ᠠᠷᠠᠳ ᠤᠨ ᠲᠠᠭᠤᠤ ᠪᠠᠨ ᠬᠠᠮᠠᠭᠠᠯᠠᠵᠤ ᠶᠠᠪᠤᠬᠤ ᠶᠢᠨ ᠤᠴᠢᠷ
ᠨᠡᠶᠢᠲᠡᠯᠡᠭᠰᠡᠨ ᠴᠠᠭ᠄
2019-12-10
                                                          ᠵᠤᠬᠢᠶᠠᠭᠴᠢ᠄ ᠬᠤᠲᠠᠯᠠ      ᠨᠡᠶᠢᠭᠡᠮ ᠤᠨ ᠨᠢᠰᠬᠦ ᠮᠡᠳᠤ ᠬᠦᠭᠵᠢᠯᠲᠡ ᠶᠢ ᠲᠠᠭᠠᠯᠳᠤᠨ ᠮᠤᠩᠭᠤᠯ ᠲᠠᠭᠤᠤ ᠤᠷᠠᠯᠢᠭ ᠤᠨ ᠦᠢᠯᠡᠰ ᠴᠤ ᠲᠤᠩ ᠲᠦᠷᠭᠡᠨ ᠪᠠᠶᠠᠯᠢᠭᠵᠢᠵᠤ᠂ ᠬᠦᠳᠡᠭᠡ ᠲᠤᠰᠬᠤᠨ ᠮᠠᠯᠵᠢᠬᠤ ᠤᠷᠤᠨ ᠤ ᠰᠤᠶᠤᠯ ᠤᠨ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ ᠦᠨᠳᠦᠰᠦᠨ ᠳᠡᠭᠡᠨ ᠪᠦᠷᠢᠨ ᠬᠠᠨᠭ᠍ᠭᠠᠯᠲᠠ ᠲᠠᠢ ᠪᠤᠯᠵᠤ᠂ ᠬᠦᠮᠦᠨ ᠪᠦᠬᠦᠨ ᠲᠤᠤᠷ ᠰᠦᠯᠵᠢᠶ᠎ᠡ ᠪᠠᠷ ᠲᠠᠮᠵᠢᠨ ᠲᠡᠯᠡᠭᠡᠢ ᠶᠢᠨ ᠭᠠᠶᠢᠬᠠᠮᠰᠢᠭ ᠢ ᠰᠤᠨᠢᠷᠬᠠᠵᠤ᠂ ᠲᠠᠭᠤᠤ ᠤᠷᠠᠯᠢᠭ ᠤᠨ ᠴᠢᠮᠡᠭᠡ ᠮᠡᠳᠡᠭᠡ᠂ ᠦᠢᠯᠡᠴᠢᠯᠡᠭᠡ᠂ ᠦᠵᠡᠭᠦᠯᠦᠯᠭᠡ ᠤᠷᠢᠳ ᠡᠮᠦᠨ᠎ᠡ ᠭᠠᠷᠤᠭ᠎ᠠ ᠦᠭᠡᠢ ᠬᠦᠷ ᠬᠦᠭᠵᠢᠶᠡᠨᠲᠡᠢ ᠪᠤᠯᠵᠤ᠂ ᠭᠠᠷ ᠤᠳᠠᠰᠤᠨ ᠤ ᠰᠢᠭᠤᠳ ᠨᠡᠪᠲᠡᠷᠡᠭᠦᠯᠭᠡ ᠴᠤ ᠨᠢᠭᠡᠨᠲᠡ ᠬᠦᠮᠦᠨ ᠪᠦᠬᠦᠨ ᠤ ᠠᠯᠠᠭᠠᠨ ᠲᠡᠭᠡᠷ᠎ᠡ ᠲᠡᠯᠭᠡᠭᠳᠡᠵᠤ ᠡᠬᠢᠯᠡᠭᠰᠡᠨ ᠪᠠᠶᠢᠨ᠎ᠠ᠃      ᠶᠢᠷᠳᠢᠨᠴᠤ ᠶᠢᠨ ᠬᠦᠮᠦᠰ ᠮᠠᠨ ᠤ ᠮᠤᠩᠭᠤᠯᠴᠤᠳ ᠢ ᠳᠠᠭᠤᠴᠢᠨ ᠦᠨᠳᠦᠰᠦᠲᠡᠨ ᠭᠡᠳᠡᠭ᠃ ᠶᠠᠭ ᠡᠶᠢᠮᠦ ᠠᠴᠠ ᠭᠠᠷ ᠤᠳᠠᠰᠤᠨ ᠤ ᠰᠢᠭᠤᠳ ᠨᠡᠪᠲᠡᠷᠡᠭᠦᠯᠭᠡ ᠪᠤᠢ ᠪᠤᠯᠤᠭᠰᠠᠨ ᠠᠴᠠ ᠨᠠᠰᠢ ᠬᠤᠲᠠ ᠬᠦᠳᠡᠭᠡ ᠪᠠᠷ ᠲᠠᠷᠬᠠᠨ ᠰᠠᠭᠤᠭ᠎ᠠ ᠮᠤᠩᠭᠤᠯᠴᠤᠳ ᠮᠢᠨᠢ ᠪᠦᠷ ᠯᠠ ᠭᠠᠷ ᠤᠳᠠᠰᠤᠨ ᠤ ᠰᠢᠭᠤᠳ ᠨᠡᠪᠲᠡᠷᠡᠭᠦᠯᠭᠡ ᠳᠤ ᠬᠠᠯᠠᠮᠰᠢᠨ ᠲᠡᠪᠵᠢᠶᠡᠷᠡᠯ᠎ᠡ᠃ ᠭᠡᠶ᠎ᠡ ᠨᠢᠭᠡ ᠦᠨᠳᠦᠰᠦᠲᠡᠨ ᠤᠭᠰᠠᠭ᠎ᠠ ᠪᠠᠷ ᠢᠶᠠᠨ ᠴᠦᠮ ᠳᠠᠭᠤᠯᠠᠬᠤ ᠮᠡᠷᠭᠡᠵᠢᠯ ᠰᠤᠷᠤᠭᠰᠠᠨ ᠦᠨᠳᠦᠰᠦᠲᠡᠨ ᠭᠡᠵᠤ ᠪᠠᠶᠢᠬᠤ ᠦᠭᠡᠢ ᠶᠤᠮ ᠴᠢᠨᠢ ᠪᠠᠷᠢᠮᠵᠢᠶ᠎ᠠ ᠭᠡᠵᠤ ᠪᠠᠶᠢᠨᠠᠤ ᠳ᠋ᠠ᠃ ᠪᠦᠷ ᠯᠠ ᠦᠪᠡᠷ ᠦᠪᠡᠷ ᠤᠨ ᠦᠡᠭᠭᠡ ᠵᠢᠰᠦ ᠪᠠᠷ ᠢᠶᠠᠨ ᠲᠡᠯᠡᠬᠡᠢ ᠨᠡᠶᠢᠲᠡ ᠳᠤ ᠲᠠᠨᠢᠭᠳᠠᠵᠤ ᠲᠠᠭᠤᠯᠠᠵᠤ ᠯᠠ ᠪᠠᠶᠢᠨ᠎ᠠ᠂ ᠭᠦᠭᠵᠢᠮᠳᠡᠵᠤ ᠯᠠ ᠪᠠᠶᠢᠨ᠎ᠠ᠂ ᠰᠢᠯᠦᠭᠯᠡᠵᠤ ᠯᠠ ᠪᠠᠶᠢᠨ᠎ᠠ᠃ ᠵᠠᠷᠢᠮ ᠨᠢ ᠪᠠᠰᠠ ᠪᠦᠵᠢᠭᠯᠡᠵᠤ ᠪᠠᠶᠢᠨ᠎ᠠ᠃ ᠶᠠᠭᠤ ᠴᠤ ᠭᠡᠰᠡᠨ ᠤᠯᠤᠰ ᠭᠡᠷ ᠠᠴᠠ ᠬᠠᠨᠭ᠍ᠭᠠᠵᠤ ᠦᠭᠬᠦᠭᠰᠡᠨ ᠡᠶᠢᠮᠦᠷᠬᠦ ᠨᠡᠷᠬᠢᠶᠠᠨ ᠬᠦᠭᠵᠢᠶᠡᠨᠲᠠᠢ ᠴᠢᠯᠦᠭᠡᠳᠤ ᠲᠠᠪᠴᠠᠩ ᠢ ᠠᠰᠢᠭᠯᠠᠵᠤ ᠭᠠᠷ ᠤᠳᠠᠰᠤᠨ ᠤ ᠰᠢᠭᠤᠳ ᠨᠡᠪᠳᠡᠷᠡᠭᠦᠯᠭᠡ ᠶᠢᠨ ᠴᠡᠭᠡᠨ ᠴᠤᠩᠬᠤ ᠪᠠᠷ ᠵᠤᠭᠰᠤᠭ᠎ᠠ ᠵᠠᠢ ᠦᠭᠡᠢ ᠲᠤᠭᠯᠠᠭᠤᠯᠵᠤ ᠪᠠᠶᠢᠭ᠎ᠠ ᠲᠡᠷᠡ ᠤᠯᠠᠨ ᠮᠤᠩᠭᠤᠯ ᠲᠠᠭᠤᠴᠢᠨ ᠢᠶᠠᠨ ᠬᠠᠷᠠᠭᠠᠳ ᠤᠯᠲᠤᠢ ᠪᠢ ᠬᠠᠰᠢᠷᠠᠯ ᠦᠭᠡᠢ ᠪᠠᠭ᠋ᠠᠷᠬᠠᠵᠤ ᠰᠠᠭᠤᠳᠠᠭ ᠶᠤᠮ᠃ ᠸᠠᠱᠢ︕ ᠲᠡᠳᠡ ᠴᠢᠨᠢ ᠴᠦᠮ ᠪᠤᠳᠠ ᠪᠡᠶ᠎ᠡ ᠪᠠᠷ ᠢᠶᠠᠨ ᠮᠤᠩᠭᠤᠯ ᠦᠨᠳᠦᠰᠦᠲᠡᠨ ᠤ ᠪᠠᠨ ᠲᠠᠭᠤᠴᠢᠨ ᠠᠯᠳᠠᠷ ᠢ ᠡᠷᠭᠦᠵᠤ ᠶᠠᠪᠤᠭ᠎ᠠ ᠤᠯᠤᠰ ᠡ᠃ ᠤᠤᠬᠠᠢ᠂ ᠦᠨᠡᠭᠡᠷ ᠲᠡᠶᠢᠮᠦ ᠪᠠᠶᠢᠨ᠎ᠠ ᠰᠢᠤ᠃ ᠠᠷᠠᠳ ᠤᠨ ᠲᠠᠭᠤᠤ ᠪᠠᠨ ᠠᠷᠠᠳ ᠲᠦᠮᠡᠨ ᠲᠠᠭᠤᠯᠠᠳᠠᠭ ᠶᠤᠮ᠃ ᠠᠷᠠᠳ ᠲᠦᠮᠡᠨ ᠤᠯᠠᠮᠵᠢᠯᠠᠳᠠᠭ ᠶᠤᠮ᠃ ᠲᠡᠭᠡᠬᠦ ᠪᠠᠷ ᠨᠢ ᠬᠡᠨ ᠴᠤ ᠭᠡᠰᠡᠨ ᠲᠡᠭᠦᠨ ᠳᠤ ᠤᠨᠤᠭ᠎ᠠ ᠦᠭᠴᠤ ᠰᠢᠭᠦᠮᠵᠢᠯᠡᠳᠡᠭ ᠦᠭᠡᠢ ᠪᠢᠯᠡ᠃ ᠤᠴᠢᠷ ᠨᠢ ᠲᠡᠳᠡ ᠪᠤᠯ ᠠᠷᠠᠳ ᠤᠨ ᠲᠠᠭᠤᠤ ᠶᠢ ᠵᠤᠬᠢᠶᠠᠵᠤ ᠪᠦᠲᠦᠭᠡᠭᠰᠡᠨ ᠠᠷᠠᠳ ᠤᠨ ᠲᠠᠭᠤᠤ ᠶᠢᠨ ᠪᠠᠭᠰᠢ ᠨᠠᠷ ᠪᠠᠶᠢᠭ᠎ᠠ ᠶᠤᠮ᠃ ᠭᠡᠶ᠎ᠡ ᠡ᠊ᠨᠲᠡ ᠪᠢ ᠪᠤᠳᠤᠯ ᠠᠴᠠ ᠤᠨᠳᠤᠷᠤᠭᠰᠠᠨ ᠬᠡᠳᠦᠨ ᠦᠭᠡ ᠪᠠᠨ ᠡᠩ ᠤᠨ ᠨᠢᠭᠡ ᠰᠤᠨᠤᠰᠤᠭᠴᠢ ᠶᠢᠨ ᠬᠤᠪᠢ ᠪᠠᠷ ᠲᠡᠳᠡᠭᠡᠷ ᠤᠯᠠᠨ ᠠᠷᠠᠳ ᠤᠨ ᠲᠠᠭᠤᠤ ᠶᠢᠨ ᠪᠠᠭᠰᠢᠨᠠᠷ ᠲᠠᠭᠠᠨ ᠠᠶᠤᠮᠰᠢᠭ ᠦᠭᠡᠢ ᠶᠠᠷᠢᠬᠤ ᠶᠢ ᠰᠠᠨᠠᠨ᠎ᠠ᠃      ᠮᠠᠨ ᠤ ᠮᠡᠳᠡᠭᠡᠵᠢ ᠪᠠᠷ ᠬᠤᠷᠴᠢᠨ ᠨᠤᠳᠤᠭ ᠪᠤᠯ ᠠᠷᠠᠳ ᠤᠨ ᠲᠠᠭᠤᠤ ᠶᠢᠨ ᠦᠯᠦᠭᠡᠢ ᠶᠤᠮ᠃ ᠠᠷᠠᠳ ᠤᠨ ᠳᠠᠭᠤᠤ ᠪᠤᠯ ᠠᠷᠠᠳ ᠲᠦᠮᠡᠨ ᠤ ᠠᠮᠢᠳᠤᠷᠠᠯ ᠲᠡᠤᠬᠡ ᠠᠴᠠ ᠡᠭᠦᠰᠦᠯ ᠲᠠᠢ᠂ ᠤᠷᠠᠨ ᠴᠡᠭᠡᠵᠢ ᠤᠶᠤᠨ ᠤᠬᠠᠭᠠᠨ ᠢᠶᠠᠷ ᠢᠶᠠᠨ ᠡᠭᠦᠳᠦᠨ ᠪᠦᠲᠦᠭᠡᠭᠰᠡᠨ ᠠᠪᠤᠷᠭᠤ ᠲᠤᠤᠯᠢᠰ᠂ ᠬᠤᠪᠤᠷ ᠨᠠᠨᠳᠢᠨ ᠰᠤᠶᠤᠯ ᠤᠨ ᠦᠪ ᠬᠦᠷᠦᠩᠭᠡ ᠶᠤᠮ᠃ ᠲᠡᠳᠡ ᠡᠨᠡᠬᠦ ᠬᠤᠪᠤᠷ ᠨᠠᠨᠳᠢᠨ ᠪᠦᠭᠡᠳ ᠡᠯᠪᠡᠭ ᠪᠠᠶᠠᠯᠢᠭ ᠰᠤᠶᠤᠯ ᠤᠨ ᠦᠪ ᠬᠦᠷᠦᠩᠭᠡ ᠪᠠᠨ ᠦᠶ᠎ᠡ ᠤᠯᠠᠷᠢᠨ ᠬᠦᠨᠳᠦᠳᠭᠡᠨ ᠲᠡᠭᠡᠳᠦᠯᠡᠵᠤ᠂ ᠦᠨᠦᠳᠦᠷ ᠪᠤᠯᠲᠠᠯ᠎ᠠ ᠤᠯᠠᠮᠵᠢᠯᠠᠭᠰᠠᠭᠠᠷ ᠪᠢᠯᠡ᠃ ᠬᠦᠮᠦᠰ ᠤᠨ ᠵᠡᠭᠦᠨ ᠤᠷᠤᠨ ᠤ ᠠᠷᠠᠳ ᠤᠨ ᠲᠠᠭᠤᠤ ᠭᠡᠵᠤ ᠲᠠᠭᠤᠯᠠᠳᠠᠭ ᠨᠢ ᠪᠦᠷ ᠮᠠᠨ ᠤ ᠬᠤᠷᠴᠢᠨ ᠨᠤᠳᠤᠭ ᠤᠨ ᠠᠷᠠᠳ ᠤᠨ ᠲᠠᠭᠤᠤ ᠪᠢᠯᠡ᠃ ᠡᠨᠡ ᠨᠤᠳᠤᠭ ᠠᠴᠠ ᠲᠠᠭᠤᠯᠠᠭᠠᠳ ᠪᠠᠷᠠᠰᠢ ᠦᠭᠡᠢ ᠤᠯᠠᠨ ᠲᠠᠭᠤᠤ ᠭᠠᠷᠳᠠᠭ ᠨᠢ ᠡᠨᠡ ᠨᠤᠳᠤᠭ ᠲᠤ ᠲᠠᠭᠤᠯᠠᠭᠠᠳ ᠬᠠᠨᠤᠰᠢ ᠦᠭᠡᠢ ᠤᠯᠠᠨ ᠠᠷᠠᠳ ᠤᠨ ᠲᠠᠭᠤᠴᠢᠨ ᠪᠠᠶᠢᠳᠠᠭ ᠤᠨ ᠤᠴᠢᠷ ᠶᠤᠮ᠃ ᠲᠡᠳᠡᠭᠡᠷ ᠤᠯᠠᠨ ᠠᠷᠠᠳ ᠤᠨ ᠲᠠᠭᠤᠴᠢᠨ ᠤ ᠲᠤᠳᠤᠷ᠎ᠠ ᠠᠴᠠ ᠮᠠᠨᠤᠰ ᠲᠤ ᠬᠠᠮᠤᠭ ᠬᠦᠨ ᠰᠠᠭᠤᠭᠳᠠᠯ ᠲᠠᠢ᠂ ᠰᠠᠶᠢᠨ ᠲᠠᠨᠢᠭᠳᠠᠳᠠᠭ ᠲᠠᠭᠤᠴᠢᠨ ᠬᠡᠪᠡᠯ ᠶᠠᠭᠤᠨ ᠤ ᠡᠮᠦᠨ᠎ᠡ ᠲᠠᠷᠬᠠᠨ ᠬᠤᠰᠢᠭᠤ ᠠᠴᠠ ᠮᠡᠨᠳᠦᠯᠡᠭᠰᠡᠨ ᠲᠠᠷᠬᠠᠨ ᠲᠠᠭᠤᠴᠢᠨ ᠴᠠᠭᠠᠨᠪᠠᠷᠰ ᠲᠤᠷᠠᠳᠤᠭᠳᠠᠬᠤ ᠶᠤᠰᠤᠲᠠᠢ᠃ ᠡᠭᠦᠨ ᠠᠴᠠ ᠭᠠᠳᠠᠨ᠎ᠠ ᠪᠠᠰᠠ ᠬᠤᠶᠢᠳᠤ ᠬᠤᠰᠢᠭᠤᠨ ᠤ᠂ ᠬᠦᠷᠢᠶ᠎ᠡ ᠬᠤᠰᠢᠭᠤᠨ ᠤ᠂ ᠵᠠᠷᠤᠳ ᠬᠤᠰᠢᠭᠤᠨ ᠤ᠂ ᠲᠦᠰᠢᠶᠡᠳᠤ ᠬᠤᠰᠢᠭᠤᠨ ᠤ ᠭᠡᠵᠤ ᠠᠷᠠᠳ ᠲᠦᠮᠡᠨ ᠳᠡᠭᠡᠨ ᠱᠠᠭᠰᠢᠭᠳᠠᠵᠤ ᠶᠠᠪᠤᠭᠰᠠᠨ ᠤᠯᠠᠨ ᠰᠠᠶᠢᠬᠠᠨ ᠠᠷᠠᠳ ᠤᠨ ᠲᠠᠭᠤᠴᠢᠳ ᠪᠠᠶᠢᠳᠠᠭ ᠪᠢᠰᠢᠤ᠃ ᠡ᠊ᠨᠳᠡ ᠪᠢ ᠲᠡᠳᠡᠭᠡᠷ ᠠᠷᠠᠳ ᠤᠨ ᠲᠠᠭᠤᠴᠢᠳ ᠤᠨ ᠢᠶᠠᠨ ᠠᠯᠳᠠᠷ ᠨᠡᠷ᠎ᠡ ᠶᠢ ᠲᠤᠷᠠᠳᠴᠤ ᠪᠠᠶᠢᠭ᠎ᠠ ᠨᠢ ᠲᠠᠳᠠᠨᠠᠷ ᠤᠨ ᠢᠶᠠᠨ ᠴᠠᠳᠢᠭ ᠲᠡᠤᠬᠡ ᠶᠢ ᠲᠠᠨᠢᠯᠴᠠᠭᠤᠯᠬᠤ ᠭᠡᠵᠤ ᠪᠠᠶᠢᠬᠤ ᠪᠤᠰᠤ ᠬᠠᠷᠢᠨ ᠲᠠᠭᠤᠯᠠᠭᠰᠠᠨ ᠲᠠᠭᠤᠤ ᠪᠦᠷᠢ ᠳᠤᠨᠢ ᠢᠯᠡᠷᠡᠵᠤ ᠪᠠᠶᠢᠭ᠎ᠠ ᠨᠢᠭᠡᠨ ᠨᠡᠶᠢᠳᠠᠴᠢ ᠤᠨᠴᠠᠯᠢᠭ ᠢ ᠨᠢ ᠴᠤᠬᠤᠰ ᠲᠤᠷᠠᠳᠴᠤ ᠤᠳᠤ ᠶᠢᠨ ᠵᠠᠯᠠᠭᠤ ᠨᠢᠭᠡ ᠦᠶ᠎ᠡ ᠶᠢᠨ ᠠᠷᠠᠳ ᠤᠨ ᠲᠠᠭᠤᠴᠢᠳ ᠲᠠᠭᠠᠨ ᠲᠤᠯᠢᠳᠠᠭᠤᠯᠤᠶ᠎ᠠ ᠭᠡᠰᠡᠨ ᠶᠤᠮ᠃ ᠪᠢᠳᠡ ᠲᠠᠷᠬᠠᠨ ᠲᠠᠭᠤᠴᠢᠨ ᠴᠠᠭᠠᠨᠪᠠᠷᠰ ᠪᠠᠭᠰᠢ ᠶᠢᠨ ᠲᠠᠭᠤᠯᠠᠵᠤ ᠦᠯᠡᠳᠡᠭᠡᠭᠰᠡᠨ ︽ᠳ᠋ᠠᠨᠠᠪᠠᠯ︾᠂ ︽ᠰᠢᠤ ᠶᠢᠩ︾᠂ ︽ᠶᠦᠨ ᠯᠢᠶᠠᠩ︾ ᠵᠡᠷᠭᠡ ᠲᠡᠷᠡ ᠤᠯᠠᠨ ᠠᠷᠠᠳ ᠤᠨ ᠲᠠᠭᠤᠤ ᠶᠢᠨ ᠰᠢᠩᠭᠡᠭᠡᠯᠲᠠ ᠶᠢ ᠳᠠᠬᠢᠨ ᠨᠢᠭᠡ ᠤᠳᠠᠭ᠎ᠠ ᠰᠤᠨᠤᠰᠴᠤ ᠦᠵᠡᠶ᠎ᠡ᠃ ᠦᠯᠢᠭᠡᠷᠴᠢᠯᠡᠭᠰᠡᠨ ᠠᠷᠠᠳ ᠤᠨ ᠲᠠᠭᠤᠤ ᠨᠢ ᠴᠤ ᠲᠡᠷᠡ᠂ ᠤᠶᠠᠩᠭ᠎ᠠ ᠶᠢᠨ ᠠᠷᠠᠳ ᠤᠨ ᠲᠠᠭᠤᠤ ᠨᠢ ᠴᠤ ᠲᠡᠷᠡ᠂ ᠠᠯᠢ ᠨᠢᠭᠡ ᠳᠠᠭᠤᠤ ᠶᠢᠨ ᠬᠢᠨᠢ᠂ ᠠᠯᠢ ᠨᠢᠭᠡ ᠮᠦᠷ ᠪᠠᠳᠠᠭ᠂ ᠠᠯᠢ ᠨᠢᠭᠡ ᠠᠶᠢᠵᠠᠮ ᠴᠤᠬᠢᠯᠭ᠎ᠠ ᠲᠡᠭᠡᠷ᠎ᠡ ᠨᠢ ᠤᠷᠳᠤ ᠶᠢᠨ ᠲᠠᠭᠤᠤ ᠶᠢᠨ ᠰᠢᠬ ᠨᠤᠭᠤᠯᠤᠭ᠎ᠠ ᠤᠷᠤᠭᠤᠯᠵᠤ ᠲᠠᠭᠤᠯᠠᠭᠰᠠᠨ ᠭᠠᠵᠠᠷ ᠤᠭᠳᠤ ᠦᠭᠡᠢ ᠪᠢᠯᠡ᠃ ᠡᠭᠦᠨ ᠲᠠᠢ ᠠᠳᠠᠯᠢ ᠪᠠᠷ ᠮᠠᠨ ᠤ ᠰᠠᠶᠢᠨ ᠮᠡᠳᠡᠳᠡᠭ ᠯᠢ ᠱᠤᠸᠠᠩᠰᠢ ᠪᠠᠭᠰᠢ ᠶᠢᠨ ᠲᠠᠭᠤᠯᠠᠭᠰᠠᠨ ︽ᠨᠠᠪᠴᠢ ᠬᠦᠡᠭᠵᠦ︾᠂ ︽ᠠᠯᠲᠠᠨᠴᠡᠴᠡᠭ︾᠂ ︽ᠬᠠᠨᠳᠠᠷᠮ᠎ᠠ︾ ᠭᠡᠬᠦ ᠮᠡᠳᠦ ᠶᠢᠨ ᠠᠷᠠᠳ ᠤᠨ ᠲᠠᠭᠤᠤ ᠳᠤ ᠴᠤ ᠨᠤᠭᠤᠯᠤᠭ᠎ᠠ ᠤᠷᠤᠭᠤᠯᠵᠤ ᠲᠠᠭᠤᠯᠠᠭᠰᠠᠨ ᠤᠳᠠᠭ᠎ᠠ ᠶᠠᠷᠤ ᠪᠠᠶᠢᠬᠤ ᠦᠭᠡᠢ ᠶᠤᠮ᠃ ᠡᠨᠡ ᠪᠤᠯ ᠬᠤᠷᠴᠢᠨ ᠤ ᠤᠬᠤᠷ ᠠᠶᠠᠰᠤᠳᠤ ᠠᠷᠠᠳ ᠤᠨ ᠲᠠᠭᠤᠤ ᠶᠢᠨ ᠬᠠᠮᠤᠭ ᠲᠤᠪᠤᠶᠢᠭᠰᠠᠨ ᠢᠯᠡ ᠲᠤᠳᠤ ᠤᠨᠴᠠᠯᠢᠭ ᠶᠤᠮ᠃ ᠦᠭᠡᠷ᠎ᠡ ᠪᠠᠷ ᠬᠡᠯᠡᠪᠡᠯ ᠤᠬᠤᠷ ᠠᠶᠠᠰᠤᠳᠤ ᠬᠤᠷᠴᠢᠨ ᠠᠷᠠᠳ ᠤᠨ ᠲᠠᠭᠤᠤ ᠶᠢ ᠬᠡᠵᠢᠶ᠎ᠡ ᠬᠠᠮᠢᠭ᠎ᠠ ᠬᠡᠨ ᠲᠠᠭᠤᠯᠠᠭᠰᠠᠨ ᠴᠤ ᠲᠤᠮᠳᠠ ᠨᠢ ᠲᠤᠷ᠎ᠠ ᠪᠠᠷ ᠴᠢᠮᠡᠭᠯᠡᠵᠤ ᠨᠤᠭᠤᠯᠤᠭ᠎ᠠ ᠤᠷᠤᠭᠤᠯᠵᠤ ᠲᠠᠭᠤᠯᠠᠬᠤ ᠶᠤᠰᠤ ᠦᠭᠡᠢ ᠪᠠᠶᠢᠳᠠᠭ᠃ ᠭᠡᠶ᠎ᠡ ᠠᠷᠠᠳ ᠤᠨ ᠤᠷᠠᠯᠢᠭ ᠨᠢ ᠲᠠᠶᠢᠰᠠᠨ ᠤᠷᠠᠯᠢᠭ ᠲᠡᠰᠢ ᠰᠢᠯᠵᠢᠵᠤ᠂ ᠮᠡᠷᠭᠡᠵᠢᠯ ᠤᠨ ᠲᠠᠭᠤᠴᠢᠨ ᠢ ᠬᠦᠯᠢᠶᠡᠨ ᠠᠪᠬᠤ ᠦᠶ᠎ᠡ ᠳᠤ ᠠᠷᠠᠳ ᠤᠨ ᠲᠠᠭᠤᠤ ᠶᠢᠨ ᠲᠠᠭᠤᠯᠠᠭᠳᠠᠬᠤ ᠤᠨᠴᠠᠯᠢᠭ ᠲᠤᠨᠢ ᠬᠠᠷᠢᠴᠠᠩᠭᠤᠢ ᠪᠠᠷ ᠵᠢᠭᠠᠬᠠᠨ ᠬᠤᠪᠢᠷᠠᠯᠲᠠ ᠭᠠᠷᠳᠠᠭ᠃ ᠡᠨᠡ ᠨᠢ ᠠᠷᠠᠳ ᠤᠨ ᠤᠷᠠᠯᠢᠭ ᠢ ᠰᠢᠯᠢᠳᠡᠭᠵᠢᠬᠦᠯᠬᠦ ᠲᠠᠶᠢᠰᠠᠨ ᠤᠷᠠᠯᠢᠭ ᠤᠨ ᠬᠡᠷᠭᠴᠡᠭᠡ ᠱᠠᠭᠠᠷᠳᠠᠯᠭ᠎ᠠ ᠮᠦᠷᠲᠡᠬᠡᠨ ᠪᠠᠰᠠ ᠬᠤᠪᠢ ᠬᠦᠮᠦᠨ ᠤ ᠮᠡᠷᠭᠡᠵᠢᠯ ᠤᠨ ᠲᠤᠷ᠎ᠠ ᠰᠤᠨᠢᠷᠬᠠᠯ᠂ ᠤᠷ᠎ᠠ ᠠᠪᠢᠶᠠᠰ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠡ᠊ᠨᠳᠡ ᠪᠢᠳᠡ ᠠᠬᠠᠮᠠᠳ ᠨᠢᠭᠡ ᠦᠶ᠎ᠡ ᠶᠢᠨ ᠠᠯᠳᠠᠷᠳᠤ ᠮᠡᠷᠭᠡᠵᠢᠯ ᠤᠨ ᠲᠠᠭᠤᠴᠢᠨ ᠵᠠᠮᠪᠠᠯ ᠪᠠᠭᠰᠢ ᠶᠢᠨ ᠲᠠᠭᠤᠯᠠᠭᠰᠠᠨ ︽ᠪᠢᠸ᠋ ᠪᠢᠸ᠋ ᠠᠩᠭ᠎ᠠ︾᠂ ︽ᠰᠢᠨᠰᠢᠶᠤᠤ︾ ᠬᠡᠭᠦ ᠮᠡᠳᠤ ᠶᠢᠨ ᠤᠬᠤᠷ ᠠᠶᠠᠰᠤᠳᠤ ᠬᠤᠷᠴᠢᠨ ᠠᠷᠠᠳ ᠤᠨ ᠲᠠᠭᠤᠤ ᠶᠢ ᠰᠤᠨᠤᠰᠬᠤ ᠳᠤ ᠮᠦᠨ ᠯᠠ ᠨᠤᠭᠤᠯᠤᠭ᠎ᠠ ᠤᠷᠤᠭᠤᠯᠵᠤ ᠳᠠᠭᠤᠯᠠᠭᠰᠠᠨ ᠭᠠᠵᠠᠷ ᠦᠭᠡᠢ᠃ ᠬᠠᠷᠢᠨ ᠯᠾᠵᠠᠪ ᠪᠠᠭᠰᠢ ᠶᠢᠨ ᠲᠠᠭᠤᠯᠠᠭᠰᠠᠨ ︽ᠸᠠᠨ ᠯᠢ︾᠂ ︽ᠱᠠᠩᠬᠠᠢ ᠬᠢᠴᠡ ᠲᠠᠢ ᠪᠠᠨᠳᠤᠤᠲ︾ ᠵᠡᠷᠭᠡ ᠤᠬᠤᠷ ᠲᠠᠭᠤᠤ ᠶᠢᠨ ᠲᠡᠭᠦᠰᠭᠡᠯ ᠤᠨ ᠨᠢᠭᠡᠯᠬᠡᠨ ᠬᠡᠰᠡᠭ ᠲᠤ ᠮᠠᠰᠢ ᠤᠷ᠎ᠠ ᠲᠡᠮ ᠲᠠᠢ ᠨᠤᠭᠤᠯᠤᠭ᠎ᠠ ᠤᠷᠤᠭᠤᠯᠤᠭᠰᠠᠨ ᠭᠠᠵᠠᠷ ᠪᠠᠶᠢᠨ᠎ᠠ᠃ ᠡᠨᠡ ᠪᠤᠯ ᠲᠡᠭᠡᠷ᠎ᠡ ᠰᠠᠶ᠋ᠢᠬᠠᠨ ᠶᠠᠷᠢᠭᠰᠠᠨ ᠰᠢᠬ ᠠᠷᠠᠳ ᠤᠨ ᠲᠠᠭᠤᠤ ᠶᠢᠨ ᠲᠠᠶᠢᠰᠠᠨ ᠤᠷᠠᠯᠢᠭ ᠤᠷᠤᠭᠤ ᠰᠢᠯᠵᠢᠵᠤ ᠮᠡᠷᠭᠡᠵᠢᠯ ᠤᠨ ᠲᠠᠭᠤᠴᠢᠨ ᠢ ᠬᠦᠯᠢᠶᠡᠭᠰᠡᠨ ᠤ ᠲᠠᠷᠠᠭᠠᠬᠢ ᠵᠢᠭᠠᠬᠠᠨ ᠬᠤᠪᠢᠷᠠᠯᠲᠠ ᠪᠤᠯᠣᠨ᠎ᠠ᠃ ᠡᠨᠡᠬᠦ ᠵᠢᠭᠠᠬᠠᠨ ᠬᠤᠪᠢᠷᠠᠯᠲᠠ ᠨᠢ ᠦᠨᠡᠨ ᠳᠡᠭᠡᠨ ᠴᠢᠮᠡᠭᠯᠡᠯ ᠠᠴᠠ ᠡᠭᠦᠰᠦᠭᠰᠡᠨ ᠤᠷᠠᠯᠢᠭᠵᠢᠭᠤᠯᠤᠯᠳᠠ ᠪᠤᠯᠤᠨ᠎ᠠ᠃ ᠢᠡᠭᠭᠢᠵᠤ ᠴᠢᠮᠡᠭᠯᠡᠳᠡᠭ ᠤᠨ ᠵᠤᠷᠢᠯᠭ᠎ᠠ ᠨᠢ ᠲᠠᠷᠤᠢ ᠲᠠᠭᠤᠤ ᠪᠠᠨ ᠤᠷᠠᠯᠢᠭᠵᠢᠭᠤᠯᠬᠤ ᠶᠢᠨ ᠲᠦᠯᠦᠭᠡ ᠶᠤᠮ᠃ ᠭᠡᠶ᠎ᠡ ᠳᠠᠭᠤᠤ ᠪᠠᠨ ᠤᠷᠠᠯᠢᠭᠵᠢᠭᠤᠯᠬᠤ ᠭᠡᠳ ᠴᠢᠮᠡᠭᠯᠡᠯ ᠢ ᠬᠡᠳᠤ ᠬᠡᠷᠡᠭᠯᠡᠵᠤ ᠬᠠᠮᠢᠶ᠎ᠠ ᠨᠠᠮᠢᠶ᠎ᠠ ᠦᠭᠡᠢ ᠨᠤᠭᠤᠯᠤᠭ᠎ᠠ ᠤᠷᠤᠭᠤᠯᠤᠭᠠᠳ ᠪᠠᠶᠢᠪᠠᠯ ᠦᠪᠡᠷ ᠤᠨ ᠵᠤᠷᠢᠯᠭ᠎ᠠ ᠳᠠᠭᠠᠨ ᠬᠦᠷᠴᠦ ᠴᠢᠳᠠᠬᠤ ᠦᠭᠡᠢ ᠮᠦᠷᠲᠡᠭᠡᠨ ᠠᠷᠠᠳ ᠤᠨ ᠲᠠᠭᠤᠤ ᠶᠢᠨ ᠬᠠᠮᠤᠭ ᠠᠴᠠ ᠲᠤᠪᠤᠶᠢᠭᠰᠠᠨ ᠡᠰᠡ ᠨᠤᠭᠤᠯᠬᠤ ᠬᠡᠪᠰᠢᠭᠰᠡᠨ ᠤᠨᠴᠠᠯᠢᠭ ᠢ ᠡᠪᠳᠡᠵᠤ ᠬᠡᠳᠡᠷᠬᠦ ᠪᠠᠨ ᠰᠤᠨᠤᠰᠤᠭᠴᠢ ᠶᠢᠨ ᠢᠶᠠᠨ ᠡᠭᠳᠡᠬᠦᠤ ᠶᠢ ᠬᠦᠷᠭᠡᠵᠤ ᠮᠡᠳᠡᠨ᠎ᠡ᠃ ᠠᠷᠠᠳ ᠤᠨ ᠦᠭᠡᠨ ᠳᠤ ︽ᠦᠡᠭᠭᠡᠷᠡᠭᠰᠡᠨ ᠶᠠᠭᠤᠮ᠎ᠠ ᠤᠯᠠ ᠪᠤᠯᠵᠤ᠂ ᠦᠨᠦᠳᠦᠷ ᠤᠨ ᠶᠠᠭᠤᠮ᠎ᠠ ᠲᠤᠯᠢ ᠪᠤᠯᠤᠨ᠎ᠠ︾ ᠭᠡᠵᠤ ᠪᠠᠶᠢᠳᠠᠭ᠃ ᠡᠶᠢᠮᠦ ᠠᠴᠠ ᠪᠢᠳᠡ ᠤᠬᠤᠷ ᠠᠶᠠᠰᠤᠳᠤ ᠠᠷᠠᠳ ᠤᠨ ᠲᠠᠭᠤᠤ ︵ᠵᠤᠬᠢᠶᠠᠯ ᠪᠦᠲᠦᠭᠡᠯ ᠤᠨ ᠲᠠᠭᠤᠤ ᠪᠠᠰᠠ ᠪᠠᠶᠢᠵᠤ ᠪᠤᠯᠤᠨ᠎ᠠ︶ ᠶᠢ ᠲᠠᠭᠤᠯᠠᠬᠤ ᠳᠠᠭᠠᠨ ᠤᠷᠢᠳᠤ ᠶᠢᠨ ᠪᠠᠭᠰᠢᠨᠠᠷ ᠤᠨ ᠤᠯᠠᠮᠵᠢᠯᠠᠭᠰᠠᠨ ᠶᠤᠰᠤᠭᠠᠷ ᠶᠠᠭᠠᠬᠢᠵᠤ ᠴᠢᠮᠡᠭᠯᠡᠭᠰᠡᠨ ᠴᠤ ᠨᠤᠭᠤᠯᠤᠭ᠎ᠠ ᠤᠷᠤᠭᠤᠯᠬᠤ ᠦᠭᠡᠢ ᠪᠠᠷ ᠡᠰᠡᠭᠦᠯ᠎ᠡ ᠤᠷ᠎ᠠ ᠲᠡᠮ ᠲᠠᠢ ᠨᠤᠭᠤᠯᠤᠨ ᠳᠠᠭᠤᠯᠠᠵᠤ ᠦᠪᠡᠷ ᠢ ᠪᠠᠨ ᠦᠪᠡᠷ ᠢᠶᠠᠨ ᠲᠤᠯᠢᠳᠠᠵᠤ ᠪᠠᠶᠢᠪᠠᠰᠤ ᠵᠤᠬᠢᠯᠲᠠᠢ᠃ ᠤᠯᠠᠮᠵᠢᠯᠠᠯ ᠭᠡᠭᠴᠢ ᠡᠷᠳᠡᠨᠢ ᠶᠤᠮ᠃ ᠤᠳᠤᠮ ᠭᠡᠭᠴᠢ ᠦᠨᠳᠦᠰᠦ ᠶᠤᠮ᠃ ᠡᠶᠢᠮᠦ ᠠᠴᠠ ᠤᠯᠠᠮᠵᠢᠯᠠᠯ ᠢ ᠡᠪᠳᠡᠪᠡᠯ ᠦᠨᠳᠦᠰᠦ ᠲᠠᠰᠤᠷᠠᠨ᠎ᠠ ᠭᠡᠳᠡᠭ ᠡᠷᠲᠡᠨ ᠤ ᠰᠤᠷᠭᠠᠯ ᠦᠭᠡ ᠪᠠᠶᠢᠳᠠᠭ ᠡ᠃      ᠤᠶᠢᠷ᠎ᠠ ᠶᠢᠨ ᠵᠢᠯ ᠤᠳ ᠲᠤ ᠬᠢᠨᠭ᠍ᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠵᠠᠯᠠᠭᠤ ᠮᠡᠷᠭᠡᠵᠢᠯ ᠤᠨ ᠲᠠᠭᠤᠴᠢᠨ ᠤᠶᠤᠨᠳᠠᠯᠠᠢ ︽ᠵᠸᠡᠭᠶᠡᠷᠮ᠎ᠠ︾᠂ ︽ᠤᠤᠪᠠ ᠶᠢᠨ ᠬᠠᠨᠭ᠍ᠭᠠᠢ︾ ᠭᠡᠬᠦ ᠮᠡᠳᠦ ᠶᠢᠨ ᠳᠠᠭᠤᠤ ᠶᠢ ᠦᠪᠡᠷ ᠤᠨ ᠤᠶᠤᠨ ᠪᠢᠯᠢᠭ᠂ ᠤᠷ᠎ᠠ ᠠᠪᠢᠶᠠᠰ ᠢᠶᠠᠷ ᠠᠮᠢᠯᠠᠭᠤᠯᠤᠨ ᠲᠠᠭᠤᠯᠠᠭᠠᠳ ᠵᠡᠭᠦᠨ ᠤᠷᠤᠨ ᠤ ᠮᠤᠩᠭᠤᠯᠴᠤᠳ ᠤᠨ ᠢᠶᠠᠨ ᠬᠠᠯᠠᠭᠤᠨ ᠬᠦᠷᠢᠶᠡᠯᠡᠯ ᠢ ᠶᠡᠬᠡᠳᠡ ᠤᠯᠤᠭᠰᠠᠨ ᠶᠤᠮ᠃ ᠲᠡᠷᠡ ︽ᠵᠸᠡᠭᠶᠡᠷᠮ᠎ᠠ︾ ᠶᠢ ᠲᠠᠭᠤᠯᠠᠭᠰᠠᠨ ᠴᠤ ᠲᠡᠷᠡ᠂ ︽ᠤᠤᠪᠠ ᠶᠢᠨ ᠬᠠᠨᠭ᠍ᠭᠠᠢ︾ ᠶᠢ ᠲᠠᠭᠤᠯᠠᠭᠰᠠᠨ ᠴᠤ ᠲᠡᠷᠡ ᠮᠠᠰᠢ ᠤᠷᠠᠨ ᠭᠤᠶᠢᠳᠠ ᠴᠢᠮᠡᠭᠯᠡᠯ ᠢ ᠬᠡᠷᠡᠭᠯᠡᠵᠤ ᠲᠠᠭᠤᠤ ᠪᠠᠨ ᠤᠷᠠᠯᠢᠭᠵᠢᠭᠤᠯᠬᠤ ᠵᠤᠷᠢᠯᠭ᠎ᠠ ᠳᠠᠭᠠᠨ ᠬᠦᠷᠴᠦ ᠴᠢᠳᠠᠭᠰᠠᠨ ᠪᠠᠶᠢᠨ᠎ᠠ᠃ ᠲᠠᠷᠤᠢ ᠨᠤᠭᠤᠯᠤᠭ᠎ᠠ ᠶᠢ ᠬᠡᠷᠡᠭᠯᠡᠪᠡᠰᠤ ᠵᠤᠬᠢᠬᠤ ᠭᠠᠵᠠᠷ ᠨᠢ ᠲᠤᠩ ᠤᠷ᠎ᠠ ᠲᠡᠮ ᠲᠠᠢ ᠴᠦᠬᠡᠨ ᠬᠡᠷᠡᠭᠯᠡᠵᠤ᠂ ᠬᠤᠷᠴᠢᠨ ᠮᠠᠶ᠋ᠢᠭ ᠢᠶᠠᠷ ᠮᠠᠰᠢ ᠲᠤᠬᠢᠷᠠᠮᠵᠢᠲᠠᠢ ᠨᠤᠭᠤᠯᠵᠠᠢ᠃ ᠲᠡᠷᠡ ᠮᠦᠷᠳᠡᠭᠡᠨ ᠡᠷᠭᠦᠯᠲᠡ ᠡᠭᠡᠰᠢᠭ ᠲᠡᠭᠡᠷ᠎ᠡ ᠶᠡᠷᠤ ᠨᠤᠭᠤᠯᠤᠭ᠎ᠠ ᠦᠭᠡᠢ ᠶᠤᠮ᠃ ᠤᠳᠤᠬᠠᠨ ᠳᠤ ᠮᠠᠨ ᠤ ᠠᠯᠢ ᠨᠢᠭᠡ ᠲᠠᠭᠤᠴᠢᠨ ᠴᠤ ᠭᠡᠰᠡᠨ ᠶᠠᠮᠠᠷ ᠨᠢᠭᠡᠨ ᠰᠢᠨ᠎ᠡ ᠳᠠᠭᠤᠤ ᠭᠠᠷᠴᠤ ᠢᠷᠡᠭᠰᠡᠭᠡᠷ ᠯᠠ ᠦᠪᠡᠷ ᠤᠨ ᠬᠤᠭᠤᠯᠠᠢ ᠶᠢᠨ ᠨᠦᠭᠦᠴᠡᠯ ᠢᠶᠠᠨ ᠮᠡᠳᠡᠬᠦ ᠴᠤ ᠦᠭᠡᠢ ᠵᠠᠪᠠᠯ ᠲᠡᠭᠦᠨ ᠢ ᠦᠬᠦᠮᠡᠯ ᠢᠶᠠᠷ ᠲᠠᠭᠤᠷᠢᠶᠠᠵᠤ ᠲᠠᠭᠤᠯᠠᠬᠤ ᠭᠡᠳ ᠡᠷᠪᠡᠯᠵᠡᠳᠡᠭ᠃ ᠢᠯᠠᠩᠭᠤᠶ᠎ᠠ ᠲᠡᠭᠡᠷᠡᠬᠢ ᠬᠤᠶᠠᠷ ᠲᠠᠭᠤᠤ ᠶᠢ ᠲᠠᠭᠤᠷᠢᠶᠠᠵᠤ ᠲᠠᠭᠤᠯᠠᠬᠤ ᠭᠡᠳ ᠲᠠᠭᠤᠷᠢᠶᠠᠵᠤ ᠴᠢᠳᠠᠭᠰᠠᠨ ᠦᠭᠡᠢ ᠡᠰᠡᠬᠦᠯ᠎ᠡ ᠲᠡᠭᠦᠨ ᠠᠴᠠ ᠨᠡᠩ ᠰᠠᠶᠢᠨ᠂ ᠨᠡᠩ ᠬᠠᠪᠤᠯᠢᠭ ᠲᠠᠭᠤᠯᠠᠶ᠎ᠠ ᠭᠡᠰᠡᠨ ᠴᠤ ᠪᠢᠯᠢᠤ ᠪᠤᠤ ᠮᠡᠳᠡ ᠨᠤᠭᠤᠯᠤᠭ᠎ᠠ ᠶᠢ ᠨᠢ ᠨᠡᠮᠡᠭᠰᠡᠨ ᠲᠡᠭᠡᠷ᠎ᠡ ᠨᠢ ᠨᠡᠮᠡᠭᠰᠡᠭᠡᠷ ᠡᠷᠭᠦᠯᠲᠡ ᠡᠭᠡᠰᠢᠭ ᠂ ᠵᠦᠭᠡᠯᠡᠨ ᠡᠭᠡᠰᠢᠭ ᠭᠡᠵᠤ ᠬᠠᠮᠢᠶᠠᠷᠬᠤ ᠴᠤ ᠦᠭᠡᠢ᠂ ᠤᠨᠴᠠᠯᠢᠭ ᠰᠢᠨᠵᠢ ᠭᠡᠵᠤ ᠬᠠᠶᠢᠬᠤᠷᠬᠤ ᠴᠤ ᠦᠭᠡᠢ ᠨᠤᠭᠤᠯᠤᠭᠰᠠᠨ ᠲᠡᠭᠡᠷ᠎ᠡ ᠨᠢ ᠨᠤᠭᠤᠯᠵᠤ ᠲᠠᠭᠤᠯᠠᠬᠤ ᠦᠵᠡᠭᠳᠡᠯ ᠨᠡᠶᠢᠳᠡᠮ ᠤᠷᠤᠰᠢᠵᠤ ᠪᠤᠢ᠃ ᠤᠨᠴᠠᠭᠠᠶᠢᠯᠠᠨ ᠭᠠᠷ ᠤᠳᠠᠰᠤᠨ ᠤ ᠰᠢᠭᠤᠳ ᠨᠡᠪᠲᠡᠷᠡᠭᠦᠯᠭᠡ ᠭᠠᠷᠴᠤ ᠢᠷᠡᠭᠰᠡᠨ ᠠᠴᠠ ᠨᠠᠵᠠᠭᠠᠢ ᠬᠠᠵᠠᠭᠠᠢ ᠳᠠᠭᠤᠤ ᠤᠷᠠᠯᠢᠭ ᠤᠨ ᠬᠤᠤᠷ ᠨᠦᠯᠦᠭᠡ ᠨᠡᠶᠢᠭᠡᠮ ᠲᠡᠭᠡᠷ᠎ᠡ ᠨᠡᠩ ᠲᠦᠷᠭᠡᠨ ᠲᠠᠷᠬᠠᠬᠤ ᠪᠤᠯᠵᠠᠢ᠃ ᠵᠢᠱᠢᠶᠡᠯᠡᠪᠡᠯ᠂ ᠠᠷᠤ ᠬᠤᠷᠴᠢᠨ᠂ ᠲᠦᠰᠢᠶᠡᠳᠤ ᠬᠤᠰᠢᠭᠤ ᠪᠠᠷ ᠨᠤᠳᠤᠭ ᠲᠠᠢ ᠵᠠᠷᠢᠮ ᠠᠷᠠᠳ ᠤᠨ ᠲᠠᠭᠤᠴᠢᠳ ᠨᠡᠶᠢᠭᠡᠮ ᠳᠤ ᠬᠠᠨᠳᠤᠭᠰᠠᠨ᠂ ᠦᠪᠡᠷ ᠪᠡᠶ᠎ᠡ ᠳᠡᠭᠡᠨ ᠬᠠᠷᠢᠭᠤᠴᠠᠭᠰᠠᠨ ᠶᠠᠮᠠᠷ ᠴᠤ ᠦᠵᠡᠯ ᠤᠬᠠᠮᠰᠠᠷ᠂ ᠬᠡᠪ ᠴᠢᠨᠠᠷ ᠭᠡᠵᠤ ᠤᠭᠳᠤᠬᠠᠨ ᠴᠤ ᠦᠭᠡᠢ᠂ ᠤᠬᠤᠷ ᠠᠶᠠᠰᠤᠳᠤ ᠠᠷᠠᠳ ᠤᠨ ᠳᠠᠭᠤᠤ ︵ᠵᠤᠬᠢᠶᠠᠯ ᠪᠦᠲᠦᠭᠡᠯ ᠤᠨ ᠲᠠᠭᠤᠤ ᠪᠠᠭᠲᠠᠨ᠎ᠠ︶ ᠪᠦᠬᠦᠨ ᠳᠤ ᠰᠢᠭᠤᠳ ᠰᠠᠨᠠᠭᠠᠨ ᠲᠠᠪᠠ ᠪᠠᠷ ᠢᠶᠠᠨ ᠨᠤᠭᠤᠯᠤᠭ᠎ᠠ ᠤᠷᠤᠭᠤᠯᠵᠤ ᠠᠵᠢᠭ ᠴᠤ ᠦᠭᠡᠢ ᠲᠠᠭᠤᠯᠠᠵᠤ᠂ ᠦᠪᠡᠷ ᠢ ᠪᠠᠨ ᠪᠠᠰᠠ ᠤᠷᠳᠤ ᠶᠢᠨ ᠲᠠᠭᠤᠴᠢᠨ ᠭᠡᠵᠤ ᠰᠡᠩᠭᠡᠯᠵᠡᠳᠡᠭ᠃ ᠨᠠᠭᠠᠨ᠎ᠠ ᠠᠴᠠ ᠨᠢ ᠰᠤᠨᠤᠰᠤᠭᠰᠠᠨ ᠲᠤᠷ᠎ᠠ ᠪᠠᠭ᠋ᠠᠲᠠᠳ ᠨᠢ ᠲᠡᠭᠦᠨ ᠢᠶᠠᠨ ᠲᠠᠭᠤᠷᠢᠶᠠᠭᠠᠳ ᠰᠤᠯᠢᠶᠠᠷᠠᠨ᠎ᠠ᠃ ᠰᠤᠯᠢᠶ᠎ᠠ ᠡᠪᠡᠳᠴᠢᠲᠡᠨ ᠠᠴᠠ ᠭᠠᠯᠵᠠᠭᠤ ᠡᠪᠡᠳᠴᠢᠲᠡᠨ ᠲᠡᠯᠭᠡᠷᠡᠨ᠎ᠡ᠃ ᠢᠡᠭᠬᠢᠭᠰᠡᠭᠡᠷ ᠢᠡᠭᠭᠢᠭᠰᠡᠭᠡᠷ ᠤᠳᠤᠬᠠᠨ ᠳᠤ ᠤᠬᠤᠷ ᠠᠶᠠᠰᠤᠳᠤ ᠠᠷᠠᠳ ᠤᠨ ᠲᠠᠭᠤᠤ ᠨᠤᠭᠤᠳ ᠮᠢᠨᠢ ᠬᠠᠷᠠᠵᠤ ᠪᠠᠶᠢᠲᠠᠯ᠎ᠠ ᠤᠬᠤᠷ ᠲᠠᠭᠤᠤ ᠴᠤ ᠪᠢᠰᠢ ᠤᠷᠳᠤ ᠶᠢᠨ ᠲᠠᠭᠤᠤ ᠴᠤ ᠪᠢᠰᠢ ᠰᠠᠭᠠᠷᠮᠠᠭ ᠲᠠᠭᠤᠤ ᠪᠤᠯᠤᠨ ᠬᠠᠵᠠᠶᠢᠵᠤ ᠬᠤᠪᠢᠷᠠᠵᠤ ᠡᠬᠢᠯᠡᠵᠠᠢ᠃      ᠦᠨᠡᠨ ᠳᠡᠭᠡᠨ ᠨᠢᠭᠡ ᠬᠤᠶᠠᠷ ᠠᠷᠠᠳ ᠤᠨ ᠤᠷᠠᠯᠢᠭᠴᠢᠨ ᠪᠦᠬᠦ ᠨᠡᠶᠢᠭᠡᠮ ᠢ ᠨᠦᠯᠦᠭᠡᠯᠡᠵᠤ ᠲᠡᠶᠢᠯᠬᠦ ᠦᠭᠡᠢ ᠪᠠᠶᠢᠵᠤ ᠮᠡᠳᠡᠨ᠎ᠡ᠃ ᠭᠡᠶ᠎ᠡ ᠲᠦᠷᠦ ᠭᠦᠷᠦᠨ ᠬᠦᠭᠵᠢᠭᠡᠳ ᠲᠤᠤᠷ ᠰᠦᠯᠵᠢᠶ᠎ᠡ ᠶᠢᠨ ᠱᠠᠳᠤ ᠦᠶ᠎ᠡ ᠳᠤ ᠲᠠᠪᠰᠢᠨ ᠤᠷᠤᠭᠰᠠᠨ ᠰᠢᠨ᠎ᠡ ᠡᠷᠡᠨ ᠳᠤ ᠬᠡᠷᠬᠢᠨ ᠨᠦᠯᠦᠭᠡᠯᠡᠬᠦ ᠦᠭᠡᠢ ᠪᠠᠶᠢᠵᠤ ᠴᠢᠳᠠᠬᠤ ᠠᠵᠢ᠃ ᠡᠶᠢᠮᠦ ᠠᠴᠠ ᠠᠷᠠᠳ ᠤᠨ ᠲᠠᠭᠤᠤ ᠶᠢᠨ ᠤᠤᠭᠠᠯ ᠴᠢᠨᠠᠷ ᠡᠪᠳᠡᠭᠳᠡᠵᠤ ᠪᠠᠶᠢᠭ᠎ᠠ ᠡᠨᠡᠬᠦ ᠨᠡᠶᠢᠭᠡᠮ ᠤᠨ ᠴᠢᠨᠠᠷ ᠲᠠᠢ ᠦᠵᠡᠭᠳᠡᠯ ᠨᠢ ᠮᠠᠰᠢ ᠤᠯᠠᠨ ᠮᠤᠩᠭᠤᠯ ᠲᠠᠭᠤᠤ ᠤᠷᠠᠯᠢᠭ ᠢᠶᠠᠨ ᠬᠠᠶᠢᠷᠠᠯᠠᠵᠤ ᠬᠦᠭᠵᠢᠬᠦᠯᠬᠦ ᠶᠢᠨ ᠲᠦᠯᠦᠭᠡ ᠵᠢᠳᠭᠦᠨ ᠴᠠᠷᠮᠠᠶᠢᠵᠤ ᠶᠠᠪᠤᠭ᠎ᠠ ᠬᠠᠯᠠᠭᠤᠨ ᠰᠡᠳᠬᠢᠯᠳᠤ ᠬᠦᠮᠦᠰ ᠤᠨ ᠠᠩᠬᠠᠷᠤᠯ ᠳᠤ ᠬᠡᠳᠦ᠋ᠢᠨ ᠬᠦᠷᠲᠡᠭᠳᠡᠭᠰᠡᠨ ᠪᠠᠶᠢᠨ᠎ᠠ᠃ ᠭᠡᠶ᠎ᠡ ᠲᠡᠳᠡ ᠨᠠᠳᠠ ᠰᠢᠬ ᠵᠤᠬᠢᠶᠠᠯ ᠪᠢᠴᠢᠭᠡ ᠦᠭᠡᠢ ᠬᠠᠷᠢᠨ ᠤᠶᠡᠩᠭ᠎ᠠ ᠳᠠᠭᠤᠤ ᠪᠠᠷ ᠢᠶᠠᠨ ᠦᠭᠡ ᠬᠡᠯᠡᠵᠤ᠂ ᠤᠷᠠᠨ ᠬᠤᠭᠤᠯᠠᠢ ᠪᠠᠷ ᠢᠶᠠᠨ ᠰᠤᠷᠭᠠᠯ ᠵᠠᠬᠢᠵᠤ ᠪᠤᠢ᠃ ᠲᠡᠳᠡᠭᠡᠷ ᠬᠦᠮᠦᠰ ᠤᠨ ᠨᠢᠭᠡ ᠨᠢ ᠠᠯᠳᠠᠷᠳᠤ ᠤᠷᠳᠤ ᠶᠢᠨ ᠲᠠᠭᠤᠴᠢᠨ ᠨᠠᠷᠠᠨᠳᠤᠶᠠᠭ᠎ᠠ ᠪᠠᠭᠰᠢ ᠶᠤᠮ᠃ ᠨᠠᠷᠠᠨᠳᠤᠶᠠᠭ᠎ᠠ ᠪᠠᠭᠰᠢ ᠤᠬᠤᠷ ᠠᠶᠠᠰᠤᠳᠤ ᠠᠷᠠᠳ ᠤᠨ ᠲᠠᠭᠤᠤ ᠳᠤ ᠲᠤᠷ᠎ᠠ ᠲᠠᠪᠠ ᠪᠠᠷ ᠢᠶᠠᠨ ᠨᠤᠭᠤᠯᠤᠭ᠎ᠠ ᠤᠷᠤᠭᠤᠯᠵᠤ ᠦᠨᠳᠦᠰᠦᠲᠡᠨ ᠤ ᠰᠤᠶᠤᠯ ᠤᠷᠠᠯᠢᠭ ᠢᠶᠠᠨ ᠦᠯᠦ ᠬᠦᠨᠳᠦᠳᠭᠡᠳᠡᠭ ᠲᠠᠭᠤᠴᠢᠳ ᠨᠢᠭᠡᠪᠦᠷᠢ ᠶᠢ ︽ᠤᠤᠪᠠ ᠶᠢᠨ ᠬᠠᠨᠭ᠍ᠭᠠᠢ︾ ᠪᠠᠷ ᠬᠦᠴᠦᠲᠠᠢ ᠨᠢᠭᠡ ᠭᠤᠶᠠᠳᠠᠯ᠎ᠠ᠃ ᠤᠨᠠᠲᠠᠯ᠎ᠠ ᠨᠢᠭᠡ ᠰᠢᠭᠦᠮᠵᠢᠯᠡᠯ᠎ᠡ ᠰᠢᠤ᠃ ᠲᠧᠯᠸᠢᠰ ᠢᠶᠠᠨ ᠬᠠᠷᠠᠭᠠᠴᠢ᠂ ᠴᠢᠬᠢ ᠲᠠᠯᠪᠢᠨ ᠰᠤᠨᠤᠰᠤᠭᠠᠴᠢ ᠳᠠᠭᠤᠴᠢᠳ ᠮᠢᠨᠢ ᠡ︕ ᠮᠠᠨ ᠳᠤ ᠶᠠᠭᠤ ᠶᠢ ᠵᠠᠬᠢᠵᠤ ᠪᠠᠶᠢᠨ᠎ᠠ︖ ᠮᠠᠨ ᠳᠤ ᠶᠠᠭᠤ ᠶᠢ ᠰᠤᠷᠭᠠᠵᠤ ᠪᠠᠶᠢᠨ᠎ᠠ︖ ᠶᠡᠭᠡ ᠪᠠᠭᠰᠢᠲᠠᠨ ᠮᠢᠨᠢ ᠲᠤᠰ ᠲᠠᠭᠤᠤ ᠶᠢ ᠲᠠᠭᠤᠯᠠᠬᠤ ᠳᠠᠭᠠᠨ ᠶᠠᠮᠠᠷ ᠴᠤ ᠨᠤᠭᠤᠯᠤᠭ᠎ᠠ ᠬᠡᠷᠡᠭᠯᠡᠭᠰᠡᠨ ᠦᠭᠡᠢ ᠪᠢᠰᠢᠤ᠃ ᠡᠨᠡ ᠪᠤᠯ ᠨᠠᠷᠠᠨᠳᠤᠶᠠᠭ᠎ᠠ ᠪᠠᠭᠰᠢ ᠶᠢᠨ ᠮᠠᠨ ᠳᠤ ᠦᠵᠡᠭᠦᠯᠦᠭᠰᠡᠨ ᠬᠡᠪ ᠲᠦᠷᠢᠮ ᠶᠤᠮ᠃ ᠲᠡᠷᠡ ᠬᠡᠷᠪᠡ ᠲᠤᠰ ᠳᠠᠭᠤᠤ ᠳᠤ ᠨᠤᠭᠤᠯᠤᠭ᠎ᠠ ᠤᠷᠤᠭᠤᠯᠵᠤ ᠲᠠᠭᠤᠯᠠᠬᠤ ᠭᠡᠰᠡᠨ ᠶᠤᠮ ᠪᠤᠯ ᠶᠠᠭᠠᠬᠢᠬᠤᠪ ᠳ᠋ᠠ᠂ ᠮᠡᠷᠭᠡᠵᠢᠯ ᠤᠨ ᠤᠷᠳᠤ ᠶᠢᠨ ᠲᠠᠭᠤᠴᠢᠨ ᠶᠤᠮ ᠴᠢᠨᠢ ᠤᠷᠤᠭᠤᠯᠬᠤ ᠯᠠ ᠪᠠᠶᠢᠯᠬᠦᠢ᠃ ᠭᠡᠪᠡᠴᠤ ᠪᠠᠭᠰᠢᠲᠠᠨ ᠭᠤᠸᠠᠢ ᠶᠠᠭ ᠲᠡᠭᠡᠵᠤ ᠬᠢᠭᠡ ᠦᠭᠡᠢ ᠰᠢᠤ ᠳ᠋ᠠ᠃ ᠡᠬᠦᠨ ᠠᠴᠠ ᠪᠢᠳᠡ ᠨᠢᠭᠡ ᠳᠠᠭᠤᠤ ᠶᠢ ᠲᠦᠮᠡᠨ ᠠᠷᠠᠳ ᠤᠨ ᠢᠶᠠᠨ ᠵᠡᠭᠦᠳᠦᠨ ᠳᠤᠨᠢ ᠬᠤᠨᠤᠭᠰᠢᠭᠤᠯᠵᠤ᠂ ᠵᠢᠷᠦᠬᠡᠨ ᠳᠤᠨᠢ ᠬᠠᠳᠠᠩᠰᠢᠲᠠᠯ᠎ᠠ ᠠᠮᠢᠯᠠᠭᠤᠯᠤᠨ ᠲᠠᠭᠤᠯᠠᠬᠤ ᠳᠤ ᠲᠠᠭᠤᠴᠢᠨ ᠠᠴᠠ ᠳᠠᠭᠤᠤ ᠪᠠᠨ ᠵᠦᠪᠬᠡᠨ ᠪᠤᠰᠤᠳ ᠢ ᠲᠠᠭᠤᠷᠢᠶᠠᠵᠤ ᠳᠠᠭᠤ ᠬᠤᠭᠤᠯᠠᠢ ᠪᠠᠷ ᠢᠶᠠᠨ ᠦᠡᠭᠭᠡᠪᠴᠢᠯᠡᠨ ᠤᠷᠠᠯᠠᠬᠤ ᠪᠢᠰᠢ᠃ ᠬᠠᠷᠢᠨ ᠦᠪᠡᠷ ᠤᠨ ᠤᠷᠠᠯᠢᠭ ᠤᠨ ᠤᠷ᠎ᠠ ᠠᠪᠢᠶᠠᠰ ᠢᠶᠠᠷ ᠢᠶᠠᠨ ᠤᠡᠭᠭᠤᠳᠯᠠᠵᠤ᠂ ᠤᠬᠠᠭᠠᠨ ᠪᠢᠯᠢᠭ ᠢᠶᠠᠷ ᠢᠶᠠᠨ ᠮᠡᠳᠡᠷᠡᠵᠤ᠂ ᠤᠡᠭᠭᠤᠨ ᠰᠢᠲᠦᠭᠡᠨ ᠢᠶᠠᠷ ᠢᠶᠠᠨ ᠰᠢᠪᠰᠢᠨ ᠳᠠᠭᠤᠯᠠᠳᠠᠭ ᠭᠡᠳᠡᠭ ᠨᠢᠭᠡᠨ ᠶᠤᠰᠤ ᠶᠢ ᠤᠶᠢᠯᠠᠭᠠᠵᠤ ᠪᠡᠶᠡᠴᠢᠯᠡᠵᠤ ᠶᠠᠪᠤᠬᠤ ᠬᠡᠷᠡᠭᠲᠠᠢ᠃ ᠡᠶᠢᠮᠦ ᠠᠴᠠ ᠪᠠᠭᠰᠢᠲᠠᠨ ᠤ ᠪᠠᠨ ᠤᠶᠠᠩᠭ᠎ᠠ ᠲᠠᠭᠤᠤ᠂ ᠤᠷᠠᠨ ᠬᠤᠭᠤᠯᠠᠢ ᠪᠠᠷ ᠢᠶᠠᠨ ᠵᠠᠬᠢᠭᠰᠠᠨ ᠡᠨᠡᠬᠦ ᠲᠦᠪ ᠴᠢᠬᠢᠮᠠᠢ ᠰᠤᠷᠭᠠᠯ ᠢ ᠪᠢᠳᠡ ᠪᠠᠳᠤ ᠴᠡᠭᠡᠵᠢᠯᠡᠵᠤ᠂ ᠪᠠᠭ᠋ᠠᠷᠬᠠᠨ ᠰᠤᠷᠲᠠᠯᠴᠢᠯᠠᠵᠤ᠂ ᠤᠬᠤᠷ ᠠᠶᠠᠰᠤᠳᠤ ᠠᠷᠠᠳ ᠤᠨ ᠲᠠᠭᠤᠤ ᠳᠤ ᠪᠢᠳᠡᠭᠡᠢ ᠲᠤᠷ᠎ᠠ ᠪᠠᠷ ᠢᠶᠠᠨ ᠨᠤᠭᠤᠯᠤᠭ᠎ᠠ ᠤᠷᠤᠭᠤᠯᠵᠤ ᠲᠠᠭᠤᠯᠠᠶ᠎ᠠ᠃ ᠠᠷᠠᠳ ᠤᠨ ᠲᠠᠭᠤᠤ ᠪᠠᠨ ᠬᠠᠶᠢᠷᠠᠯᠠᠨ ᠬᠠᠮᠠᠭᠠᠯᠠᠵᠤ ᠶᠠᠪᠤᠵᠠᠭᠠᠶ᠎ᠠ︕
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号