︵ᠠᠪᠤ ᠠᠷᠰᠯᠠᠨ ᠳᠤᠨᠢ ᠵᠤᠷᠢᠭᠤᠯᠪᠠᠢ︶ | ᠹ᠊ · ᠪᠦᠬᠡ | ᠨᠢᠭᠡ᠂ ᠠ᠊ · ᠰᠡᠴᠡᠡᠳᠤ ᠮᠠᠨᠢ᠂ ᠠᠬᠠᠨ ᠲᠡᠭᠦᠤᠰ ᠢᠶᠠᠷ ᠢᠶᠠᠨ ᠬᠦᠡᠳᠤᠳᠤ ᠠᠪᠤ ᠠᠷᠰᠯᠠᠨ ᠤ ᠪᠠᠨ ᠮᠡᠨᠳᠦᠯᠡᠭᠰᠡᠨ | 81 ᠵᠢᠯ ᠤᠨ ᠤᠢ ᠶᠢ ᠲᠤᠷᠠᠰᠬᠠᠬᠠᠰᠠᠨ ᠨᠢᠭᠡᠨ ᠢᠵᠢ ︽ᠭᠡᠷ ᠤᠨ ᠲᠡᠤᠬᠡ︾ ︵ᠲᠤᠷᠤᠬᠰᠢ ᠭᠡᠷ ᠤᠨ ᠲᠡᠤᠬᠡ ᠭᠡᠶ᠎ᠡ︶ | ᠨᠤᠮ ᠶᠦᠭᠡᠨ ᠨᠠᠳᠠᠳᠤ ᠬᠦᠷᠭᠡᠭᠡᠤᠨ ᠬᠡᠳᠤᠨ ᠵᠢᠯ ᠤᠨ ᠨᠢᠭᠤᠷ ᠦᠵᠡᠯ᠎ᠡ᠃ ᠡᠨᠡ ᠨᠤᠮ ᠢ ᠬᠡᠳᠤᠡᠳ᠋ᠨ ᠠᠮᠳᠠᠷᠬᠠᠭᠠᠤᠨ | ᠲᠡᠳᠡᠨᠡᠶᠢᠬᠢ ᠢᠷᠡᠯ ᠭᠠᠷᠤᠯ ᠵᠢᠴᠢ ᠲᠤᠬᠠᠢ ᠶᠢᠨ ᠨᠠᠶᠢᠭᠡᠮ ᠠᠬᠤᠢ ᠶᠢᠨ ᠬᠠᠮᠢᠶᠡᠳᠠᠢ ᠪᠢᠰᠢᠭᠦᠢ ᠵᠦᠢᠯᠡᠰ ᠢ ᠤᠬᠠᠪᠠᠢ᠃ | ᠨᠡᠩᠳᠡ ᠠᠪᠤ ᠠᠷᠰᠯᠠᠨ ᠤ ᠬᠢᠨ ᠲᠤᠭᠤᠯᠤᠭᠰᠠᠨ ᠠᠳᠠᠷᠠᠮᠠᠳᠤ ᠵᠦᠷᠢᠭ ᠠᠴᠠ ᠲᠡᠭᠦᠨ ᠤ ᠬᠦᠮᠤᠨ ᠪᠡ ᠬᠡᠷᠡᠭ | ᠪᠤᠳᠠᠰ ᠤᠨ ᠲᠤᠬᠠᠢ ᠦᠵᠡᠯᠳᠡ᠂ ᠠᠮᠢᠳᠤᠷᠠᠬᠤᠢ ᠶᠢᠨ ᠤᠬᠠᠭᠠᠨ ᠳᠤ ᠨᠢᠭᠡᠨ ᠬᠡᠮᠵᠢᠶᠡᠨ ᠤ ᠤᠶᠢᠯᠭᠠᠬᠳᠠᠬᠤᠨ ᠲᠠᠢ | ᠪᠤᠯᠤᠬᠰᠠᠨ ᠪᠦᠭᠡᠤᠨ ᠡᠷᠳᠡᠮ ᠮᠠᠳᠡᠯᠭᠡ ᠶᠢᠨ ᠲᠡᠯᠭᠡᠭᠦᠤ᠂ ᠦᠪᠡᠷᠮᠢᠴᠡᠯᠢᠭ ᠪᠤᠳᠤᠯ ᠰᠡᠤᠡᠬᠢᠬᠦᠢ᠂ ᠪᠢᠯᠢᠭ ᠤᠶᠤᠨ ᠤ | ᠤᠡᠳᠤᠷᠡᠯ᠂ ᠪᠢᠴᠢᠵᠤ ᠵᠤᠬᠢᠶᠠᠬᠤ ᠤᠷ᠎ᠡ ᠠᠴᠠ ᠦᠷ᠎ᠡ ᠬᠤᠶᠢᠴᠢᠰ ᠪᠤᠯᠤᠨ ᠤᠠᠬᠰᠠᠭᠠ ᠬᠡᠮᠡᠭᠰᠡᠨ ᠬᠤᠯᠠᠴᠢ | ᠪᠤᠳᠤᠯᠭ᠎ᠠ ᠳᠤ ᠴᠠᠭᠠᠨ᠎ᠠ ᠠᠴᠠ ᠰᠠᠤᠡᠬᠢᠯ ᠬᠦᠳᠡᠯᠤᠨ ᠢᠭ᠍ᠳᠤᠯᠡᠬᠦᠨᠡ ᠠᠮᠢᠳᠤ ᠰᠡᠷᠡᠭᠦᠨ ᠤ ᠠᠨᠤᠬᠠᠨ ᠲᠤᠩᠭᠠᠯᠠᠭ | ᠲᠦᠷᠭᠦ ᠨᠢ ᠠᠮᠢᠴᠢᠷᠡᠨ ᠰᠠᠨᠠᠬᠳᠠᠯᠤᠭᠠ᠃ | ᠡᠨᠡ ᠭᠤᠴᠢ ᠰᠢᠬᠠᠮ ᠪᠦᠯᠦᠭᠳᠤ ᠲᠡᠤᠬᠡᠨ ᠨᠠᠶᠢᠷᠠᠭᠤᠯᠤᠯ ᠮᠠᠶ᠋ᠢᠭ ᠤᠨ ︽ᠭᠡᠷ ᠤᠨ ᠲᠡᠤᠬᠡ︾ ᠳᠤ ᠠᠪᠤ | ᠠᠷᠰᠯᠠᠨ ᠨᠢ ᠲᠡᠭᠡᠷ᠎ᠡ ᠬᠡᠳᠤᠨ ᠦᠶ᠎ᠡ ᠪᠠᠨ ᠲᠤᠪᠴᠢᠬᠠᠨ ᠲᠡᠮᠳᠡᠭᠯᠡᠵᠤ᠂ ᠦᠪᠡᠷ ᠤᠨ ᠶᠢᠷᠳᠢᠡᠴᠤ ᠶᠢᠨ ᠪᠤᠷᠤ | ᠲᠤᠭᠤᠰᠤᠨ ᠶᠢ ᠬᠦᠳᠡᠯᠭᠡᠭᠰᠡᠨ ᠦᠡᠭᠭᠡᠷᠡᠭᠡᠯ ᠢᠶᠠᠨ ︽ᠭᠤᠷᠪᠡᠨ ᠬᠤᠷᠢᠨ ᠬᠤᠶᠡᠷ ᠵᠢᠯ ᠤᠨ ᠠᠩᠭᠢᠯᠠᠯ︾ ᠢᠶᠠᠷ | ᠠᠰᠢᠬᠦᠢ ᠨᠠᠷᠢᠨ ᠲᠤᠭᠤᠷᠪᠢᠨ ᠦᠯᠡᠳᠡᠭᠡᠪᠡᠢ᠃ ︽ᠲᠡᠤᠬᠡ︾ ᠳᠤ ᠴᠢᠩ ᠤᠨ ᠲᠦᠷᠤ ᠶᠢᠨ ᠲᠡᠭᠷᠢ ᠲᠡᠤᠡᠬᠦᠭᠴᠢ ᠠᠴᠠ | ᠲᠤᠮᠳᠠᠳᠤ ᠢᠷᠭᠡᠨ ᠤᠯᠤᠰ᠂ ᠲᠤᠮᠳᠠᠳᠤ ᠤᠯᠤᠰ ᠤᠨ ᠭᠤᠷᠪᠡᠨ ᠲᠦᠷᠤ ᠳᠤ ᠬᠤᠯᠪᠤᠬᠳᠠᠬᠰᠠᠨ ᠤᠳᠤᠮ | ᠤᠬᠰᠠᠭ᠎ᠠ ᠶᠢᠨ ᠲᠡᠤᠬᠡ ᠪᠤᠯᠤᠨ ᠤᠶᠢᠷ᠎ᠠ ᠦᠶ᠎ᠡ ᠶᠢᠨ ᠬᠡᠷᠡᠭ ᠶᠡᠪᠤᠳᠠᠯ ᠤᠳ ᠪᠢᠴᠢᠭᠳᠡᠭᠰᠡᠨ ᠪᠤᠯᠬᠤᠨᠠ ᠵᠠᠭᠤᠭᠠᠤᠨ | ᠵᠢᠯ ᠤᠨ ᠲᠤᠷᠰᠢᠬᠢ ᠨᠡᠶᠢᠭᠡᠮ ᠤᠨ ᠡᠯ᠎ᠡ ᠲᠠᠪᠬᠤᠷᠭᠠᠳᠠᠤᠨ ᠤᠨ ᠪᠠᠶᠢᠷᠢ ᠰᠠᠭᠤᠷᠢ᠂ ᠤᠶᠤᠨ ᠰᠠᠨᠠᠭ᠎ᠠ᠂ ᠱᠠᠰᠢᠨ | ᠰᠤᠷᠳᠠᠬᠤᠨ᠂ ᠰᠤᠷᠭᠠᠨ ᠬᠦᠮᠤᠵᠢᠯ ᠵᠡᠷᠭᠡ ᠲᠡᠯ᠎ᠠ ᠪᠦᠬᠦᠨ ᠤ ᠪᠠᠭᠠᠰᠬᠠᠯ᠂ ᠵᠢᠷᠤᠭ ᠰᠡᠭᠦᠳᠡᠷᠯᠡᠯᠳᠤ ᠰᠡᠮᠡᠷᠡᠭᠡᠢ ᠪᠤᠯᠵᠤ᠂ | ᠰᠤᠳᠤᠯᠤᠨ ᠮᠦᠷᠳᠡᠯᠳᠠᠤᠨ ᠤᠨ ᠤᠯᠳᠠᠰᠢ ᠦᠭᠡᠢ ᠮᠠᠲ᠋ᠧᠷᠢᠶᠠᠯ ᠰᠠᠯᠳ᠋ᠨ ᠪᠤᠯᠤᠨᠠᠮ᠃ ᠲᠠᠶᠢᠨ ᠪᠦᠭᠡᠤᠨ ᠦᠷ᠎ᠡ | ᠬᠤᠶᠢᠴᠢᠰ ᠤᠨ ᠢᠶᠠᠨ ᠬᠦᠮᠤᠨ ᠤ ᠶᠢᠷᠳᠢᠡᠴᠤ ᠳᠤ ᠬᠦᠯ ᠲᠠᠮᠠᠭᠠᠯᠠᠨ ᠶᠡᠪᠤᠬᠤ᠂ ᠬᠦᠯᠦᠭ ᠤᠨ ᠵᠢᠯᠤᠭᠤ ᠪᠢᠯᠢᠭ ᠤᠨ | ᠵᠤᠯᠠ ᠪᠤᠯᠤᠨ ᠭᠡᠷᠡᠯᠳᠤᠬᠦ ᠲᠡᠷᠨ ᠰᠠᠶᠢᠬᠠᠨ ᠵᠠᠬᠢᠮᠵᠢᠯᠠᠯ ᠨᠢ ᠲᠡᠷᠨ ᠲᠠᠢ ᠲᠡᠷᠨ ᠦᠭᠡᠢ ᠦᠡᠳᠤᠰᠤ ᠤᠬᠰᠠᠭ᠎ᠠ ᠪᠠᠨ | ᠬᠠᠶᠢᠷᠠᠯᠠᠨ ᠬᠦᠡᠳᠤᠤᠡᠬᠡᠵᠤ ᠦᠪ ᠰᠤᠶᠤᠯ ᠢᠶᠠᠨ ᠬᠢᠮᠠᠭᠠᠳᠠᠨ ᠵᠠᠯᠭᠠᠮᠵᠢᠯᠠᠬᠤᠢ ᠶᠢᠨ ᠤᠬᠠᠮᠰᠠᠷᠳᠤ ᠬᠢᠴᠢᠶᠡᠯ | ᠲᠠᠶᠢᠯᠤᠯᠭᠠ ᠪᠤᠯᠤᠮᠤᠢ ᠢ ᠠ᠃ ᠲᠡᠷᠡᠪᠡᠷ ᠲᠡᠤᠬᠡᠳᠤ ᠶᠠᠪᠤᠳᠠᠯ ᠬᠢᠭᠡᠤᠨ ᠮᠠᠨ ᠤ ᠦᠶ᠎ᠡ ᠳᠤ ᠪᠤᠯᠵᠤ ᠦᠡᠭᠭᠡᠷᠡᠭᠰᠡᠨ | ᠤᠡᠴᠠᠭᠠᠢ ᠬᠡᠷᠡᠭ ᠤᠴᠢᠷ ᠲᠤ ᠨᠤᠳᠠᠯᠠᠯ ᠦᠨᠡᠯᠡᠯ ᠢᠶᠠᠨ ᠲᠤᠭᠠᠴᠢᠳᠠᠭ ᠮᠦᠷᠳᠡᠭᠡᠨ ᠦᠪᠡᠷ ᠤᠨ ᠬᠢ ᠳᠡᠭᠡᠨ ᠴᠤ | ᠦᠵᠦᠭ ᠤᠨ ᠦᠵᠤᠭᠦᠷ ᠨᠠᠶᠢᠷ ᠦᠯᠤ ᠬᠠᠶᠠᠨ ᠤᠷᠢᠳᠠᠬᠢᠴᠤᠤᠯ ᠤᠨ ᠢᠶᠠᠨ ᠤᠨᠤᠰᠢ ᠠᠯᠳᠠᠰᠢ ᠶᠢ ᠲᠤᠩᠭᠠᠨ᠂ | ᠲᠦᠷᠤᠭ᠍ᠰᠡᠨ ᠠᠬ᠎ᠠ ᠲᠡᠭᠦᠤᠰ ᠤᠨ ᠢᠶᠠᠨ ᠠᠭᠤᠷ ᠤᠡᠳᠤᠭᠤᠨ᠂ ᠠᠷᠢᠬᠢᠨ ᠳᠤ ᠬᠡᠳᠤᠷᠬᠡᠶᠢᠶᠠ ᠰᠢᠨᠤᠵᠤ᠂ ᠵᠡᠪ | ᠵᠠᠯᠠᠭᠤᠬᠠᠨ ᠢᠶᠠᠷ ᠢᠶᠠᠨ ᠲᠤᠷᠭᠤᠨ ᠨᠠᠰᠤᠯᠠᠬᠰᠠᠨ ᠬᠠᠷᠠᠰᠠᠯ ᠢᠶᠠᠨ ᠨᠡᠷ᠎ᠡ ᠲᠠᠢ ᠵᠢᠯ ᠲᠠᠢ ᠨᠢ ᠨᠢᠭᠡᠪᠤᠷᠢᠴᠢᠯᠡᠨ | ᠤᠴᠢᠷᠯᠠᠬᠰᠠᠨ᠃ ᠡᠨ᠋ᠨ ᠬᠠᠮᠢᠶ᠎ᠡ ᠲᠠᠢ᠄ ︽ᠦᠷ᠎ᠡ ᠠᠴᠢ ᠨᠠᠷ ᠬᠤᠵᠢᠮ ᠤᠨ ᠡᠳᠤᠷ ᠠᠪᠤ ᠲᠡᠭᠡᠳᠤᠰ ᠤᠨ ᠢᠶᠠᠨ | ᠠᠮᠢᠳᠤᠷᠠᠵᠤ ᠠᠵᠤ ᠲᠦᠷᠦᠭᠰᠡᠨ ᠭᠡᠷ ᠤᠨ ᠲᠡᠤᠬᠡ ᠠᠴᠠ ᠰᠤᠷᠭᠠᠮᠵᠢ ᠠᠪᠴᠤ ᠠᠮᠢᠳᠤᠷᠠᠬᠤ ᠭᠦᠨ ᠤᠬᠠᠭᠠᠨ ᠢ | ᠰᠤᠷᠴᠤ ᠠᠪᠤᠭᠠᠷᠠᠢ︕ ᠬᠦᠮᠤᠰ ᠲᠤ ᠪᠤᠯᠬᠢᠳᠠᠭᠤᠨ ᠬᠠᠨᠳᠤᠵᠤ ᠪᠤᠯᠬᠤ ᠦᠭᠡᠢ᠂ ᠨᠤᠮᠤᠬᠠᠨ ᠲᠠᠷᠤᠤᠬᠠᠨ ᠢᠶᠠᠷ | ᠪᠤᠰᠤᠤᠨ ᠤᠨ ᠰᠠᠶᠢᠡᠳᠠᠢ ᠲᠠᠯ᠎ᠠ ᠶᠢ ᠢᠯᠡᠭᠦᠤ ᠦᠵᠡᠵᠤ᠂ ᠲᠤᠳᠠᠬᠳᠠᠯ ᠲᠠᠢ ᠲᠠᠯ᠎ᠠ ᠶᠢ ᠬᠢᠴᠢᠶᠡᠮᠵᠢᠯᠠᠨ ᠶᠡᠪᠤᠬᠤ ᠶᠢ | ᠢᠮᠠᠬᠳᠠ ᠠᠩᠬᠠᠷᠠᠬᠤ ᠬᠡᠷᠡᠭᠳᠠᠢ᠃ ᠲᠠᠨᠤᠰ ᠤᠨ ᠠᠪᠤ ᠲᠡᠭᠡᠳᠤᠰ ᠡᠨᠡᠬᠦ ᠤᠬᠠᠭᠠᠨ ᠢ ᠡᠵᠡᠮᠰᠢᠨ ᠴᠢᠳᠠᠬᠰᠠᠨ ᠦᠭᠡᠢ | ᠲᠤᠯᠠ ᠨᠢᠭᠡ ᠨᠠᠰᠤᠨ ᠳᠠᠭᠠᠨ ᠴᠦᠮ ᠬᠤᠤᠷ ᠠᠮᠰᠠᠪᠠ᠃ ᠢᠯᠡᠩᠭᠤᠶ᠎ᠠ ᠠᠭᠤᠷ ᠤᠮᠤᠭ᠂ ᠠᠷᠢᠬᠢ ᠲᠠᠷᠠᠰᠤ ᠪᠤᠯ | ᠲᠡᠭᠡᠳᠤᠰ ᠢ ᠴᠢᠨᠢ ᠬᠤᠤᠷᠯᠠᠬᠰᠠᠨ ᠭᠤᠤᠯ ᠲᠠᠶᠢᠰᠤᠨ ᠪᠤᠯᠬᠤᠷ ᠡᠨᠡ ᠬᠤᠶᠡᠷ ᠠᠴᠠ ᠴᠢᠳᠠᠬᠤ ᠶᠢᠨ ᠴᠢᠨᠡᠭᠡ ᠪᠠᠷ | ᠵᠠᠶᠢᠯᠠᠵᠤ ᠶᠡᠪᠤᠭᠠᠷᠠᠢ ᠁ ᠡᠷᠡᠭᠦᠯ ᠴᠢᠬᠢᠷᠠᠭ ᠢᠶᠠᠷ ᠤᠷᠳᠤ ᠨᠠᠰᠤᠯᠠᠬᠤ ᠨᠤᠮ ᠪᠢᠴᠢᠭ ᠢᠯᠡᠭᠦᠤ ᠦᠵᠡᠵᠤ᠂ | ᠭᠡᠨᠡᠤᠡᠳᠡ ᠶᠢᠨ ᠠᠶᠤᠯ ᠭᠠᠮᠰᠢᠭ ᠢ ᠰᠡᠷᠭᠡᠶᠢᠯᠡᠨ ᠪᠤᠯᠭᠤᠮᠵᠢᠯᠠᠬᠤ ᠬᠡᠷᠡᠭᠳᠠᠢ ᠁︾ ᠬᠡᠮᠡᠨ ᠦᠭᠡ ᠬᠦᠡᠳᠤ | ᠤᠤᠠᠬ᠎ᠠ ᠭᠦᠨ ᠰᠤᠷᠭᠠᠮᠵᠢᠯᠠᠪᠠᠢ᠃ | ᠡᠨᠡ ᠲᠤᠬᠠᠢ ᠬᠡᠳᠤᠨ ᠮᠦᠷ ᠪᠢᠴᠢᠬᠦᠨᠡ ᠲᠡᠭᠦᠨ ᠤ ᠵᠠᠭᠤᠭᠠᠤᠨ ᠵᠢᠯ ᠲᠤᠷᠰᠢᠬᠢ ᠬᠡᠳᠤᠨ ᠲᠦᠷᠤ ᠬᠡᠳᠤᠨ | ᠦᠶ᠎ᠠ ᠶᠢᠨ ᠤᠷᠢᠳᠠᠬᠢᠴᠤᠤᠯ ᠤᠨ ᠢᠶᠠᠨ ᠠᠮᠢᠳᠤᠷᠠᠨ ᠤᠷᠤᠰᠢᠬᠰᠠᠨ ᠵᠠᠶᠢᠴᠢᠯ ᠤᠨ ᠤᠯᠤᠰᠢ ᠠᠯᠳᠠᠰᠢ ᠶᠢᠨ ᠦᠨᠡᠯᠡᠯ | ᠦᠭᠡᠶᠢᠰᠬᠠᠯ ᠪᠤᠯ ᠠᠮᠢᠳᠤᠷᠠᠯ ᠤᠨ ᠦᠨᠡᠨ ᠤ ᠲᠤᠭᠠᠴᠢᠯᠳᠠ ᠶᠤᠮ᠃ ᠡᠶᠢᠡᠬᠦ ᠲᠤᠩᠭᠠᠯᠳᠠ ᠦᠭᠦᠯᠡᠯᠳᠠ ᠶᠢ ᠬᠢᠷᠢ | ᠪᠠᠷᠤᠬᠴᠤᠤᠯ ᠬᠢᠵᠤ ᠴᠢᠳᠠᠬᠤ ᠦᠭᠡᠢ᠂ ᠭᠠᠭᠴᠠᠬᠦ ᠦᠨᠡᠨ ᠢ ᠡᠷᠬᠢᠮᠨᠠᠵᠤ᠂ ᠲᠡᠤᠬᠡ ᠶᠢ ᠬᠦᠡᠳᠤᠤᠡᠬᠡᠵᠤ᠂ ᠵᠦᠪ | ᠪᠤᠷᠤᠭᠤ ᠶᠢ ᠢᠯᠭᠠᠨ ᠴᠢᠳᠠᠳᠠᠭ ᠬᠦᠮᠤᠨ ᠮᠦᠰᠤᠳᠡᠨ ᠤ ᠦᠵᠦᠭ ᠢᠶᠠᠷ ᠪᠤᠰᠤᠭᠠᠯᠠᠬᠤ ᠠᠷᠤᠤᠬᠠᠨ ᠦᠯᠢᠤᠡᠬᠡᠯ | ᠪᠤᠯᠤᠮᠤᠢ᠃ ᠴᠠᠳᠢᠬᠯᠠᠭᠴᠢ ᠮᠠᠨᠢ ᠨᠠᠷᠠ ᠭᠠᠷᠴᠤ ᠠᠯᠳᠠᠷᠰᠢᠭ᠎ᠠ ᠦᠭᠡᠢ ᠴᠤ ︽ᠵᠤᠬᠢᠶᠠᠯᠴᠢ ᠪᠤᠯᠬᠤ ᠶᠢᠨ ᠡᠮᠤᠨ᠎ᠠ | ᠬᠦᠮᠤᠨ ᠪᠤᠯᠬᠤ ᠬᠡᠷᠡᠭᠳᠠᠢ︾ ᠭᠡᠰᠡᠨ ᠲᠤᠮᠢᠶᠠᠯᠠᠯ ᠯᠤᠭ᠎ᠠ ᠲᠡᠩᠴᠡᠭᠳᠡᠬᠦᠨ ᠵᠢᠷᠤᠬᠤ ᠳᠤ ᠠᠷᠠᠢ ᠬᠤᠨᠭ᠍ᠬᠢᠷᠳᠠᠮᠠᠷ ᠦᠭᠡᠢ᠃ | ᠦᠭᠡᠷ᠎ᠡ ᠶᠢ ᠪᠠᠶᠢᠴᠢᠬᠠᠶ᠎ᠠ ᠲᠤᠰ ︽ᠭᠡᠷ ᠤᠨ ᠲᠡᠤᠬᠡ︾ ᠨᠢ ᠨᠡᠶᠢᠭᠡᠮ ᠨᠡᠶᠢᠳᠡ ᠶᠢᠨ ᠦᠨᠡᠯᠡᠯ᠂ ᠲᠡᠤᠬᠡ ᠶᠢᠨ | ᠰᠢᠯᠭᠠᠯᠳᠠ ᠶᠢ ᠲᠠᠭᠠᠭᠠᠨ ᠴᠢᠳᠠᠨ᠎ᠠ᠃ ᠲᠡᠬᠡᠯᠭᠦᠢ᠃ ᠬᠠ ᠶᠠ ᠦᠭᠡᠢ ᠲᠡᠯᠭᠡᠷᠡᠭᠡ ᠵᠠᠷᠢᠮ ᠤᠶᠢᠯᠠᠯᠭ᠎ᠠ ᠮᠦᠢᠯᠠᠯᠠᠭᠠ | ᠭᠡᠳᠡᠭ ᠨᠢ ᠮᠠᠬᠳᠠᠭᠠᠯ ᠠᠴᠠ ᠮᠠᠬᠳᠠᠭᠠᠯ᠂ ᠨᠤᠳᠠᠯᠠᠯ ᠠᠴᠠ ᠨᠤᠳᠠᠯᠠᠯ ᠢᠶᠠᠷ ᠬᠠᠭᠤᠳᠠᠰᠤ ᠨᠢᠭᠤᠷ ᠲᠦᠭᠦᠷᠭᠡᠭᠰᠡᠨ | ᠲᠠᠪᠤᠰᠤ ᠴᠠᠭ᠎ᠠ ᠦᠭᠡᠢ ᠶᠠᠭᠤᠮ᠎ᠠ ᠲᠡᠳᠤᠢ᠂ ᠲᠡᠭᠦᠨ ᠳᠤ ᠬᠡᠷᠡᠭᠰᠡᠭᠰᠡᠨ ᠪᠢᠷ ᠪᠡᠬᠡᠰ ᠢ ᠬᠡᠷᠡᠭ ᠲᠠᠢ ᠶᠠᠭᠤᠮ᠎ᠠ ᠳᠤ | ᠵᠠᠷᠤᠴᠠᠭᠤᠯᠤᠬᠰᠠᠨ ᠪᠤᠯ ᠶᠠᠮᠡᠷ ᠰᠠᠶᠢᠨ᠃ ᠮᠠᠨᠤᠰ ᠲᠤ ︽ᠪᠤᠷᠬᠠᠨ ᠳᠤ ᠪᠠᠰᠠ ᠭᠤᠷᠪᠠᠨ ᠠᠯᠳᠠᠨ ᠪᠦᠭᠡᠰᠤ ᠲᠠᠢ︾ | ᠭᠡᠰᠡᠨ ᠤᠬᠠᠭᠠᠯᠢᠭ ᠦᠭᠡ ᠪᠠᠶᠢᠭ᠎ᠠ ᠪᠦᠭᠡᠤᠨ ᠦᠭᠡᠯᠤᠨ ᠡᠬᠡ ᠲᠡᠮᠤᠵᠢᠨ ᠤ ᠤᠰᠤᠯ ᠠᠯᠳᠠᠭ᠎ᠠ ᠶᠢ ᠬᠠᠶᠢᠷ᠎ᠠ ᠦᠭᠡᠢ | ᠰᠢᠭᠦᠮᠵᠢᠯᠡᠭᠰᠡᠨ ᠲᠤᠯᠢ ᠪᠠᠶᠢᠭ᠎ᠠ ᠶᠤᠮ ᠡ᠃ | ᠲᠡᠷᠡᠪᠡᠷ ᠮᠡᠳᠡᠯᠭᠡ ᠶᠢ ᠤᠪᠤᠭ᠎ᠠ ᠡᠷᠬᠢᠮᠨᠡᠳᠡᠭ ᠢᠶᠠᠷ ᠡᠯᠪᠡᠭ ᠪᠠᠶᠠᠯᠢᠭ ᠤᠶᠤᠡᠴᠢ ᠠᠬᠤᠢ ᠲᠠᠢ᠃ ᠠᠵᠢᠯ | ᠲᠤᠬᠠᠶᠢᠯᠠᠯ ᠠᠴᠠ ᠤᠡᠳᠤᠤ ᠰᠢᠡᠵᠢᠯᠡᠯ ᠰᠤᠳᠤᠯᠤᠯ ᠳᠤ ᠰᠠᠨᠠᠭ᠎ᠠ ᠬᠦᠷᠴᠤ ᠲᠡᠤᠡᠬᠦᠪᠤᠷᠢ ᠳᠤ ᠭᠠᠷᠤᠭᠠᠤᠨ ᠡᠷᠡᠭᠦᠯ | ᠡᠩᠬᠡ᠂ ᠵᠢᠷᠤᠬᠠᠢ ᠶᠢᠨ ᠶᠤᠰᠤᠨ ᠤ ᠨᠠᠯᠢᠶᠡᠤᠨ ᠲᠤᠷᠪᠢᠯᠢᠭ ᠪᠦᠳᠤᠭᠡᠯ ᠤᠷᠤᠯᠳᠤᠯᠭ᠎ᠠ᠂ ᠰᠤᠷᠭᠠᠯ ᠦᠭᠡᠰ ᠢᠶᠠᠨ | ᠦᠯᠡᠳᠡᠭᠡᠭᠰᠡᠨ ᠮᠦᠷᠳᠡᠭᠡᠨ ᠤᠶᠡᠩᠭ᠎ᠠ ᠨᠠᠶᠢᠷᠠᠭ ᠴᠤ ᠤᠷᠤᠯᠳᠤᠵᠤ᠂ ᠵᠸᠤ ᠡᠸ᠋ᠨ ᠯᠠᠢ ᠶᠡᠷᠤᠩᠬᠡᠢ ᠰᠠᠶᠢᠤᠨ ᠢ | ᠭᠠᠰᠢᠭᠤᠳᠠᠬᠰᠠᠨ ᠤᠷᠳᠤ ᠰᠢᠯᠦᠭ ᠢᠶᠠᠨ ᠰᠤᠨᠢᠨ ᠳᠤ ᠨᠡᠶᠢᠳᠡᠯᠡᠭᠦᠯᠵᠤ᠂ ᠡᠷᠡᠭᠦᠯ ᠮᠡᠡᠳᠤ ᠶᠢᠨ ᠬᠠᠮᠢᠶ᠎ᠡ ᠲᠠᠢ ᠦᠭᠦᠯᠡᠯ | ᠰᠤᠳᠤᠯᠤᠯ᠂ ᠤᠷᠴᠢᠭᠤᠯᠭ᠎ᠠ ᠪᠠᠨ ᠰᠢᠡᠵᠢᠯᠡᠬᠦ ᠤᠬᠠᠭᠠᠨ ᠵᠡᠷᠭᠡ ᠰᠤᠨᠢᠨ ᠰᠡᠤᠡᠬᠦᠯ ᠢᠶᠠᠷ ᠨᠡᠶᠢᠳᠡᠯᠡᠭᠦᠯᠤᠨ | ᠤᠡᠭᠰᠢᠬᠴᠢᠤᠨ ᠲᠤ ᠡᠷᠡᠭᠦᠯ ᠰᠠᠷᠠᠭᠤᠯ ᠶᠡᠪᠤᠬᠤ ᠶᠢᠨ ᠬᠠᠳᠢᠪᠯᠡᠯ ᠲᠠᠢ ᠠᠬᠠᠮᠠᠤᠨ ᠪᠢᠴᠢᠭᠳᠡᠨ ᠶᠤᠮ ᠠ᠃ ᠲᠡᠭᠦᠨ ᠳᠤ | ᠬᠡᠷᠪᠡ ᠡᠳᠤᠭᠡ ᠶᠢᠨ ᠰᠠᠶᠢᠬᠠᠨ ᠴᠠᠭ ᠲᠤᠬᠢᠶᠠᠬᠰᠠᠨ ᠪᠤᠯ ᠵᠤᠬᠢᠶᠠᠯᠴᠢ᠂ ᠲᠡᠤᠬᠡ ᠰᠤᠳᠤᠯᠭᠠᠳᠠᠨ ᠤ ᠬᠦᠴᠤᠨ ᠵᠦᠢᠯ | ᠪᠦᠷᠢᠨ ᠪᠠᠶᠢᠬᠰᠠᠨ᠂ ᠴᠠᠭ ᠦᠶ᠎ᠡ ᠭᠡᠳᠡᠭ ᠴᠢᠮᠠᠶᠢᠢ ᠶᠠᠭᠠᠬᠢᠵᠤ ᠴᠤ ᠴᠢᠳᠠᠨ᠎ᠠ ᠳ᠋ᠠ᠃ᠮᠢᠨᠤ ᠪᠠᠶ᠎ᠠ ᠡᠨᠡ ᠨᠤᠮ ᠢ | ᠬᠡᠳᠤᠡᠳᠡ ᠠᠮᠳᠠᠷᠬᠠᠬᠰᠠᠨ ᠤᠯᠵᠠᠭᠤᠷᠬᠠᠯ ᠢᠶᠠᠨ ᠰᠠᠶ᠋ᠢᠬᠢ ᠬᠡᠳᠤᠨ ᠵᠤᠷᠪᠤᠰᠯᠠᠯ ᠢᠶᠠᠷ ᠪᠦᠳᠤᠭᠦᠪᠴᠢᠯᠠᠵᠤ᠂ ︽ᠴᠢᠳᠠᠯ | ᠦᠭᠡᠢ ᠪᠦᠬᠡᠳᠡᠯ᠎ᠡ ᠰᠢᠪᠡᠷ ᠪᠠᠶᠢᠰᠢᠩ ᠳᠤ ᠲᠤᠷᠡᠳᠠᠢ︾᠂ ᠦᠪᠡᠷ ᠢ ᠪᠠᠨ ᠡᠰᠡ ᠭᠤᠯᠤᠨ ᠲᠦᠷᠤᠭ᠍ᠳᠡᠯ ᠶᠦᠭᠡᠨ | ᠡᠪᠯᠡᠭᠦᠯᠬᠦ ᠪᠤᠳᠤᠯ ᠴᠤᠬᠤᠯᠵᠠᠭᠠᠤᠨ ᠨᠢᠭᠡ ᠯᠡ ᠵᠢᠭᠳᠡᠶᠢᠬᠡᠨ᠃ ᠴᠠᠭ ᠴᠢᠳᠠᠯ ᠤᠨ ᠬᠠᠷᠠᠭ᠎ᠠ ᠬᠡᠬᠦ ᠤᠤ᠂ ᠰᠠᠶ᠋ᠢ | ᠦᠵᠦᠭ ᠴᠠᠭᠠᠰᠤᠨ ᠤᠶᠢᠷᠠᠳᠤᠭᠤᠯᠤᠨ ᠪᠠᠭᠠᠳᠠᠬᠯᠠᠬᠤ ᠨᠢ ᠡᠨᠡ᠃ ᠭᠡᠳᠡᠯ᠎ᠡ ᠶᠠᠮᠠᠷ ᠮᠠᠶ᠋ᠢᠭ ᠢᠶᠠᠷ ᠭᠡᠰᠡᠨ ᠬᠡᠷᠡᠭᠡᠰᠤ | ᠬᠦᠡᠳᠡᠯᠢᠰᠪᠡ᠃ ᠡᠨᠡ ᠮᠡᠲ᠋ᠧᠷᠢᠶᠠᠯ ᠲᠤᠭᠤᠵᠢᠰ ᠲᠤ ᠲᠤᠬᠢᠷᠠᠨ᠎ᠠ᠃ ᠲᠤᠭᠤᠵᠢᠰ ᠲᠤ᠋ᠲ᠋ᠦ᠋ᠷᠰᠤᠯᠡᠯ᠂ ᠬᠡᠶᠢᠰᠪᠦᠷᠢᠯᠡᠯ | ᠬᠡᠷᠡᠭᠳᠠᠢ᠃ ᠭᠡᠷ ᠤᠬᠰᠠᠭ᠎ᠠ ᠶᠢᠨ ᠲᠡᠤᠬᠡ ᠶᠢ ᠤᠷᠠᠯᠢᠬᠵᠢᠭᠤᠯᠤᠨ ᠦᠭᠡᠬᠦ ᠪᠤᠯᠴᠢᠷᠬᠠᠢ ᠶᠢᠨ ᠠᠯᠢᠨ ᠪᠢᠰᠢ ᠶᠠᠭᠤᠮ᠎ᠠ | ᠪᠤᠯᠭᠠᠵᠤ ᠶᠠᠭᠠᠬᠢᠰᠤ᠃ ᠬᠠᠰᠢ ᠯᠡ ᠤᠤᠯ ᠪᠢᠴᠢᠯᠭᠡ ᠶᠢᠨ ᠪᠦᠯᠦᠭ ᠬᠡᠰᠡᠭᠯᠡᠯ ᠳᠤ ᠪᠠᠷᠢᠬᠳᠠᠯ ᠦᠭᠡᠢ ᠵᠤᠬᠢᠶᠠᠬᠴᠢ ᠶᠢᠨ | ᠦᠭᠦᠯᠡᠯᠳᠠ ᠲᠠᠢ ᠬᠤᠪᠢ ᠶᠢᠨ ᠰᠡᠤᠡᠬᠢᠭᠳᠡᠬᠦᠨ ᠢᠶᠠᠨ ᠠᠭᠤᠰᠤᠯᠳᠤᠭᠤᠯᠤᠨ ᠬᠦᠨᠡᠶᠢᠬᠢ ᠰᠢᠭ ᠴᠢᠳᠠᠬᠤ ᠦᠭᠡᠢ ᠴᠤ | ᠬᠢᠷᠢ ᠳᠡᠭᠡᠨ ᠦᠵᠦᠭ ᠬᠦᠰᠢᠶ᠎ᠠ᠃ | ᠬᠤᠶᠡᠷ᠂ ︽ᠭᠡᠷ ᠤᠨ ᠲᠡᠤᠬᠡ︾ ᠪᠤᠯ ᠴᠠᠳᠢᠭ᠃ ᠴᠠᠳᠢᠭ ᠪᠤᠯᠪᠠᠰᠤ ᠬᠦᠮᠤᠰ ᠤᠨ ᠭᠡᠷ ᠤᠬᠰᠠᠭ᠎ᠠ ᠶᠢᠨ | ᠦᠶ᠎ᠡ ᠵᠠᠯᠭᠠᠮᠵᠢ ᠶᠢᠨ ᠲᠡᠮᠳᠡᠭᠯᠠᠯ᠃ ᠲᠡᠬᠡᠬᠦ ᠠᠴᠠ ᠴᠠᠳᠢᠭ ᠢ ︽ᠭᠡᠷ ᠤᠨ ᠲᠡᠤᠬᠡ︾ ᠬᠡᠬᠦᠨᠡ ᠬᠠᠵᠠᠭᠠᠶᠢᠳᠠᠮᠠᠷ ᠦᠭᠡᠢ᠃ | ᠡᠨᠡ ᠲᠡᠯᠡᠬᠡᠢ ᠶᠢᠨ ᠲᠠᠷᠢᠭᠦᠨ ᠤᠬᠠᠭᠠᠠᠳᠠᠨ — ᠬᠦᠮᠤᠨ ᠲᠡᠷᠢᠭᠦᠳᠡᠤᠨ ᠪᠢᠴᠢᠭ ᠤᠨ ᠰᠤᠶᠤᠯ ᠡᠭᠦᠤᠡᠬᠦ ᠶᠢᠨ | ᠲᠠᠭᠠᠤ ᠲᠡᠤᠬᠡ ᠴᠠᠳᠢᠭ ᠢᠶᠠᠨ ᠪᠢᠴᠢᠭᠯᠡᠨ ᠦᠯᠡᠳᠡᠭᠡᠬᠦ ᠪᠤᠯᠤᠬᠰᠠᠨ ᠪᠦᠭᠡᠤᠨ ᠤᠳᠤ ᠶᠢᠨ ᠪᠦᠮᠪᠤᠷᠴᠡᠭ ᠲᠤ ᠴᠠᠭᠠᠨ᠂ | ᠬᠠᠷ᠎ᠠ᠂ ᠰᠢᠷ᠎ᠡ᠂ ᠤᠯᠠᠭᠠᠨ᠂ ᠪᠤᠷᠤ᠂ ᠬᠦᠬᠡ᠂ ᠨᠤᠭᠤᠭᠠᠨ ᠬᠡᠳᠤᠨ ᠦᠡᠭᠭᠡ ᠶᠢᠨ ᠠᠷᠠᠰᠤᠳᠠᠣᠨ ︵ᠬᠤᠵᠢᠮᠳᠠ | ᠢᠡᠳᠢᠶᠠᠨ ᠪᠤᠯᠤᠨ ᠡᠸᠦ᠋ᠷᠦᠫᠠᠴᠤᠤᠨ᠂ ᠴᠠᠭᠠᠨ ᠪᠤᠯᠤᠨ ᠬᠠᠷ᠎ᠠ ᠠᠷᠠᠰᠤᠳᠠᠨ ᠠᠴᠠ ᠭᠠᠷᠤᠬᠰᠠᠨ ᠬᠤᠯᠢᠮᠠᠭ | ᠴᠢᠰᠤᠳᠠᠤᠨ ︿ᠡᠷᠯᠢᠰᠠ﹀ ᠢ ᠶᠠᠮᠠᠷ ᠠᠷᠠᠰᠤᠳᠠᠨ ᠤ ᠲᠦᠷᠤᠯ ᠳᠤ ᠪᠠᠭᠳᠠᠭᠠᠬᠤ︶ ᠤᠨ ᠬᠡᠳᠤᠨ ᠮᠢᠩᠭᠠᠨ | ᠦᠡᠳᠤᠰᠤᠳᠠᠨ ᠶᠠᠰᠤᠳᠠᠨ ᠤ ᠲᠠᠯᠠᠨ ᠳ᠋ᠦᠡᠭᠰᠢᠭᠤᠷᠳᠠᠤᠨ ᠠᠵᠤ ᠲᠦᠷᠤᠭᠡ᠃ ᠮᠤᠩᠭᠤᠯ ᠤᠨ ᠦᠯᠤᠭᠡᠢ ᠪᠤᠯ ᠢᠰᠡᠬᠡᠢ | ᠲᠤᠭᠤᠷᠭᠠᠳᠠᠤᠨ ᠢ ᠡᠰᠡᠨᠢᠭᠦᠯᠦᠭᠰᠡᠨ ᠬᠠᠯᠠᠭᠤᠨ ᠦᠯᠥᠭᠡᠢ᠃ ᠡᠨᠡᠬᠦ ᠪᠠᠶᠢᠭᠠᠯ ᠨᠠᠭᠤᠷ ᠠᠴᠠ ᠬᠠᠳᠤᠨ ᠭᠤᠤᠯ ᠤᠨ | ᠰᠠᠪᠠ ᠭᠠᠵᠠᠷ ᠬᠦᠷᠬᠦ ᠦᠷᠭᠡᠨ ᠠᠭᠤᠳᠠᠮ ᠭᠠᠵᠠᠷ ᠨᠤᠳᠤᠭ ᠲᠤ ᠮᠤᠩᠭᠤᠯ ᠪᠤᠰᠤ ᠦᠬᠤᠸᠠᠨ᠂ ᠰᠢᠶᠡᠡᠪᠢ᠂ ᠲᠦᠷᠦᠭ᠂ | ᠰᠢᠪᠡᠭᠡ᠂ ᠯᠤ᠋ ᠯᠠᠨ᠂ ᠲᠦᠪᠡ᠂ ᠬᠢᠳᠡᠨ ︵ᠰᠤᠷᠪᠤᠯᠵᠢ ᠪᠢᠴᠢᠭ ᠲᠤ ᠠᠯᠢ ᠤᠵᠤᠭᠤᠷ ᠢᠡᠳᠢᠶᠠᠠᠴᠤᠤᠨ ᠲᠤ ᠪᠠᠶᠢᠯ᠎ᠠ | ᠭᠡᠰᠡᠨ ᠮᠦᠷ ᠰᠤᠷᠠᠭ ᠴᠤ ᠪᠤᠢ︶ ᠵᠡᠷᠭᠡ ᠰᠢᠷ᠎ᠠ ᠠᠷᠠᠰᠤᠳᠠᠨ ᠠᠮᠢᠳᠤᠷᠠᠨ ᠤᠷᠤᠰᠢᠵᠤ ᠠᠬᠰᠠᠨ᠃ ᠬᠠᠰᠠᠬᠴᠤᠤᠨ | ᠤᠳᠤ ᠪᠤᠯᠳᠠᠯ᠎ᠠ ᠪᠠᠶᠢᠭ᠎ᠠ᠃ ᠤᠷᠴᠢᠮ ᠤᠨ ᠮᠡᠳᠡᠭᠡᠯᠡᠯ ᠳᠤ ᠠᠹᠷᠢᠺᠡ ᠲᠢᠪ ᠤᠨ ᠵᠠᠷᠢᠮ ᠤᠷᠤᠨ᠂ ᠠᠽᠢᠶ᠎ᠠ ᠶᠢᠨ | ᠡᠨᠡᠤᠩᠡ᠂ ᠫᠠᠺᠢᠰᠲ᠋ᠠᠨ ᠤ ᠵᠠᠷᠢᠮ ᠪᠦᠭᠯᠡᠭᠦᠤ ᠭᠠᠵᠠᠷ ᠲᠤ ᠲᠤᠬᠢᠶ᠎ᠠ ᠬᠡᠬᠢᠶᠠ ᠪᠠᠷ ᠬᠠᠷᠢᠴᠠᠳᠠᠭ ᠦᠭᠡ ᠬᠡᠯᠡ ᠦᠭᠡᠢ | ᠪᠠᠯᠠᠷᠯᠢᠠᠠᠴᠤᠤᠨ ᠢ ᠢᠯᠡᠷᠡᠭᠦᠯᠪᠡ ᠭᠡᠰᠡᠨ ᠮᠡᠳᠡᠭᠡ ᠬᠠᠷᠠᠭ᠎ᠠ ᠬᠤᠵᠢᠷᠯᠠᠨ ᠪᠠᠶᠢᠬᠰᠠᠨ᠃ 2012 ᠤᠨ᠎ᠠ | ᠢᠡᠳᠤᠨᠢᠰᠢᠶᠠ ᠶᠢᠨ ᠵᠡᠯᠢᠭᠦᠤᠨ ᠤᠢ ᠠᠴᠠ ︽ᠤᠷᠠᠨ ᠬᠠᠵᠢᠨ︾ ᠠᠶᠢᠮᠠᠭ ᠤᠬᠠᠰᠠᠭᠠᠳᠠᠨ ᠠᠶᠢᠮᠠᠭ ︵ᠲᠡᠳᠡᠨ ᠤ | ᠲᠤᠯᠤᠭᠠᠢ ᠶᠢᠨ ᠬᠡᠰᠡᠭ ᠨᠢ ᠴᠠᠭᠠᠨ᠂ ᠪᠡᠶ᠎ᠠ ᠨᠢ ᠶᠤᠰᠤᠳᠠᠢ ᠬᠠᠷ᠎ᠠ︶ ᠢ ᠢᠯᠡᠷᠡᠭᠦᠯᠪᠡ ᠭᠡᠵᠤ ᠮᠡᠳᠡᠭᠡᠯᠡᠭᠰᠡᠨ ᠶᠤᠮ᠃ | ᠲᠡᠳᠡᠭᠡᠷ ᠲᠤᠬᠢᠶᠠᠯᠠᠯ ᠢᠶᠠᠷ ᠬᠠᠷᠢᠴᠠᠬᠰᠠᠤᠨ ᠢ ᠪᠤᠯᠢᠵᠤ᠂ ᠪᠤᠳᠤᠬᠤᠨᠠ ᠮᠠᠨ ᠤ ᠤᠯᠤᠰ ᠤᠨ 56 ᠦᠡᠳᠤᠰᠤᠳᠡᠨ ᠳᠤ | ᠦᠰᠦᠭ ᠦᠭᠡᠢ ᠬᠤᠶᠡᠷ ᠦᠡᠳᠤᠰᠤᠳᠡᠨ ᠠᠴᠠ ᠪᠤᠰᠤᠤᠨ ᠨᠢ ᠴᠠᠳᠢᠭ ᠲᠡᠮᠳᠡᠭᠯᠡᠯ ᠲᠠᠢ ᠪᠠᠶᠢᠯᠭᠦᠢ᠃ ᠮᠤᠩᠭᠤᠯᠴᠤᠤᠨ | ᠮᠠᠨᠢ ᠡᠷᠳᠡᠨ ᠠᠴᠠ ᠤᠳᠤᠮ ᠰᠤᠳᠤᠮ ᠢᠶᠠᠨ ᠨᠡᠷᠡᠯᠡᠨ ᠲᠤᠬᠳᠠᠭᠠᠵᠤ᠂ ᠦᠪᠡᠷ ᠤᠨ ᠶᠢᠰᠤᠨ ᠦᠶ᠎ᠡ ᠪᠠᠨ ᠨᠡᠷᠡᠯᠡᠨ | ᠲᠤᠭᠠᠯᠠᠵᠤ ᠴᠢᠳᠠᠳᠠᠭ᠃ ᠦᠰᠦᠭ ᠪᠢᠴᠢᠭ ᠲᠠᠢ ᠪᠤᠯᠤᠬᠰᠠᠨ ᠠᠴᠠ ᠲᠦᠷᠤᠯ ᠤᠬᠠᠰᠠᠭᠠ ᠶᠢᠨ ᠵᠠᠯᠭᠠᠯ | ᠲᠠᠷᠠᠭᠠᠯᠠᠯ ᠢᠶᠠᠨ ᠲᠡᠮᠳᠡᠭᠯᠡᠨ ᠤᠯᠠᠮᠵᠢᠯᠠᠬᠰᠠᠭᠠᠷ ᠢ ︽ᠨᠢᠭᠤᠴᠨ ᠲᠤᠪᠴᠢᠶᠠᠨ︾ ᠵᠡᠷᠭᠡ ᠲᠤᠯᠭᠤᠷ ᠪᠢᠴᠢᠭ | ᠬᠠᠷᠢᠭᠤᠯᠳᠠ ᠬᠢᠭᠡᠤᠨ ᠪᠠᠶᠢᠭ᠎ᠠ᠃ | ᠰᠢᠨ᠎ᠡ ᠲᠤᠮᠳᠠᠳᠤ ᠤᠯᠤᠰ ᠮᠡᠡᠳᠤᠯᠡᠭᠡᠤᠨ ᠠᠷᠠᠢ ᠠᠷᠪᠠᠨ ᠵᠢᠯ ᠪᠤᠯᠤᠭ᠎ᠠ ᠦᠭᠡᠢ ᠪᠠᠶᠢᠬᠤ ᠳᠤ ᠲᠦᠷᠤ ᠵᠠᠰᠠᠭ | ᠤᠨ ᠬᠤᠷᠯᠤ ᠰᠤᠨᠢᠨ ᠢᠶᠠᠷ ᠡᠷᠬᠢᠨ᠂ ᠨᠠᠭᠠᠭᠠᠳᠠᠵᠤ ᠰᠠᠪᠬᠠᠨ ᠦᠵᠦᠭᠦᠷ ᠠᠴᠠ ᠠᠶᠠᠭᠠᠨ ᠠᠮᠰᠠᠷ ᠬᠦᠷᠳᠡᠯ᠎ᠡ ᠠᠩᠭᠢ | ᠶᠢᠨ ᠲᠡᠮᠡᠴᠡᠯ ᠲᠠᠢ ᠬᠡᠮᠡᠨ ︽ᠠᠩᠬᠢ ᠶᠢᠨ ᠲᠡᠮᠡᠴᠡᠯ︾ ᠢᠶᠠᠷ ᠬᠦᠳᠤᠯᠪᠤᠷᠢ ᠪᠤᠯᠭᠠᠵᠤ ︽ᠲᠠᠪᠤᠨ ᠮᠠᠭᠤ ᠬᠤᠪᠢᠳᠠᠨ︾ | ᠲᠡᠭᠡᠷ᠎ᠡ ᠪᠠᠰᠠ ︽ᠦᠮᠡᠬᠡᠢ ᠶᠢᠰᠤᠳᠤᠭᠡᠷ︾ ᠢ ᠨᠡᠮᠡᠴᠢᠬᠡᠭᠰᠡᠨ ︽ᠵᠡᠭᠦᠨ︾ ᠬᠡᠳᠡᠯ᠎ᠡ ︽ᠪᠠᠷᠠᠭᠤᠨ︾᠂ ︽ᠵᠢᠰᠤ | ᠪᠤᠷᠤᠭᠤᠳᠠᠨ︾ ᠪᠢᠰᠢ ᠪᠤᠯ ︽ᠬᠠᠷ᠎ᠠ ᠶᠤᠷᠳᠡᠨ︾ ᠢᠶᠠᠷ ᠲᠦᠭᠦᠷᠴᠤ᠂ ᠲᠡᠷᠡ ︽ᠲᠡᠷᠨᠢ ᠶᠢᠨ ᠴᠠᠭᠠᠷᠢᠭ︾ | ᠶᠠᠪᠤᠬᠤᠨᠠ ᠴᠢᠩᠭᠠᠷᠠᠵᠤ᠂ ᠰᠤᠶᠤᠯ ᠤᠨ ᠬᠤᠪᠢᠰᠬᠠᠯ ᠳᠤ ᠬᠠᠭᠤᠴᠢᠨ ᠡᠳ᠋ ᠦᠯᠦᠭ ᠢ ᠬᠤᠪᠬᠤ ᠱᠦᠭᠦᠷᠳᠡᠭᠰᠡᠨ | ᠶᠤᠮ ᠴᠢᠨᠢ ᠬᠤᠪᠤᠷ ᠴᠤᠬᠠᠭ ᠪᠢᠴᠢᠭ ᠰᠤᠳᠤᠷ ᠠᠴᠠ ᠴᠢ ᠪᠢᠳᠠᠨ ᠤ ᠴᠠᠳᠢᠭ ᠲᠡᠮᠳᠡᠭᠯᠠᠯ ᠤᠨ ᠲᠠᠮᠳᠤᠭ ᠪᠤᠢ ᠤᠤ︖ | ᠲᠡᠷᠡ ᠭᠠᠯᠵᠠᠭᠤᠷᠠᠯ ᠢᠶᠠᠷ ᠬᠦᠮᠤᠨ ᠲᠦᠷᠤᠯᠬᠢᠳᠡᠨ ᠤ ᠪᠤᠯᠪᠠᠰᠤᠨ ᠢ ᠦᠨᠡᠬᠡᠷ ᠲᠡᠤᠬᠡᠨ ᠳᠤ ᠭᠠᠷᠤᠭ᠎ᠠ ᠦᠭᠡᠢ | ᠲᠠᠯᠬᠢᠳᠠᠭᠰᠠᠨ ᠳ᠋ᠠ᠃ | ᠵᠠᠰᠠᠨ ᠵᠦᠭᠰᠢᠷᠡᠭᠦᠯᠦᠯ᠂ ᠦᠭᠡᠷᠡᠴᠢᠯᠠᠯᠳᠠ ᠨᠡᠭᠡᠭᠡᠯᠳᠡ ᠠᠴᠠ ᠮᠠᠨᠤᠰ ᠬᠤᠷᠸ᠎ᠠ ᠶᠢᠷᠳᠢᠡᠴᠤ ᠶᠢᠨ ᠬᠡᠰᠢᠭ | ᠬᠤᠪᠢᠳᠠᠭᠤᠯᠦᠯ ᠢ ᠠᠰᠢᠳᠠᠶᠢᠬᠠᠨ ᠡᠳᠡᠯᠡᠯᠴᠡᠬᠦ ᠪᠤᠯᠤᠬᠰᠠᠨ᠃ ᠡᠨᠡ ᠪᠤᠯ ᠲᠠᠯᠬᠢᠯ ᠠᠴᠠ ᠠᠮᠢᠯᠠᠭᠤᠯᠤᠯ᠂ ᠲᠠᠮᠳᠤᠬᠯᠠᠯ | ᠠᠴᠠ ᠰᠡᠷᠭᠦᠯ᠂ ᠲᠤᠩᠭᠤᠷᠠᠭᠤᠯᠤᠯ ᠤᠨ ᠲᠤᠩᠭᠤᠷᠠᠭᠤᠯᠤᠯ᠃ ᠬᠦᠮᠤᠰ ᠤᠨ ᠤᠶᠤᠨ ᠰᠡᠤᠡᠬᠢᠬᠦᠢ ᠪᠠᠶᠢᠭᠠᠯᠢ | ᠶᠢᠷᠳᠢᠡᠴᠤ ᠲᠠᠢ ᠪᠠᠨ ᠲᠤᠩᠭᠠᠯᠠᠬᠰᠢᠨ ᠢᠷᠡᠬᠦᠨᠡᠷ ᠤᠪᠤᠭ ᠤᠬᠰᠠᠭ᠎ᠠ᠂ ᠭᠡᠷ ᠲᠦᠷᠤᠯ ᠤᠨ ᠴᠠᠳᠢᠭ ᠲᠡᠤᠬᠡ ᠬᠡᠮᠡᠨ | ᠠᠯᠳᠠᠬᠰᠠᠨ ᠢᠶᠠᠨ ᠡᠭᠡᠭᠦᠯᠤᠨ ᠠᠮᠵᠢᠭᠠᠳᠤᠢ ᠪᠠᠨ ᠪᠤᠰᠤᠭᠠᠯᠠᠭᠤᠯᠤᠨ ᠱᠠᠯᠠᠪᠳᠠᠯᠴᠠᠨᠠ᠃ | ᠠᠷᠰᠯᠠᠨ ᠠᠪᠤᠭᠠᠢ ᠶᠢᠨ ᠦᠯᠡᠳᠡᠭᠡᠭᠰᠡᠨ ︽ᠲᠡᠤᠬᠡ︾ ᠪᠤᠯ ᠡᠨᠡᠬᠦ ᠰᠠᠶᠢᠬᠠᠨ ᠡᠷᠡᠨ ᠤ ᠲᠦᠷᠤᠳᠠᠰᠤ᠃ | ᠪᠠᠭᠠᠷᠢᠨ ᠪᠠᠷᠠᠭᠤᠨ ᠬᠤᠰᠢᠭᠤᠨ ᠤ ᠬᠢᠨ ︽ᠲᠦᠷᠪᠡᠨ ᠭᠡᠷ ᠤᠨ ᠲᠠᠶᠢᠵᠢ︾ ᠬᠡᠮᠡᠬᠦ ᠨᠤᠮ ᠢᠶᠠᠨ ᠲᠠᠷᠬᠠᠭᠠᠬᠰᠠᠨ | ᠴᠢᠮᠡᠭᠡ ᠶᠢ ᠪᠠᠰᠠ ᠷᠡᠳᠢᠣ᠋ ᠨᠡᠪᠳᠡᠷᠡᠭᠦᠯᠭᠡ ᠠᠴᠠ ᠰᠤᠨᠤᠰᠤᠭᠰᠠᠨ᠃ ᠲᠡᠷᠡ ᠨᠤᠮ ᠪᠤᠯ ᠴᠢᠩᠬᠢᠰ ᠤᠨ 21 ᠳ᠋ᠤᠭᠡᠷ | ᠦᠶ᠎ᠡ ᠶᠢᠨ ᠬᠤᠶᠢᠴᠢᠰ᠂ ᠪᠠᠭᠠᠷᠢᠨ ᠤ ᠠᠩᠬᠠᠳᠤᠬᠴᠢ ᠵᠠᠰᠠᠭ ᠸᠡᠩ ᠰᠧᠪᠳᠠᠨ ᠪᠤᠯᠤᠨ ᠴᠢᠩ ᠤᠨ ᠰᠡᠴᠡᠨ ᠡᠷᠬᠢᠮᠳᠤ | ᠭᠡᠭᠡ ᠶᠢᠨ ᠲᠦᠷᠪᠠᠨ ᠬᠦᠪᠡᠭᠦᠨ ᠠᠴᠠ ᠦᠷᠡᠵᠢᠭᠰᠡᠨ 1200 ᠡᠷᠤᠬᠡ 5000 ᠬᠦᠮᠤᠰ ᠤᠨ ᠲᠡᠤᠬᠡ ᠪᠤᠯᠤᠨ᠎ᠠ᠃ | ᠤᠳᠤ ᠶᠢᠨ ᠲᠦᠷᠤ ᠲᠦᠪᠰᠢᠨ ᠳᠤ ᠤᠳᠤᠮ ᠰᠤᠳᠤᠮ ᠤᠨ ᠴᠠᠳᠢᠭ᠍ᠯᠡᠯ ᠢᠶᠠᠨ ᠤᠮᠳᠤᠭᠠᠶᠢᠯᠠᠬᠤ ᠨᠢ ᠲᠡᠭᠡᠳᠤᠰ ᠲᠡᠭᠡᠨ | ᠤᠰᠤᠯᠳᠠᠨ ᠬᠤᠶᠢᠴᠢᠰ ᠲᠠᠭᠠᠨ ᠬᠦᠡᠭᠭᠡᠯᠡᠭᠳᠡᠨᠠ᠃ ︽ᠨᠠᠷᠠ ᠪᠠᠨ ᠠᠯᠳᠠᠬᠰᠠᠨ ᠳᠠᠭᠠᠨ ᠨᠢᠯᠪᠤᠰᠤ ᠤᠨᠠᠭᠠᠪᠠᠯ ᠤᠳᠤᠨ | ᠭᠠᠷᠠᠭᠢᠶ᠋ᠠᠨ ᠴᠤ ᠠᠯᠳᠠᠬᠤ ᠪᠤᠯᠤᠨ᠎ᠠ︾ ᠭᠡᠰᠡᠨ ᠡᠨᠡᠤᠬᠡᠭ ᠰᠢᠯᠦᠭᠴᠢ ᠶᠢᠨ ᠤᠬᠠᠭᠠᠵᠢᠬᠤᠨ ᠪᠠᠳᠠᠭ ᠪᠤᠳᠤᠬᠳᠠᠬᠤ | ᠪᠦᠭᠡᠤᠨ ︽ᠡᠭᠦᠰᠤᠯ ᠭᠠᠷᠤᠯ ᠢᠶᠠᠨ ᠮᠡᠳᠡᠬᠦ ᠦᠭᠡᠢ ᠪᠤᠯ ᠤᠢ ᠶᠢᠨ ᠰᠠᠷᠮᠠᠬᠴᠢᠨ ᠠᠴᠠ ᠢᠯᠭᠠᠭ᠎ᠠ ᠶᠠᠭᠤᠨ︾ ᠭᠡᠰᠡᠨ | ᠨᠤᠬᠤᠴᠠᠳᠤ ᠰᠤᠷᠭᠠᠯ ᠢ ᠲᠡᠮᠳᠡᠭᠯᠡᠯᠳᠠᠢ᠃ | ᠭᠤᠷᠪᠠ᠂ ᠪᠢ ᠲᠦᠷᠤᠭᠦᠤ ᠵᠠᠭᠤᠨ ᠤ 1989 ᠤᠨ᠎ᠠ ᠨᠠᠮ ᠤᠨ ᠰᠤᠷᠭᠠᠭᠤᠯᠢ ᠳᠤ ᠰᠤᠷᠤᠯᠴᠠᠭ᠎ᠠ ᠳᠠᠭᠠᠨ ᠠ᠊· | ᠰᠡᠴᠡᠡᠳᠤ ᠶᠢᠨ ᠠᠪᠤ ᠠᠷᠰᠯᠠᠨ ᠲᠠᠢ ᠨᠢ ᠲᠠᠨᠢᠯᠴᠠᠬᠰᠠᠨ ᠰᠠᠨ᠃ ᠤᠨ ᠵᠢᠯ ᠤᠨ ᠦᠡᠭᠭᠡᠷᠡᠬᠦ ᠶᠠᠭᠤᠳᠠᠢ ᠬᠤᠷᠳᠤᠨ᠂ | ᠨᠢᠭᠡ ᠮᠡᠳᠡᠬᠦᠨ᠎ᠠ ᠲᠡᠷᠡ ᠠᠭᠤᠯᠵᠠᠯ ᠲᠡᠡᠨᠢᠯᠴᠠᠯ ᠭᠤᠴᠢᠨ ᠲᠠᠪᠤ ᠵᠢᠷᠭᠤᠭᠠᠨ ᠵᠢᠯ ᠤᠨ ᠡᠮᠤᠨᠠᠬᠢ ᠤᠴᠢᠷ ᠪᠤᠯᠵᠤ᠂ | ᠠᠷᠰᠯᠠᠨ ᠭᠤᠸᠡᠢ ᠴᠤ ᠡᠭᠦᠯᠡ ᠲᠠᠯᠳᠠᠯᠠᠭᠠᠤᠨ ᠬᠤᠷᠢ ᠰᠢᠬᠠᠮ ᠵᠢᠯ ᠪᠤᠯᠴᠢᠬᠠᠬᠰᠠᠨ ᠪᠠᠶᠢᠬᠤ ᠦᠭᠡᠢ ᠤᠤ᠃ ᠴᠢᠩᠬᠢᠶᠠ | ᠲᠡᠷᠡ ᠬᠤᠪᠤᠷᠬᠠᠨ ᠴᠠᠭ ᠮᠦᠴᠨ ᠶᠢᠨ ᠰᠠᠭᠤᠬᠳᠠᠯ ᠲᠤᠪ ᠲᠤᠳᠤᠷᠬᠠᠢ ᠪᠦᠭᠡᠤᠨ ᠵᠠᠷᠢᠮ ᠬᠤᠷᠴᠨ ᠦᠵᠡᠯ ᠪᠤᠳᠤᠯ ᠨᠢ | ᠮᠠᠷᠳᠠᠬᠳᠠᠮᠠ ᠦᠭᠡᠢ᠃ ᠤᠳᠤ ᠲᠡᠷᠡ ᠰᠠᠶᠢᠬᠠᠨ ᠰᠠᠭᠤᠬᠳᠠᠯ ᠰᠡᠤᠡᠬᠢᠭᠳᠡᠭᠦᠨ ᠢᠶᠠᠷ ᠤᠳᠤᠷᠢᠳᠤᠮᠵᠢᠭᠤᠯᠤᠨ ᠦᠪᠡᠷ | ᠤᠨ ᠭᠡᠰᠡᠨ ᠢᠶᠠᠨ ᠡᠪᠯᠡᠭᠦᠯᠬᠦ ᠠᠴᠠ ᠡᠮᠤᠨ᠎ᠠ ᠲᠡᠭᠦᠨ ᠤ ᠤᠤᠭᠠᠨ ᠬᠦᠪᠡᠭᠦᠨ ᠮᠠᠠᠳᠤᠯ᠎ᠠ ᠶᠢᠨ ︽ᠨᠠᠰᠤᠳᠠᠨ ᠮᠢᠨᠢ | ᠬᠠᠭᠤᠴᠢᠨ ᠰᠢᠨ᠎ᠡ ᠨᠠᠶᠢᠭᠡᠮ ᠤᠨ ᠰᠠᠶᠢᠨ ᠮᠠᠭᠤ᠂ ᠡᠯ᠎ᠡ ᠬᠠᠯᠠ ᠶᠢ ᠲᠤᠭᠤᠯᠠᠬᠤ ᠳᠠᠭᠠᠨ ᠡᠷᠳᠡᠮ ᠮᠡᠳᠡᠯᠭᠡ ᠶᠢ | ᠢᠮᠡᠬᠳᠠ ᠡᠷᠬᠢᠮᠨᠡᠭᠰᠡᠨ ᠪᠦᠭᠡᠤᠨ ᠠᠵᠢᠯᠴᠢ ᠪᠤᠷᠤᠬᠵᠢᠭᠤᠨ ᠠᠵᠤ ᠲᠦᠷᠤᠭ᠍ᠰᠡᠨ᠃ ᠮᠡᠨᠤᠰ ᠲᠤ ᠬᠡᠰᠡᠭ ᠮᠦᠡᠭᠭᠦ ᠶᠢᠨ | ᠬᠦᠷᠤᠩᠭ᠍ᠬᠡ ᠦᠯᠡᠳᠡᠭᠡᠭᠰᠡᠨ ᠦᠭᠡᠢ ᠴᠤ ᠬᠦᠮᠤᠨ ᠶᠠᠪᠤᠬᠤ ᠶᠢᠨ ᠠᠯᠳᠠ ᠪᠠᠷ ᠰᠤᠯᠢᠰᠢ ᠦᠭᠡᠢ ᠠᠷᠤᠤᠬᠠᠨ ᠰᠤᠷᠳᠠᠯ | ᠦᠪᠯᠡᠨ ᠬᠤᠴᠤᠷᠭᠠᠪᠠ︾ ᠭᠡᠰᠡᠨ ᠲᠤᠷᠠᠤᠡᠬᠠᠯ ᠢᠶᠠᠷ ᠡᠬᠢᠯᠡᠯᠳᠠᠢ᠃ ᠲᠡᠳᠤᠢ ᠳᠤ ᠠᠷᠰᠯᠠᠨ ᠭᠤᠸᠡᠢ ᠲᠡᠤᠡᠬᠦᠪᠤᠷᠢ ᠳᠤ | ᠭᠠᠷᠤᠭᠠᠤᠨ ᠬᠡᠳᠤᠨ ᠵᠢᠯ ᠪᠤᠯᠵᠤ ᠠᠷᠤ ᠭᠡᠷ ᠲᠡᠭᠡᠨ ᠪᠢᠴᠢᠭ ᠨᠤᠮ ᠤᠷᠤᠯᠳᠤᠨ ᠪᠠᠶᠢᠬᠰᠠᠨ ᠪᠤᠯᠤᠯᠳᠠᠢ᠃ ᠲᠡᠷᠡᠪᠡᠷ | ᠵᠢᠷᠠ ᠭᠠᠷᠴᠤ ᠲᠠᠯ᠎ᠠ ᠶᠢᠨ ᠲᠠᠪᠠᠭ᠎ᠠ ᠦᠭᠰᠦᠭᠦᠯᠦᠭᠡ ᠴᠤ ᠪᠤᠳᠤᠯ ᠰᠡᠤᠡᠬᠢᠬᠦ ᠢ ᠲᠤᠩᠭᠠᠯᠭ᠂ ᠪᠢᠯᠢᠭ ᠤᠢ | ᠪᠠᠳᠠᠷᠡᠭᠭᠤᠶᠢᠬᠠᠨ᠂ ᠤᠶᠤᠨ ᠠᠬᠤᠢ ᠡᠯᠪᠡᠭᠵᠢᠭᠦᠨ ᠨᠢ ᠴᠠᠭᠠᠨ᠎ᠠ ᠪᠠᠨ ᠮᠡᠳᠡᠭᠳᠡᠵᠤ᠂ ᠲᠡᠪᠢ ᠡᠷᠭᠢᠮᠠ ᠨᠠᠰᠤᠨ ᠤ | ᠲᠦᠯᠦᠪ ︵ᠰᠤᠶᠤᠯ ᠤᠨ ᠬᠤᠪᠢᠰᠬᠠᠯ ᠳᠤ ᠵᠡᠮᠳᠡᠷᠡᠭᠰᠡᠨ ᠢ ᠰᠤᠨᠤᠰᠴᠤ ᠪᠠᠶᠢᠵᠠᠢ︶ ᠤᠨ ᠢᠳᠡ ᠵᠢᠪᠬᠤᠯᠡᠩ ᠢ | ᠪᠠᠭᠷᠬᠠᠨ ᠭᠠᠶᠢᠬᠠᠬᠰᠠᠨ ᠶᠤᠮᠰᠠᠨ᠃ ᠮᠠᠨᠤᠰ ᠬᠡᠳᠦ᠋ᠢᠪᠡᠷ ᠰᠠᠶ᠋ᠢᠬᠠᠨ ᠠᠭᠤᠯᠵᠠᠭ᠎ᠠ ᠴᠤ ᠰᠢᠨᠡᠷᠬᠡᠯ ᠬᠦᠨᠡᠶᠢᠷᠬᠡᠯ ᠦᠭᠡᠢ | ᠶᠠᠷᠢᠶ᠎ᠠ ᠵᠤᠭᠤᠭ ᠨᠠᠶᠢᠴᠡᠳᠠᠵᠤ ᠤᠴᠢᠬᠰᠠᠨ ᠨᠢ ᠨᠢᠭᠡ ᠯᠡ ᠪᠢᠰᠢ᠃ ᠡᠳᠤᠢ ᠳᠤ ︽ᠦᠭᠡ ᠬᠠᠮᠠᠷ ᠨᠠᠶᠢᠯᠠᠬᠦᠨᠡ | ᠮᠢᠩᠭᠠᠨ ᠬᠤᠨᠳᠠᠭ᠎ᠠ ᠳᠤᠷ ᠦᠯᠤ ᠰᠤᠬᠳᠤᠵᠤ᠂ ᠰᠠᠨᠠᠭ᠎ᠠ ᠪᠤᠳᠤᠯ ᠡᠰᠠ ᠨᠠᠶᠢᠯᠠᠬᠦᠨᠡ ᠨᠢᠭᠡ ᠬᠤᠨᠳᠠᠭ᠎ᠠ ᠳᠤᠷ | ᠰᠤᠬᠳᠤᠮᠤᠢ︾ ᠭᠡᠰᠡᠨ ᠡᠷᠳᠡᠨ ᠤ ᠮᠡᠷᠭᠡᠤᠨ ᠤᠨ ᠰᠡᠴᠡᠯᠠᠯ ᠢᠶᠠᠷ ᠲᠡᠷᠡᠬᠦ ᠤᠶᠤᠡᠯᠢᠭ᠋ ᠠᠳᠠᠷ ᠤᠨ ᠴᠡᠯᠡᠭᠡᠷᠰᠢᠯ | ᠭᠱᠠᠨ ᠳᠤ ᠨᠦᠬᠦᠯᠳᠡ ᠪᠤᠯᠭᠠᠭᠠᠰᠤ᠃ ᠨᠠᠳᠠᠳᠤ ᠦᠡᠳᠤᠰᠤ ᠤᠬᠰᠠᠭ᠎ᠠ ᠪᠠᠨ ᠦᠮᠦᠭᠯᠡᠬᠦ ᠦᠭᠡᠢ᠂ ᠲᠡᠳᠡᠨ ᠤ ᠡᠮᠤᠨ᠎ᠠ | ᠠᠴᠠ ᠬᠡᠯᠡᠵᠤ ᠪᠢᠴᠢᠬᠦ ᠦᠭᠡᠢ ᠬᠡᠳᠤᠢ ᠦᠡᠳᠤᠷ ᠪᠠᠶᠢᠷᠢᠳᠡᠨ ᠬᠡᠳᠤᠢ ᠦᠷᠭᠡᠨ ᠮᠡᠳᠡᠯᠭᠡᠳᠡᠨ ᠭᠡᠤᠨ ᠵᠢᠩ ᠦᠭᠡᠢ ᠶᠤᠮ᠃ | ᠬᠡᠯᠡᠬᠦᠢ ᠳᠤᠷ ᠠ᠊ · ᠰᠡᠴᠡᠡᠳᠤ ᠲᠠᠢ ᠠᠷᠪᠠ ᠰᠢᠬᠠᠮ ᠵᠢᠯ ᠤᠨ ᠡᠮᠤᠨ᠎ᠠ ᠲᠠᠨᠢᠯᠴᠠᠬᠰᠠᠨ ᠵᠠᠭᠤᠢ ᠤᠶᠢᠯᠭᠠᠯᠳᠠ ᠲᠠᠢ | ᠵᠠᠯᠠᠭᠤ ᠨᠠᠶᠢᠵᠠ ᠰᠠᠨ᠃ ᠵᠢᠴᠢ ᠠᠪᠤ ᠠᠷᠰᠯᠠᠨ ᠤ ᠬᠢᠨ ᠲᠤᠬᠠᠢ ᠭᠡᠪᠡᠯ ᠵᠤᠭᠤᠭ ᠤᠨ ᠤᠭᠤᠰᠤᠷ ᠤᠷᠳᠤᠣᠡᠴᠤ | ᠤᠴᠢᠨ᠎ᠠ᠃ ᠮᠢᠨᠤ ᠪᠡᠶ᠎ᠠ ᠠᠯᠳᠠᠷᠠᠶᠢᠬᠠᠨ ᠨᠠᠰᠤᠨ᠎ᠠ ᠬᠤᠨᠳᠤ ᠪᠦᠷᠢᠨ ᠪᠠᠭ᠎ᠠ ᠰᠤᠷᠭᠠᠭᠤᠯᠢ ᠳᠤ ᠰᠤᠷᠤᠯᠭ᠎ᠠ ᠶᠢᠨ ᠮᠦᠷ | ᠢᠶᠠᠷ ᠤᠴᠢᠩᠭᠤᠳᠠ ᠲᠡᠭᠡᠷ᠎ᠡ ᠤᠨ ᠤ ᠬᠢ ︽ᠮᠠᠨ ᠤ ᠭᠠᠵᠡᠷ ᠵᠦᠢ᠂ ᠲᠡᠤᠬᠡ ᠶᠢ ᠰᠠᠶᠢᠬᠠᠨ ᠵᠢᠭᠠᠳᠠᠭ ᠡᠷᠳᠡᠮᠳᠡᠨ | ᠪᠠᠭᠰᠢ ᠠᠷᠰᠯᠠᠨ ᠰᠢᠯᠵᠢᠭᠡᠤᠨ ᠶᠠᠪᠤᠴᠢᠬᠠᠬᠰᠠᠨ︾ ᠭᠡᠰᠡᠨ ᠠᠮᠠ ᠨᠠᠶᠢᠯᠠᠭᠦᠯᠦᠨ ᠬᠠᠷᠠᠮᠰᠠᠬᠤ ᠶᠢ ᠭᠠᠶᠢᠬᠠᠬᠤ ᠶᠢᠨ | ᠰᠠᠴᠠᠭᠤ ᠲᠡᠷᠡ ᠡᠷᠳᠡᠮᠳᠡᠢ ᠪᠠᠭᠰᠢ ᠯᠤᠭ᠎ᠠ ᠪᠠᠷᠠᠭᠠᠳᠠᠬᠰᠠᠨ ᠪᠤᠯᠤᠭᠠᠰᠠᠢ ᠭᠡᠵᠤ ᠦᠨᠤᠴᠢᠨ ᠡᠯᠢᠭᠡ ᠦᠡᠳᠡᠯᠵᠡᠭᠰᠡᠨ | ᠪᠠᠭ᠎ᠠ ᠶᠢᠨ ᠪᠤᠳᠤᠯ ᠢᠶᠠᠨ ᠮᠠᠷᠳᠠᠭ᠎ᠠ ᠦᠭᠡᠢ᠃ ᠬᠦᠮᠤᠰ ᠦᠡᠭᠭᠡᠷᠡᠭᠰᠡᠨ ᠲᠡᠷᠡ ᠪᠦᠬᠦᠨ ᠢ ᠨᠢ ᠨᠤ ᠦᠭᠡᠢ | ᠲᠤᠬᠳᠠᠭᠠᠳᠠᠭ ᠪᠢᠰᠢ᠂ ᠭᠡᠳᠡᠯ᠎ᠡ ᠵᠠᠷᠢᠮ ᠶᠡᠪᠤᠳᠠᠯ ᠵᠢᠷᠤᠬᠡᠨ ᠳᠤ ᠰᠡᠶᠢᠯᠤᠭ᠍ᠳᠡᠨ ᠤᠢ ᠲᠤᠢ ᠳᠤ ᠬᠠᠳᠠᠩᠰᠢᠳᠠᠭ ᠶᠤᠮ᠃ | ᠰᠠᠶ᠋ᠢᠬᠢ ᠲᠠᠪᠢ ᠰᠢᠬᠠᠮ ᠵᠢᠯ ᠤᠨ ᠡᠮᠤᠨᠡᠬᠢ ᠬᠤᠨᠳᠤ ᠰᠤᠷᠭᠠᠭᠤᠯᠢ ᠶᠢᠨ ᠬᠠᠷᠠᠮᠰᠠᠯ ᠲᠡᠳᠡᠬᠦᠨᠡ ᠠᠮᠢᠯᠠᠵᠤ | ᠢᠷᠡᠭᠰᠡᠨ ᠨᠢ ᠭᠠᠶᠢᠬᠠᠯᠳᠠᠢ᠂ ᠬᠡᠷᠪᠡ ᠲᠡᠷᠡ ᠡᠳᠤᠷ ᠤᠨ ᠲᠡᠷᠡ ᠲᠠᠯᠠᠪᠤᠷ ᠲᠤ ᠠᠷᠰᠯᠠᠨ ᠪᠠᠭᠰᠢᠳᠠᠨ ᠲᠠᠢ | ᠠᠭᠤᠯᠵᠠᠬᠰᠠᠨ ᠦᠭᠡᠢ ᠪᠤᠯ ᠡᠨᠡ ᠬᠡᠳᠤᠨ ᠮᠦᠷ ᠮᠤᠷᠦ᠋ᠢᠯᠭᠠᠯ ᠪᠤᠰᠤᠭᠠᠯᠠᠨ ᠢᠷᠡᠳᠡᠭ ᠪᠢᠰᠢ᠃ | ᠡᠨᠡᠬᠦ ᠡᠷᠭᠢᠴᠡᠭᠦᠯᠦᠯ ᠤᠨ ᠬᠠᠵᠠᠭᠤᠬᠠᠨ ᠢᠶᠠᠷ ᠠ᠊ · ᠰᠡᠴᠡᠡᠳᠤ ᠲᠠᠢ ᠨᠢ ᠲᠠᠨᠢᠯᠴᠠᠬᠰᠠᠨ ᠮᠢᠨᠢ ᠶᠠᠭᠤ ᠬᠠᠢ | ᠦᠭᠡᠢ ᠬᠠᠷᠪᠤᠨ ᠢᠷᠡᠯᠤᠭᠡ᠃ ᠲᠡᠷᠡ ᠪᠤᠯ ᠲᠦᠷᠦᠭᠦᠤ ᠵᠠᠭᠤᠨ ᠤ ᠨᠠᠶᠠᠭᠠᠤᠨ ᠤᠨ ᠤ ᠡᠬᠢ ᠨᠠᠮᠠᠶᠢᠢ ᠠᠷᠠᠤᠨ ᠤᠨ | ᠪᠠᠶᠢᠴᠠᠭᠠᠬᠤ ᠬᠤᠷᠢᠶᠠᠨ᠎ᠠ ᠪᠢᠴᠢᠭᠡᠴᠢ ᠶᠠᠪᠤᠬᠰᠠᠨ ᠨᠠᠮᠤᠷ ᠤᠨ ᠲᠤᠮᠳᠠᠴᠢ ᠶᠢᠨ ᠨᠢᠭᠡᠨ ᠦᠳᠡ ᠶᠢᠨ ᠬᠤᠶᠢᠨᠠᠬᠢ ᠤᠴᠢᠷ᠃ | ᠦᠡᠳᠤᠷᠬᠡᠨ ᠭᠡᠭᠴᠢ ᠬᠡᠤᠬᠡᠤᠡᠯᠢᠭ ᠵᠢᠰᠤ ᠨᠢ ᠠᠷᠢᠯᠤᠭ᠎ᠠ ᠦᠭᠡᠢ ᠵᠢᠪᠬᠤᠭᠠᠯᠢᠭ ᠬᠦᠤ ᠠᠵᠢᠯᠳᠠᠨ ᠤ ᠲᠤᠪᠴᠢᠶᠠᠨ ᠤ | ᠲᠠᠨᠢᠯᠴᠠᠭᠤᠯᠭ᠎ᠠ ᠲᠠᠢ ᠢᠷᠡᠵᠤ᠂ ᠲᠡᠷᠡᠪᠡᠷ ᠪᠠᠶᠠᠠᠪᠤᠯᠠᠭ ᠨᠢᠬᠡᠳᠤᠯ ︵ᠲᠤᠬᠠᠢ ᠳᠤ ᠰᠤᠮᠤ ᠶᠢ ᠴᠢᠩᠭᠢᠨ ᠨᠠᠷᠠᠯᠠᠵᠤ | ᠪᠠᠶᠢᠵᠠᠢ︶ ᠤᠨ ᠪᠢᠴᠢᠭᠡᠴᠢ ᠤᠷᠳᠤ ᠠᠴᠠ ᠲᠠᠨᠢᠯᠴᠠᠭᠤᠯᠭ᠎ᠠ ᠠᠪᠬᠤᠢ ᠳᠤᠷ ︽ᠴᠢ ᠪᠠᠶᠢᠴᠠᠭᠠᠬᠤ ᠬᠤᠷᠢᠶᠠᠨ ᠳᠤ | ᠬᠦᠷᠪᠡᠯ ᠹ᠊᠂ ᠪᠦᠬᠡ ᠭᠡᠭᠴᠢ ᠲᠠᠢ ᠰᠠᠶᠢᠬᠠᠨ ᠲᠠᠨᠢᠯᠴᠠᠭᠠᠷᠠᠢ᠂ ᠲᠡᠷᠡ ᠴᠢᠮ᠎ᠠ ᠳᠤ ᠲᠡᠮᠵᠢᠭᠡ ᠪᠤᠯᠬᠤ ᠶᠤᠮ︕︾ | ᠭᠡᠰᠡᠨ ᠨᠠᠶᠢᠳᠠᠯᠠᠭ᠎ᠠ ᠲᠠᠢ ᠢᠷᠡᠵᠡᠢ᠃ ᠡᠨᠡ ᠢᠯᠳᠡᠷᠠ ᠲᠠᠯᠠᠶᠢᠬᠴᠢ ᠨᠠᠶᠢᠵᠠ ᠤᠷᠳᠤ ᠳᠠᠭᠠᠨ ᠬᠡᠳᠤᠨ ᠦᠭᠡ ᠬᠡᠯᠡᠯᠳᠠᠢ᠃ | ᠠᠢ ᠬᠦᠬᠡᠷᠤᠬᠦᠢ᠂ ᠴᠠᠭᠠᠳᠤᠬᠢ ᠮᠠᠨᠢ ᠴᠡᠷᠢᠭ ᠭᠠᠷᠤᠯᠳᠠᠢ᠂ ᠬᠤᠰᠢᠭᠤ ᠷᠡᠳᠢᠤ᠋ ᠦᠷᠳᠡᠭᠡᠨ ᠤ ᠨᠠᠶᠢᠷᠠᠭᠤᠯᠦᠬᠴᠢ᠃ | ᠮᠤᠩᠭᠤᠯ ᠬᠢᠳᠡᠤᠨ ᠦᠰᠦᠭ ᠢ ᠢᠨᠢᠶᠡᠳᠡᠯᠡ ᠪᠢᠴᠢᠵᠤ᠂ ᠵᠤᠬᠢᠶᠠᠯ ᠮᠤᠬᠢᠶᠠᠯ ᠳᠤ ᠲᠡᠭᠡᠭᠦᠷᠬᠡᠨ ᠡᠬᠢᠯᠡᠯᠳᠡ ᠲᠠᠢ | ᠪᠠᠶᠢᠬᠰᠠᠨ᠂ ᠡᠳᠦ᠋ᠢᠳᠡᠯᠡ ᠪᠢᠴᠢᠭᠰᠡᠨ ᠪᠤᠯ ᠪᠦᠳᠤᠭᠡᠯ ᠲᠤᠭᠤᠷᠪᠢᠯ ᠪᠦᠬᠦᠢ ᠶᠢᠨ ᠨᠢᠭᠡ ᠢᠶᠠᠷ ᠶᠠᠪᠤᠵᠤ ᠴᠤ ᠪᠤᠯᠭᠤᠵᠠᠢ᠃ | ᠬᠡᠨ ᠮᠡᠳᠡᠵᠡᠨᠠᠮ᠂ ᠮᠠᠨ ᠭᠤᠸᠡᠢ ︽ᠲᠤᠬᠰᠢᠨ ᠬᠠᠷ᠎ᠠ︾ ᠶᠢᠨ ᠲᠦᠢᠯᠭᠠ ᠳᠤ ᠭᠠᠳᠠᠴᠢᠬᠠᠵᠠᠢ᠃ ᠲᠡᠷᠡᠪᠡᠷ ᠡᠷ᠎ᠡ ᠶᠢᠨ | ᠵᠢᠪᠬᠤᠭ᠎ᠠ ᠭᠠᠶᠢᠬᠠᠭᠤᠯᠤᠬᠰᠡᠨ ᠮᠤᠩᠭᠤᠯ᠂ ᠪᠠᠰᠠ ᠨᠤᠴᠤᠯᠳᠤᠵᠤ ᠨᠠᠶᠢᠷ ᠴᠤᠬᠯᠠᠭᠠᠨ ᠳᠤ ᠬᠡᠳᠤ ᠶᠢ | ᠤᠶᠢᠴᠢᠭᠤᠯᠴᠢᠬᠠᠳᠠᠭ ᠭᠠᠷ᠃ ᠮᠢᠨᠤ ︽ᠴᠠᠭᠠᠨ ᠰᠠᠷ᠎ᠠ︾ ᠭᠡᠳᠡᠭ ᠤᠤᠭᠠᠨ ᠨᠠᠶᠢᠷᠠᠭᠤᠯᠤᠯ ᠲᠡᠭᠦᠨ ᠤ | ᠨᠠᠶᠢᠳᠠᠯᠭ᠎ᠠ ᠶᠢᠨ ᠲᠦᠷᠤᠳᠡᠰᠤ᠂ ᠤᠯᠳᠠᠰᠢ ᠦᠭᠡᠢ ᠵᠠᠪᠰᠢᠶᠠᠨ ᠢᠶᠠᠷ ᠤᠷᠳᠤ ᠲᠡᠭᠦᠤᠭᠡ ᠪᠠᠨ ᠲᠤᠷᠠᠰᠤᠮᠵᠢᠯᠠᠬᠤ ᠨᠢ | ᠲᠤᠩ ᠠᠵᠠ ᠳ᠋ᠠ᠃ ᠤᠷᠳᠤ ᠶᠢᠨ ᠬᠦᠭᠦᠷᠭᠡᠯᠡᠯ ᠢᠶᠠᠷ ᠠᠩᠬᠠᠯᠠᠨ ᠲᠠᠨᠢᠯᠴᠠᠬᠰᠠᠨ ᠠ᠊᠂ ᠰᠡᠴᠡᠡᠳᠤ ᠶᠢ ᠠᠵᠠᠭᠠᠷᠠᠬᠤ ᠳᠤ | ᠡᠨᠡ ᠬᠦᠤ ᠭᠠᠯᠪᠢᠷ ᠢᠶᠠᠨ ᠭᠤᠳᠤᠭᠠᠬᠰᠠᠨ ᠦᠭᠡᠢ ᠠᠪᠬᠠᠯᠵᠢᠭᠤ᠂ ᠬᠡᠯᠡᠵᠤ ᠶᠡᠷᠢᠬᠤ ᠶᠢᠨ ᠲᠤᠮᠤᠭᠠᠷᠬᠤ᠂ ᠬᠦᠳᠡᠯᠵᠤ | ᠪᠠᠷᠢᠬᠤ ᠶᠢᠨ ᠬᠦᠡᠭᠭᠡᠨ ᠱᠦᠡᠭᠭᠡᠨ᠂ ᠰᠤᠷᠤᠯᠭ᠎ᠠ ᠠᠰᠠᠭᠤᠯᠭ᠎ᠠ ᠲᠠᠢ ᠨᠢ ᠴᠠᠭᠠᠨ᠎ᠠ ᠪᠠᠨ ᠮᠡᠳᠡᠭᠳᠡᠵᠤ᠂ ᠪᠠᠰᠠ ᠡᠬᠡ | ᠪᠢᠴᠢᠭ ᠶᠠᠭᠤ ᠶᠠᠭᠠᠬᠢᠴᠢᠬᠠᠬᠰᠠᠨ᠂ ᠬᠤᠵᠢᠮ ᠤᠨ ᠬᠦᠰᠡᠯᠡᠩ ᠬᠦᠪᠦᠷᠢᠭᠦᠯᠴᠢᠭᠡᠭᠰᠡᠨ ᠬᠦᠬᠡᠷᠤᠬᠦᠢ᠃ ᠡᠨᠡ ᠵᠢᠭᠠᠯ | ᠶᠠᠮᠡᠷᠬᠠᠨ ᠰᠤᠷᠭᠠᠯ ᠰᠤᠷᠳᠠᠯ ᠲᠠᠢ ᠠᠶᠢᠯ ᠤᠨ ᠬᠡᠤᠬᠡᠤᠨ ᠪᠤᠢ ᠭᠡᠵᠤ ᠪᠢᠳᠡᠭᠦᠬᠡᠨ ᠲᠤᠭᠤᠮᠰᠤᠷᠯᠠᠳᠠᠭ ᠰᠠᠨ᠃ | ᠦᠵᠡᠰᠠ᠂ ᠠᠷᠪᠠᠨ ᠵᠢᠯ ᠤᠨ ᠲᠠᠷᠠᠭᠠᠬᠢ ᠦᠨᠤᠳᠤᠷ ᠪᠠᠭ᠋ᠠᠳᠤᠨ ᠠᠬᠰᠠᠨ ᠭᠠᠯᠪᠢᠷᠬᠠᠨ ᠵᠠᠯᠭᠤᠰ ᠮᠢᠨᠢ | ᠪᠠᠶᠢᠴᠠᠭᠠᠬᠤ ᠠᠵᠢᠯ ᠤᠨ ᠭᠤᠤᠯᠯᠠᠬᠴᠢ ᠪᠠᠷ ᠡᠷ᠎ᠡ ᠶᠢᠨ ᠭᠠᠯ ᠪᠠᠳᠡᠷᠭᠠᠨ ᠶᠠᠪᠤᠨ᠎ᠠ᠃ ᠲᠡᠳᠤᠢ ᠳᠤ ᠲᠦᠴᠢᠭᠡᠤᠨ | ᠵᠢᠯ ᠤᠨ ᠡᠮᠤᠨ᠎ᠠ ᠵᠢᠭᠠᠨ ᠰᠤᠷᠭᠠᠯᠳᠠ ᠶᠢᠨ ᠰᠤᠨᠤᠰᠬᠠᠯ ᠢᠶᠠᠷ ᠪᠠᠭ᠋ᠠᠷᠠᠬᠬᠳᠠᠵᠤ᠂ ᠠᠷᠪᠠᠨ ᠵᠢᠯ ᠤᠨ ᠡᠮᠤᠨᠠᠬᠢ ᠠᠩᠭ᠎ᠠ | ᠦᠷ᠎ᠡ ᠶᠢᠨ ᠰᠤᠷᠭᠠᠯ ᠰᠤᠷᠳᠠᠯ ᠢᠶᠠᠷ ᠲᠤᠭᠤᠬᠳᠠᠬᠰᠠᠨ ᠠᠪᠤ ᠠᠷᠰᠠᠯᠠᠨ ᠲᠠᠢ ᠨᠢ ᠨᠢᠭᠤᠷᠳᠠᠴᠢᠬᠠᠬᠰᠠᠨ ︽ᠪᠠᠶᠡᠷ | ᠲᠡᠭᠡᠷ᠎ᠡ ᠪᠠᠶᠡᠷ᠂ ᠪᠠᠭᠪᠤᠷ ᠲᠤ ᠰᠢᠬᠢᠷ︾ ᠭᠡᠵᠤ ᠡᠭᠦᠨ ᠢ ᠯᠡ ᠬᠡᠯᠡᠨ᠎ᠡ᠃ ᠴᠠᠯ ᠪᠤᠭᠤᠷᠤᠯ᠂ ᠴᠠᠯ ᠵᠠᠯᠠᠭᠤ ︵ᠡᠨᠡ | ᠵᠡᠷᠭᠡᠴᠡᠭᠰᠡᠨ ᠬᠤᠶᠡᠷ ︿ᠴᠠᠯ﹀ ᠤᠨ ᠡᠮᠤᠨᠠᠬᠢ ᠶᠢ ᠴᠢᠩᠭ᠎ᠠ᠂ ᠲᠠᠷᠠᠭᠠᠬᠢ ᠶᠢ ᠬᠦᠡᠳᠡᠢ ᠪᠠᠷ︶ ᠠᠪᠤ ᠬᠦᠪᠡᠭᠦᠨ | ᠬᠤᠶᠠᠭᠤᠯᠠ ᠲᠠᠢ ᠢᠡᠭᠬᠢᠨ ᠠᠭᠤᠯᠵᠠᠬᠰᠠᠨ ᠶᠠᠭᠤᠳᠠᠢ ᠰᠠᠶᠢᠬᠠᠨ᠂ ᠶᠠᠮᠡᠷᠬᠠᠨ ᠬᠤᠪᠢ ᠪᠠᠷᠢᠯᠳᠤᠯᠭ᠎ᠠ ᠤᠤ᠂ ᠶᠠᠮᠠᠷ | ᠰᠠᠶᠢᠨ ᠵᠦᠭ ᠲᠤ ᠭᠠᠷᠴᠤ ᠢᠷᠡᠯ᠎ᠡ ᠬᠡᠮᠡᠨ ᠠᠳᠠᠪᠠᠰᠢ ᠪᠠᠶᠡᠷᠯᠠᠬᠰᠠᠨ ᠢ ᠡᠷᠭᠢᠴᠡᠭᠦᠯᠡᠬᠦᠨᠡ ᠨᠢᠭᠡᠨ ᠶᠤᠰᠤᠨ ᠤ ᠴᠡᠩᠬᠦᠨ᠂ | ᠲᠡᠷᠡ ᠬᠦᠭᠰᠡᠯ ᠲᠡᠨᠢᠭᠦᠳᠡᠯ ᠳᠤ ᠶᠡᠭᠡ ᠪᠢᠯᠢᠭᠳᠡᠨ ᠪ᠊ · ᠷᠢᠡᠴᠢᠨ ᠤ ︽ᠮᠤᠩᠳᠠᠰᠢ ᠦᠭᠡᠢ ᠡᠷᠳᠡᠮ ᠢ ᠰᠤᠷᠬᠤ ᠳᠤ ᠴᠠᠭ | ᠲᠡᠩᠴᠤ ᠪᠤᠭᠤᠨᠢ︾ ᠬᠡᠮᠡᠭᠰᠡᠨ ᠴᠠᠮᠬᠠᠬᠠᠯᠠᠯ ᠪᠤᠳᠤᠬᠳᠠᠮᠤᠢ ︵ᠠᠭᠤᠴᠢᠯᠠᠭᠠᠷᠠᠢ᠂ ᠡᠷᠬᠢᠮ ᠤᠡᠭᠰᠢᠬᠴᠢᠤᠨ ᠮᠢᠨᠢ᠂ | ᠪᠢ ᠪᠠᠷ ᠡᠨᠡᠬᠦ ᠠᠯᠳᠠᠷᠳᠤ ᠦᠭᠡ ᠪᠠᠷ ᠠᠷᠰᠯᠠᠨ ᠠᠪᠤᠭᠠᠢ ᠶᠢ ᠪ᠊᠂ ᠷᠢᠡᠴᠢᠨ ᠯᠦᠭᠡ ᠵᠡᠷᠭᠡᠴᠡᠭᠦᠯᠦᠭᠰᠡᠨ ᠪᠤᠰᠤ᠂ | ᠠᠷᠰᠯᠠᠨ ᠢᠶᠠᠷ ᠦᠡᠭᠭᠡᠷᠡᠭᠴᠢ ᠡᠷᠡᠨ ᠤ ᠬᠤᠷᠬᠠᠴᠤᠤᠯ ᠳᠠᠭᠠᠨ ᠮᠠᠨ ᠤ ᠨᠤᠳᠤᠭ ᠲᠤ ᠦᠨᠡᠬᠡᠷ ᠮᠦᠴᠡᠭᠡᠷᠭᠡᠭᠴᠢ ᠠᠯᠠᠭ᠎ᠠ | ᠭᠡᠵᠤ ᠪᠤᠳᠤᠬᠳᠠᠬᠤ ᠶᠤᠮ᠃ ᠮᠢᠨᠤ ᠬᠤᠪᠢ ᠳᠤ ᠲᠡᠭᠦᠨ ᠤ ᠡᠷᠳᠡᠮ ᠬᠤᠷᠠᠮᠳᠤᠭᠤᠯᠤᠯ ᠢ ᠪᠢᠰᠢᠷᠡᠨ | ᠬᠦᠡᠳᠤᠤᠡᠬᠡᠭᠰᠡᠨ ᠳᠤ ᠤᠷᠤᠰᠢᠨ᠎ᠠ︶᠃ | ᠤᠳᠤ ᠲᠡᠷᠡᠬᠦ ᠠᠪᠤᠰᠢᠬᠠᠨ ᠠᠭᠤᠯᠵᠠᠯ ᠠᠰᠢᠳᠠᠢ ᠵᠤᠭᠤᠬᠳᠠᠯ ᠤᠨ ᠱᠦᠭᠦᠮᠡᠭ ᠢ ᠲᠠᠯᠢᠢᠭᠴᠢ ᠶᠢᠨ ᠬᠡᠳᠤᠨ | ᠠᠷᠪᠠᠨ ᠵᠢᠯ ᠤᠨ ᠦᠭᠡᠳᠡᠯᠡᠨ ᠤᠷᠤᠭᠤᠳᠠᠬᠰᠠᠨ᠂ ᠪᠠᠶᠡᠷ ᠵᠢᠷᠭᠠᠯ ᠢᠶᠠᠷ ᠬᠠᠨᠨᠠᠭᠠᠷᠠᠬᠰᠠᠨ ︽ᠭᠤᠷᠪᠠᠨ ᠬᠤᠷᠢᠨ ᠬᠤᠶᠡᠷ | ᠵᠢᠯ ᠤᠨ ᠠᠡᠩᠭᠢᠯᠡᠯᠳᠤ ᠡᠷᠭᠢᠴᠡᠭᠦᠯᠦᠯ︾ ᠯᠦᠭᠡ ᠬᠠᠮᠳᠤᠷᠠᠭᠤᠯᠤᠨ ᠨᠡᠶᠢᠤᠡᠬᠡᠵᠤ᠂ ᠬᠡᠤᠬᠡᠤᠨ ᠱᠤᠬᠠᠤᠨ ᠤᠨ ᠬᠢᠨ | ᠵᠠᠯᠭᠠᠭᠠᠯᠤᠭᠠ ᠴᠠᠳᠢᠬᠯᠠᠯ ᠳᠤᠨᠢ ᠲᠤᠰᠤᠯ ᠴᠤ ᠠᠳᠤᠭᠠᠢ ᠨᠠᠮᠡᠷᠡᠢ ᠪᠤᠯᠭᠠᠮᠤᠶ ᠶᠠ᠃ | ᠲᠦᠷᠪᠡ᠂ ︽ᠲᠠᠤᠬᠡ ᠪᠠᠨ ᠮᠡᠳᠡᠪᠡᠯ ᠲᠤᠮᠤᠭᠠᠵᠢᠨᠠ︾᠂ ᠠᠷᠤ ᠬᠤᠷᠴᠢᠨ ᠳᠤ ᠨᠤᠳᠤᠬᠰᠢᠭᠠᠤᠨ ᠵᠠᠭᠤᠭᠠᠤᠨ | ᠤᠨ ᠪᠤᠯᠤᠭ᠎ᠠ ᠠᠷᠰᠯᠠᠨ ᠤ ᠨᠢᠭᠡᠨ ᠰᠠᠯᠠᠭ᠎ᠠ ᠭᠤᠷᠪᠠᠨ ᠦᠶ᠎ᠡ ᠶᠢᠨ ᠲᠠᠯᠠᠭᠠᠤᠨ ᠬᠦᠮᠤᠰ ᠤᠨ ᠲᠡᠭᠡᠳᠤᠰ ᠨᠢ ᠴᠢᠩ | ᠭᠦᠷᠤᠨ ᠤ ᠲᠡᠭᠷᠢ ᠲᠡᠤᠡᠬᠦᠭᠴᠢ ︵1755 — 1789︶ ᠶᠢᠨ ᠦᠶ᠎ᠡ ᠳᠤ ᠠᠤᠬᠠᠨ ᠳ᠋ᠠ ᠸᠡᠩ ᠳᠤ ᠭᠡᠷᠯᠡᠭᠰᠡᠨ | ᠭᠡᠭᠡ ᠪᠠᠨ ᠲᠠᠭᠠᠵᠤ ᠢᠷᠡᠭᠰᠡᠤᠨ ᠤᠨ ᠬᠤᠶᠢᠴᠢᠰ᠂ ᠨᠠᠩᠭᠢᠶᠠᠤᠨ ᠠᠶᠢᠮᠠᠭ ᠤᠨ ᠸᠡᠩ ᠤᠪᠤᠬᠳᠠᠨ᠃ ᠲᠡᠳᠡ ᠠᠤᠬᠠᠨ | ᠪᠠᠷᠠᠭᠤᠨ ᠭᠠᠷ ᠤᠨ ᠬᠠᠶᠢᠷ᠎ᠠ ᠶᠢᠨ ᠸᠡᠩ ᠤᠨ ᠬᠤᠷᠢᠶ᠎ᠠ ︵ᠪᠠᠰᠠ ᠬᠦᠷᠢᠶ᠎ᠠ ᠮᠤᠳᠤ ᠶᠢᠨ ᠲᠠᠬᠳᠤᠨ ᠠᠶᠢᠯ ᠭᠡᠳᠡᠭ︶ | ᠳᠤ ᠨᠤᠳᠤᠬᠯᠠᠵᠠᠢ᠃ ᠶᠡᠭᠡ ᠡᠪᠦᠭᠡ ᠪᠤᠯᠤᠨ ᠡᠪᠦᠭᠡ ᠨᠢ ᠮᠠᠠᠵᠤ᠂ ᠮᠤᠩᠭᠤᠯ᠂ ᠲᠦᠪᠡᠤᠨ ᠪᠢᠴᠢᠭ ᠲᠤ ᠴᠠᠭᠠᠷᠠᠬᠰᠠᠨ | ᠠᠭᠤᠨ ᠡᠪᠦᠭᠡ ᠮᠦᠡᠭᠭᠡ ᠨᠢ ᠲᠠᠷᠬᠠᠨ ᠬᠤᠰᠢᠭᠤᠨ ᠤ ᠦᠡᠳᠤᠷ ᠸᠡᠩ ᠤᠨ ᠨᠡᠷᠡᠳᠡᠢ ᠤᠳᠠᠴᠢ ᠶᠢᠨ ᠲᠤᠷᠠᠤᠠᠬᠠᠯ ᠲᠠᠢ᠃ | ᠲᠡᠳᠡᠨᠡᠶᠢᠬᠢᠨ ᠨᠢ ᠴᠢᠩ ᠤᠨ ᠰᠡᠭᠦᠯᠴᠢ ᠪᠠᠳᠠᠷᠠᠭᠤᠯᠳᠤ ᠲᠦᠷᠤ ᠶᠢᠨ ᠦᠶ᠎ᠡ ︵1891 ᠤᠨ︶ ᠠᠤᠬᠠᠨ ᠳᠤ | ᠪᠤᠰᠤᠬᠰᠠᠨ ᠬᠢᠳᠡᠤᠨ ᠤᠨ ᠶᠡᠩ ᠶᠦᠸᠧᠢ ᠴᠦᠨ ᠤ ︽ᠤᠯᠠᠭᠠᠨ ᠮᠠᠯᠠᠭᠠᠶᠢᠳᠤ ᠶᠢᠨ ᠤᠷᠪᠠᠯᠭᠠᠨ︾ ︵ᠠᠷᠪᠠᠭᠠᠤᠨ | ᠲᠦᠮᠡᠨ ᠮᠠᠠᠵᠤ ᠮᠤᠩᠭᠤᠯ ᠢ ᠬᠢᠳᠤᠪᠠ︶ ᠠᠴᠠ ᠲᠡᠷᠪᠡᠨ᠂ ᠢᠷᠭᠡᠨ ᠤᠯᠤᠰ ᠤᠨ ᠶᠢᠰᠤᠳᠤᠭᠡᠷ ᠤᠨ ︵1920︶ | ᠳᠤ ᠠᠷᠤ ᠬᠤᠷᠴᠢᠨ ᠤ ᠠᠤᠬᠠᠨ ᠠᠶᠢᠯ ︵ᠤᠳᠤ ᠶᠢᠨ ᠰᠢᠨ ᠮᠢᠨ ᠰᠢᠶᠡᠩ ᠤᠨ ᠬᠠᠷᠢᠶ᠎ᠠ︶ ᠳᠤ ᠬᠦᠯ ᠲᠤᠬᠳᠠᠵᠤ᠂ | 1931 ᠤᠨ ᠳᠤ ᠪᠠᠶᠠᠠᠬᠤᠸᠠ ᠶᠢᠨ ᠪᠤᠯᠦᠩ ᠤᠨ ᠠᠶᠢᠯ ᠳᠤ ᠨᠡᠭᠦᠳᠡᠯᠯᠡᠵᠠᠢ᠃ | ᠠᠷᠰᠯᠠᠨ ᠢ 1924 ᠤᠨ᠎ᠠ ᠠᠷᠰᠯᠠᠨ ᠠᠭᠤᠯᠨ ᠶᠢᠨ ᠡᠩᠭᠡᠷ ᠲᠤ ᠲᠦᠷᠤᠭ᠍ᠰᠡᠨ ᠪᠤᠯᠬᠤᠷ ᠠᠷᠰᠯᠠᠨ ᠭᠡᠳᠡᠭ | ᠨᠡᠷ᠎ᠡ ᠬᠠᠶᠢᠷᠠᠯᠠᠵᠤ ᠭᠡᠨ᠎ᠠ᠃ ᠲᠡᠭᠦᠨ ᠤ ᠡᠴᠢᠭᠡ ᠬᠤᠳᠠᠯᠠ ᠳᠤ ︽ᠲᠠᠷᠢᠶ᠎ᠠ ᠲᠠᠷᠢᠬᠤ ᠠᠴᠠ ᠲᠠᠪᠤᠨ ᠬᠦᠤ᠂ ᠲᠠᠯ᠎ᠠ | ᠵᠠᠰᠠᠬᠤ ᠠᠴᠠ ᠨᠢᠭᠡ ᠦᠬᠢᠨ︾ ᠵᠠᠶᠠᠭᠠᠬᠰᠠᠨ ᠪᠠ ᠠᠷᠰᠯᠠᠨ ᠭᠤᠷᠪᠠᠳᠤᠭᠠᠷ ᠬᠦᠪᠡᠭᠦᠨ᠃ ᠡᠴᠢᠭᠡ ᠬᠤᠳᠠᠯᠠ ᠨᠢ | ᠠᠰᠪᠤᠷᠢ ᠰᠢᠯᠤᠭᠤᠨ ᠰᠡᠤᠡᠬᠢᠯᠳᠡᠨ᠂ ᠰᠢᠳᠤᠷᠭᠤ ᠶᠢ ᠦᠯᠤ ᠲᠠᠷᠤᠯᠠᠵᠤ ᠰᠢᠮᠨᠤᠰ ᠢ ᠰᠢᠳᠤᠬᠦ ᠦᠭᠡᠢ᠂ ᠨᠤᠶᠡᠤᠨ | ᠬᠡᠷᠬᠡᠮᠳᠡᠣᠨ ᠢ ᠪᠢᠯᠳᠡᠤᠴᠢᠯᠠᠨ ᠭᠡᠴᠡᠭᠦᠤ ᠲᠤᠬᠰᠢᠨ ᠠᠴᠠ ᠰᠦᠷᠳᠡᠳᠡᠭ ᠦᠭᠡᠢ ᠪᠦᠭᠡᠤᠨ ᠡᠳ᠋ ᠢ ᠲᠠᠪᠴᠢᠨ ᠢᠳᠡᠬᠡᠯ | ᠵᠢᠷᠤᠮ ᠢ ᠡᠷᠬᠢᠮᠨᠡᠭᠰᠡᠨ ᠠᠭᠤᠳᠠᠮᠴᠢ ᠬᠦᠮᠤᠨ᠃ ᠲᠡᠷᠡᠪᠡᠷ ᠨᠠᠭᠠᠳᠤᠮ ᠮᠦᠷᠤᠢ ᠳᠤ ᠱᠦᠭᠦᠭᠳᠡᠵᠤ ᠵᠢᠯ ᠰᠠᠷ᠎ᠠ ᠳᠤ | ᠬᠠᠰᠢᠶᠠᠨ ᠠᠴᠠ ᠨᠢ ᠦᠬᠡᠷ ᠢ ᠨᠢ ᠬᠦᠳᠤᠯᠡᠬᠦ ᠳᠤ ᠭᠡᠨᠡᠭ ᠦᠭᠡᠢ ᠢᠨᠢᠶᠡᠮᠰᠤᠭ᠍ᠯᠡᠭᠴᠢ᠃ 1942 ᠤᠨ ᠤ ᠴᠠᠭᠠᠨ | ᠰᠠᠷ᠎ᠠ ᠤᠯᠠᠭᠠᠰᠦ᠋ᠮᠠ ᠳᠠᠬᠢ ᠠᠪᠠᠭ᠎ᠠ ᠡᠭᠡᠴᠢ ᠲᠠᠢ ᠪᠠᠨ ᠵᠤᠯᠭᠠᠷᠠ ᠬᠦᠷᠤᠭᠡᠤᠨ ᠬᠡᠳᠤᠨ ᠶᠠᠫᠤᠨ ᠠᠷᠢᠬᠢᠳᠡᠨ | ᠵᠡᠷᠭᠡᠯᠡᠳᠡᠭᠡ ᠠᠶᠢᠯ ᠤᠨ ᠡᠮᠡᠰ ᠦᠬᠢᠤᠨ ᠢ ᠱᠠᠯᠢᠬᠯᠠᠨ ᠵᠠᠪᠬᠠᠶᠢᠷᠠᠭᠠ ᠳᠤ ᠬᠤᠷᠤ ᠪᠤᠴᠠᠯᠤᠨ ᠴᠠᠭᠠᠳᠤ | ᠭᠠᠶᠢᠬᠠᠯ ᠤᠳ ᠢ ᠵᠠᠭᠠᠮᠳᠠᠨ ᠨᠢᠳᠤᠷᠭᠠᠳᠠᠬᠰᠠᠨᠠ ᠲᠡᠭᠦᠨ ᠢ ᠬᠦᠯᠢᠨ ᠨᠢᠷᠤᠭᠤᠨ ᠠᠴᠠ ᠲᠠᠭᠦᠵᠢᠯᠠᠨ ᠬᠠᠤᠯᠢᠳᠠᠬᠤᠯᠠᠷ | ᠲᠤᠯᠤᠭᠠᠢ ᠪᠦᠬᠦ᠋ᠢᠯ ᠦᠭᠡᠢ ᠬᠠᠷᠢᠶᠠᠵᠤ᠂ ᠲᠠᠷᠠᠭ᠎ᠠ ᠡᠳᠤᠷ ᠨᠢ ᠬᠤᠰᠢᠭᠤ ᠶᠠᠮᠤᠨ ᠳᠤ ᠠᠪᠠᠴᠢᠨ ᠲᠦᠴᠢᠨ ᠮᠤᠳᠤ | ᠵᠠᠠᠴᠢᠵᠤ ᠲᠦᠴᠢ ᠬᠤᠨᠤᠭ ᠬᠠᠷ᠎ᠠ ᠭᠡᠷ ᠲᠤ ᠬᠤᠷᠢᠵᠤ ᠭᠡᠨ᠎ᠡ ᠯᠠᠢ᠃ ᠬᠠᠳᠠᠭᠤ ᠬᠠᠷᠬᠢᠰ ᠲᠤ ᠦᠯᠤ ᠱᠤᠳᠤᠷᠠᠬᠴᠢ | ᠬᠠᠷᠢᠨ ᠱᠠᠰᠢᠨ ᠰᠢᠳᠤᠯᠭᠡ ᠳᠤ ᠶᠠᠭᠠᠬᠢᠬᠤ ᠶᠢᠨ ᠠᠷᠭ᠎ᠠ ᠦᠭᠡᠢ ᠰᠦᠵᠢᠭ ᠲᠠᠢ᠂ ᠡᠳᠤᠷ ᠪᠤᠯᠭᠠᠨ ᠪᠤᠷᠬᠠᠨ ᠳᠠᠭᠠᠨ | ᠬᠦᠵᠢ ᠵᠤᠯᠠ ᠠᠰᠠᠭᠠᠨ ᠮᠦᠷᠭᠦᠵᠤ ᠰᠦᠮ᠎ᠡ ᠬᠡᠶᠢᠤᠨ ᠲᠤ ᠦᠭᠯᠢᠭᠡ ᠡᠷᠭᠦᠳᠡᠭ ᠰᠦᠵᠢᠭᠳᠡᠨ᠃ ᠬᠡᠳᠤᠢ ᠲᠡᠶᠢᠨ | ᠪᠤᠯᠦᠶᠠ ᠲᠠᠪᠤᠨ ᠬᠦᠪᠡᠭᠦᠨ ᠤ ᠪᠠᠨ ᠠᠯᠢᠨ ᠢ ᠭᠡᠤᠨ ᠯᠠᠮᠠ ᠪᠤᠯᠭᠠᠬᠰᠠᠨ ᠦᠭᠡᠢ ᠨᠢ ᠰᠤᠨᠢᠷᠬᠠᠯᠳᠠᠢ᠃ ᠡᠶᠢᠮᠤ ᠯᠡ | ᠵᠦᠷᠢᠴᠡᠯᠳᠤ ᠰᠡᠤᠡᠬᠦ᠋ᠢᠳᠡᠨ ᠢ ᠬᠡᠷᠬᠢᠨ ᠤᠶᠢᠯᠭᠠᠪᠠᠯ ᠵᠤᠬᠢᠨᠠᠮ᠃ ᠬᠡᠯᠡᠬᠦᠨᠡ᠂ ᠪᠠᠰᠢᠷ ᠵᠠᠯᠢ ᠲᠠᠢ ᠨᠤᠷᠬᠠᠴᠢ ᠶᠢᠨ | ᠬᠤᠶᠢᠴᠢᠰ ᠪᠤᠳᠢᠾᠠ ᠶᠢᠨ ᠱᠠᠰᠢᠨ ᠤ ᠨᠤᠮᠯᠠᠯ ᠢ ᠰᠦᠷᠡᠬᠡᠢ ᠤᠬᠠᠭᠠᠯᠢᠭ ᠵᠠᠷᠤᠵᠤ᠂ ᠨᠢᠭᠡᠨ ᠦᠶ᠎ᠡ ︽ᠠᠶᠤᠳᠤᠭᠠᠢ᠂ | ᠲᠠᠭᠠᠳᠤᠭᠠᠢ᠂ ᠪᠢᠰᠢᠷᠡᠳᠤᠭᠡᠢ︕︾ ᠬᠡᠮᠡᠨ ᠡᠷᠡᠯᠬᠡᠬᠦᠨ ᠶᠠᠪᠤᠬᠰᠠᠨ ᠰᠤᠮᠤᠡᠴᠢᠷ ᠮᠤᠩᠭᠤᠯ ᠢ ᠬᠤᠨᠢ ᠰᠢᠭ᠋ | ᠨᠤᠮᠦ᠋ᠢᠴᠢᠷ ᠪᠤᠯᠭᠠᠭᠠᠤᠨ ᠰᠢᠨᠤᠬᠠᠢ ᠰᠠᠨᠠᠭ᠎ᠠ ᠨᠢ ᠬᠠᠨᠤᠬᠤ ᠦᠭᠡᠢ᠂ ᠬᠡᠨ ᠬᠡᠷᠪᠡ ᠬᠦᠤ ᠪᠠᠨ ᠯᠠᠮᠠ ᠪᠤᠯᠭᠠᠬᠤᠢ ᠳᠤᠷ | ᠡᠨᠡ ᠨᠠᠰᠤᠨ᠎ᠠ ᠠᠷᠪᠠᠨ ᠦᠶᠡᠳᠤ ᠠᠯᠳᠠᠨ ᠰᠤᠪᠤᠷᠭ᠎ᠠ ᠪᠤᠰᠬᠠᠬᠰᠠᠨ ᠯᠤᠭ᠎ᠠ ᠠᠳᠠᠯᠢ ᠭᠡᠰᠡᠨ ᠦᠭᠶᠤᠭᠡ ᠪᠠᠷ ᠤᠬᠠᠭᠠᠨ | ᠨᠢ ᠤᠯᠠ ᠳᠠᠭᠠᠨ ᠤᠨᠠᠬᠰᠠᠨ ᠪᠢᠰᠢᠷᠡᠯᠳᠡᠤᠨ ᠢ ᠬᠦᠪᠰᠤᠭᠦᠯᠤᠨ᠂ ᠵᠠᠷᠢᠮ ᠨᠢ ᠰᠢᠳᠤ ᠵᠠᠭᠤᠨ ᠭᠠᠭᠴᠨ ᠬᠦᠤ ᠪᠠᠨ | ᠪᠠᠨᠳᠢ ᠪᠤᠯᠭᠠᠨ ᠭᠠᠯ ᠭᠤᠯᠤᠮᠳᠠ ᠪᠠᠨ ᠬᠠᠷᠠᠯᠠᠭᠤᠯᠠᠬᠰᠠᠤᠨ ᠭᠠᠷᠤᠬᠰᠠᠨ ᠭᠡᠯᠴᠡᠳᠡᠭ᠃ ᠠᠷᠰᠯᠠᠨ ᠤ ᠡᠴᠢᠭᠡ ᠦᠨᠡᠬᠡᠷ | ᠢᠨᠤᠬᠠᠨ ᠪᠤᠰᠤ ᠬᠦᠮᠤᠨ ᠪᠠᠶᠢᠵᠠᠢ᠃ ᠲᠡᠷᠡ ᠴᠠᠭ ᠤᠨ ᠢᠯᠪᠢᠨ ᠮᠤᠩᠬᠠᠷᠠᠭᠤᠯᠦᠬᠴᠢᠤᠨ ᠤᠨ ᠬᠤᠤᠷᠳᠤ ᠰᠠᠨᠠᠭ᠎ᠠ ᠶᠢ | ᠴᠠᠭᠠᠡᠨᠡᠷᠠᠳᠠᠯᠠ ᠲᠤᠩᠭᠠᠭᠠᠠᠪᠠᠤ᠂ ᠡᠳᠤᠭᠡ ᠶᠢᠨ ᠦᠭᠡ ᠪᠠᠷ ᠤᠷᠤᠰᠬᠠᠯ ᠰᠦᠷᠤᠭ᠍ᠴᠢ᠃ ᠮᠤᠩᠭᠤᠯᠴᠤᠤᠨ ᠮᠢᠨᠢ | ᠬᠠᠭᠤᠴᠢᠨ ᠮᠤᠬᠤᠷ ᠪᠢᠰᠢᠷᠡᠯ ᠳᠤ ᠲᠡᠭᠡᠨ ᠮᠤᠡᠭᠡᠨ᠋ᠠᠷᠠᠬᠰᠠᠨ ᠢᠶᠠᠷ ᠪᠠᠷᠬᠤ ᠦᠭᠡᠢ ᠰᠢᠨ᠎ᠡ ᠮᠤᠬᠤᠷ ᠪᠢᠰᠢᠷᠡᠯ ᠳᠤ ᠬᠡᠨ | ᠠᠴᠠ ᠢᠯᠡᠭᠦᠤ ᠮᠤᠩᠬᠠᠷᠠᠨ ᠶᠠᠪᠤᠬᠰᠠᠨ᠂ ᠤᠳᠤ ᠪᠤᠯᠳᠠᠯ᠎ᠠ ᠱᠠᠯᠪᠠᠭᠳᠠᠬᠴᠢᠤᠨ ᠢ ᠬᠡᠷᠬᠢᠨ ᠤᠶᠢᠯᠭᠠᠶᠠ᠂ ᠴᠡᠪᠠᠰᠤ᠃ | ︵2018 ᠤᠨ᠎ᠠ ᠴᠢᠪᠠᠭ᠎ᠠ ᠳᠤ︶ | | ︵ᠵᠤᠬᠢᠶᠠᠬᠴᠢ ᠹ᠊ · ᠪᠦᠬᠡ ᠲᠤᠰ ᠵᠢᠯ 79 ᠨᠠᠰᠤᠳᠠᠢ︔ ᠠᠷᠤ ᠬᠤᠷᠴᠢᠨ ᠤ ᠠᠬᠠᠮᠠᠤᠨ ᠪᠢᠴᠢᠭᠳᠡᠨ᠂ ᠵᠤᠬᠢᠶᠠᠯᠴᠢ᠂ | ᠤᠷᠴᠢᠭᠤᠯᠤᠬᠴᠢ︶ | | |