| | | | | | ᠮᠤᠩᠭᠤᠯ ᠤᠯᠤᠰ ᠤᠨ ᠰᠠᠯᠠᠩᠭᠡ ᠭᠦᠳᠡᠷᠢ ᠰᠤᠮᠤ ᠶᠢᠨ ᠨᠤᠳᠤᠭ ᠲᠤ ᠤᠷᠤᠰᠢᠬᠤ ᠳᠡᠯᠡᠭᠡᠢ ᠳᠤ ᠬᠤᠪᠤᠷᠬᠠᠨ | ᠳᠤᠭᠳᠠᠴᠠ ᠲᠠᠢ ᠬᠠᠳᠠ ᠪᠠᠶᠢᠳᠠᠭ ᠨᠢ ︽ᠰᠤᠷᠢᠨᠵᠢᠨ︾ ᠶᠤᠮ᠃ ᠤᠬ ᠬᠠᠳᠠ ᠶᠢ ᠡᠷᠳᠡ ᠦᠶ᠎ᠡ ᠠᠴᠠ ᠰᠢᠳᠤᠨ | ᠪᠢᠰᠢᠷᠡᠵᠤ ᠢᠷᠡᠭᠰᠡᠨ ᠳᠡᠳᠤᠢ ᠦᠭᠡᠢ ᠤᠯᠠᠮᠵᠢᠯᠠᠯᠳᠤ ᠠᠨᠠᠭᠠᠬᠤ ᠤᠬᠠᠭᠠᠨ ᠳᠤ ᠴᠤ ᠭᠡᠷᠡᠭᠯᠡᠭᠰᠡᠭᠡᠷ ᠢᠷᠡᠵᠡᠢ᠃ | ᠨᠤᠳᠤᠭ ᠤᠨ ᠠᠷᠠᠳ ᠤᠳ ᠰᠤᠷᠢᠨᠵᠢᠨ ᠬᠠᠳᠠᠠ ᠳᠤ ᠢᠷᠡᠵᠤ ᠦᠶ᠎ᠡ ᠮᠦᠴᠢ᠂ ᠭᠠᠷ ᠭᠦᠯ᠂ ᠨᠢᠷᠤᠭᠤ ᠪᠦᠭᠡᠷᠡᠨ ᠤ | ᠡᠪᠡᠳᠴᠢᠨ ᠢᠶᠠᠨ ᠵᠠᠰᠠᠳᠠᠭ ᠪᠠᠶᠢᠨ᠎ᠡ᠃ ᠴᠢᠰᠤ ᠬᠠᠷᠪᠤᠭᠰᠠᠨ ᠭᠦᠮᠤᠨ ᠭᠦᠷᠳᠡᠯ᠎ᠡ ᠡᠮᠴᠢᠯᠡᠭᠡ ᠵᠠᠰᠠᠯ ᠠᠪᠳᠠᠭ ᠠᠵᠢ᠃ | ᠬᠠᠷᠢᠨ ᠬᠦᠮᠦᠰ ᠡᠪᠡᠳᠴᠢᠨ ᠢᠶᠠᠨ ᠠᠨᠠᠭᠠᠬᠤ ᠶᠢᠨ ᠳᠤᠯᠠᠳᠠ ᠰᠤᠷᠢᠨᠵᠢᠨ ᠬᠠᠳᠠᠠ ᠳᠡᠭᠡᠷ᠎ᠡ ᠭᠡᠪᠳᠡᠭᠦ᠂ ᠰᠠᠭᠤᠬᠤ | ᠂ ᠤᠶᠢᠢᠷᠡ ᠤᠷᠴᠢᠮ ᠤᠨ ᠰᠢᠷᠤᠢ ᠪᠠᠷ ᠪᠠᠶ᠎ᠡ ᠪᠠᠨ ᠪᠤᠯᠠᠬᠤ᠂ ᠬᠠᠵᠠᠭᠤ ᠳᠤᠨᠢ ᠤᠷᠤᠰᠬᠤ ᠳᠡᠮᠤᠷᠳᠠᠢ ᠶᠢᠨ | ᠭᠤᠤᠯ ᠠᠴᠠ ᠤᠮᠳᠠᠭᠠᠯᠠᠬᠤ ᠵᠡᠷᠭᠡ ᠪᠠᠷ ᠦᠪᠠᠷᠰᠠᠳ ᠢ ᠪᠠᠨ ᠡᠮᠴᠢᠯᠡᠳᠡᠭ ᠪᠠᠶᠢᠨ᠎ᠡ᠃ ᠡᠨᠡᠭᠦ ᠬᠠᠳᠠ ᠪᠤᠰᠤᠳ | ᠬᠠᠳᠠ ᠲᠠᠢ ᠠᠳᠠᠯᠢ ᠡᠩ ᠤᠨ ᠬᠠᠷᠠᠭᠳᠠᠳᠠᠭ ᠴᠤ ᠳᠡᠷᠭᠡᠳᠡ ᠨᠢ ᠤᠴᠢᠭᠠᠳ ᠶᠠᠮᠠᠷ ᠨᠢᠭᠡᠨ ᠳᠡᠮᠤᠷ ᠤᠨ ᠵᠦᠢᠯ | ᠭᠦᠷᠭᠡᠭᠦ ᠳᠤ ᠰᠤᠷᠢᠨᠵᠢᠳᠠᠨ ᠨᠠᠭᠠᠯᠳᠤᠳᠠᠭ ᠭᠡᠨ᠎ᠠ᠃ ᠬᠠᠮᠤᠭ ᠤᠨ ᠰᠤᠨᠢᠷᠬᠠᠯᠳᠠᠢ ᠨᠢ ᠴᠠᠭ ᠵᠡᠭᠦᠭᠰᠡᠨ ᠭᠦᠮᠤᠨ | ᠤᠴᠢᠪᠠᠯ ᠴᠠᠭ ᠨᠢ ᠵᠤᠭᠰᠤᠳᠠᠭ ᠠᠵᠢ᠃ | ᠰᠠᠭᠦᠯ ᠤᠨ ᠦᠶ᠎ᠡ ᠳᠤ ᠰᠤᠷᠢᠨᠵᠢᠨ ᠬᠠᠳᠠ ᠤᠯᠠᠨ ᠤ ᠠᠩᠬᠠᠷᠤᠯ ᠤᠨ ᠳᠦᠪ ᠲᠤ ᠪᠠᠶᠢᠭ᠎ᠠ ᠳᠡᠮᠤᠷᠳᠠᠢ ᠶᠢᠨ | ᠭᠤᠤᠯ ᠴᠦᠮ᠎ᠡ ᠭᠡᠰᠡᠭ ᠲᠤ ᠪᠠᠶᠢᠷᠢᠯᠠᠳᠠᠭ ᠳᠤᠯᠠ ᠴᠢᠨᠠᠬᠰᠢᠳᠠ ᠤᠯᠪᠤᠷᠢᠯᠠᠯᠳᠠ︖ ᠬᠢᠭᠳᠡᠪᠡᠯ ᠰᠦᠢᠳᠭᠡᠭᠳᠡᠨ | ᠤᠰᠠᠳᠬᠤ ᠠᠶᠤᠯ ᠳᠤ ᠳᠤᠯᠤᠭᠠᠳ ᠪᠠᠶᠢᠭ᠎ᠠ᠃ ᠳᠡᠯᠡᠭᠡᠢ ᠳᠤ ᠳᠤᠩ ᠬᠤᠪᠤᠷᠬᠠᠨ ᠪᠠᠶᠢᠳᠠᠭ ᠰᠤᠷᠢᠨᠵᠢᠨ ᠤᠷᠤᠨ | ᠭᠦᠴᠢᠳᠠᠢ ᠡᠭᠦᠰᠭᠡᠭᠦ ᠴᠢᠳᠠᠯ ᠲᠠᠢ ᠪᠠᠶᠢᠭᠠᠯᠢ ᠶᠢᠨ ᠬᠠᠳᠠ ᠮᠤᠩᠭᠤᠯ ᠤᠷᠤᠨ ᠤ ᠮᠠᠨᠢ ᠨᠢᠭᠡᠨ ᠪᠠᠭ᠋ᠠᠷᠬᠠᠯ ᠶᠤᠮ᠃ | |