ᠥᠷᠭᠡᠨ | ᠴᠠᠰᠤᠨ ᠲᠡᠭᠡᠷᠡᠬᠢ ᠬᠥᠯ ᠪᠥᠮᠪᠦᠭᠡ ᠪᠤᠯ ᠴᠠᠰᠤᠨ ᠳᠤ ᠬᠤᠴᠢᠭᠲᠠᠭᠰᠠᠨ ᠬᠥᠯ ᠪᠥᠮᠪᠦᠭᠡ ᠶᠢᠨ | ᠤᠷᠤᠯᠲᠤᠭᠠᠨ ᠤ ᠲᠠᠯᠠᠪᠤᠷ ᠲᠤ ᠴᠢᠲᠠᠯ ᠤᠬᠠᠭᠠᠨ ᠢᠶᠠᠨ ᠰᠤᠷᠢᠬᠤ ᠰᠢᠨ᠎ᠡ ᠪᠠᠷ ᠮᠠᠨᠲᠤᠭᠰᠠ ᠡᠪᠤᠯ ᠤᠨ ᠤᠯᠠᠷᠢᠯ ᠤᠨ | ᠲᠠᠮᠢᠷ ᠤᠨ ᠴᠤᠭᠯᠠᠭᠠᠨ ᠤ ᠲᠥᠷᠤᠯ ᠵᠥᠢᠯ ᠪᠤᠯᠬᠤ ᠶᠤᠮ᠃ ᠲᠡᠷᠡ ᠨᠢ ᠲᠠᠮᠢᠷᠴᠢᠳ ᠤᠨ ᠪᠡᠶ᠎ᠡ ᠮᠠᠬᠠᠪᠤᠳ ᠤᠨ ᠤᠤᠷ | ᠴᠢᠨᠠᠷ ᠢ ᠤᠯᠠᠮ ᠢᠯᠡᠬᠦᠤ ᠱᠠᠭᠠᠷᠲᠠᠲᠠᠭ ᠤᠨ ᠤᠯᠠᠮ ᠠᠴᠠ ᠪᠡᠶ᠎ᠡ ᠪᠠᠨ ᠴᠢᠬᠢᠷᠠᠭᠵᠢᠭᠤᠯᠬᠤ᠂ ᠡᠷᠡᠬᠦᠯ ᠮᠡᠨᠲᠤ ᠪᠠᠷ | ᠭᠤᠤᠯ ᠰᠡᠲᠤᠪ ᠪᠤᠯᠭᠠᠵᠤ᠂ ᠥᠷᠭᠡᠨ ᠲᠡᠯᠭᠡᠷ ᠤᠷᠤᠯᠴᠠᠯᠭᠠᠲᠤ ᠰᠢᠨᠵᠢ ᠪᠠ ᠴᠡᠩᠭᠡᠬᠦᠨ ᠤ ᠰᠢᠨᠵᠢ ᠲᠠᠢ᠃ ᠴᠠᠰᠤᠨ | ᠲᠡᠭᠡᠷᠡᠬᠢ ᠬᠥᠯ ᠪᠥᠮᠪᠦᠭᠡ ᠶᠢᠨ ᠤᠷᠤᠯᠲᠤᠭᠠᠨ ᠨᠢ ᠶᠡᠭᠡᠩᠬᠢ ᠳᠡᠭᠡᠨ ᠲᠠᠪᠤᠨ ᠬᠥᠮᠥᠨ ᠤ ᠲᠥᠷᠢᠮ ᠢ ᠭᠡᠷᠡᠭᠵᠢᠬᠦᠯᠳᠡᠭ | ᠪᠥᠭᠡᠳ ᠬᠥᠯ ᠪᠥᠮᠪᠦᠭᠡ ᠶᠢᠨ ᠲᠠᠯᠠᠪᠠᠢ ᠨᠢ ᠪᠠᠭ᠎ᠠ᠂ ᠤᠷᠤᠯᠴᠠᠬᠤ ᠲᠠᠮᠢᠷᠴᠢᠨ ᠴᠥᠭᠡᠨ᠂ ᠴᠠᠭ ᠨᠢ ᠤᠬᠤᠷ᠂ | ᠮᠡᠷᠭᠡᠵᠢᠯ ᠢ ᠴᠢᠬᠤᠯᠠᠴᠢᠯᠠᠵᠤ᠂ ᠥᠷᠢᠰᠤᠯᠲᠤᠭᠡᠨ ᠬᠤᠷᠴᠠ ᠰᠢᠷᠥᠬᠦᠨ ᠪᠠᠶᠢᠲᠠᠭ ᠢᠶᠠᠷ ᠢᠶᠠᠨ ᠮᠠᠰᠢ ᠶᠡᠭᠡ ᠥᠵᠡᠮᠥᠷᠢᠲᠤ | ᠴᠢᠨᠠᠷ ᠢ ᠬᠠᠲᠠᠭᠠᠯᠠᠵᠤ ᠪᠠᠶᠢᠲᠠᠭ᠃ | ᠮᠡᠲᠡᠭᠡᠵᠢ ᠪᠠᠷ᠂ ᠥᠪᠡᠷᠲᠡᠭᠡᠨ ᠵᠠᠰᠠᠬᠤ ᠤᠷᠤᠨ ᠤ ᠡᠪᠤᠯ ᠤᠨ ᠤᠯᠠᠷᠢᠯ ᠤᠨ ᠲᠠᠮᠢᠷ ᠤᠨ ᠴᠤᠭᠯᠠᠭᠠᠨ ᠳᠤ | ᠲᠠᠷᠠᠭᠠᠯᠠᠨ ᠬᠤᠶᠠᠷ ᠬᠤᠭᠤᠴᠠᠭ᠎ᠠ ᠪᠥᠷ ᠴᠠᠰᠤᠨ ᠲᠡᠭᠡᠷᠡᠬᠢ ᠬᠥᠯ ᠪᠥᠮᠪᠦᠭᠡ ᠶᠢᠨ ᠤᠷᠤᠯᠲᠤᠭᠠᠨ ᠤ ᠲᠥᠷᠤᠯ ᠢ | ᠲᠤᠬᠢᠷᠠᠭᠤᠯᠤᠭᠰᠠᠨ ᠢᠶᠠᠷ ᠥᠯᠥ ᠪᠠᠷᠠᠮ᠂ ᠡᠯ᠎ᠡ ᠬᠤᠯᠪᠤᠭᠲᠠᠯ ᠪᠥᠬᠦᠢ ᠰᠠᠯᠠᠭ᠎ᠠ ᠮᠥᠴᠢᠷ ᠴᠠᠰᠤᠨ ᠲᠡᠭᠡᠷᠡᠬᠢ | ᠵᠠᠯᠠᠭᠤᠴᠤᠳ ᠪᠠᠭᠠᠠᠴᠤᠤᠨ ᠤᠨ ᠬᠥᠯ ᠪᠥᠮᠪᠦᠭᠡ ᠶᠢᠨ ᠬᠤᠯᠪᠤᠭᠠᠲᠤ ᠤᠷᠤᠯᠲᠤᠭᠠᠨ᠂ ᠤᠯᠠᠨ ᠤᠯᠤᠰ ᠤᠨ ᠴᠠᠰᠤᠨ | ᠲᠡᠭᠡᠷᠡᠬᠢ ᠬᠥᠯ ᠪᠥᠮᠪᠦᠭᠡ ᠶᠢᠨ ᠱᠠᠩᠨᠠᠯᠲᠤ ᠤᠷᠤᠯᠲᠤᠭᠠᠨ ᠵᠡᠷᠭᠡ ᠶᠢ ᠢᠲᠡᠪᠬᠢᠲᠡᠢ ᠪᠠᠷ ᠡᠷᠬᠢᠯᠡᠨ ᠶᠠᠪᠤᠭᠲᠠᠭᠤᠯᠵᠤ᠂ | ᠴᠠᠰᠤᠨ ᠲᠡᠭᠡᠷᠡᠬᠢ ᠬᠥᠯ ᠪᠥᠮᠪᠦᠭᠡ ᠶᠢᠨ ᠨᠥᠯᠥᠭᠡᠯᠡᠬᠦ ᠬᠥᠴᠤᠨ ᠢ ᠲᠠᠰᠤᠷᠠᠯᠲᠠ ᠥᠭᠡᠢ ᠥᠷᠭᠡᠳᠭᠡᠵᠤ ᠪᠤᠢ᠃ | ᠡᠭᠦᠨ ᠢᠶᠠᠷ ᠥᠯᠥ ᠪᠡᠷᠡᠨ ᠴᠠᠰᠤᠨ ᠲᠡᠭᠡᠷᠡᠬᠢ ᠬᠥᠯ ᠪᠥᠮᠪᠦᠭᠡ ᠶᠢᠨ ᠤᠷᠤᠯᠲᠤᠭᠠᠨ ᠤ ᠲᠥᠷᠢᠮ ᠢ ᠰᠤᠲᠤᠯᠤᠨ | ᠲᠤᠭᠲᠠᠭᠠᠵᠤ᠂ ᠴᠠᠰᠤᠨ ᠲᠡᠭᠡᠷᠡᠬᠢ ᠬᠥᠯ ᠪᠥᠮᠪᠦᠭᠡ ᠶᠢᠨ ᠤᠷᠤᠯᠲᠤᠭᠠᠨ ᠢ ᠤᠬᠠᠭᠤᠯᠤᠨ ᠲᠡᠯᠭᠡᠷᠡᠬᠦᠯᠬᠦ ᠡᠷᠴᠢᠮ ᠢᠶᠠᠨ | ᠴᠢᠩᠭᠠᠷᠠᠭᠤᠯᠪᠠ᠃ ᠤᠨᠴᠠᠭᠠᠶᠢᠯᠠᠨ 2018 ᠤᠨ ᠤ 12 ᠰᠠᠷ᠎ᠠ ᠶᠢᠨ 29 ᠤ ᠡᠲᠤᠷ᠂ ᠥᠪᠤᠷ ᠮᠤᠩᠭᠤᠯ ᠤᠨ | ᠬᠥᠯ ᠪᠥᠮᠪᠦᠭᠡ ᠶᠢᠨ ᠨᠡᠶᠢᠭᠡᠮᠯᠢᠭ ᠴᠠᠰᠤᠨ ᠲᠡᠭᠡᠷᠡᠬᠢ ᠬᠥᠯ ᠪᠥᠮᠪᠦᠭᠡ ᠶᠢᠨ ᠤᠷᠤᠯᠲᠤᠭᠠᠨ ᠤ ᠲᠥᠷᠢᠮ ᠤᠨ | ᠰᠤᠲᠤᠯᠤᠨ ᠶᠠᠷᠢᠯᠴᠠᠬᠤ ᠬᠤᠷᠠᠯ ᠢ ᠷᠠᠰᠢᠶᠠᠨ ᠬᠤᠲᠠ ᠳᠤ ᠬᠤᠷᠠᠯᠲᠤᠭᠤᠯᠵᠤ᠂ ᠲᠡᠯᠡᠭᠡᠢ ᠶᠢᠨ ᠲᠠᠰ ᠤᠨ ᠪᠠ | ᠤᠯᠤᠰ ᠤᠨ ᠲᠡᠰ ᠤᠨ ᠡᠯᠡᠰᠤᠨ ᠴᠥᠯ ᠤᠨ ᠬᠥᠯ ᠪᠥᠮᠪᠦᠭᠡ ᠪᠠ ᠲᠠᠪᠤᠨ ᠬᠥᠮᠤᠨ ᠤ ᠲᠥᠷᠢᠮᠲᠤ ᠬᠥᠯ ᠪᠥᠮᠪᠦᠭᠡ ᠶᠢᠨ | ᠬᠢᠨᠠᠭᠴᠢ ᠶᠢ ᠤᠷᠢᠵᠤ᠂ ᠴᠠᠰᠤ ᠮᠥᠰᠥᠨ ᠤ ᠠᠭᠠᠷ ᠤᠨ ᠲᠤᠯᠠᠭᠠᠨ ᠪᠠ ᠤᠷᠤᠯᠲᠤᠭᠠᠨ ᠤ ᠲᠠᠯᠠᠪᠠᠢ ᠵᠡᠷᠭᠡ ᠲᠠᠢ | ᠤᠶᠠᠯᠲᠤᠭᠤᠯᠤᠨ ᠤᠷᠤᠯᠲᠤᠭᠠᠨ ᠤ ᠲᠥᠷᠢᠮ ᠢ ᠨᠡᠩ ᠲᠡᠬᠦᠯᠲᠡᠷᠵᠢᠬᠦᠯᠵᠥ᠂ ᠨᠡᠩ ᠪᠤᠲᠠᠲᠢ ᠳᠤ | ᠥᠢᠷᠠᠲᠤᠭᠤᠯᠤᠭᠰᠠᠨ ᠨᠢ ᠨᠡᠩ ᠤᠯᠠᠨ ᠬᠥᠯ ᠪᠥᠮᠪᠦᠭᠡ ᠶᠢᠨ ᠪᠠᠭ᠋ᠠᠲᠠᠳ ᠤᠨ ᠲᠤᠰ ᠲᠥᠷᠤᠯ ᠤᠨ ᠤᠷᠤᠯᠲᠤᠭᠠᠨ ᠳᠤ | ᠤᠷᠤᠯᠴᠠᠬᠤ ᠶᠢ ᠵᠤᠷᠢᠭᠵᠢᠭᠤᠯᠪᠠ᠃ | ᠪᠥᠯᠬᠦᠮᠲᠡᠪᠡᠯ ᠪᠥᠲᠥᠨᠡ᠃ 2020 ᠤᠨ ᠤ ᠠᠷᠪᠠᠨ ᠲᠥᠷᠪᠡᠲᠤᠭᠡᠷ ᠬᠤᠭᠤᠴᠠᠭᠠᠨ ᠤ ᠪᠥᠬᠦ ᠤᠯᠤᠰ ᠤᠨ | ᠡᠪᠤᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠪᠡᠯᠡᠳᠭᠡᠯ ᠤᠨ ᠬᠤᠭᠤᠴᠠᠭᠠᠨ ᠳᠤ᠂ ᠥᠪᠤᠷ ᠮᠤᠩᠭᠠᠤᠯ ᠤᠨ ᠡᠯ᠎ᠡ | ᠲᠡᠰ ᠤᠨ ᠴᠠᠰᠤᠨ ᠲᠡᠭᠡᠷᠡᠬᠢ ᠬᠥᠯ ᠪᠥᠮᠪᠦᠭᠡ ᠶᠢᠨ ᠠᠩᠬᠢ ᠨᠤᠭᠤᠳ ᠪᠡᠯᠡᠳᠭᠡᠯ ᠲᠠᠰᠬᠠᠯᠵᠢᠭᠤᠯᠤᠯ ᠢᠶᠠᠨ | ᠴᠢᠩᠭᠠᠳᠬᠠᠵᠤ᠂ ᠤᠷᠤᠯᠲᠤᠭᠠᠨ ᠳᠤ ᠤᠷᠤᠯᠴᠠᠬᠤ ᠡᠷᠭᠡ ᠶᠢ ᠤᠯᠬᠤ ᠪᠠᠷ ᠬᠥᠴᠥᠯᠡᠨ ᠴᠢᠷᠮᠠᠶᠢᠵᠤ ᠪᠤᠢ᠃ ᠡᠯ᠎ᠡ | ᠬᠤᠯᠪᠤᠭᠲᠠᠯ ᠪᠥᠬᠦᠢ ᠰᠠᠯᠠᠭ᠎ᠠ ᠮᠥᠴᠢᠷ ︽3 ᠳ᠋ᠥᠩᠰᠢᠭᠤᠷ ᠬᠥᠮᠥᠨ ᠢ ᠲᠠᠶᠢᠴᠢᠯᠠᠨ ᠴᠠᠰᠤ ᠮᠥᠰᠤᠨ ᠤ | ᠬᠥᠲᠡᠯᠭᠡᠭᠡᠨ ᠳᠤ ᠤᠷᠤᠯᠴᠠᠭᠤᠯᠬᠤ︾ ᠤᠷᠢᠶᠠᠯᠭ᠎ᠠ ᠶᠢ ᠢᠲᠡᠪᠬᠢᠲᠡᠢ ᠴᠤᠤᠷᠢᠶᠠᠲᠤᠨ ᠲᠠᠭᠠᠵᠤ᠂ ᠴᠠᠰᠤᠨ ᠲᠡᠭᠡᠷᠡᠬᠢ | ᠬᠥᠯ ᠪᠥᠮᠪᠦᠭᠡ ᠶᠢᠨ ᠲᠠᠮᠢᠷ ᠤᠨ ᠬᠥᠲᠠᠯᠭᠡᠭᠡᠨ ᠢ ᠢᠳᠡᠪᠬᠢᠲᠡᠢ ᠥᠷᠨᠢᠬᠦᠯᠲᠡᠭ ᠯᠡ ᠶᠤᠮ ᠪᠤᠯ᠂ ᠥᠪᠥᠷ | ᠮᠤᠩᠭᠤᠯ ᠢᠶᠠᠨ ᠴᠠᠰᠤ ᠮᠥᠰᠤᠨ ᠤ ᠪᠡᠶ᠎ᠡ ᠶᠢᠨ ᠲᠠᠮᠢᠷ ᠤᠨ ᠬᠥᠲᠡᠯᠭᠡᠭᠡᠨ ᠤ ᠲᠤᠮᠤ ᠤᠷᠤᠨ ᠪᠤᠯᠭᠠᠵᠤ᠂ ᠥᠪᠤᠷ | ᠮᠤᠩᠭᠤᠯ ᠤᠨ ᠴᠠᠰᠤᠨ ᠲᠡᠭᠡᠷᠡᠬᠢ ᠬᠥᠯ ᠪᠥᠮᠪᠦᠭᠡ ᠶᠢᠨ ᠬᠥᠲᠡᠯᠭᠡᠭᠡᠨ ᠤ ᠥᠷᠢᠰᠤᠯᠲᠤᠭᠡᠨ ᠤ ᠲᠥᠪᠰᠢᠨ ᠢᠶᠠᠨ | ᠲᠡᠭᠡᠭᠰᠢᠯᠡᠬᠦᠯᠵᠥ ᠴᠢᠲᠠᠬᠤ ᠨᠢ ᠯᠠᠪᠲᠠᠢ᠃ ᠲᠡᠷᠡᠴᠢᠯᠡᠨ ᠴᠠᠰᠤᠨ ᠲᠡᠭᠡᠷᠡᠬᠢ ᠤᠷᠬᠢᠯᠤᠮ᠎ᠠ ᠬᠠᠯᠠᠭᠤᠨ ᠬᠥᠯ | ᠪᠥᠮᠪᠦᠭᠡ ᠶᠢᠨ ᠤᠷᠤᠯᠲᠤᠭᠠᠨ ᠢᠶᠠᠷ ᠲᠠᠮᠵᠢᠭᠤᠯᠤᠨ ᠤᠮᠠᠷᠠᠲᠤ ᠬᠢᠯᠢ ᠶᠢᠨ ᠥᠵᠡᠰᠬᠦᠯᠡᠩᠲᠤ ᠰᠠᠶᠢᠬᠠᠨ ᠡᠪᠤᠯ ᠤᠨ | ᠥᠵᠡᠮᠵᠢ ᠶᠢᠨ ᠤᠷᠤᠨ ᠢ ᠨᠡᠩ ᠰᠠᠶᠢᠨ ᠴᠤᠭᠴᠠᠯᠠᠨ ᠪᠠᠶᠢᠭᠤᠯᠬᠤ ᠴᠢᠬᠤᠯᠠᠲᠠᠢ᠃ | | |