| | | | | ᠬᠦᠷᠢᠶ᠎ᠡ ᠬᠤᠰᠢᠭᠤ ᠪᠤᠯ ᠮᠤᠩᠭᠤᠯ ᠦᠨᠳᠦᠰᠦᠳᠡᠨ ᠤ ᠨᠢᠭᠡᠳᠦᠭᠡᠷ ᠪᠦᠵᠢᠭ ︽ᠠᠨᠳᠠᠢ︾ ᠶᠢᠨ | ᠡᠭᠦᠰᠦᠯᠳᠡ ᠶᠢᠨ ᠭᠠᠵᠠᠷ᠂ ᠠᠯᠢ ᠡᠷᠳᠡ 1996 ᠤᠨ ᠳᠤ ᠲᠦᠷᠦ ᠶᠢᠨ ᠰᠤᠶᠤᠯ ᠤᠨ ᠭᠡᠯᠳᠡᠰ ᠠᠴᠠ ᠲᠤᠰ | ᠬᠤᠰᠢᠭᠤ ᠶᠢ ︽ᠲᠤᠮᠳᠠᠳᠤ ᠤᠯᠤᠰ ᠤᠨ ᠠᠨᠳᠠᠢ ᠤᠷᠠᠯᠢᠭ ᠤᠨ ᠨᠤᠳᠤᠭ︾ ᠭᠡᠵᠤ ᠨᠡᠷᠡᠶᠢᠳᠦᠭᠰᠡᠨ ᠶᠤᠮ᠃ 2006 | ᠤᠨ ᠳᠤ ︽ᠮᠤᠩᠭᠤᠯ ᠦᠨᠳᠦᠰᠦᠳᠡᠨ ᠤ ᠠᠨᠳᠠᠢ ᠪᠦᠵᠢᠭ︾ ᠨᠢ ᠤᠯᠤᠰ ᠤᠨ ᠲᠦᠷᠦᠭᠦᠤ ᠪᠦᠯᠦᠭ ᠤᠨ ᠪᠤᠳᠠᠰ ᠤᠨ | ᠪᠤᠰᠤ ᠰᠤᠶᠤᠯ ᠤᠨ ᠦᠪ ᠤᠨ ᠠᠯᠳᠠᠷᠳᠠᠨ ᠤ ᠴᠠᠳᠢᠭ ᠲᠤ ᠲᠤᠳᠤᠷᠠᠭᠰᠠᠨ ᠶᠤᠮ᠃ ᠬᠦᠷᠢᠶ᠎ᠠ ᠬᠤᠰᠢᠭᠤᠨ ᠤ ᠠᠨᠳᠠᠢ | ᠰᠤᠶᠤᠯ ᠤᠨ ᠬᠠᠮᠤᠭ ᠤᠨ ᠲᠦᠪᠯᠡᠷᠡᠭᠰᠡᠨ ᠢᠯᠡᠷᠡᠯ ᠪᠤᠯᠬᠤ ᠠᠨᠳᠠᠢ ᠮᠦᠽᠸᠢ ᠨᠢ ᠬᠦᠷᠢᠶ᠎ᠠ ᠬᠤᠰᠢᠭᠤᠨ ᠳᠤ | ᠵᠤᠭᠠᠴᠠᠬᠤ ᠪᠠᠷ ᠤᠴᠢᠭᠰᠠᠳ ᠤᠨ ᠵᠠᠪᠠᠯ ᠬᠦᠷᠭᠦ ᠭᠠᠵᠠᠷ ᠤᠨ ᠨᠢᠭᠡ ᠪᠤᠯᠤᠭᠰᠠᠨ ᠪᠠᠶᠢᠨ᠎ᠠ᠃ | ᠬᠦᠷᠢᠶ᠎ᠠ ᠬᠤᠰᠢᠭᠤᠨ ᠤ ᠠᠨᠳᠠᠢ ᠮᠦᠽᠸᠢ ᠨᠢ ᠬᠤᠰᠢᠭᠤᠨ ᠤ ᠪᠠᠨ ᠰᠢᠨ᠎ᠠ ᠬᠤᠳᠠ ᠲᠤᠭᠤᠷᠢᠭ ᠤᠨ ᠠᠮᠢ | ᠠᠬᠤᠢ ᠶᠢᠨ ᠴᠡᠴᠡᠷᠯᠢᠭ ᠤᠨ ᠬᠤᠶᠢᠳᠤ ᠲᠠᠯ᠎ᠠ ᠳᠤ ᠪᠠᠶᠢᠷᠢᠯᠠᠵᠤ᠂ 1 ᠲᠦᠮᠡᠨ ᠺᠦᠸᠠᠳ᠋ ᠮᠧᠳ᠋ᠷ ᠤᠨ ᠲᠠᠯᠠᠪᠠᠢ ᠲᠠᠢ᠂ | ᠪᠠᠷᠢᠯᠭ᠎ᠠ ᠶᠢᠨ ᠲᠠᠯᠠᠪᠠᠢ ᠨᠢ 1.2 ᠲᠦᠮᠡᠨ ᠺᠤᠸᠠᠳ᠋ ᠮᠧᠲᠷ ᠪᠠᠶᠢᠵᠤ᠂ ᠨᠤᠮ ᠤᠨ ᠰᠠᠩ ᠪᠠ ᠮᠦᠽᠸᠢ ᠬᠤᠶᠠᠷ | ᠭᠡᠰᠡᠭ ᠢᠶᠠᠷ ᠪᠦᠷᠢᠯᠳᠦᠭᠰᠡᠨ ᠶᠤᠮ᠃ ᠡᠬᠦᠨ ᠳᠤ ᠠᠨᠳᠠᠢ ᠮᠦᠽᠸᠢ ᠶᠢᠨ ᠲᠠᠯᠠᠪᠠᠢ ᠨᠢ 8500 ᠺᠤᠸᠠᠳ᠋ ᠮᠧᠲᠷ | ᠪᠠᠶᠢᠵᠤ᠂ ᠠᠨᠳᠠᠢ ᠤᠷᠠᠯᠢᠭ ᠤᠨ ᠦᠵᠡᠬᠦᠯᠦᠯᠭᠡ ᠶᠢᠨ ᠲᠢᠩᠬᠢᠮ᠂ ᠲᠡᠤᠬᠡ ᠶᠢᠨ ᠲᠤᠷᠠᠰᠬᠠᠯᠳᠤ ᠵᠦᠢᠯ ᠤᠨ | ᠲᠡᠯᠭᠡᠨᠦᠵᠡᠭᠦᠯᠬᠦ ᠲᠢᠩᠬᠢᠮ᠂ ᠦᠨᠳᠦᠰᠦᠳᠡᠨ ᠤ ᠰᠤᠶᠤᠯ ᠤᠨ ᠦᠵᠡᠭᠦᠯᠦᠯᠭᠡ ᠶᠢᠨ ᠲᠢᠩᠬᠢᠮ᠂ ᠱᠠᠰᠢᠨ ᠰᠤᠷᠳᠠᠬᠤᠨ | ᠰᠤᠶᠤᠯ ᠤᠨ ᠦᠵᠡᠭᠦᠯᠦᠯᠭᠡ ᠶᠢᠨ ᠲᠢᠩᠬᠢᠮ᠂ ᠲᠤᠭᠠᠴᠢᠯᠠᠭᠰᠠᠨ ᠬᠦᠷᠢᠶ᠎ᠠ ᠶᠢᠨ ᠦᠵᠡᠬᠦᠯᠦᠯᠭᠡ ᠶᠢᠨ ᠲᠢᠩᠬᠢᠮ ᠪᠠ | ᠢᠯᠵᠠᠷᠠᠯ ᠢ ᠡᠰᠡᠷᠭᠦᠴᠡᠵᠤ ᠠᠷᠢᠭᠤᠨ ᠴᠢᠭᠡᠴᠢ ᠶᠢ ᠰᠤᠷᠳᠠᠯᠴᠢᠯᠠᠬᠤ ᠶᠢ ᠰᠡᠷᠡᠮᠵᠢᠯᠡᠬᠦᠯᠦᠨ ᠰᠤᠷᠭᠠᠨ ᠬᠦᠮᠦᠵᠢᠬᠦᠯᠬᠦ | ᠦᠵᠡᠭᠦᠯᠦᠯᠭᠡ ᠶᠢᠨ ᠲᠢᠩᠬᠢᠮ ᠵᠡᠷᠭᠡ ᠪᠠᠷ ᠨᠢᠭᠡ ᠴᠤᠭᠴᠠ ᠪᠤᠯᠭᠠᠭᠰᠠᠨ ᠤᠯᠠᠨ ᠴᠢᠳᠠᠮᠵᠢᠳᠤ ᠮᠦᠽᠸᠢ ᠮᠦᠨ᠂ | ᠮᠦᠨᠴᠤ ᠪᠦᠬᠦ ᠤᠯᠤᠰ ᠤᠨ ᠬᠡᠪᠴᠢᠶᠡᠨ ᠳᠤ ᠴᠤᠷ ᠤᠨ ᠭᠠᠭᠴᠠ ᠠᠨᠳᠠᠢ ᠰᠤᠶᠤᠯ ᠤᠷᠠᠯᠢᠭ ᠢᠶᠠᠷ ᠭᠤᠤᠯ ᠰᠡᠳᠦᠪ | ᠪᠤᠯᠭᠠᠭᠰᠠᠨ ᠮᠦᠽᠸᠢ ᠪᠤᠯᠤᠨ᠎ᠠ᠃ ᠤᠳᠤᠬᠠᠨ ᠳᠤ᠂ ᠲᠡᠤᠭᠡ ᠶᠢᠨ ᠲᠤᠷᠠᠰᠬᠠᠯᠳᠤ ᠵᠦᠢᠯ᠂ ᠠᠨᠳᠠᠢ ᠰᠤᠶᠤᠯ | ᠤᠷᠠᠯᠢᠭ ᠤᠨ ᠬᠠᠮᠢᠶ᠎ᠠ ᠪᠦᠬᠦᠢ ᠡᠳ᠋ᠯᠡᠯ ᠭᠡᠷᠡᠭᠰᠡᠯ ᠪᠠ ᠬᠡᠷᠡᠯ ᠵᠢᠷᠤᠭ ᠤᠨ ᠵᠦᠢᠯ ᠪᠠᠷᠤᠭ 1500 ᠭᠠᠷᠤᠢ ᠪᠤᠢ᠃ | ᠠᠨᠳᠠᠢ ᠮᠦᠽᠸᠢ ᠶᠢᠨ ᠶᠡᠭᠡ ᠡᠭᠦᠳᠡ ᠪᠠᠷ ᠲᠤᠳᠤᠭᠰᠢ ᠤᠷᠤᠪᠠᠯ᠂ ᠠᠨᠳᠠᠢ ᠶᠢᠨ ᠰᠤᠶᠤᠯ ᠲᠡᠤᠭᠡ ᠶᠢᠨ | ᠦᠵᠡᠭᠦᠯᠦᠯᠭᠡ ᠶᠢᠨ ᠲᠢᠩᠬᠢᠮ ᠪᠠᠶᠢᠳᠠᠭ᠂ ᠬᠠᠮᠤᠭ ᠤᠨ ᠲᠦᠷᠦᠭᠦᠨ ᠳᠤ ᠠᠨᠳᠠᠢ ᠪᠦᠵᠢᠭ ᠤᠨ ᠢᠷᠡᠯᠳᠡ ᠶᠢ | ᠬᠠᠷᠠᠭᠤᠯᠤᠭᠰᠠᠨ ᠬᠠᠨ᠎ᠠ ᠶᠢᠨ ᠵᠢᠷᠤᠭ ᠬᠠᠷᠠᠭᠠᠨ ᠳᠤ ᠴᠢᠨᠢ ᠲᠤᠳᠤᠷᠠᠬᠤ ᠪᠤᠯᠤᠨ᠎ᠠ᠃ ᠪᠠᠰᠠ ᠤᠯᠠᠮᠵᠢᠯᠠᠯᠳᠤ ᠠᠨᠳᠠᠢ | ᠪᠦᠵᠢᠭ ᠤᠨ ᠭᠦᠳᠡᠯᠦᠯ ᠲᠦᠷᠰᠦ ᠶᠢᠨ ᠲᠠᠶᠢᠯᠪᠤᠷᠢ ᠵᠢᠷᠤᠭ ᠪᠠ ᠰᠢᠨ᠎ᠠ ᠠᠨᠳᠠᠢ ᠪᠦᠵᠢᠭ ᠤᠨ ᠭᠦᠳᠡᠯᠦᠯ | ᠲᠦᠷᠰᠦ ᠶᠢᠨ ᠲᠠᠶᠢᠯᠪᠤᠷᠢ ᠵᠢᠷᠤᠭ ᠡᠯᠭᠦᠭᠳᠡᠵᠤ ᠬᠦᠮᠦᠰ ᠤᠨ ᠠᠩᠬᠠᠷᠤᠯ ᠢ ᠦᠪᠡᠷ ᠤᠨ ᠡᠷᠭᠡ ᠦᠭᠡᠢ ᠲᠠᠳᠠᠵᠤ | ᠪᠠᠶᠢᠳᠠᠭ᠃ | ᠠᠨᠳᠠᠢ ᠶᠢᠨ ᠢᠷᠡᠯᠳᠡ ᠨᠢ ᠨᠢᠭᠡᠨ ᠲᠤᠮᠤᠭ ᠦᠯᠢᠭᠡᠷ ᠲᠠᠢ ᠪᠢᠯᠡ᠃ ᠡᠷᠳᠡ ᠤᠷᠢᠳᠤ ᠴᠠᠭ ᠳᠤ᠂ ᠬᠤᠷᠴᠢᠨ ᠤ | ᠲᠠᠯ᠎ᠠ ᠨᠤᠳᠤᠭ ᠲᠤ ᠠᠪᠤ ᠦᠬᠢᠨ ᠬᠤᠶᠠᠭᠤᠯᠠ ᠬᠤᠪᠢ ᠵᠠᠶᠠᠭ᠎ᠠ ᠪᠠᠨ ᠬᠤᠯᠪᠤᠨ ᠠᠮᠢᠳᠤᠷᠠᠵᠤ ᠪᠠᠶᠢᠵᠠᠢ᠃ ᠭᠡᠨᠡᠳᠳᠡ | ᠬᠡᠤᠬᠡᠨ ᠨᠢ ᠨᠢᠭᠡ ᠵᠦᠢᠯ ᠤᠨ ᠰᠤᠨᠢᠨ ᠡᠪᠡᠳᠴᠢᠨ ᠳᠤ ᠤᠨᠤᠭᠳᠠᠵᠤ᠂ ᠤᠶᠤᠨ ᠪᠢᠯᠢᠭ ᠨᠢ ᠡᠭᠡᠳᠡᠷᠡᠵᠤ᠂ ᠬᠦᠳᠡᠯᠦᠯ | ᠪᠠᠷᠢᠯ ᠨᠢ ᠬᠡᠪ ᠢᠶᠠᠨ ᠠᠯᠳᠠᠨ᠂ ᠡᠮᠴᠢ ᠲᠤᠮᠴᠢ ᠬᠡᠴᠢᠨᠡᠨ ᠵᠠᠰᠠᠭᠰᠠᠨ ᠴᠤ ᠰᠠᠶᠢᠨ ᠪᠤᠯᠤᠭᠰᠠᠨ ᠦᠭᠡᠢ ᠭᠡᠨ᠎ᠠ᠃ | ᠬᠦᠭᠰᠢᠨ ᠠᠪᠤ ᠨᠢ ᠦᠭᠡᠷ ᠲᠡᠷᠭᠡ ᠪᠠᠨ ᠬᠦᠯᠦᠵᠤ᠂ ᠬᠡᠤᠬᠡᠨ ᠢᠶᠠᠨ ᠰᠠᠭᠤᠯᠭᠠᠨ᠂ ᠬᠤᠯᠠ ᠭᠠᠷᠴᠤ ᠡᠮᠴᠢ ᠡᠷᠢᠬᠦ ᠪᠠᠷ | ᠬᠦᠳᠡᠯᠦᠯᠠ᠃ ᠭᠡᠪᠡᠴᠤ ᠵᠠᠮ ᠤᠨ ᠲᠤᠮᠳᠠ ᠪᠠᠨ ᠲᠡᠷᠭᠡᠨ ᠪᠤᠯᠤ ᠨᠢ ᠡᠪᠳᠡᠷᠡᠭᠰᠡᠨ ᠠᠴᠠ ᠪᠤᠯᠵᠤ᠂ ᠶᠠᠪᠤᠵᠤ ᠲᠡᠶᠢᠯᠬᠦ | ᠦᠭᠡᠢ ᠪᠤᠯᠤᠭᠰᠠᠨ ᠪᠦᠭᠡᠳ ᠬᠡᠤᠬᠡᠨ ᠤ ᠬᠢᠨᠢ ᠡᠪᠡᠳᠴᠢᠨ ᠨᠢ ᠨᠡᠩ ᠭᠦᠨᠳᠦᠷᠡᠵᠤ᠂ ᠠᠮᠢ ᠬᠤᠷᠢᠶᠠᠬᠤ ᠰᠢᠬᠠᠯ᠎ᠠ᠃ | ᠬᠦᠭᠰᠢᠨ ᠠᠪᠤ ᠨᠢ ᠰᠠᠨᠳᠤᠷᠬᠤ ᠳᠠᠭᠠᠨ᠂ ᠲᠡᠷᠭᠡ ᠪᠠᠨ ᠲᠤᠭᠤᠷᠢᠨ ᠬᠦᠶᠦᠵᠤ᠂ ᠡᠮᠭᠡᠨᠢᠯ ᠤᠨ ᠰᠡᠳᠬᠢᠯ ᠢᠶᠠᠨ | ᠲᠠᠭᠤᠤ ᠪᠠᠷ ᠢᠯᠡᠳᠭᠡᠪᠡ᠃ ᠲᠡᠬᠦᠨ ᠤ ᠲᠠᠭᠤᠤ ᠲᠠᠭᠤᠯᠠᠬᠤ ᠶᠢ ᠰᠤᠨᠤᠰᠤᠭᠰᠠᠨ ᠤᠶᠢᠢᠷ᠎ᠠ ᠤᠷᠴᠢᠮ ᠤᠨ ᠠᠷᠠᠳ | ᠬᠦ᠋ᠷᠦᠯᠴᠡᠨ ᠢᠷᠡᠵᠤ᠂ ᠪᠠᠶᠢᠳᠠᠯ ᠢ ᠦᠵᠡᠭᠡᠳ ᠲᠡᠰᠭᠡᠯ ᠦᠭᠡᠢ ᠤᠬᠢᠯᠠᠵᠠᠭᠠᠨ᠂ ᠬᠦᠭᠰᠢᠨ ᠠᠪᠤ ᠶᠢ ᠲᠠᠭᠠᠯᠳᠤᠨ | ᠲᠤᠬᠤᠢ ᠪᠠᠨ ᠰᠠᠵᠢᠨ ᠬᠦᠯ ᠢᠶᠠᠨ ᠲᠡᠪᠢᠰᠦᠨ᠂ ᠲᠠᠭᠠᠯᠳᠤᠨ ᠲᠠᠭᠤᠯᠠᠵᠠᠭᠠᠪᠠ᠃ ᠲᠡᠷᠭᠡᠨ ᠲᠡᠭᠡᠷᠡᠬᠢ ᠬᠡᠤᠬᠡᠨ ᠴᠤ | ᠦᠭᠡᠷ ᠲᠡᠷᠭᠡᠨ ᠠᠴᠠ ᠪᠠᠨ ᠪᠠᠭᠤᠨ᠂ ᠤᠯᠠᠨ ᠤ ᠬᠤᠶᠢᠨ᠎ᠠ ᠠᠴᠠ ᠬᠦᠯᠦᠰᠦ ᠰᠠᠬᠠᠷᠠᠳᠠᠯᠠ ᠦᠰᠦᠷᠴᠤ ᠬᠦᠶᠦᠭᠰᠡᠨ ᠳᠤ | ᠰᠠᠨᠠᠮᠰᠠᠷ ᠦᠭᠡᠢ ᠬᠡᠤᠬᠡᠨ ᠤ ᠡᠪᠡᠳᠴᠢᠨ ᠨᠢ ᠢᠯᠡᠷᠢ ᠪᠤᠯᠴᠢᠬᠠᠪᠠ᠃ ᠡᠨᠡᠬᠦ ᠴᠢᠮᠡᠭᠡ ᠨᠢ ᠨᠢᠭᠡ ᠠᠴᠠ ᠠᠷᠪᠠ᠂ | ᠠᠷᠪᠠ ᠠᠴᠠ ᠵᠠᠭᠤ᠂ ᠵᠠᠭᠤ ᠠᠴᠠ ᠴᠢᠨᠠᠭᠰᠢ ᠨᠡᠩ ᠤᠯᠠᠨ ᠬᠦᠮᠦᠨ ᠳᠤ ᠤᠯᠠᠮᠵᠢᠯᠠᠭᠳᠠᠭᠰᠠᠭᠠᠷ ᠪᠠᠶᠢᠵᠤ᠂ ᠬᠤᠵᠢᠮ ᠨᠢ | ᠬᠦᠮᠦᠰ ᠲᠠᠭᠤᠤ ᠪᠦᠵᠢᠭ ᠤᠨ ᠬᠡᠯᠪᠡᠷᠢ ᠪᠠᠷ ᠡᠶᠢᠮᠦᠷᠬᠦ ᠡᠪᠡᠳᠴᠢᠨ ᠲᠠᠢ ᠵᠠᠯᠠᠭᠤ ᠪᠦᠰᠡᠬᠦ᠋ᠢᠴᠦᠳ ᠤᠨ ᠡᠪᠡᠳᠴᠢᠨ ᠢ | ᠵᠠᠰᠠᠬᠤ ᠪᠤᠯᠵᠤ᠂ ᠠᠨᠳᠠᠢ ᠭᠡᠳᠡᠭ ᠨᠡᠷ᠎ᠠ ᠦᠭᠴᠠᠢ᠃ ᠡᠭᠦᠨ ᠠᠴᠠ ᠭᠠᠳᠠᠨ᠎ᠠ ᠪᠤᠷᠤᠭᠠᠨ ᠭᠤᠶᠤᠬᠤ᠂ ᠤᠪᠤᠭ᠎ᠠ | ᠲᠠᠬᠢᠬᠤ᠂ ᠨᠠᠭᠠᠳᠤᠮ ᠤᠨ ᠶᠡᠭᠡ ᠬᠤᠷᠠᠯ ᠵᠡᠷᠭᠡ ᠤᠯᠠᠨ ᠬᠦᠮᠦᠨ ᠤ ᠴᠤᠭᠯᠠᠭᠠᠨ ᠳᠤ ᠠᠨᠳᠠᠢ ᠦᠰᠦᠷᠬᠦ ᠪᠤᠯᠤᠭᠰᠠᠨ | ᠪᠠ ᠬᠤᠵᠢᠮ ᠨᠢ ᠨᠡᠩ ᠤᠯᠠᠮᠵᠢᠯᠠᠭᠳᠠᠨ ᠲᠠᠷᠬᠠᠵᠤ᠂ ᠠᠭᠠᠵᠢᠮ ᠢᠶᠠᠷ ᠡᠷᠭᠡ ᠴᠢᠯᠦᠭᠡᠨ ᠤ ᠦᠵᠡᠯ ᠰᠠᠨᠠᠭ᠎ᠠ ᠪᠤᠯᠵᠤ | ᠬᠦᠭᠵᠢᠭᠰᠡᠨ ᠪᠠᠶᠢᠨ᠎ᠠ᠃ | ᠬᠦᠷᠢᠶ᠎ᠠ ᠬᠤᠰᠢᠭᠤᠨ ᠤ ᠲᠡᠤᠭᠡ ᠶᠢᠨ ᠲᠤᠷᠠᠰᠬᠠᠯᠳᠤ ᠵᠦᠢᠯ ᠤᠨ ᠦᠵᠡᠭᠦᠯᠦᠯᠭᠡ ᠶᠢᠨ ᠲᠢᠩᠬᠢᠮ ᠳᠤ᠂ ᠤᠯᠠᠠ | ᠵᠦᠢᠯ ᠤᠨ ᠬᠡᠯᠪᠡᠷᠢ ᠪᠠᠷ ᠲᠠᠮᠵᠢᠭᠤᠯᠤᠨ᠂ ᠬᠦᠷᠢᠶ᠎ᠠ ᠬᠤᠰᠢᠭᠤᠨ ᠤ ᠰᠢᠩ ᠯᠦᠡᠭ ᠸᠠ ᠰᠤᠶᠤᠯ᠂ ᠬᠤᠨᠭ᠌ ᠱᠠᠨ | ᠰᠤᠶᠤᠯ᠂ ᠤᠮᠠᠷᠠᠳᠤ ᠶᠢᠨ ᠲᠠᠯ᠎ᠠ ᠨᠤᠳᠤᠭ ᠤᠨ ᠡᠷᠳᠡᠨ ᠤ ᠬᠦᠷᠡᠯ ᠤᠨ ᠰᠤᠶᠤᠯ ᠊᠊᠊᠊᠊ ᠰᠢᠶᠠ ᠤᠪᠤᠭᠳᠤ ᠶᠢᠨ | ᠲᠤᠤᠷᠠᠳᠤ ᠲᠠᠪᠬᠤᠷᠭ᠎ᠠ ᠶᠢᠨ ᠲᠦᠬᠦᠮᠬᠡᠨ ᠰᠤᠶᠤᠯ ᠠᠴᠠ ᠱᠠᠩ ᠵᠸᠤ ᠶᠢᠨ ᠴᠠᠭ ᠦᠶ᠎ᠠ ᠬᠦᠷᠳᠡᠯᠡᠬᠢ᠂ ᠳ᠋ᠦᠡᠭᠬᠡᠤ | ᠠᠶᠢᠮᠠᠭ ᠤᠨ ᠡᠭᠦᠳᠦᠨ ᠪᠦᠳᠦᠭᠡᠭᠰᠡᠨ ᠬᠦᠷᠡᠯ ᠴᠠᠭ ᠦᠶ᠎ᠠ ᠶᠢᠨ ᠰᠡᠬᠦᠯᠴᠢ ᠶᠢᠨ ᠰᠤᠶᠤᠯ ᠤᠨ ᠲᠦᠷᠦᠯ ᠵᠦᠢᠯ᠂ | ᠰᠢᠶᠠ ᠤᠪᠤᠭᠳᠤ ᠶᠢᠨ ᠲᠡᠭᠡᠳᠤ ᠲᠠᠪᠬᠤᠷᠭᠠᠨ ᠤ ᠰᠤᠶᠤᠯ ᠪᠠ ᠯᠢᠶᠤᠤ ᠤᠯᠤᠰ ᠤᠨ ᠦᠶ᠎ᠠ ᠶᠢᠨ ᠬᠢᠳᠡᠨ ᠠᠶᠢᠮᠠᠭ ᠤᠨ | ᠰᠤᠶᠤᠯ ᠵᠡᠷᠭᠡ ᠶᠢ ᠲᠡᠯᠭᠡᠨ ᠦᠵᠡᠭᠦᠯᠵᠤ ᠪᠠᠶᠢᠨ᠎ᠠ᠃ | ᠱᠠᠰᠢᠨ ᠰᠤᠷᠳᠠᠬᠤᠨ ᠤ ᠰᠤᠶᠤᠯ ᠤᠨ ᠦᠵᠡᠬᠦᠯᠦᠯᠭᠡ ᠶᠢᠨ ᠲᠢᠩᠬᠢᠮ ᠳᠤ᠂ ᠲᠦᠪᠡᠳ ᠠᠴᠠ ᠤᠯᠠᠮᠵᠢᠯᠠᠨ | ᠢᠷᠡᠭᠰᠡᠨ ᠪᠤᠷᠬᠠᠨ ᠱᠠᠰᠢᠨ ᠤ ᠰᠤᠶᠤᠯ ᠢ ᠳᠡᠯᠭᠡᠨ ᠦᠵᠡᠬᠦᠯᠵᠦ ᠪᠠᠶᠢᠬᠤ ᠪᠦᠭᠡᠳ ᠨᠡᠶᠢᠳᠡ ᠶᠢᠨ ᠤᠨ ᠲᠤᠭᠠᠯᠠᠯ ᠤᠨ | 1646 ᠤᠨ ᠠᠴᠠ 1931 ᠤᠨ ᠪᠤᠯᠳᠠᠯᠠᠬᠢ ᠬᠦᠷᠢᠶ᠎ᠠ ᠬᠤᠰᠢᠭᠤᠨ ᠤ ᠵᠠᠰᠠᠭ ᠲᠦᠷᠦ ᠨᠢᠭᠡᠳᠦᠭᠰᠡᠨ ᠲᠦᠷᠢᠮ ᠤᠨ | ᠵᠠᠰᠠᠭᠳᠤ ᠶᠡᠭᠡ ᠯᠠᠮᠠ ᠠᠰᠢᠩᠰᠢᠷᠠᠪ ᠠᠴᠠ ᠬᠠᠮᠤᠭ ᠤᠨ ᠰᠡᠬᠦᠯᠴᠢ ᠶᠢᠨ ᠯᠤᠪᠰᠠᠩᠷᠢᠨᠴᠢᠨ ᠵᠠᠰᠠᠭᠳᠤ ᠶᠡᠭᠡ ᠯᠠᠮᠠ ᠶᠢᠨ | ᠬᠦᠷᠦᠭ ᠢ ᠡᠯᠬᠦᠭᠡᠰᠦᠳᠡᠢ᠃ ᠪᠠᠰᠠ ᠡᠬᠢ ᠶᠦᠭᠡᠨ ᠪᠠᠳᠠᠷᠠᠭᠤᠯᠤᠭᠴᠢ ᠰᠦᠮ᠎ᠠ᠂ ᠪᠤᠶᠠᠨ ᠪᠠᠷᠢᠯᠳᠤᠭᠤᠯᠤᠭᠴᠢ ᠰᠦᠮ᠎ᠠ᠂ | ᠰᠤᠶᠤᠯ ᠵᠤᠬᠢᠰᠳᠤ ᠰᠦᠮ᠎ᠠ ᠶᠢᠨ ᠪᠠᠭᠠᠰᠬᠠᠭᠰᠠᠨ ᠵᠢᠷᠤᠭ ᠪᠠᠶᠢᠵᠤ᠂ ᠰᠦᠮ᠎ᠠ ᠭᠡᠶᠢᠳ ᠤᠨ ᠱᠠᠰᠢᠨ ᠰᠤᠷᠳᠠᠬᠤᠨ ᠤ | ᠪᠠᠷᠢᠯᠭ᠎ᠠ ᠶᠢᠨ ᠤᠨᠴᠠᠯᠢᠭ ᠢᠶᠠᠨ ᠭᠠᠶᠢᠬᠠᠭᠤᠯᠵᠤ ᠪᠠᠶᠢᠨ᠎ᠠ᠃ ᠦᠨᠳᠦᠰᠦᠳᠡᠨ ᠤ ᠰᠤᠶᠤᠯ ᠤᠨ ᠦᠵᠡᠭᠦᠯᠦᠯᠭᠡ ᠶᠢᠨ | ᠲᠢᠩᠬᠢᠮ ᠳᠤ ᠦᠨᠳᠦᠰᠦᠳᠡᠨ ᠤ ᠵᠠᠩ ᠲᠠᠳᠬᠠᠯ ᠰᠤᠶᠤᠯ ᠤᠨ ᠦᠵᠡᠭᠦᠯᠦᠯᠬᠡ ᠬᠢᠵᠤ᠂ ᠮᠤᠩᠭᠤᠯ ᠭᠡᠷ ᠤᠨ ᠵᠠᠭᠪᠤᠷ᠂ | ᠭᠡᠷᠡᠯᠳᠤ ᠪᠠᠭᠰᠢ ᠪᠠ ᠪᠤᠤ ᠹᠸᠡᠭ ᠬᠤᠸᠠ ᠪᠠᠭᠰᠢ ᠶᠢᠨ ᠪᠠᠷ ᠵᠢᠷᠤᠭ ᠤᠨ ᠦᠵᠡᠬᠦᠯᠦᠯᠭᠡ᠂ ᠮᠤᠩᠭᠤᠯ ᠬᠤᠪᠴᠠᠰᠤ | ᠵᠠᠰᠠᠯ ᠂ ᠡᠳ᠋ᠯᠡᠯ ᠭᠡᠷᠡᠭᠰᠡᠯ ᠵᠢᠴᠢ ᠡᡁᠦ᠋ᠸᠧ ᠸᠠᠨ ᠹᠸᠡᠭ ᠤᠨ ᠪᠡᠯᠡᠭᠯᠡᠨ ᠬᠦᠷᠭᠡᠭᠰᠡᠨ ᠦᠵᠡᠭᠦᠯᠦᠯᠭᠡ ᠶᠢᠨ ᠬᠤᠷᠭᠤ | ᠵᠡᠷᠭᠤ ᠵᠡᠷᠭᠡ ᠪᠠᠶᠢᠳᠠᠭ᠃ | ︽ᠲᠤᠭᠠᠴᠢᠯᠠᠭᠰᠠᠨ ᠬᠦᠷᠢᠶ᠎ᠠ︾ ᠶᠢᠨ ᠦᠵᠡᠭᠦᠯᠦᠯᠭᠡ ᠶᠢᠨ ᠲᠢᠩᠬᠢᠮ ᠳᠤ᠂ ᠲᠡᠤᠬᠡ ᠶᠢᠨ ᠤᠯᠠᠷᠢᠨ | ᠬᠤᠪᠢᠰᠤᠭᠰᠠᠨ ᠭᠡᠰᠡᠭ᠂ ᠬᠦᠷᠢᠶ᠎ᠠ ᠶᠢᠨ ᠲᠦᠢᠮᠤ ᠪᠠᠶᠢᠳᠠᠯ ᠤᠨ ᠭᠡᠰᠡᠭ᠂ ᠠᠵᠤ ᠦᠢᠯᠡᠰ ᠤᠨ ᠭᠦᠭᠵᠢᠯᠳᠡ ᠶᠢᠨ | ᠬᠡᠰᠡᠭ᠂ ᠶᠡᠷᠦᠩᠭᠡᠢ ᠲᠦᠯᠦᠪᠵᠢᠭᠦᠯᠭᠡ ᠶᠢᠨ ᠬᠡᠰᠡᠭ᠂ ᠪᠦᠳᠦᠭᠡᠨ ᠪᠠᠶᠢᠭᠤᠯᠤᠯᠳᠠ ᠶᠢᠨ ᠦᠷ᠎ᠠ ᠪᠦᠳᠦᠮᠵᠢ ᠶᠢᠨ ᠬᠡᠰᠡᠭ | ᠂ ᠦᠨᠳᠦᠰᠦᠳᠡᠨ ᠤ ᠰᠤᠶᠤᠯ ᠤᠨ ᠬᠡᠰᠡᠭ ᠪᠠ ᠲᠤᠭᠠᠴᠢᠯᠬᠠᠰᠠᠨ ᠬᠦᠷᠢᠶ᠎ᠠ ᠶᠢᠨ ᠶᠡᠷᠦᠩᠭᠡᠢ ᠲᠦᠯᠦᠪᠵᠢᠬᠦᠯᠭᠡ ᠶᠢᠨ | ᠵᠠᠭᠪᠤᠷ ᠲᠠᠯᠪᠢᠭᠠᠰᠤᠳᠠᠢ ᠪᠠᠶᠢᠵᠤ 7 ᠭᠡᠰᠡᠭ ᠢᠶᠠᠷ ᠬᠦᠷᠢᠶ᠎ᠠ ᠬᠤᠰᠢᠭᠤᠨ ᠤ ᠲᠡᠤᠭᠡ ᠶᠢᠨ ᠬᠦᠭᠵᠢᠯᠳᠡ ᠪᠠ ᠤᠳᠤᠬᠢ | ᠪᠦᠳᠦᠭᠡᠨ ᠪᠠᠶᠢᠭᠤᠯᠤᠯᠳᠠ ᠶᠢᠨ ᠦᠷ᠎ᠠ ᠪᠦᠳᠦᠮᠵᠢ ᠵᠢᠴᠢ ᠢᠷᠡᠭᠡᠳᠦᠢ ᠶᠢᠨ ᠬᠦᠭᠵᠢᠯᠳᠡ ᠶᠢᠨ ᠲᠦᠯᠦᠪᠵᠢᠬᠦᠯᠭᠡ ᠶᠢ | ᠲᠡᠯᠭᠡᠨ ᠦᠵᠡᠬᠦᠯᠵᠤ ᠪᠤᠢ᠃ ᠦᠵᠡᠭᠦᠯᠦᠯᠭᠡ ᠨᠢ ᠤᠯᠠᠨ ᠲᠠᠯ᠎ᠠ ᠪᠠᠷ ᠬᠦᠷᠢᠶ᠎ᠠ ᠬᠤᠰᠢᠭᠤᠨ ᠤ ᠤᠯᠠᠮᠵᠢᠯᠠᠯᠳᠤ | ᠰᠤᠶᠤᠯ ᠤᠨ ︽ᠲᠡᠭᠷᠢ ᠭᠠᠵᠠᠷ ᠬᠦᠮᠦᠨ ᠭᠤᠷᠪᠠ ᠶᠢᠨ ᠬᠠᠮᠳᠤᠷᠠᠭᠰᠠᠨ᠂ ᠡᠶ᠎ᠡ ᠨᠠᠶᠢᠷᠠᠮᠳᠠᠭᠤ ᠬᠠᠮᠳᠤᠪᠡᠷ ᠤᠷᠤᠰᠢᠬᠤ︾ | ᠶᠢᠨ ᠤᠶᠢᠢᠯᠠᠭᠠᠭᠳᠠᠬᠤᠨ ᠪᠠ ᠤᠬᠢ ᠰᠤᠳᠤ ᠶᠢ ᠭᠠᠶᠢᠬᠠᠭᠤᠯᠵᠤ᠂ ᠡᠷᠳᠡᠨ ᠠᠴᠠ ᠡᠳᠦᠭᠡ ᠬᠦᠷᠳᠡᠯᠡᠬᠢ ᠬᠦᠮᠦᠰ ᠤᠨ | ᠵᠤᠯ ᠵᠢᠷᠭᠠᠯᠳᠤ ᠠᠮᠢᠳᠤᠷᠠᠯ ᠢ ᠬᠦᠭᠡᠭᠡᠴᠡᠯᠳᠦᠬᠦ ᠬᠦᠮᠦᠨ ᠰᠤᠶᠤᠯ ᠤᠨ ᠵᠤᠷᠢᠭ ᠰᠠᠨᠠᠭ᠎ᠠ ᠪᠠᠷ ᠪᠢᠯᠬᠠᠮ᠎ᠠ ᠪᠠᠶᠢᠵᠤ᠂ | ᠬᠦᠷᠢᠶ᠎ᠠ ᠬᠤᠰᠢᠭᠤ ᠶᠢᠨ ᠲᠡᠤᠭᠡ ᠰᠤᠶᠤᠯ ᠢ ᠤᠶᠢᠢᠯᠠᠭᠠᠬᠤ ᠪᠦᠷᠢᠨ ᠬᠤᠷᠢᠶᠠᠩᠭᠤᠢ ᠪᠢᠴᠢᠭ ᠪᠤᠯᠤᠭᠰᠠᠨ ᠪᠠᠶᠢᠨ᠎ᠠ᠃ | ᠬᠦᠷᠢᠶ᠎ᠠ ᠬᠤᠰᠢᠭᠤᠨ ᠤ ᠠᠨᠳᠠᠢ ᠮᠦᠽᠸᠢ ᠨᠢ ᠪᠦᠬᠦ ᠤᠯᠤᠰ ᠤᠨ ᠴᠤᠷ ᠤᠨ ᠭᠠᠭᠴᠠ ᠠᠨᠳᠠᠢ ᠰᠤᠶᠤᠯ | ᠤᠷᠠᠯᠢᠭ ᠢᠶᠠᠷ ᠭᠤᠤᠯ ᠰᠡᠳᠦᠪ ᠪᠤᠯᠭᠠᠭᠰᠠᠨ ᠮᠦᠽᠸᠢ ᠪᠤᠯᠤᠨ᠎ᠠ᠃ ᠲᠤᠰ ᠮᠦᠽᠸᠢ ᠨᠢ ᠦᠨᠳᠦᠰᠦᠳᠡᠨ ᠤ ᠲᠡᠤᠭᠡ | ᠰᠤᠶᠤᠯ ᠢᠶᠠᠨ ᠤᠯᠠᠮᠵᠢᠯᠠᠬᠤ ᠪᠠ ᠠᠨᠳᠠᠢ ᠤᠷᠠᠯᠢᠭ ᠢᠶᠠᠨ ᠮᠠᠠᠳᠤᠭᠤᠯᠬᠤ ᠳᠤ ᠬᠦᠨᠳᠦ ᠴᠢᠬᠤᠯᠠ ᠠᠴᠢ | ᠬᠤᠯᠪᠤᠭᠳᠠᠯ ᠲᠠᠢ ᠶᠤᠮ᠃ ᠮᠦᠨᠴᠤ ᠤᠳᠤᠬᠠᠨ ᠤ ᠬᠦᠷᠢᠶ᠎ᠠ ᠶᠢᠨ ᠰᠤᠶᠤᠯ ᠤᠨ ᠵᠤᠭᠠᠴᠠᠯ ᠤᠨ ᠴᠢᠬᠤᠯᠠ ᠨᠢᠭᠡ | ᠭᠡᠰᠡᠭ ᠪᠤᠯᠤᠭᠰᠠᠨ ᠪᠠᠶᠢᠨ᠎ᠠ᠃ | | |