ᠪᠠᠳᠤᠴᠠᠭᠠᠨ ᠢᠶᠠᠷ ᠴᠢᠮᠡᠭᠯᠡᠭᠳᠡᠭᠰᠡᠨ ᠣᠳᠠᠠᠳᠠᠯ᠎ᠠ ᠪᠠᠭ᠋ᠠᠷᠣᠮ᠎ᠠ ᠰᠠᠶᠢᠬᠠᠨ ᠬᠤᠶᠢᠳᠣ ᠬᠤᠰᠢᠭᠤ
ᠨᠡᠶᠢᠲᠡᠯᠡᠭᠰᠡᠨ ᠴᠠᠭ᠄
2018-11-08
     10 ᠰᠠᠷ᠎ᠠ ᠶᠢᠨ 11 ᠤ ᠦᠳᠠ ᠶᠢᠨ ᠡᠮᠣᠨ᠎ᠠ᠂ ︽ᠦᠪᠣᠷ ᠮᠣᠩᠭᠤᠯ ᠤᠨ ᠴᠡᠴᠡᠭᠳᠦ ᠣᠯᠠᠷᠢᠯ ᠤᠨ ᠵᠣᠭᠠᠴᠠᠯ ᠤᠨ ᠣᠳᠠᠠᠳᠠᠯ᠎ᠠ ᠶᠢᠨ ᠪᠠᠳᠣᠴᠠᠭᠠᠨ ᠤ ᠨᠠᠶᠢᠷ︾ ᠬᠤᠷᠴᠢᠨ ᠵᠠᠭᠦᠨ ᠭᠠᠷᠣᠨ ᠬᠤᠶᠢᠳᠣ ᠬᠤᠰᠢᠭᠤᠨ ᠤ ᠪᠠᠳᠣᠴᠠᠭᠠᠨ ᠤ ᠴᠡᠴᠡᠷᠯᠢᠭ ᠲᠤ ᠦᠪᠡᠳᠡᠭᠰᠢ ᠶᠠᠭᠡᠪᠠᠷ ᠡᠬᠢᠯᠠᠪᠠ᠃      ᠲᠤᠰ ᠤᠳᠠᠭᠠᠨ ᠤ ᠠᠵᠢᠯᠯᠠᠭ᠎ᠠ ᠶᠢ ᠦᠪᠡᠷᠲᠡᠬᠡᠨ ᠵᠠᠰᠠᠬᠤ ᠤᠷᠤᠨ ᠤ ᠵᠤᠭᠠᠴᠠᠯ ᠤᠨ ᠬᠦᠭᠵᠢᠬᠦᠯᠦᠯᠲᠡ ᠶᠢᠨ ᠵᠦᠪᠯᠡᠯ᠂ ᠲᠦᠡᠭᠯᠢᠶᠤᠤ ᠬᠤᠳᠠ ᠶᠢᠨ ᠠᠷᠠᠳ ᠤᠨ ᠵᠠᠰᠠᠭ ᠤᠨ ᠤᠷᠳᠤᠨ ᠠᠴᠠ ᠭᠤᠤᠯᠯᠠᠨ ᠡᠷᠬᠢᠯᠡᠵᠦ᠂ ᠲᠦᠡᠭᠯᠢᠶᠤᠤ ᠬᠤᠳᠠ ᠶᠢᠨ ᠵᠤᠭᠠᠴᠠᠯ ᠤᠨ ᠬᠦᠭᠵᠢᠬᠦᠯᠦᠯᠲᠡ ᠶᠢᠨ ᠵᠦᠪᠯᠡᠯ᠂ ᠲᠦᠡᠭᠯᠢᠶᠤᠤ ᠬᠤᠳᠠ ᠶᠢᠨ ᠨᠠᠮ ᠤᠨ ᠬᠤᠷᠢᠶ᠎ᠠ ᠶᠢᠨ ᠬᠦᠯᠢᠶᠡᠨ ᠠᠪᠬᠤ ᠠᠯᠪᠠᠨ ᠬᠡᠷ᠂ ᠬᠤᠷᠴᠢᠨ ᠵᠡᠬᠦᠨ ᠭᠠᠷᠤᠨ ᠬᠤᠶᠢᠲᠤ ᠬᠤᠰᠢᠭᠤᠨ ᠤ ᠵᠠᠰᠠᠭ ᠤᠨ ᠤᠷᠳᠤᠨ ᠠᠴᠠ ᠲᠠᠭᠠᠭᠠᠴᠢᠯᠠᠨ ᠡᠷᠬᠢᠯᠡᠪᠡ᠃      ᠨᠠᠶᠢᠷ ᠲᠤ᠂ ᠣᠷᠠᠨ ᠰᠠᠶᠢᠬᠠᠨ ᠤ ᠲᠣᠬᠯᠠᠯᠳᠠ᠂ ᠬᠤᠷᠴᠢᠨ ᠤ ᠮᠣᠩᠭᠤᠯ ᠬᠤᠪᠴᠠᠰᠣ ᠵᠠᠰᠠᠯ ᠤᠨ ᠦᠵᠠᠭᠦᠯᠣᠯᠭᠡ᠂ ᠦᠠᠳᠣᠰᠣᠳᠠᠨ ᠤ ᠪᠦᠵᠢᠭ ᠤᠨ ᠣᠷᠣᠯᠳᠣᠭᠠᠨ ᠵᠠᠷᠭᠡ ᠡᠯᠪᠡᠭ ᠪᠠᠶᠠᠯᠢᠬ ᠠᠭᠤᠯᠭ᠎ᠠ ᠶᠢ ᠲᠣᠬᠢᠷᠠᠭᠤᠯᠵᠣ᠂ ᠬᠤᠷᠴᠢᠨ ᠵᠠᠭᠦᠨ ᠭᠠᠷᠣᠨ ᠬᠤᠶᠢᠳᠣ ᠬᠤᠰᠢᠭᠤᠨ ᠤ ᠭᠦᠮᠣᠨ ᠠᠷᠠᠣᠨ ᠤᠨ ᠰᠣᠶᠣᠯ ᠵᠠᠩ ᠣᠢᠢᠯᠠ ᠶᠢ ᠣᠯᠠᠨ ᠬᠠᠷᠠᠭᠠᠰᠣ ᠠᠴᠠ ᠲᠠᠯᠭᠡᠨ ᠦᠵᠠᠭᠦᠯᠵᠠᠢ᠃    ᠪᠠᠳᠣᠴᠠᠭᠠᠨ ᠤ ᠴᠡᠴᠡᠷᠯᠢᠭ ᠨᠢ ᠬᠤᠷᠴᠢᠨ ᠵᠠᠭᠦᠨ ᠭᠠᠷᠣᠨ ᠬᠤᠶᠢᠳᠣ ᠬᠤᠰᠢᠭᠤᠨ ᠤ ᠲᠦᠪ ᠭᠠᠨᠵᠤᠭ᠎ᠠ ᠪᠠᠯᠭᠠᠰᠣᠨ ᠠᠴᠠ 55 ᠺᠢᠯᠣᠮᠧᠲᠷ ᠵᠠᠶᠢᠳᠠᠢ ᠪᠠᠶᠢᠵᠣ᠂ ᠶᠠᠷᠣᠩᠭᠡᠢ ᠲᠠᠯᠠᠪᠠᠢ ᠨᠢ 10.5 ᠲᠦᠮᠠᠨ ᠮᠦ ᠪᠠᠶᠢᠳᠠᠬ᠃ ᠲᠣᠰ ᠴᠡᠴᠡᠷᠯᠢᠭ ᠨᠢ ᠭᠤᠣᠯᠳᠠᠭᠤ ᠪᠠᠳᠣᠴᠠᠭᠠᠨ ᠮᠣᠳᠣ ᠪᠠᠷ ᠭᠤᠣᠯᠯᠠᠵᠣ᠂ ᠦᠰᠴᠣ ᠣᠷᠭᠤᠬᠰᠠᠨ ᠣᠨ ᠨᠢ 50 ᠠᠴᠠ 500 ᠵᠢᠯ ᠤᠨ ᠬᠤᠭᠤᠷᠣᠠᠳᠣ ᠪᠠᠶᠢᠵᠣ᠂ ᠬᠡᠰᠡᠭ ᠪᠠᠳᠣᠴᠠᠭᠠᠨ ᠮᠣᠳᠣᠨ ᠤ ᠨᠠᠰᠣ ᠨᠢ 500 ᠵᠢᠯ ᠠᠴᠠ ᠲᠡᠭᠡᠭᠰᠢ ᠭᠦᠷᠴᠣ ᠪᠠᠶᠢᠨ᠎ᠠ᠃ ᠬᠡᠭᠦ ᠳᠡᠭᠡᠨ ᠭᠠᠵᠠᠷ ᠵᠦᠢ ᠶᠢᠨ ᠪᠠᠶᠢᠷᠢᠰᠢᠯ ᠠᠴᠠ ᠪᠣᠯᠵᠣ᠂ ᠬᠢᠨᠭ᠍ᠭᠠᠨ ᠤ ᠪᠠᠳᠣᠴᠠᠭᠠᠨ ᠠᠴᠠ ᠣᠷᠣᠢ ᠣᠯᠠᠶᠢᠵᠣ᠂ ᠰᠢᠶᠠᠩᠱᠠᠨ ᠴᠡᠴᠡᠷᠯᠢᠭ ᠤᠨ ᠪᠠᠳᠣᠴᠠᠭᠠᠨ ᠠᠴᠠ ᠡᠷᠳᠠ ᠣᠯᠠᠶᠢᠳᠠᠬ᠃      ᠵᠢᠯ ᠤᠨ ᠡᠬᠢᠨ ᠠᠴᠠ ᠨᠠᠰᠢ᠂ ᠦᠪᠡᠷᠲᠡᠬᠡᠨ ᠵᠠᠰᠠᠬᠤ ᠤᠷᠤᠨ ᠤ ︽ᠲᠦᠷᠪᠡᠨ ᠤᠯᠠᠷᠢᠯ ᠤᠨ ᠵᠤᠭᠠᠴᠠᠯ ᠢ ᠰᠠᠶᠢᠳᠤᠷ ᠠᠳᠬᠤᠵᠦ᠂ ᠴᠡᠴᠡᠭᠲᠤ ᠤᠯᠠᠷᠢᠯ ᠤᠨ ᠵᠤᠭᠠᠴᠠᠯ ᠢ ᠬᠦᠭᠵᠢᠬᠦᠯᠬᠦ︾ ᠶᠡᠷᠦᠩᠬᠡᠢ ᠪᠠᠶᠢᠷᠢᠯᠠᠭᠤᠯᠤᠯᠲᠠ ᠶᠢ ᠦᠨᠳᠦᠰᠦᠯᠡᠵᠦ᠂ ᠮᠠᠨ ᠤ ᠬᠤᠳᠠ ᠬᠦᠢᠯᠡᠰᠦᠨ ᠴᠡᠴᠡᠭ᠂ ᠵᠢᠭᠠᠷ ᠡᠪᠡᠰᠦ᠂ ᠬᠤᠷᠴᠠ ᠤᠯᠠᠭᠠᠨ ᠴᠡᠴᠡᠭ ᠵᠡᠷᠬᠡ ᠤᠯᠠᠨ ᠲᠦᠷᠦᠯ ᠤᠨ ᠴᠡᠴᠡᠭᠲᠤ ᠤᠯᠠᠷᠢᠯ ᠤᠨ ᠵᠤᠭᠠᠴᠠᠯ ᠤᠨ ᠰᠢᠷᠢᠰ ᠠᠵᠢᠯᠯᠠᠭ᠎ᠠ ᠶᠢ ᠠᠮᠵᠢᠯᠲᠡ ᠲᠠᠢ ᠵᠤᠬᠢᠶᠠᠨ ᠪᠠᠶᠢᠭᠤᠯᠪᠠ᠃ ᠤᠨᠴᠠᠭᠠᠢᠢᠯᠠᠨ ᠲᠤᠰ ᠤᠳᠠᠭᠠᠨ ᠤ ᠤᠳᠠᠨᠳᠠᠯ᠎ᠠ ᠶᠢᠨ ᠪᠠᠲᠤᠴᠠᠭᠠᠨ ᠤ ᠨᠠᠶᠢᠷ ᠨᠢ ᠦᠪᠤᠷ ᠮᠤᠩᠭᠤᠯ ᠤᠨ ᠴᠡᠴᠡᠭᠲᠤ ᠤᠯᠠᠷᠢᠯ ᠤᠨ ᠵᠤᠭᠠᠴᠠᠯ ᠤᠨ ᠠᠵᠢᠯᠯᠠᠭ᠎ᠠ ᠳᠤ ᠰᠤᠩᠭᠤᠭᠳᠠᠨ ᠤᠷᠤᠭᠰᠠᠨ ᠪᠠᠶᠢᠨ᠎ᠠ᠃ ᠤᠳᠠᠨᠳᠠᠯ᠎ᠠ ᠶᠢᠨ ᠪᠠᠲᠤᠴᠠᠭᠠᠨ ᠤ ᠨᠠᠶᠢᠷ ᠪᠤᠯ ᠡᠨᠡ ᠵᠢᠯ ᠤᠨ ᠪᠦᠬᠦ ᠤᠷᠤᠨ ᠤ ᠴᠡᠴᠡᠭᠲᠤ ᠤᠯᠠᠷᠢᠯ ᠤᠨ ᠵᠤᠭᠠᠴᠠᠯ ᠤᠨ ᠬᠠᠮᠤᠭ ᠰᠡᠬᠦᠯᠴᠢ ᠶᠢᠨ ᠠᠵᠢᠯᠯᠠᠭ᠎ᠠ ᠪᠠᠶᠢᠵᠦ᠂ ᠦᠵᠡᠰᠬᠦᠯᠡᠩ ᠰᠠᠶᠢᠬᠠᠨ ᠬᠤᠷᠴᠢᠨ ᠤ ᠲᠠᠯ᠎ᠠ ᠨᠤᠲᠤᠭ ᠲᠤ᠂ ︽ᠤᠪᠤᠭᠠᠨ ᠲᠠᠷᠭᠡᠳᠠᠬᠢ ᠠᠭᠤᠯᠵᠠᠯᠲᠠ ᠶᠢᠨ ᠭᠠᠵᠠᠷ︾ ᠲᠤ ᠦᠪᠦᠷ ᠮᠤᠩᠭᠤᠯ ᠤᠨ ᠴᠡᠴᠡᠭᠲᠤ ᠤᠯᠠᠷᠢᠯ ᠤᠨ ᠭᠤᠶᠢᠲᠠ ᠰᠠᠶᠢᠬᠠᠨ ᠢ ᠰᠤᠨᠢᠷᠬᠠᠵᠦ᠂ ᠪᠠᠲᠤᠴᠠᠭᠠᠨ ᠤ ᠭᠤᠶᠢᠲᠠ ᠰᠠᠶᠢᠬᠠᠨ ᠦᠵᠡᠮᠵᠢ ᠳᠤ ᠰᠣᠬᠳᠣᠭᠤᠷᠠᠵᠣ᠂ ︽ᠦᠪᠦᠷ ᠮᠤᠩᠭᠤᠯ ᠤᠨ ᠣᠬᠢ ᠠᠮᠳᠠ︾ ᠲᠦᠡᠭᠯᠢᠶᠤᠤ ᠶᠢᠨ ᠤᠨᠴᠠᠯᠢᠭᠲᠤ ᠢᠳᠡᠬᠡᠨ ᠢ ᠠᠮᠳᠠᠷᠬᠠᠨ᠂ ᠬᠤᠷᠴᠢᠨ ᠤ ᠮᠤᠩᠭᠤᠯ ᠦᠨᠳᠦᠰᠦᠲᠡᠨ ᠤ ᠬᠤᠪᠴᠠᠰᠤ ᠵᠠᠰᠠᠯ᠂ ᠦᠪᠦᠷ ᠮᠤᠩᠭᠤᠯ ᠤᠨ ᠴᠡᠴᠡᠭᠲᠤ ᠤᠯᠠᠷᠢᠯ ᠤᠨ ᠬᠡᠷᠡᠯ ᠵᠢᠷᠤᠭ ᠤᠨ ᠦᠵᠡᠬᠦᠯᠦᠯᠬᠡ ᠨᠢ ᠵᠣᠭᠠᠴᠠᠬᠰᠠᠣᠨ ᠤᠨ ᠵᠢᠷᠣᠭᠡ ᠰᠠᠣᠠᠬᠢᠯ ᠢ ᠲᠠᠳᠠᠬᠰᠠᠨ ᠦᠵᠠᠮᠵᠢ ᠵᠢᠷᠤᠬ ᠪᠣᠯᠵᠠᠢ᠃      ᠡᠬᠢᠯᠡᠯᠲᠡ ᠶᠢᠨ ᠶᠤᠰᠤᠯᠠᠯ ᠳᠤ᠂ ᠲᠦᠪ ᠲᠧᠯᠧᠢᠰ ᠤᠨ ᠴᠠᠭᠠᠨ ᠰᠠᠷ᠎ᠠ ᠶᠢᠨ ᠦᠳᠠᠰᠢᠯᠡᠭᠡ ᠪᠠᠷ ᠲᠦᠭ ᠲᠦᠮᠠᠨ ᠤ ᠠᠩᠬᠠᠷᠣᠯ ᠢ ᠲᠠᠳᠠᠬᠰᠠᠨ ︽ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠬᠤ︾ ᠬᠡᠮᠠᠭᠦ ᠰᠣᠳᠣᠨ ᠲᠠᠭᠤᠣ ᠶᠢᠨ ᠠᠶ᠎ᠠ ᠡᠭᠡᠰᠢᠭ ᠲᠤ ᠨᠠᠯᠠᠭᠠᠷ ᠨᠠᠮᠣᠷ ᠤᠨ ᠪᠣᠴᠠᠬᠤ ᠭᠠᠯᠠᠭᠤᠣᠨ ᠬᠤᠷᠭᠤᠳᠠᠨ ᠨᠢᠰᠴᠣ᠂ ᠬᠤᠷᠴᠢᠨ ᠤ ᠦᠨᠳᠦᠰᠦᠲᠡᠨ ᠤ ᠬᠤᠪᠴᠠᠰᠤ ᠵᠠᠰᠠᠯ ᠤᠨ ᠦᠵᠡᠬᠦᠯᠦᠯᠬᠡ ᠨᠢ ᠬᠤᠷᠴᠢᠨ ᠲᠦᠮᠠᠨ ᠤ ᠣᠷ᠎ᠠ ᠣᠬᠠᠭᠠᠨ ᠠᠮᠢᠳᠣᠷᠠᠯ ᠠᠬᠤᠢ ᠶᠢ ᠬᠠᠷᠠᠭᠤᠯᠵᠣ ᠪᠠᠶᠢᠯ᠎ᠠ᠃ ᠡᠬᠢᠯᠠᠯᠳᠠ ᠶᠢᠨ ᠶᠣᠰᠣᠯᠠᠯ ᠤᠨ ᠲᠠᠷᠠᠭ᠎ᠠ᠂ ᠮᠤᠳᠤᠨ ᠬᠦᠬᠦᠷᠬᠡᠨ ᠵᠠᠮ ᠢᠶᠠᠷ ᠦᠪᠦᠷ ᠮᠤᠩᠭᠤᠯ ᠤᠨ ᠴᠡᠴᠡᠭᠲᠤ ᠤᠯᠠᠷᠢᠯ ᠤᠨ ᠵᠤᠭᠠᠴᠠᠯ ᠤᠨ ᠬᠡᠷᠡᠯ ᠵᠢᠷᠤᠭ ᠤᠨ ᠦᠵᠡᠬᠦᠯᠦᠯᠬᠡ ᠶᠢ ᠰᠤᠨᠢᠷᠬᠠᠵᠦ᠂ ᠪᠦᠬᠦ ᠤᠷᠤᠨ ᠤ ᠡᠯ᠎ᠡ ᠠᠶᠢᠮᠠᠭ ᠬᠤᠳᠠ ᠶᠢᠨ ᠴᠡᠴᠡᠭᠲᠤ ᠤᠯᠠᠷᠢᠯ ᠤᠨ ᠵᠤᠭᠠᠴᠠᠯ ᠢ ᠬᠠᠷᠠᠭᠤᠯᠤᠭᠰᠠᠨ 100 ᠭᠠᠷᠤᠢ ᠬᠡᠷᠡᠯ ᠵᠢᠷᠤᠭ ᠨᠢ ᠦᠷᠬᠡᠨ ᠤᠯᠠᠨ ᠵᠤᠭᠠᠴᠠᠬᠰᠡᠳ ᠲᠤ ᠴᠡᠴᠡᠭᠲᠤ ᠤᠯᠠᠷᠢᠯ ᠤᠨ ᠵᠤᠭᠠᠴᠠᠯ ᠤᠨ ᠬᠦᠭᠵᠢᠯᠲᠡ ᠶᠢᠨ ᠦᠷ᠎ᠡ ᠪᠦᠲᠦᠮᠵᠢ ᠶᠢ ᠭᠠᠶᠢᠬᠠᠭᠤᠯᠪᠠ᠃ ᠪᠠᠲᠤᠴᠠᠭᠠᠨ ᠤ ᠦᠵᠡᠮᠵᠢ ᠰᠤᠨᠢᠷᠬᠠᠬᠤ ᠲᠠᠪᠴᠠᠩ ᠳᠤ᠂ ᠵᠤᠭᠠᠴᠠᠬᠰᠡᠳ ᠶᠡᠭᠡ ᠪᠠᠶᠢᠭᠠᠯᠢ ᠠᠴᠠ ᠰᠤᠶᠤᠷᠬᠠᠭᠰᠠᠨ ᠡᠨᠡᠬᠦ ᠰᠦᠷᠯᠢᠭ ᠰᠠᠶᠢᠬᠠᠨ ᠦᠵᠡᠮᠵᠢ ᠳᠤ ᠰᠣᠬᠳᠣᠭᠤᠷᠠᠵᠣ᠂ ᠦᠵᠡᠮᠵᠢ ᠳᠤ ᠠᠭᠤᠰᠤᠭᠰᠠᠨ ᠪᠠᠲᠤᠴᠠᠭᠠᠨ ᠤ ᠤᠢ ᠶᠢ ᠵᠢᠷᠤᠭᠯᠠᠬᠤ᠂ ᠬᠤᠷᠢᠮ ᠤᠨ ᠰᠡᠬᠦᠳᠡᠷ᠂ ᠤᠪᠤᠭᠠᠨ ᠤ ᠲᠠᠬᠢᠯᠭ᠎ᠠ ᠵᠡᠷᠬᠡ ᠠᠵᠢᠯᠯᠠᠭ᠎ᠠ ᠶᠢ ᠪᠠᠭ᠋ᠠᠷᠤᠨ ᠰᠣᠨᠢᠷᠬᠠᠵᠠᠢ᠃ ᠠᠵᠢᠯᠯᠠᠭ᠎ᠠ ᠶᠢᠨ ᠡᠴᠤᠰ ᠲᠤ᠂ ᠪᠠᠲᠤᠴᠠᠭᠠᠨ ᠤ ᠦᠷ᠎ᠡ ᠶᠢ ᠲᠡᠬᠦᠵᠦ᠂ ᠤᠯᠤᠰ ᠤᠨ ᠦᠷ᠎ᠡ ᠶᠢᠨ ᠭᠧᠨ ᠤ ᠬᠦᠮᠦᠷᠬᠡ ᠳᠤ ᠤᠷᠤᠭᠤᠯᠵᠦ ᠬᠤᠶᠢᠰᠢᠲᠠ ᠶᠢᠨ ᠡᠬᠦᠯᠳᠡᠷ ᠪᠤᠶᠢᠵᠢᠭᠤᠯᠬᠤ ᠳᠤ ᠬᠠᠨᠭ᠍ᠭᠠᠯᠲᠠ ᠬᠢᠪᠡ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号