᠣᠩᠭᠤᠳᠠᠭ ᠠᠷᠠᠳ ᠤᠨ ᠲᠠᠭᠤᠣ ︿ᠭᠠᠳᠠ ᠮᠡᠶᠢᠷᠡᠨ﹀ ᠤ ᠰᠣᠳᠣᠯᠣᠯ︾ ᠢ ᠣᠩᠰᠢᠭᠠᠳ ᠣᠷᠠᠨ ᠪᠥᠳᠥᠭᠡᠯ ᠤᠨ | ᠰᠣᠩᠭᠤᠳᠠᠭᠵᠢᠯ ᠤᠨ ᠲᠣᠬᠠᠢ ᠣᠯᠵᠠᠷᠬᠠᠨ ᠪᠠᠶᠠᠰᠪᠠᠢ᠃ ᠲᠣᠰ ᠨᠣᠮ ᠰᠣᠩᠭᠤᠳᠠᠭ ᠠᠷᠠᠳ ᠤᠨ ᠲᠠᠭᠤᠣ ︽ᠭᠠᠳᠠ | ᠮᠡᠶᠢᠷᠡᠨ︾ ᠤ ᠰᠣᠩᠭᠤᠳᠠᠭᠵᠢᠭᠰᠠᠨ ᠰᠢᠯᠳᠠᠭᠠᠨ ᠣᠴᠢᠷ ᠢ ᠥᠭᠦᠯᠡᠬᠦ ᠪᠠᠷ ᠲᠠᠮᠵᠢᠭᠤᠯᠣᠨ ᠣᠩᠰᠢᠭᠴᠢᠳ ᠲᠤ ᠨᠢᠭᠡᠨ | ᠣᠷᠠᠨ ᠪᠥᠳᠥᠭᠡᠯ ᠶᠠᠭᠠᠬᠢᠪᠠᠯ ᠰᠠᠶ᠋ᠢ ᠰᠣᠩᠭᠤᠳᠠᠭ ᠪᠣᠯᠵᠣ ᠴᠢᠳᠠᠬᠤ ᠲᠣᠬᠠᠢ ᠪᠣᠳᠠᠳᠠᠢ ᠪᠥᠭᠡᠳ ᠭᠦᠨᠵᠡᠭᠡᠢ | ᠬᠠᠷᠢᠭᠤᠯᠲᠠ ᠥᠭᠴᠥ ᠴᠢᠳᠠᠪᠠ᠃ ᠶᠠᠭ ᠰᠠᠶ᠋ᠢᠬᠠᠨ ᠡᠨᠡ ᠬᠦ ᠣᠳᠬ᠎ᠠ ᠪᠠᠷ ᠢᠶᠠᠨ ᠲᠣᠰ ᠨᠣᠮ ᠮᠠᠰᠢ ᠶᠡᠭᠡ ᠥᠨ᠎ᠡ | ᠥᠷᠳᠡᠭ ᠲᠠᠢ ᠪᠣᠯᠣᠭᠰᠠᠨ ᠭᠡᠵᠣ ᠪᠢᠳᠡ ᠥᠵᠡᠵᠣ ᠪᠣᠢ᠃ ᠣᠯᠠᠨ ᠤ ᠮᠡᠳᠡᠭᠡᠵᠢ ᠪᠠᠷ᠂ ᠣᠳᠣᠬᠠᠨ ᠳᠤ ᠪᠣᠯᠳᠠᠯ᠎ᠠ | ᠣᠷᠠᠨ ᠪᠥᠳᠥᠭᠡᠯ ᠤᠨ ᠰᠣᠩᠭᠤᠳᠠᠭᠵᠢᠯ ᠤᠨ ᠲᠣᠬᠠᠢ ᠮᠣᠩᠭᠤᠯ ᠬᠡᠯᠡ ᠪᠠᠷ ᠰᠢᠰᠲ᠋ᠧᠮ ᠲᠠᠢ ᠥᠭᠦᠯᠡᠭᠰᠡᠨ ᠪᠥᠳᠥᠭᠡᠯ | ᠮᠠᠰᠢ ᠬᠤᠪᠣᠷ ᠪᠣᠶᠣ ᠥᠨᠳᠥᠰᠥᠨ ᠳᠡᠭᠡᠨ ᠢᠯᠡᠷᠡᠭᠡ ᠥᠭᠡᠢ ᠪᠠᠶᠢᠨ᠎ᠠ᠃ ᠡᠶᠢᠮᠣ ᠠᠴᠠ ᠲᠣᠰ ᠪᠥᠳᠥᠭᠡᠯ ᠰᠡᠳᠥᠪ | ᠰᠣᠩᠭᠤᠯᠳᠠ ᠶᠢᠨ ᠲᠠᠯ᠎ᠠ ᠪᠠᠷ ᠢᠶᠠᠨ ᠴᠤ ᠭᠡᠰᠡᠨ ᠰᠢᠨ᠎ᠡ ᠶᠢ ᠡᠷᠢᠯᠬᠢᠯᠡᠨ᠂ ᠬᠤᠭᠤᠰᠣᠨ ᠢ ᠨᠥᠬᠦᠭᠰᠡᠨ | ᠥᠢᠯᠡᠳᠥᠯ ᠲᠠᠢ ᠪᠥᠭᠡᠳ ᠡᠷᠳᠡᠮ ᠰᠢᠨᠵᠢᠯᠡᠭᠡᠨ ᠤ ᠬᠥᠷᠢᠶ᠎ᠡ ᠴᠠᠷᠠᠭ᠎ᠠ ᠳᠤ ᠥᠪᠡᠷ ᠤᠨ ᠭᠡᠰᠡᠨ ᠣᠷᠣᠨ ᠪᠠᠶᠢᠷᠢ ᠪᠠᠨ | ᠡᠵᠡᠯᠡᠵᠣ᠂ ᠥᠷᠭᠡᠨ ᠣᠯᠠᠨ ᠡᠷᠳᠡᠮᠳᠡᠳ ᠤᠨ ᠬᠠᠷᠠᠭ᠎ᠠ ᠣᠶᠣᠨ ᠢ ᠪᠠᠶᠠᠰᠬᠠᠵᠣ ᠴᠢᠳᠠᠨ᠎ᠠ ᠭᠡᠳᠡᠭ ᠲᠤ ᠪᠢᠳᠡ ᠪᠠᠳᠣ | ᠪᠠᠶᠢᠨᠠᠮ᠃ ᠲᠣᠰ ᠨᠣᠮ ᠳᠤ᠂ ᠣᠷᠠᠨ ᠪᠥᠳᠥᠭᠡᠯ ᠤᠨ ᠰᠣᠩᠭᠤᠳᠠᠭᠵᠢᠯ ᠤᠨ ᠲᠣᠬᠠᠢ ᠣᠯᠣᠰ ᠤᠨ ᠲᠣᠳᠣᠭᠠᠳᠣ | ᠭᠠᠳᠠᠭᠠᠳᠣ ᠶᠢᠨ ᠣᠨᠣᠯ ᠢ ᠥᠭᠦᠯᠡᠨ ᠲᠣᠳᠣᠷᠬᠠᠶᠢᠯᠠᠬᠤ ᠪᠠᠷ ᠭᠠᠷ ᠣᠷᠣᠵᠣ᠂ ᠥᠯᠢᠭᠡᠷᠳᠣ ᠲᠠᠭᠤᠣ ᠬᠢᠭᠡᠳ | ᠰᠣᠩᠭᠤᠳᠠᠭ ᠪᠥᠳᠥᠭᠡᠯ ᠤᠨ ᠠᠰᠠᠭᠤᠳᠠᠯ ᠢ ᠲᠣᠳᠣᠷᠬᠠᠶᠢᠯᠠᠭᠰᠠᠨ ᠤ ᠥᠨᠳᠥᠰᠥᠨ ᠲᠡᠭᠡᠷ᠎ᠡ ᠥᠯᠢᠭᠡᠷᠳᠣ ᠲᠠᠭᠤᠣ ︽ | ᠭᠠᠳᠠ ᠮᠡᠶᠢᠷᠡᠨ︾ ᠤ ᠰᠣᠩᠭᠤᠳᠠᠭᠵᠢᠭᠰᠠᠨ ᠣᠴᠢᠷ ᠢ ᠲᠣᠣᠷᠠᠬᠢ ᠬᠡᠳᠥᠨ ᠲᠠᠯ᠎ᠠ ᠪᠠᠷ ᠨᠣᠳᠠᠯᠠᠪᠠ᠃ | ᠨᠢᠭᠡ ᠳᠤ᠂ ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠩᠭᠤᠳᠠᠭᠵᠢᠭᠰᠠᠨ ᠣᠭ ᠰᠣᠷᠪᠣᠯᠵᠢ ᠶᠢ | ᠣᠬᠤᠴᠢᠯᠠᠪᠠ᠃ ᠲᠣᠰ ᠪᠥᠳᠥᠭᠡᠯ ᠳᠤ᠂ ᠥᠯᠢᠭᠡᠷᠳᠣ ᠲᠠᠭᠤᠣ ︽ᠭᠠᠳᠠ ᠮᠡᠶᠢᠷᠡᠨ︾ ᠤ ᠪᠣᠢ ᠪᠣᠯᠣᠭᠰᠠᠨ ᠡᠬᠢ | ᠡᠭᠦᠰᠦᠯ ᠪᠣᠯᠬᠤ ᠭᠠᠳᠠ ᠮᠡᠶᠢᠷᠡᠨ ᠤ ᠪᠣᠰᠣᠯᠭ᠎ᠠ ᠶᠢ ᠭᠠᠳᠠ ᠮᠡᠶᠢᠷᠡᠨ ᠤ ᠨᠠᠮᠳᠠᠷ᠂ ᠪᠣᠰᠣᠯᠭ᠎ᠠ ᠶᠢᠨ ᠨᠡᠶᠢᠭᠡᠮ ᠠᠬᠤᠢ᠂ | ᠪᠣᠰᠣᠯᠭ᠎ᠠ ᠶᠢᠨ ᠶᠠᠪᠣᠴᠠ᠂ ᠪᠣᠰᠣᠯᠭ᠎ᠠ ᠶᠢᠨ ᠢᠯᠠᠭᠳᠠᠭᠰᠠᠨ ᠰᠢᠯᠳᠠᠭᠠᠨ ᠵᠡᠷᠭᠡ ᠬᠡᠳᠥᠨ ᠲᠠᠯ᠎ᠠ ᠪᠠᠷ ᠵᠣᠷᠪᠣᠰᠯᠠᠨ | ᠥᠭᠦᠯᠡᠬᠦ ᠶᠢᠨ ᠲᠠᠭᠠᠣ ᠲᠧᠺᠰᠲ ᠰᠣᠳᠣᠯᠣᠯ ᠤᠨ ᠠᠷᠭ᠎ᠠ ᠵᠥᠢ ᠳᠤ ᠲᠥᠰᠢᠭᠯᠡᠨ ᠲᠡᠭᠦᠨ ᠤ ᠮᠠᠰᠢ ᠣᠯᠠᠨ | ᠬᠤᠪᠢᠯᠪᠣᠷᠢ ᠶᠢ ᠲᠣᠳᠣᠷᠬᠠᠶᠢᠯᠠᠭᠠᠳ᠂ ᠬᠡᠳᠥᠨ ᠠᠷᠪᠠᠨ ᠵᠢᠯ ᠤᠨ ᠲᠣᠷᠰᠢᠬᠢ ᠰᠣᠳᠣᠯᠭᠠᠨ ᠤ ᠪᠠᠶᠢᠳᠠᠯ ᠢ ᠨᠢ | ᠲᠠᠨᠢᠯᠴᠠᠭᠤᠯᠣᠨ ᠵᠠᠳᠠᠯᠵᠣ᠂ ᠡᠴᠥᠰ ᠲᠤᠨᠢ ᠥᠯᠢᠭᠡᠷᠳᠣ ᠲᠠᠭᠤᠣ ︽ᠭᠠᠳᠠ ᠮᠡᠶᠢᠷᠡᠨ︾ ᠪᠣᠯ ᠮᠣᠩᠭᠤᠯ | ᠥᠨᠳᠥᠰᠥᠳᠡᠨ ᠤ ᠣᠳᠬ᠎ᠠ ᠵᠣᠬᠢᠶᠠᠯ ᠣᠷᠠᠯᠢᠭ ᠤᠨ ᠰᠣᠩᠭᠤᠳᠠᠭ ᠪᠥᠳᠥᠭᠡᠯ ᠪᠣᠯᠬᠤ ᠪᠠᠷ ᠪᠠᠷᠠᠬᠤ ᠥᠭᠡᠢ᠂ ᠪᠥᠬᠦ | ᠣᠯᠣᠰ ᠤᠨ ᠴᠥᠬᠡᠨ ᠲᠣᠭᠠᠳᠣ ᠥᠨᠳᠥᠰᠥᠳᠡᠨ ᠤ ᠣᠳᠬ᠎ᠠ ᠵᠣᠬᠢᠶᠠᠯ ᠣᠷᠠᠯᠢᠭ ᠤᠨ ᠰᠣᠩᠭᠤᠳᠠᠭ ᠪᠥᠳᠥᠭᠡᠯ ᠮᠥᠨ | ᠭᠡᠵᠣ ᠨᠣᠳᠠᠯᠠᠪᠠ᠃ ᠡᠭᠦᠨ ᠤ ᠤᠯᠠᠮ ᠠᠴᠠ ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠩᠭᠤᠳᠠᠭᠵᠢᠭᠰᠠᠨ | ᠰᠢᠯᠳᠠᠭᠠᠨ ᠣᠴᠢᠷ ᠢ ᠨᠡᠶᠢᠭᠡᠮ ᠲᠡᠥᠬᠡ ᠪᠣᠯᠣᠨ ᠳᠠᠭᠤᠤ ᠶᠢᠨ ᠲᠤᠰ ᠪᠡᠶ᠎ᠡ ᠶᠢᠨ ᠬᠥᠭᠵᠢᠯ ᠤᠯᠠᠮᠵᠢᠯᠠᠯ ᠤᠨ ᠲᠡᠥᠬᠡ | ᠵᠢᠴᠢ ᠳᠠᠭᠤᠤ ᠶᠢᠨ ᠲᠤᠬᠠᠢ ᠰᠣᠳᠣᠯᠭᠠᠨ ᠤ ᠲᠡᠥᠬᠡ ᠵᠡᠷᠭᠡ ᠣᠯᠠᠨ ᠲᠠᠯ᠎ᠠ ᠠᠴᠠ ᠡᠷᠢᠯᠬᠢᠯᠡᠭᠰᠡᠨ ᠪᠠᠶᠢᠨ᠎ᠠ᠃ ᠭᠠᠳᠠ | ᠮᠡᠶᠢᠷᠡᠨ ᠤ ᠪᠣᠰᠣᠯᠭ᠎ᠠ ᠪᠣᠯ ᠥᠯᠢᠭᠡᠷᠳᠣ ᠲᠠᠭᠤᠣ ︽ᠭᠠᠳᠠ ᠮᠡᠶᠢᠷᠡᠨ︾ ᠤ ᠪᠣᠢ ᠪᠣᠯᠣᠭᠰᠠᠨ ᠨᠡᠶᠢᠭᠡᠮ ᠲᠡᠥᠬᠡ ᠶᠢᠨ | ᠪᠣᠰᠣᠳᠴᠢ ᠰᠢᠯᠳᠠᠭᠠᠨ ᠮᠥᠨ᠂ ᠭᠠᠳᠠ ᠮᠡᠶᠢᠷᠡᠨ ᠤ ᠪᠣᠰᠣᠯᠭ᠎ᠠ ᠪᠠᠶᠢᠬᠤ ᠥᠭᠡᠢ ᠪᠣᠯ ᠥᠯᠢᠭᠡᠷᠳᠣ ᠲᠠᠭᠤᠣ ︽ᠭᠠᠳᠠ | ᠮᠡᠶᠢᠷᠡᠨ︾ ᠪᠣᠢ ᠪᠣᠯᠵᠣ ᠴᠢᠳᠠᠬᠤ ᠥᠭᠡᠢ᠂ ᠭᠠᠳᠠ ᠮᠡᠶᠢᠷᠡᠨ ᠤ ᠪᠣᠰᠣᠯᠭ᠎ᠠ ᠨᠢ ᠥᠯᠢᠭᠡᠷᠳᠣ ᠲᠠᠭᠤᠣ ︽ᠭᠠᠳᠠ | ᠮᠡᠶᠢᠷᠡᠨ︾ ᠤ ᠰᠣᠩᠭᠤᠳᠠᠭ ᠣᠷᠠᠨ ᠪᠥᠳᠥᠭᠡᠯ ᠪᠣᠯᠬᠤ ᠳᠤ ᠡᠬᠢ ᠥᠨᠳᠥᠰᠥᠯᠡᠯ ᠪᠣᠯᠵᠣ ᠥᠭᠪᠡ᠃ ᠥᠯᠢᠭᠡᠷᠳᠣ | ᠲᠠᠭᠤᠣ ︽ᠭᠠᠳᠠ ᠮᠡᠶᠢᠷᠡᠨ︾ ᠤ ᠮᠠᠰᠢ ᠣᠯᠠᠨ ᠬᠤᠪᠢᠯᠪᠣᠷᠢ ᠪᠣᠯ ᠥᠨᠡᠨ ᠳᠡᠭᠡᠨ ᠲᠣᠰ ᠲᠠᠭᠤᠣ ᠶᠢᠨ ᠬᠥᠭᠵᠢᠯ | ᠬᠤᠪᠢᠷᠠᠯ ᠤᠨ ᠲᠡᠥᠬᠡ ᠶᠢᠨ ᠪᠣᠳᠠᠳᠣ ᠬᠠᠷᠠᠭᠤᠯᠣᠯ ᠪᠣᠯᠵᠣ ᠪᠠᠶᠢᠭ᠎ᠠ ᠪᠥᠭᠡᠳ ᠠᠷᠠᠳ ᠣᠯᠠᠨ ᠤ ᠬᠠᠶᠢᠷ᠎ᠠ ᠪᠠᠭ᠋ᠠᠷᠬᠠᠯ ᠢ | ᠬᠥᠨᠳᠡᠵᠣ ᠴᠢᠳᠠᠭᠠᠳ᠂ ᠠᠷᠠᠳ ᠣᠯᠠᠨ ᠤ ᠰᠡᠳᠭᠢᠯ ᠰᠠᠨᠠᠭᠠᠨ ᠳᠤ ᠪᠠᠶᠢᠭ᠎ᠠ ᠵᠥᠢᠯ ᠢ ᠬᠥᠨᠳᠡᠨ ᠭᠠᠷᠭᠠᠵᠣ | ᠴᠢᠳᠠᠭᠰᠠᠨ ᠢ ᠬᠠᠷᠠᠭᠤᠯᠵᠣ ᠪᠣᠢ᠃ ᠣᠷᠠᠨ ᠪᠥᠳᠥᠭᠡᠯ ᠬᠡᠮᠡᠭᠴᠢ ᠠᠷᠠᠳ ᠣᠯᠠᠨ ᠤ ᠰᠡᠳᠭᠢᠯ ᠰᠠᠨᠠᠭᠠᠨ ᠳᠤ ᠪᠠᠶᠢᠭ᠎ᠠ | ᠵᠥᠢᠯ ᠢ ᠡᠳᠥᠨ ᠭᠠᠷᠭᠠᠵᠣ ᠲᠡᠳᠡᠨ ᠤ ᠭᠤᠸ᠎ᠠ ᠬᠥᠰᠡᠯ ᠢ ᠲᠣᠰᠬᠠᠵᠣ ᠴᠢᠳᠠᠮᠠᠨᠵᠢᠨ ᠰᠠᠶ᠋ᠢ ᠰᠣᠩᠭᠤᠳᠠᠭ ᠪᠥᠳᠥᠭᠡᠯ | ᠪᠣᠯᠵᠣ ᠴᠢᠳᠠᠳᠠᠭ᠃ ᠥᠯᠢᠭᠡᠷᠳᠣ ᠲᠠᠭᠤᠣ ︽ᠭᠠᠳᠠ ᠮᠡᠶᠢᠷᠡᠨ︾ ᠶᠠᠭ ᠰᠠᠶ᠋ᠢᠬᠠᠨ ᠠᠷᠠᠳ ᠲᠥᠮᠡᠨ ᠤ ᠲᠣᠳᠣᠭᠠᠳᠣ | ᠰᠡᠳᠭᠢᠯ ᠳᠤ ᠪᠠᠶᠢᠭ᠎ᠠ ᠭᠠᠵᠠᠷ ᠰᠢᠷᠣᠢ ᠪᠠᠨ ᠭᠡᠰᠡᠨ ᠰᠠᠨᠠᠭ᠎ᠠ ᠰᠡᠳᠭᠢᠯᠭᠡ ᠬᠢᠭᠡᠳ ᠪᠠᠭᠠᠳᠣᠷ ᠢᠶᠠᠨ ᠲᠣᠷᠠᠰᠣᠨ | ᠮᠥᠷᠥᠭᠡᠳᠬᠦ᠂ ᠪᠠᠭᠠᠳᠣᠷ ᠢᠶᠠᠨ ᠬᠥᠰᠡᠨ ᠰᠠᠨᠠᠭᠠᠯᠵᠠᠬᠤ᠂ ᠪᠠᠭᠠᠳᠣᠷ ᠤᠨ ᠢᠶᠠᠨ ᠲᠥᠯᠥᠭᠡ ᠣᠮᠣᠭᠰᠢᠬᠤ᠂ | ᠪᠠᠭᠠᠳᠣᠷ ᠤᠨ ᠢᠶᠠᠨ ᠲᠥᠯᠥᠭᠡ ᠵᠣᠪᠠᠨᠢᠰᠢᠷᠠᠬᠤ ᠵᠡᠷᠭᠡ ᠲᠣᠳᠣᠭᠠᠳᠣ ᠰᠡᠳᠭᠢᠯ ᠳᠤᠨᠢ ᠪᠠᠶᠢᠭ᠎ᠠ ᠵᠥᠢᠯ ᠤᠳ ᠢ ᠲᠠᠭᠤᠯᠠᠨ | ᠭᠠᠷᠭᠠᠵᠣ ᠴᠢᠳᠠᠭᠰᠠᠨ ᠢᠶᠠᠷ ᠢᠶᠠᠨ ᠰᠣᠩᠭᠤᠳᠠᠭ ᠪᠥᠳᠥᠭᠡᠯ ᠪᠣᠯᠵᠣ ᠴᠢᠳᠠᠪᠠ᠃ ᠥᠯᠢᠭᠡᠷᠳᠣ ᠲᠠᠭᠤᠣ ︽ᠭᠠᠳᠠ | ᠮᠡᠶᠢᠷᠡᠨ︾ ᠤ ᠰᠣᠳᠣᠯᠭᠠᠨ ᠤ ᠪᠠᠶᠢᠳᠠᠯ ᠨᠢ ᠲᠣᠰ ᠲᠠᠭᠤᠣ ᠶᠢᠨ ᠰᠣᠳᠣᠯᠭᠠᠨ ᠤ ᠲᠡᠥᠬᠡ ᠶᠢᠨ ᠢᠯᠡᠷᠡᠯ ᠪᠣᠯᠬᠤ | ᠮᠥᠷᠳᠡᠭᠡᠨ ᠡᠷᠳᠡᠮ ᠰᠢᠨᠵᠢᠯᠡᠭᠡᠨ ᠤ ᠬᠥᠷᠢᠶ᠎ᠡ ᠴᠠᠷᠠᠭ᠎ᠠ ᠳᠤ ᠴᠤ ᠭᠡᠰᠡᠨ ᠥᠪᠡᠷ ᠤᠨ ᠢᠶᠠᠨ ᠭᠡᠰᠡᠨ ᠲᠣᠰᠬᠠᠢ ᠣᠷᠣᠨ | ᠪᠠᠶᠢᠷᠢ ᠪᠠᠨ ᠪᠠᠳᠣᠳᠠᠢ ᠣᠯᠵᠣ ᠴᠢᠳᠠᠭᠰᠠᠨ ᠤ ᠬᠢᠨᠢ ᠢᠯᠡᠷᠡᠯ ᠪᠣᠯᠣᠨ᠎ᠠ᠃ ᠡᠨᠡ ᠨᠢ ᠥᠨᠡᠨ ᠳᠡᠭᠡᠨ ᠥᠯᠢᠭᠡᠷᠳᠣ | ᠲᠠᠭᠤᠣ ︽ᠭᠠᠳᠠ ᠮᠡᠶᠢᠷᠡᠨ︾ ᠤ ᠰᠣᠩᠭᠤᠳᠠᠭᠵᠢᠭᠰᠠᠨ ᠰᠢᠯᠳᠠᠭᠠᠨ ᠣᠴᠢᠷ ᠢ ᠰᠣᠳᠣᠯᠭᠠᠨ ᠤ ᠡᠭᠦᠳᠡᠨ ᠠᠴᠠ | ᠣᠴᠢᠵᠣ ᠨᠣᠳᠠᠯᠠᠭᠰᠠᠨ ᠶᠠᠪᠣᠳᠠᠯ ᠪᠣᠯᠣᠨ᠎ᠠ᠃ ᠣᠷᠠᠨ ᠪᠥᠳᠥᠭᠡᠯ ᠤᠨ ᠰᠣᠩᠭᠤᠳᠠᠭᠵᠢᠯ ᠪᠣᠯ ᠵᠥᠪᠬᠡᠨ ᠣᠩᠰᠢᠭᠴᠢᠳ | ᠪᠣᠶᠣ ᠰᠣᠨᠢᠷᠬᠠᠭᠴᠢᠳ ᠤᠨ ᠣᠯᠠᠨ ᠴᠥᠬᠡᠨ ᠳᠤ ᠨᠠᠶᠢᠳᠠᠳᠠᠭ ᠪᠢᠰᠢ᠂ ᠬᠠᠷᠢᠨ ᠵᠠᠪᠠᠯ ᠪᠠᠰᠠ ᠰᠣᠳᠣᠯᠣᠭᠠᠴᠢᠳ ᠤᠨ | ᠠᠩᠬᠠᠷᠣᠯ ᠢ ᠲᠠᠳᠠᠨ᠂ ᠲᠡᠳᠡᠨ ᠤ ᠨᠣᠳᠠᠯᠠᠯᠳᠠ ᠶᠢ ᠣᠯᠣᠭᠰᠠᠨ ᠪᠠᠶᠢᠬᠤ ᠬᠡᠷᠡᠭᠳᠡᠢ ᠪᠠᠶᠢᠳᠠᠭ᠃ ᠥᠯᠢᠭᠡᠷᠳᠣ ᠲᠠᠭᠤᠣ | ︽ᠭᠠᠳᠠ ᠮᠡᠶᠢᠷᠡᠨ︾ ᠤ ᠰᠣᠳᠣᠯᠭᠠᠨ ᠤ ᠪᠠᠶᠢᠳᠠᠯ ᠨᠢ ᠣᠷᠠᠨ ᠪᠥᠳᠥᠭᠡᠯ ᠤᠨ ᠰᠣᠩᠭᠤᠳᠠᠭᠵᠢᠯ ᠤᠨ ᠲᠣᠬᠠᠢ ᠡᠨᠡ ᠬᠦ | ᠵᠢᠮ᠎ᠡ ᠶᠣᠰᠣ ᠶᠢ ᠭᠥᠢᠴᠡᠳ ᠬᠠᠷᠠᠭᠤᠯᠣᠨ ᠴᠢᠳᠠᠪᠠ᠃ ᠶᠠᠭᠤ ᠴᠤ ᠭᠡᠰᠡᠨ᠂ ᠨᠢᠭᠡᠨ ᠣᠷᠠᠨ ᠪᠥᠳᠥᠭᠡᠯ ᠤᠨ | ᠰᠣᠩᠭᠤᠳᠠᠭ ᠡᠰᠡᠬᠦ ᠨᠢ ᠨᠡᠶᠢᠭᠡᠮ ᠲᠡᠥᠬᠡ ᠬᠢᠭᠡᠳ ᠣᠩᠰᠢᠵᠣ ᠰᠣᠨᠢᠷᠬᠠᠬᠤ᠂ ᠰᠣᠳᠣᠯᠵᠣ ᠰᠢᠨᠵᠢᠯᠡᠬᠦ ᠵᠡᠷᠭᠡ ᠣᠯᠠᠨ | ᠲᠠᠯ᠎ᠠ ᠶᠢᠨ ᠥᠨᠳᠥᠰᠥ ᠰᠢᠯᠳᠠᠭᠠᠨ ᠲᠠᠢ ᠪᠠᠶᠢᠳᠠᠭ ᠭᠡᠰᠡᠨ ᠢ ᠲᠣᠰ ᠨᠣᠮ ᠭᠥᠢᠴᠡᠳ ᠬᠠᠷᠠᠭᠤᠯᠵᠣ ᠪᠣᠢ᠃ | ᠬᠤᠶᠠᠷ ᠲᠤ᠂ ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠩᠭᠤᠳᠠᠭᠵᠢᠭᠰᠠᠨ ᠲᠣᠳᠣᠭᠠᠳᠣ ᠣᠳᠬ᠎ᠠ | ᠠᠭᠤᠯᠭ᠎ᠠ ᠶᠢ ᠡᠷᠢᠯᠬᠢᠯᠡᠪᠡ᠃ ᠮᠠᠨ ᠤ ᠡ᠊ᠨᠲᠡ ᠬᠡᠯᠡᠵᠣ ᠪᠠᠶᠢᠭ᠎ᠠ ︽ᠲᠣᠳᠣᠭᠠᠳᠣ ᠣᠳᠬ᠎ᠠ ᠠᠭᠤᠯᠭ᠎ᠠ︾ ᠬᠡᠮᠡᠭᠴᠢ | ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠶᠣᠯ ᠤᠨ ᠠᠭᠤᠯᠣᠭᠳᠠᠴᠠ ᠶᠢ ᠬᠡᠯᠡᠵᠣ ᠪᠣᠢ᠃ ᠲᠡᠭᠡᠷ᠎ᠡ ᠶᠠᠷᠢᠵᠣ | ᠥᠩᠭᠡᠷᠡᠭᠰᠡᠨ ᠨᠡᠶᠢᠭᠡᠮ ᠲᠡᠥᠬᠡ ᠬᠢᠭᠡᠳ ᠣᠩᠰᠢᠵᠣ ᠰᠣᠨᠢᠷᠬᠠᠬᠤ᠂ ᠰᠣᠳᠣᠯᠵᠣ ᠰᠢᠨᠵᠢᠯᠡᠬᠦ ᠵᠡᠷᠭᠡ ᠪᠣᠯ ᠥᠨᠡᠨ ᠳᠡᠭᠡᠨ | ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠩᠭᠤᠳᠠᠭ ᠪᠥᠳᠥᠭᠡᠯ ᠪᠣᠯᠣᠭᠰᠠᠨ ᠤ ᠬᠢᠨᠢ ᠭᠠᠳᠠᠭᠠᠳᠣ ᠰᠢᠯᠳᠠᠭᠠᠨ | ᠲᠡᠳᠥᠢ ᠪᠣᠯᠬᠤ ᠶᠣᠮ᠃ ᠮᠠᠨ ᠤ ᠡ᠊ᠨᠳᠡ ᠶᠠᠷᠢᠵᠣ ᠪᠠᠶᠢᠭ᠎ᠠ ᠰᠣᠶᠣᠯ ᠤᠨ ᠠᠭᠤᠯᠣᠭᠳᠠᠴᠠ ᠭᠡᠳᠡᠭ ᠪᠣᠯ ᠬᠠᠷᠢᠨ | ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠩᠭᠤᠳᠠᠭ ᠪᠥᠳᠥᠭᠡᠯ ᠪᠣᠯᠣᠭᠰᠠᠨ ᠤ ᠬᠢᠨᠢ ᠲᠣᠳᠣᠭᠠᠳᠣ ᠰᠢᠯᠳᠠᠭᠠᠨ | ᠂ ᠮᠥᠨ ᠴᠢᠨᠠᠷ ᠤᠨ ᠰᠢᠯᠳᠠᠭᠠᠨ ᠪᠣᠯᠣᠨ᠎ᠠ᠃ ᠶᠠᠮᠠᠷ ᠨᠢᠭᠡᠨ ᠣᠷᠠᠨ ᠪᠥᠳᠥᠭᠡᠯ ᠤᠨ ᠰᠣᠩᠭᠤᠳᠠᠭ ᠪᠣᠯᠵᠣ ᠴᠢᠳᠠᠬᠤ | ᠡᠰᠡᠬᠦ ᠨᠢ ᠲᠡᠭᠦᠨ ᠳᠤ ᠠᠭᠤᠯᠣᠭᠳᠠᠵᠣ ᠪᠠᠶᠢᠭ᠎ᠠ ᠰᠣᠶᠣᠯ ᠤᠨ ᠣᠳᠬ᠎ᠠ ᠠᠴᠠ ᠰᠢᠭᠤᠳ ᠰᠢᠯᠳᠠᠭᠠᠯᠠᠭᠳᠠᠳᠠᠭ᠃ | ᠣᠷᠠᠨ ᠪᠥᠳᠥᠭᠡᠯ ᠨᠢ ᠬᠥᠮᠥᠨ ᠰᠣᠶᠣᠯ ᠤᠨ ᠨᠠᠷᠢᠨ ᠮᠡᠳᠡᠷᠡᠮᠵᠢ ᠲᠠᠢ ᠪᠠᠶᠢᠵᠣ ᠣᠩᠰᠢᠵᠣ ᠰᠣᠨᠢᠷᠬᠠᠭᠴᠢᠳ ᠤᠨ | ᠣᠶᠣᠨ ᠣᠬᠠᠭᠠᠨ ᠤ ᠬᠢᠨᠢ ᠡᠴᠢᠨ᠎ᠡ ᠲᠠᠯᠳᠠ ᠪᠠᠶᠢᠭ᠎ᠠ ᠰᠣᠶᠣᠯ ᠣᠬᠠᠮᠰᠠᠷ ᠢ ᠬᠥᠨᠳᠡᠵᠣ ᠴᠢᠳᠠᠬᠤ ᠪᠠᠷ ᠪᠠᠷᠠᠬᠤ ᠥᠭᠡᠢ | ᠂ ᠰᠤᠳᠤᠯᠤᠭᠴᠢ ᠰᠢᠨᠵᠢᠯᠡᠭᠴᠢᠳ ᠤᠨ ᠰᠣᠶᠣᠯ ᠤᠨ ᠲᠣᠬᠠᠢ ᠲᠠᠨᠢᠯᠳᠠ ᠶᠢ ᠡᠳᠥᠨ ᠥᠷᠨᠢᠭᠦᠯᠵᠣ ᠴᠢᠳᠠᠮᠠᠨᠵᠢᠨ ᠰᠠᠶ᠋ᠢ | ᠰᠣᠩᠭᠤᠳᠠᠭ ᠪᠥᠳᠥᠭᠡᠯ ᠪᠣᠯᠵᠣ ᠴᠢᠳᠠᠳᠠᠭ᠃ ᠥᠯᠢᠭᠡᠷᠳᠣ ᠲᠠᠭᠤᠣ ︽ᠭᠠᠳᠠ ᠮᠡᠶᠢᠷᠡᠨ︾ ᠳᠤ ᠮᠣᠩᠭᠤᠯᠴᠣᠳ ᠤᠨ | ᠡᠷᠳᠡᠨ ᠤ ᠢᠵᠠᠭᠤᠷ ᠰᠣᠶᠣᠯ ᠣᠬᠠᠮᠰᠠᠷ ᠤᠳ ᠪᠣᠯᠬᠤ ᠪᠠᠭᠠᠳᠣᠷᠯᠢᠭ ᠥᠵᠡᠯ ᠤᠨ ᠵᠣᠷᠢᠭ ᠰᠠᠨᠠᠭ᠎ᠠ᠂ ᠠᠮᠢ | ᠠᠬᠤᠢ ᠶᠢᠨ ᠰᠣᠶᠣᠯ ᠣᠬᠠᠮᠰᠠᠷ ᠪᠣᠳᠠᠳᠠᠢ ᠢᠯᠡᠷᠡᠵᠣ ᠪᠠᠶᠢᠬᠤ ᠪᠠᠷ ᠪᠠᠷᠠᠬᠤ ᠥᠭᠡᠢ ᠲᠣᠭᠤᠢ ᠲᠥᠭᠦᠷᠢᠭ ᠢ | ᠪᠡᠯᠭᠡᠰᠢᠶᠡᠬᠦ᠂ ᠲᠤᠭ᠎ᠠ ᠶᠢ ᠡᠷᠬᠢᠮᠯᠡᠨ ᠪᠡᠯᠭᠡᠰᠢᠶᠡᠬᠦ᠂ ᠠᠨᠳᠠ ᠪᠠᠷᠢᠯᠳᠣᠨ ᠠᠨᠳᠠᠭᠠᠢ ᠲᠠᠩᠭᠠᠷᠢᠭ ᠬᠢᠬᠦ᠂ ᠵᠢᠭᠦᠷᠳᠡᠨ | ᠰᠢᠪᠠᠭᠤ ᠶᠢ ᠪᠡᠯᠭᠡᠰᠢᠶᠡᠬᠦ᠂ ᠠᠷᠠᠳ ᠤᠨ ᠰᠢᠳᠥᠯᠭᠡ ᠪᠢᠰᠢᠷᠡᠯ ᠵᠡᠷᠭᠡ ᠮᠠᠰᠢ ᠣᠯᠠᠨ ᠵᠠᠩ ᠥᠢᠯᠡ ᠰᠣᠶᠣᠯ ᠤᠨ | ᠥᠵᠡᠭᠳᠡᠯ ᠢᠯᠡᠷᠡᠵᠣ ᠪᠠᠶᠢᠬᠤ ᠪᠠᠷ ᠪᠠᠷᠠᠬᠤ ᠥᠭᠡᠢ ᠪᠠᠭᠠᠳᠣᠷᠯᠢᠭ ᠲᠣᠣᠯᠢ᠂ ᠬᠤᠯᠪᠣᠭ᠎ᠠ᠂ ᠬᠤᠭᠤᠷ ᠤᠨ ᠥᠯᠢᠭᠡᠷ᠂ | ᠵᠥᠢᠷ ᠰᠡᠴᠡᠨ ᠥᠭᠡ ᠵᠡᠷᠭᠡ ᠠᠷᠠᠳ ᠤᠨ ᠠᠮᠠᠨ ᠰᠣᠶᠣᠯ ᠤᠨ ᠥᠵᠡᠭᠳᠡᠯ ᠤᠳ ᠴᠤ ᠠᠭᠤᠰᠣᠨ ᠰᠢᠮᠡᠳᠴᠥ ᠪᠠᠶᠢᠳᠠᠭ | ᠃ ᠡᠨᠡ ᠣᠳᠬ᠎ᠠ ᠪᠠᠷ ᠢᠶᠠᠨ ᠥᠯᠢᠭᠡᠷᠳᠣ ᠲᠠᠭᠤᠣ ︽ᠭᠠᠳᠠ ᠮᠡᠶᠢᠷᠡᠨ︾ ᠨᠢ ᠰᠣᠶᠣᠯ ᠤᠨ ᠠᠭᠤᠯᠭ᠎ᠠ ᠪᠠᠷ ᠮᠠᠰᠢ | ᠪᠠᠶᠠᠯᠢᠭ ᠪᠣᠯᠣᠭᠰᠠᠨ ᠪᠥᠭᠡᠳ ᠥᠨ᠎ᠡ ᠥᠷᠳᠡᠭ ᠢᠶᠠᠷ ᠴᠤ ᠥᠯᠢᠳᠭᠡᠰᠢ ᠥᠭᠡᠢ ᠥᠨᠳᠥᠷ ᠪᠣᠯᠣᠭᠰᠠᠨ ᠪᠠᠶᠢᠨ᠎ᠠ᠃ | ᠨᠢᠭᠡ ᠯᠡ ᠥᠬᠡ ᠪᠠᠷ ᠬᠡᠯᠡᠪᠡᠯ᠂ ᠰᠣᠶᠣᠯ ᠤᠨ ᠲᠠᠯ᠎ᠠ ᠶᠢᠨ ᠨᠠᠷᠢᠨ ᠠᠭᠤᠯᠬᠤᠨ᠂ ᠪᠠᠶᠠᠯᠢᠭ ᠠᠭᠤᠯᠭ᠎ᠠ᠂ ᠨᠢᠭᠳᠠ | ᠣᠳᠬ᠎ᠠ ᠨᠢ ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠩᠭᠤᠳᠠᠭ ᠪᠥᠳᠥᠭᠡᠯ ᠪᠣᠯᠬᠤ ᠳᠤ ᠪᠦᠷ ᠴᠤ | ᠳᠤᠲᠠᠭᠳᠠᠵᠤ ᠪᠣᠯᠣᠰᠢ ᠦᠭᠡᠢ ᠨᠥᠬᠦᠴᠡᠯ ᠢ ᠬᠠᠩᠭᠠᠵᠤ ᠥᠭᠭᠦᠭᠰᠡᠨ ᠪᠠᠶᠢᠨ᠎ᠠ᠃ ᠲᠡᠶᠢᠮᠦ ᠮᠥᠷᠲᠡᠭᠡᠨ ᠥᠯᠢᠭᠡᠷᠳᠣ | ᠲᠠᠭᠤᠣ ︽ᠭᠠᠳᠠ ᠮᠡᠶᠢᠷᠡᠨ︾ ᠤ ᠰᠣᠩᠭᠤᠳᠠᠭᠵᠢᠭᠰᠠᠨ ᠲᠣᠳᠣᠭᠠᠳᠣ ᠰᠢᠯᠳᠠᠭᠠᠨ᠂ ᠲᠠᠷᠣᠢ ᠰᠣᠶᠣᠯ ᠤᠨ ᠣᠳᠬ᠎ᠠ | ᠠᠭᠤᠯᠭ᠎ᠠ ᠶᠢᠨ ᠲᠤᠬᠠᠢ ᠥᠭᠦᠯᠡᠭᠰᠡᠨ ᠡᠨᠡ ᠬᠦ ᠬᠡᠰᠡᠭ ᠨᠢ ᠵᠥᠪᠬᠡᠨ ᠤᠤᠯ ᠳᠠᠭᠤᠤ ᠶᠢᠨ ᠰᠣᠩᠭᠤᠳᠠᠭᠵᠢᠯ ᠤᠨ | ᠴᠢᠬᠤᠯᠠ ᠠᠰᠠᠭᠤᠳᠠᠯ ᠢ ᠲᠣᠳᠣᠷᠠᠭᠤᠯᠤᠨ ᠥᠭᠦᠯᠡᠭᠰᠡᠨ ᠲᠡᠳᠦᠢ ᠪᠢᠰᠢ᠂ ᠡᠨᠡ ᠨᠢ ᠪᠠᠰᠠ ᠲᠤᠰ ᠳᠠᠭᠤᠤ ᠶᠢᠨ | ᠤᠳᠬ᠎ᠠ ᠰᠡᠳᠦᠪ᠂ ᠳᠣᠲᠣᠭᠠᠳᠤ ᠰᠣᠶᠣᠯ ᠤᠨ ᠠᠭᠤᠯᠬᠤᠨ ᠵᠡᠷᠭᠡ ᠲᠠᠯ᠎ᠠ ᠶᠢᠨ ᠰᠤᠳᠤᠯᠭᠠᠨ ᠢ ᠰᠢᠨᠡᠳᠬᠡᠨ | ᠭᠥᠨᠵᠡᠭᠡᠶᠢᠷᠡᠭᠦᠯᠦᠭᠰᠡᠨ ᠶᠠᠪᠤᠳᠠᠯ ᠪᠣᠯᠬᠤ ᠠᠵᠢ᠃ | ᠭᠤᠷᠪᠠ ᠳᠤ᠂ ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠩᠭᠤᠳᠠᠭᠵᠢᠭᠰᠠᠨ ᠤᠷᠠᠯᠢᠭ ᠤᠨ ᠬᠡᠪ | ᠴᠢᠨᠠᠷ ᠢ ᠥᠭᠦᠯᠡᠪᠡ᠃ ᠭᠡᠬᠦ ᠳᠡᠭᠡᠨ ᠭᠤᠣᠯᠳᠠᠭᠤ ᠥᠯᠢᠭᠡᠷᠳᠣ ᠲᠠᠭᠤᠣ ︽ᠭᠠᠳᠠ ᠮᠡᠶᠢᠷᠡᠨ︾ ᠤ ᠣᠷᠠᠯᠢᠭ ᠤᠨ | ᠥᠨ᠎ᠡ ᠥᠷᠳᠡᠭ ᠢ ᠨᠣᠳᠠᠯᠠᠬᠤ ᠪᠠᠷ ᠲᠠᠮᠵᠢᠭᠤᠯᠣᠨ ᠲᠡᠭᠦᠨ ᠤ ᠤᠷᠠᠯᠢᠭ ᠤᠨ ᠬᠡᠪ ᠴᠢᠨᠠᠷ ᠢ ᠥᠭᠦᠯᠡᠵᠦ᠂ ᠴᠠᠭᠠᠰᠢᠲᠠ | ᠡᠨᠡ ᠬᠦ ᠤᠷᠠᠯᠢᠭ ᠤᠨ ᠬᠡᠪ ᠴᠢᠨᠠᠷ ᠨᠢ ᠬᠡᠷᠬᠢᠨ ᠲᠡᠭᠦᠨ ᠤ ᠰᠣᠩᠭᠤᠳᠠᠭᠵᠢᠯ ᠳᠤ ᠨᠥᠬᠦᠴᠡᠯ ᠪᠣᠯᠣᠮᠵᠢ ᠬᠠᠩᠭᠠᠵᠤ | ᠪᠠᠶᠢᠭᠰᠠᠨ ᠢ ᠨᠤᠲᠠᠯᠠᠨ ᠦᠵᠡᠭᠦᠯᠦᠭᠰᠡᠨ ᠪᠠᠶᠢᠨ᠎ᠠ᠃ ᠲᠣᠰ ᠨᠣᠮ ᠳᠤ᠂ ᠥᠯᠢᠭᠡᠷᠳᠣ ᠲᠠᠭᠤᠣ ︽ᠭᠠᠳᠠ ᠮᠡᠶᠢᠷᠡᠨ︾ | ᠤ ᠲᠣᠳᠣᠷᠠᠬᠢ ᠲᠥᠷᠢ ᠨᠦᠭᠦᠳ ᠢ ᠵᠠᠳᠠᠯᠬᠤ ᠳᠠᠭᠠᠨ ᠭᠠᠳᠠ ᠮᠡᠶᠢᠷᠡᠨ ᠤ ᠲᠥᠷᠢ ᠶᠢ ᠭᠠᠵᠠᠷ ᠰᠢᠷᠣᠢ ᠪᠠᠨ | ᠬᠠᠮᠠᠭᠠᠯᠠᠭᠴᠢ ᠶᠢᠨ ᠪᠡᠯᠭᠡ ᠲᠡᠮᠳᠡᠭᠳᠣ ᠲᠥᠷᠢ ᠪᠣᠯᠭᠠᠨ ᠵᠠᠳᠠᠯᠣᠨ ᠥᠭᠦᠯᠡᠭᠰᠡᠨ ᠶᠠᠪᠣᠳᠠᠯ ᠪᠣᠯ ᠰᠢᠨ᠎ᠡ ᠨᠢᠭᠡᠨ | ᠥᠵᠡᠯᠳᠡ ᠶᠢᠨ ᠢᠯᠡᠷᠬᠡᠶᠢᠯᠡᠯ ᠪᠣᠯᠬᠤ ᠪᠥᠭᠡᠳ ᠭᠠᠳᠠ ᠮᠡᠶᠢᠷᠡᠨ ᠤ ᠲᠥᠷᠢ ᠶᠢᠨ ᠮᠥᠨ ᠴᠢᠨᠠᠷ ᠢ ᠨᠡᠩ | ᠪᠣᠳᠠᠳᠠᠶᠢᠵᠢᠭᠤᠯᠣᠭᠰᠠᠨ ᠶᠠᠪᠣᠳᠠᠯ ᠪᠣᠯᠣᠨ᠎ᠠ᠃ ᠲᠣᠰ ᠪᠦᠯᠦᠭ ᠲᠤ ᠪᠠᠰᠠ ᠥᠯᠢᠭᠡᠷᠳᠣ ᠲᠠᠭᠤᠣ ︽ᠭᠠᠳᠠ ᠮᠡᠶᠢᠷᠡᠨ︾ | ᠤ ᠣᠶᠠᠷᠠᠭᠤᠨ ᠵᠢᠪᠬᠤᠯᠠᠩᠳᠣ ᠬᠡᠪ ᠨᠠᠮᠪᠠ ᠶᠢ ᠣᠨᠣᠯᠵᠢᠭᠤᠯᠣᠨ ᠥᠭᠦᠯᠡᠬᠦ ᠶᠢᠨ ᠳᠠᠭᠠᠤ ᠪᠠᠰᠠ ᠲᠣᠰ ᠲᠠᠭᠤᠣ ᠶᠢᠨ | ᠮᠣᠩᠭᠤᠯ ᠲᠠᠭᠤᠣᠷᠢᠯᠢᠭ ᠲᠠᠬᠢ ᠰᠢᠨ᠎ᠡ ᠲᠠᠪᠠᠯᠳᠠ ᠪᠣᠯᠣᠭᠰᠠᠨ ᠰᠢᠯᠳᠠᠭᠠᠨ᠂ ᠠᠶ᠎ᠠ ᠬᠥᠭᠵᠢᠮ ᠤᠨ ᠢᠷᠡᠯᠳᠡ ᠭᠠᠷᠣᠯ | ᠬᠢᠭᠡᠳ ᠥᠪᠡᠷᠮᠢᠴᠡ ᠰᠢᠨᠵᠢ᠂ ᠬᠡᠯᠡ ᠬᠡᠯᠡᠯᠭᠡ ᠶᠢᠨ ᠬᠢᠨᠢ ᠭᠠᠶᠢᠬᠠᠮᠰᠢᠭᠳᠣ ᠣᠨᠴᠠᠯᠢᠭ ᠵᠡᠷᠭᠡ ᠶᠢ ᠣᠨᠣᠯ ᠤᠨ | ᠦᠨᠳᠦᠰᠦ ᠲᠠᠢ ᠮᠥᠷᠲᠡᠭᠡᠨ ᠪᠣᠳᠠᠲᠤ ᠵᠢᠱᠢᠶ᠎ᠡ ᠪᠠᠷᠢᠮᠲᠠ ᠲᠠᠢ ᠪᠠᠷ ᠥᠭᠦᠯᠡᠨ ᠶᠠᠷᠢᠭᠰᠠᠨ ᠪᠠᠶᠢᠨ᠎ᠠ᠃ ᠶᠡᠷᠥ ᠨᠢ ᠶᠠᠮᠠᠷ | ᠨᠢᠭᠡᠨ ᠣᠷᠠᠨ ᠪᠥᠳᠥᠭᠡᠯ ᠤᠨ ᠰᠣᠩᠭᠤᠳᠠᠭ ᠪᠣᠯᠵᠣ ᠴᠢᠳᠠᠬᠤ ᠡᠰᠡᠬᠦ ᠨᠢ ᠤᠤᠯ ᠪᠦᠲᠦᠭᠡᠯ ᠤᠨ ᠬᠥᠮᠥᠨ ᠰᠣᠶᠣᠯ ᠳᠤ | ᠥᠵᠡᠭᠦᠯᠥᠭᠰᠡᠨ ᠥᠨ᠎ᠡ ᠥᠷᠳᠡᠭ ᠨᠢ ᠬᠢᠷᠢ ᠵᠡᠷᠭᠡ ᠪᠣᠯᠣᠭᠰᠠᠨ ᠲᠠᠢ ᠴᠢᠬᠤᠯᠠ ᠬᠤᠯᠪᠣᠭ᠎ᠠ ᠲᠠᠢ ᠪᠠᠶᠢᠳᠠᠭ᠃ ᠣᠷᠠᠨ | ᠪᠥᠳᠥᠭᠡᠯ ᠨᠢ ᠬᠥᠮᠥᠨ ᠰᠣᠶᠣᠯ ᠳᠤ ᠥᠨᠢᠳᠡ ᠪᠠᠯᠠᠷᠠᠰᠢ ᠥᠭᠡᠢ ᠥᠨ᠎ᠡ ᠥᠷᠳᠡᠭ ᠢ ᠥᠵᠡᠭᠦᠯᠵᠣ ᠴᠢᠳᠠᠮᠠᠨᠵᠢᠨ ᠰᠠᠶ᠋ᠢ | ᠰᠣᠩᠭᠤᠳᠠᠭ ᠪᠥᠳᠥᠭᠡᠯ ᠪᠣᠯᠵᠣ ᠴᠢᠳᠠᠳᠠᠭ᠃ ᠥᠯᠢᠭᠡᠷᠳᠣ ᠲᠠᠭᠤᠣ ︽ᠭᠠᠳᠠ ᠮᠡᠶᠢᠷᠡᠨ︾ ᠲᠥᠷᠢ ᠪᠥᠳᠥᠭᠡᠯᠳᠡ᠂ | ᠬᠡᠪ ᠨᠠᠮᠪᠠ᠂ ᠲᠠᠭᠤᠣᠷᠢᠯᠢᠭ ᠤᠨ ᠰᠢᠨᠵᠢ᠂ ᠠᠶ᠎ᠠ ᠬᠥᠭᠵᠢᠮ᠂ ᠬᠡᠯᠡ ᠬᠡᠯᠡᠯᠭᠡ ᠵᠡᠷᠭᠡ ᠠᠯᠢ ᠴᠤ ᠲᠠᠯ᠎ᠠ ᠪᠠᠷ ᠢᠶᠠᠨ | ᠭᠡᠳ ᠮᠣᠩᠭᠤᠯ ᠰᠣᠶᠣᠯ ᠣᠷᠠᠯᠢᠭ ᠲᠤ᠂ ᠲᠡᠷᠡᠴᠢᠯᠡᠨ ᠪᠥᠬᠦᠢ ᠯᠡ ᠲᠣᠮᠳᠠᠳᠣ ᠣᠯᠣᠰ ᠤᠨ ᠰᠣᠶᠣᠯ ᠣᠷᠠᠯᠢᠭ ᠲᠤ | ᠣᠮᠳᠣᠭᠠᠶᠢᠯᠠᠵᠣ ᠪᠣᠯᠣᠰᠢ ᠥᠭᠡᠢ ᠥᠢᠯᠡᠳᠥᠯ ᠢ ᠥᠵᠡᠭᠦᠯᠵᠣ ᠴᠢᠳᠠᠪᠠ᠃ ᠡᠨᠡ ᠣᠳᠬ᠎ᠠ ᠪᠠᠷ ᠢᠶᠠᠨ ᠥᠯᠢᠭᠡᠷᠳᠣ | ᠲᠠᠭᠤᠣ ︽ᠭᠠᠳᠠ ᠮᠡᠶᠢᠷᠡᠨ︾ ᠤ ᠣᠷᠠᠯᠢᠭ ᠤᠨ ᠥᠨ᠎ᠡ ᠥᠷᠳᠡᠭ ᠬᠡᠮᠵᠢᠶᠡᠯᠡᠰᠢ ᠥᠭᠡᠢ ᠪᠣᠯᠵᠣ ᠴᠢᠳᠠᠭᠰᠠᠨ ᠪᠥᠭᠡᠳ | ᠮᠣᠩᠭᠤᠯ ᠣᠷᠠᠨ ᠪᠥᠳᠥᠭᠡᠯ ᠳᠤ ᠲᠡᠳᠥᠢ ᠯᠡ ᠪᠢᠰᠢ᠂ ᠬᠠᠷᠢᠨ ᠪᠥᠬᠦᠢ ᠯᠡ ᠲᠣᠮᠳᠠᠳᠣ ᠶᠢᠨ ᠣᠷᠠᠨ ᠪᠥᠳᠥᠭᠡᠯ ᠳᠤ | ᠴᠤ ᠰᠣᠩᠭᠤᠳᠠᠭ ᠪᠥᠳᠥᠭᠡᠯ ᠭᠡᠰᠡᠨ ᠥᠨᠡᠳᠥ ᠲᠢᠳᠢᠮ ᠢ ᠵᠡᠭᠦᠨ ᠴᠢᠳᠠᠪᠠ᠃ ︽ᠤᠷᠠᠯᠢᠭ ᠤᠨ ᠦᠨ᠎ᠡ ᠥᠷᠲᠡᠭ ᠪᠣᠯ | ᠨᠢᠭᠡ ᠵᠣᠬᠢᠶᠠᠯ ᠪᠦᠲᠦᠭᠡᠯ ᠤᠨ ᠠᠮᠢ ᠨᠠᠰᠤ ᠪᠥᠭᠡᠳ ᠰᠣᠩᠭᠤᠳᠠᠭᠵᠢᠬᠤ ᠶᠢᠨ ᠬᠠᠮᠤᠭ ᠴᠢᠬᠤᠯᠠ ᠳᠣᠲᠣᠭᠠᠳᠤ | ᠡᠯᠧᠮᠧᠨ᠋ᠲ ᠪᠣᠯᠣᠨ᠎ᠠ︾᠃ ᠲᠤᠰ ᠨᠣᠮ ᠤᠨ ᠵᠣᠬᠢᠶᠠᠭᠴᠢᠳ ᠢᠩᠭᠢᠵᠦ ᠲᠠᠨᠢᠭᠰᠠᠨ ᠮᠥᠷᠲᠡᠭᠡᠨ ᠡᠭᠦᠨ ᠢ ᠪᠠᠨ | ᠯᠠᠪᠳᠠᠭᠤᠨ ᠪᠠᠲᠤᠲᠠᠢ ᠥᠭᠦᠯᠡᠭᠰᠡᠨ ᠪᠠᠶᠢᠳᠠᠭ ᠢ ᠤᠤᠯ ᠨᠣᠮ ᠢ ᠤᠩᠰᠢᠪᠠᠯ ᠲᠣᠳᠣᠷᠬᠠᠢ ᠣᠶᠢᠯᠠᠭᠠᠬᠤ ᠪᠣᠯᠣᠨ᠎ᠠ᠃ | ᠲᠥᠷᠪᠡ ᠳᠤ᠂ ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠩᠭᠤᠳᠠᠭᠵᠢᠭᠰᠠᠨ ᠭᠠᠳᠠᠭᠠᠳᠣ | ᠬᠥᠴᠥᠰᠥ ᠶᠢ ᠲᠣᠳᠣᠷᠬᠠᠶᠢᠯᠠᠪᠠ᠃ ᠨᠢᠭᠡᠨ ᠣᠷᠠᠨ ᠪᠥᠳᠥᠭᠡᠯ ᠰᠣᠩᠭᠤᠳᠠᠭᠵᠢᠬᠤ ᠶᠠᠪᠣᠴᠠ ᠳᠠᠭᠠᠨ ᠴᠠᠭ ᠥᠶ᠎ᠡ ᠪᠣᠶᠣ | ᠨᠡᠶᠢᠭᠡᠮ ᠣᠯᠣᠰ ᠲᠥᠷᠥ ᠶᠢᠨ ᠴᠢᠭᠯᠡᠯᠳᠡ ᠬᠠᠷᠠᠯᠳᠠ᠂ ᠬᠥᠮᠥᠨ ᠠᠷᠠᠳ ᠤᠨ ᠬᠥᠰᠡᠯ ᠱᠠᠭᠠᠷᠳᠠᠯᠭ᠎ᠠ ᠬᠢᠭᠡᠳ | ᠰᠣᠩᠭᠤᠯᠳᠠ᠂ ᠰᠣᠳᠣᠯᠣᠭᠠᠴᠢ ᠰᠢᠭᠦᠮᠵᠢᠯᠡᠭᠴᠢᠳ ᠤᠨ ᠲᠠᠨᠢᠯᠳᠠ ᠬᠢᠭᠡᠳ ᠨᠣᠳᠠᠯᠠᠯᠳᠠ᠂ ᠨᠡᠶᠢᠭᠡᠮ ᠨᠡᠶᠢᠲᠡ ᠶᠢᠨ | ᠰᠣᠶᠣᠯ ᠤᠷᠠᠯᠢᠭ ᠤᠨ ᠣᠯᠠᠨ ᠬᠦᠷᠢᠶ᠎ᠡ ᠴᠠᠷᠠᠭ᠎ᠠ ᠳᠠᠬᠢ ᠲᠡᠯᠡᠷᠡᠯᠳᠡ ᠬᠢᠭᠡᠳ ᠭᠥᠨᠵᠡᠭᠡᠶᠢᠷᠡᠯ ᠵᠡᠷᠭᠡ ᠭᠠᠳᠠᠭᠠᠳᠣ | ᠬᠥᠴᠥᠰᠥ ᠨᠦᠭᠦᠳ ᠴᠢᠬᠤᠯᠠ ᠥᠢᠯᠡᠳᠥᠯ ᠢ ᠥᠵᠡᠭᠦᠯᠳᠡᠭ᠃ ᠬᠡᠷᠪᠡ ᠡᠳᠡᠭᠡᠷ ᠣᠯᠠᠨ ᠭᠠᠳᠠᠭᠠᠳᠣ | ᠬᠥᠴᠥᠰᠥ ᠨᠦᠭᠦᠳ ᠤᠨ ᠣᠷᠣᠯᠴᠠᠯᠭ᠎ᠠ ᠪᠠᠶᠢᠬᠤ ᠥᠭᠡᠢ ᠪᠣᠯ ᠣᠷᠠᠨ ᠪᠥᠳᠥᠭᠡᠯ ᠨᠢ ᠮᠥᠨ ᠴᠤ ᠥᠪᠡᠷ ᠤᠨ ᠢᠶᠠᠨ | ᠰᠣᠩᠭᠤᠳᠠᠭᠵᠢᠯ ᠢᠶᠠᠨ ᠪᠥᠷᠢᠮᠥᠰᠥᠨ ᠴᠣᠭᠴᠠᠯᠠᠵᠣ ᠴᠢᠳᠠᠬᠤ ᠥᠭᠡᠢ ᠶᠣᠮ᠃ ᠲᠣᠰ ᠨᠣᠮ ᠳᠤ᠂ ᠥᠯᠢᠭᠡᠷᠳᠣ | ᠲᠠᠭᠤᠣ ︽ᠭᠠᠳᠠ ᠮᠡᠶᠢᠷᠡᠨ︾ ᠤ ᠰᠣᠩᠭᠤᠳᠠᠭᠵᠢᠭᠰᠠᠨ ᠭᠠᠳᠠᠭᠠᠳᠣ ᠬᠥᠴᠥᠰᠥ ᠨᠦᠭᠦᠳ ᠪᠣᠯᠬᠤ | ᠰᠣᠨᠢᠷᠬᠠᠭᠴᠢᠳ ᠤᠨ ᠲᠣᠮᠳᠠᠬᠢ ᠲᠣᠰᠬᠠᠯ᠂ ᠥᠨᠳᠥᠰᠥᠳᠡᠨ ᠤ ᠬᠡᠯᠡᠬᠦᠢ ᠠᠴᠠ ᠣᠯᠣᠰ ᠤᠨ ᠬᠡᠯᠡᠬᠦᠢ ᠳᠤ ᠰᠢᠯᠵᠢᠭᠰᠡᠨ | ᠶᠠᠪᠣᠴᠠ᠂ ᠴᠠᠭ ᠲᠥᠷᠥ ᠶᠢᠨ ᠬᠤᠪᠢᠰᠥᠯᠳᠠ ᠲᠣᠮᠳᠠᠬᠢ ᠣᠴᠠᠷᠠᠯ ᠲᠠᠪᠢᠯᠠᠩ᠂ ᠰᠣᠶᠣᠯ ᠰᠣᠷᠭᠠᠨ ᠬᠥᠮᠥᠵᠢᠯ ᠳᠠᠬᠢ | ᠨᠥᠯᠥᠭᠡ ᠥᠢᠯᠡᠳᠥᠯ᠂ ᠰᠢᠭᠦᠮᠵᠢ ᠰᠣᠳᠣᠯᠣᠯ ᠬᠢᠭᠡᠳ ᠱᠠᠩᠨᠠᠯ ᠬᠥᠬᠢᠭᠦᠯᠥᠯ ᠲᠣᠮᠳᠠᠬᠢ ᠥᠨᠡᠯᠡᠯᠳᠡ ᠵᠡᠷᠭᠡ ᠶᠢ ᠨᠠᠷᠢᠨ | ᠥᠭᠦᠯᠡᠪᠡ᠃ ᠡᠳᠡᠭᠡᠷ ᠭᠠᠳᠠᠭᠠᠳᠣ ᠬᠥᠴᠥᠰᠥ ᠨᠦᠭᠦᠳ ᠤᠨ ᠣᠷᠣᠯᠴᠠᠯᠭ᠎ᠠ᠂ ᠭᠡᠷᠡᠴᠢᠯᠡᠭᠡ ᠪᠠᠶᠢᠮᠠᠨᠵᠢᠨ ᠰᠠᠶ᠋ᠢ | ᠥᠯᠢᠭᠡᠷᠳᠣ ᠲᠠᠭᠤᠣ ︽ᠭᠠᠳᠠ ᠮᠡᠶᠢᠷᠡᠨ︾ ᠰᠣᠩᠭᠤᠳᠠᠭ ᠪᠥᠳᠥᠭᠡᠯ ᠤᠨ ᠣᠷᠣᠨ ᠪᠠᠶᠢᠷᠢ ᠪᠠᠨ ᠣᠯᠠᠮ | ᠪᠠᠳᠣᠵᠢᠭᠤᠯᠵᠣ ᠴᠢᠳᠠᠪᠠ᠃ ᠤᠤᠯ ᠨᠣᠮ ᠨᠢ ᠣᠯᠠᠨ ᠬᠡᠰᠡᠭ ᠪᠦᠯᠦᠭ ᠲᠡᠭᠡᠨ ᠪᠦᠷ ᠰᠢᠨ᠎ᠡ ᠠᠷᠭ᠎ᠠ ᠰᠢᠨ᠎ᠡ | ᠬᠠᠷᠠᠭᠠᠰᠤ ᠪᠠᠷ ᠠᠰᠠᠭᠤᠳᠠᠯ ᠢ ᠥᠭᠦᠯᠡᠨ ᠵᠠᠳᠠᠯᠵᠤ᠂ ᠮᠠᠰᠢ ᠴᠢᠩᠭ᠎ᠠ ᠰᠢᠨᠡᠴᠢᠯᠡᠯ ᠤᠨ ᠴᠢᠨᠠᠷ ᠪᠣᠯᠣᠭᠰᠠᠨ ᠪᠠᠶᠢᠳᠠᠭ᠃ | ᠭᠡᠬᠦ ᠳᠡᠭᠡᠨ ᠤᠤᠯ ᠨᠣᠮ ᠤᠨ ᠬᠠᠮᠤᠭ ᠶᠡᠭᠡ ᠰᠢᠨᠡᠴᠢᠯᠡᠯ ᠪᠣᠯ ᠬᠠᠷᠢᠨ ᠡᠨᠡ ᠬᠦ ᠰᠣᠩᠭᠤᠳᠠᠭᠵᠢᠯ ᠤᠨ ᠭᠠᠳᠠᠭᠠᠳᠤ | ᠬᠦᠴᠦᠰᠦ ᠶᠢᠨ ᠰᠤᠳᠤᠯᠤᠯ ᠳᠤ ᠢᠯᠡᠷᠡᠵᠦ ᠪᠠᠶᠢᠨ᠎ᠠ ᠬᠡᠮᠡᠨ ᠦᠵᠡᠵᠦ ᠪᠣᠯᠣᠨ᠎ᠠ᠃ ᠡᠶᠢᠮᠦᠷᠬᠦᠦ ᠤᠷᠠᠨ ᠵᠣᠬᠢᠶᠠᠯ ᠤᠨ | ᠭᠠᠳᠠᠭᠠᠳᠤ ᠬᠦᠴᠦᠰᠦ ᠶᠢᠨ ᠲᠤᠬᠠᠢ ᠰᠤᠳᠤᠯᠭᠠᠨ ᠨᠢ ᠤᠤᠯ ᠨᠣᠮ ᠤᠨ ᠬᠤᠷᠴᠠ ᠰᠢᠨᠡᠴᠢᠯᠡᠯ ᠤᠨ ᠴᠢᠨᠠᠷ ᠢ | ᠦᠵᠡᠭᠦᠯᠦᠭᠰᠡᠨ ᠢᠶᠠᠷ ᠪᠠᠷᠠᠬᠤ ᠦᠭᠡᠢ᠂ ᠲᠡᠷᠡ ᠨᠢ ᠪᠠᠰᠠ ᠪᠦᠬᠦᠢ ᠯᠡ ᠮᠣᠩᠭᠤᠯ ᠤᠷᠠᠨ ᠵᠣᠬᠢᠶᠠᠯ ᠤᠨ | ᠰᠤᠳᠤᠯᠭᠠᠨ ᠤ ᠬᠦᠷᠢᠶᠡᠨ ᠳᠤ ᠴᠢᠬᠤᠯᠠ ᠦᠷ᠎ᠡ ᠨᠥᠯᠥᠭᠡ ᠦᠵᠡᠭᠦᠯᠬᠦ ᠪᠣᠯᠣᠨ᠎ᠠ ᠭᠡᠳᠡᠭ ᠲᠤ ᠪᠢᠳᠡ ᠡᠷᠡᠭᠡᠯᠵᠡᠭᠡ | ᠦᠭᠡᠢ ᠢᠲᠡᠭᠡᠯ ᠲᠠᠢ ᠪᠠᠶᠢᠨ᠎ᠠ᠃ | ᠳ᠋ᠥᠩᠨᠡᠵᠣ ᠬᠡᠯᠡᠪᠡᠯ᠂ ᠭᠠᠳᠠ ᠮᠡᠶᠢᠷᠡᠨ ᠤ ᠲᠡᠦᠬᠡᠲᠦ ᠶᠠᠪᠤᠳᠠᠯ ᠨᠢ ᠨᠢᠭᠡᠨᠲᠡ ᠥᠩᠭᠡᠷᠡᠨ ᠣᠳᠣᠭᠠᠳ ᠲᠡᠦᠬᠡ | ᠪᠣᠯᠵᠤ ᠬᠤᠴᠣᠷᠴᠠᠢ᠃ ᠥᠨᠥᠳᠥᠷ ᠲᠡᠦᠬᠡᠨ ᠬᠡᠷᠡᠭ ᠬᠢᠭᠡᠳ ᠦᠯᠢᠭᠡᠷᠲᠦ ᠳᠠᠭᠤᠤ ︽ᠭᠠᠳᠠ ᠮᠡᠶᠢᠷᠡᠨ ︾ ᠨᠢ ᠬᠠᠷᠢᠨ | ᠰᠣᠶᠣᠯ ᠤᠨ ᠪᠡᠯᠭᠡ ᠲᠡᠮᠳᠡᠭ ᠪᠣᠯᠵᠤ᠂ ᠤᠯᠤᠰ ᠣᠷᠣᠨ᠂ ᠦᠨᠳᠦᠰᠦᠲᠡᠨ ᠤᠭᠰᠠᠭᠠᠲᠠᠨ᠂ ᠬᠥᠮᠥᠨ ᠠᠷᠠᠳ | ᠲᠡᠭᠦᠨ ᠢ ᠥᠷᠭᠡᠨ ᠢᠶᠠᠷ ᠠᠰᠢᠭᠯᠠᠬᠤ ᠪᠣᠯᠵᠠᠢ᠃ ᠢᠩᠭᠢᠬᠦ ᠲᠤᠲᠤᠮ ᠢᠶᠠᠨ ᠬᠥᠮᠥᠨ ᠬᠡᠷᠡᠭ ᠬᠢᠭᠡᠳ ᠳᠠᠭᠤᠤ ᠲᠠᠢ | ᠬᠤᠯᠪᠣᠭᠳᠠᠭᠰᠠᠨ ᠰᠣᠶᠣᠯ ᠨᠢ ᠤᠯᠠᠮ ᠢᠶᠠᠷ ᠥᠷᠭᠡᠵᠢᠨ ᠪᠠᠶᠠᠯᠢᠭᠵᠢᠵᠤ᠂ ᠴᠠᠭᠠᠰᠢᠲᠠ ᠤᠤᠯ ᠳᠠᠭᠤᠤ ᠶᠢᠨ | ᠰᠣᠩᠭᠤᠳᠠᠭ ᠴᠢᠨᠠᠷ ᠨᠢ ᠤᠯᠠᠮ ᠢᠶᠠᠷ ᠲᠡᠭᠦᠯᠳᠡᠷᠵᠢᠨ ᠨᠡᠮᠡᠭᠳᠡᠵᠦ ᠪᠠᠶᠢᠳᠠᠭ᠃ ᠤᠤᠯ ᠨᠣᠮ ᠤᠨ ᠭᠤᠷᠪᠠᠨ ᠵᠣᠬᠢᠶᠠᠭᠴᠢ | ᠡᠭᠦᠨ ᠢ ᠭᠢᠷᠠᠬᠠᠢ ᠪᠠᠷ ᠲᠠᠨᠢᠵᠤ᠂ ᠥᠪᠡᠷ ᠤᠨ ︽ᠰᠣᠩᠭᠤᠳᠠᠭ ᠠᠷᠠᠳ ᠤᠨ ᠲᠠᠭᠤᠣ ︿ᠭᠠᠳᠠ ᠮᠡᠶᠢᠷᠡᠨ﹀ ᠤ | ᠰᠣᠳᠣᠯᠣᠯ︾ ᠭᠡᠳᠡᠭ ᠨᠣᠮ ᠳᠠᠭᠠᠨ ᠡᠬᠢ ᠰᠣᠷᠪᠣᠯᠵᠢ᠂ ᠰᠣᠶᠣᠯ ᠤᠨ ᠠᠭᠤᠯᠬᠤᠨ᠂ ᠥᠨ᠎ᠡ ᠥᠷᠳᠡᠭ᠂ ᠭᠠᠳᠠᠭᠠᠳᠣ | ᠬᠥᠴᠥᠰᠥ ᠵᠡᠷᠭᠡ ᠣᠯᠠᠨ ᠲᠠᠯ᠎ᠠ ᠠᠴᠠ ᠳᠠᠭᠤᠤ ᠶᠢᠨ ᠰᠣᠩᠭᠤᠳᠠᠭ ᠪᠥᠳᠥᠭᠡᠯ ᠪᠣᠯᠵᠣ ᠴᠢᠳᠠᠭᠰᠠᠨ ᠰᠢᠯᠳᠠᠭᠠᠨ ᠢ | ᠨᠣᠳᠠᠯᠠᠪᠠ᠃ ᠡᠨᠡ ᠬᠦ ᠭᠠᠭᠴᠠ ᠰᠡᠳᠦᠪᠲᠦ ᠡᠷᠳᠡᠮ ᠰᠢᠨᠵᠢᠯᠡᠭᠡᠨ ᠤ ᠪᠦᠲᠦᠭᠡᠯ ᠨᠢ ᠰᠡᠳᠥᠪ ᠰᠢᠨ᠎ᠡ᠂ ᠰᠡᠳᠭᠢᠮᠵᠢ | ᠲᠣᠳᠣᠷᠬᠠᠢ᠂ ᠵᠣᠬᠢᠶᠠᠮᠵᠢ ᠨᠢᠭᠳᠠ᠂ ᠥᠵᠡᠯᠳᠡ ᠣᠨᠣᠪᠴᠢᠳᠠᠢ ᠮᠥᠷᠳᠡᠭᠡᠨ ᠥᠯᠢᠭᠡᠷᠳᠣ ᠲᠠᠭᠤᠣ ︽ᠭᠠᠳᠠ ᠮᠡᠶᠢᠷᠡᠨ | ︾ ᠤ ᠭᠤᠸ᠎ᠠ ᠰᠠᠶᠢᠬᠠᠨ ᠤ ᠣᠨᠴᠠᠯᠢᠭ ᠢ ᠴᠤ ᠬᠥᠨᠳᠡᠵᠣ ᠴᠢᠳᠠᠭᠠᠳ ᠬᠥᠮᠥᠰ ᠲᠤ ᠣᠯᠭᠤᠬᠤ ᠲᠠᠨᠢᠯᠳᠠ ᠶᠢᠨ | ᠥᠢᠯᠡᠳᠥᠯ ᠢᠶᠠᠷ ᠢᠶᠠᠨ ᠥᠨᠳᠥᠷ ᠬᠡᠮᠵᠢᠶᠡᠨ ᠳᠤ ᠬᠥᠷᠪᠡ᠃ ᠲᠣᠰ ᠨᠣᠮ ᠪᠣᠯ ᠪᠠᠭ᠎ᠠ ᠪᠠᠷ ᠶᠡᠭᠡ ᠶᠢ ᠥᠵᠡᠭᠦᠯᠬᠦ | ᠠᠷᠭ᠎ᠠ ᠶᠢ ᠬᠡᠷᠡᠭᠯᠡᠨ ᠥᠯᠢᠭᠡᠷᠳᠣ ᠲᠠᠭᠤᠣ ︽ᠭᠠᠳᠠ ᠮᠡᠶᠢᠷᠡᠨ︾ ᠤ ᠰᠣᠩᠭᠤᠳᠠᠭᠵᠢᠭᠰᠠᠨ ᠣᠴᠢᠷ ᠢ ᠥᠭᠦᠯᠡᠬᠦ ᠪᠠᠷ | ᠲᠠᠮᠵᠢᠭᠤᠯᠣᠨ ᠥᠨᠡᠨ ᠳᠡᠭᠡᠨ ᠪᠥᠬᠦᠢ ᠯᠡ ᠣᠷᠠᠨ ᠪᠥᠳᠥᠭᠡᠯ ᠤᠨ ᠰᠣᠩᠭᠤᠳᠠᠭᠵᠢᠯ ᠤᠨ ᠥᠨᠳᠥᠰᠥ ᠰᠣᠷᠪᠣᠯᠵᠢ᠂ | ᠥᠩᠭᠡᠷᠡᠯᠳᠡ ᠶᠠᠪᠣᠴᠠ᠂ ᠣᠴᠢᠷ ᠵᠥᠢ ᠵᠡᠷᠭᠡ ᠶᠢ ᠥᠭᠦᠯᠡᠭᠰᠡᠨ ᠨᠣᠮ ᠪᠣᠯᠣᠨ᠎ᠠ᠃ ᠡᠨᠡ ᠣᠳᠬ᠎ᠠ ᠪᠠᠷ ᠢᠶᠠᠨ ᠲᠣᠰ | ᠨᠣᠮ ᠥᠯᠡᠮᠵᠢ ᠶᠢᠨ ᠥᠷᠳᠡᠭ ᠲᠠᠢ ᠪᠣᠯᠵᠣ ᠴᠢᠳᠠᠭᠰᠠᠨ ᠪᠢᠯᠡ᠃ | ︵ᠵᠣᠬᠢᠶᠠᠭᠴᠢ ᠶᠢᠨ ᠬᠠᠶ᠋ᠢᠬ᠄ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠫᠷᠣᠹᠧᠰᠰᠣᠷ | ᠳ᠋ᠣᠺᠲ᠋ᠣᠷᠠᠨᠲ ᠤᠨ ᠵᠢᠯᠣᠭᠤᠳᠤᠭᠴᠢ ᠪᠠᠭᠰᠢ︶ | | |