ᠸᠠᠩ ᠹᠧᠩ ᠰᠧᠨ ᠱᠠᠨᠳᠦ᠋ᠩ ᠤᠨ ᠷᠧᠨ ᠫᠧᠩ ᠰᠢᠨ᠎ᠡ ᠡᠨᠧᠷᠭᠢ ᠶᠢᠨ ᠪᠦᠯᠦᠭᠯᠡᠯ ᠲᠠᠢ ᠲᠦᠷᠦᠯ ᠵᠦᠢᠯ ᠤᠨ ᠬᠠᠮᠲᠤᠷᠠᠯᠴᠠᠭ᠎ᠠ ᠵᠥᠪᠳᠡᠯᠴᠡᠪᠡ
ᠨᠡᠶᠢᠲᠡᠯᠡᠭᠰᠡᠨ ᠴᠠᠭ᠄
2025/4/15
      4 ᠰᠠᠷ᠎ᠠ  ᠶᠢᠨ 14 ᠤ ᠡᠳᠦᠷ᠂ ᠰᠢᠶᠠᠨ ᠤ ᠨᠠᠮ ᠤᠨ ᠬᠤᠷᠢᠶᠠᠨ ᠤ ᠱᠦᠵᠢ ᠸᠠᠩ ᠹᠧᠩ ᠰᠧᠨ ᠱᠠᠨᠳᠦ᠋ᠩ ᠤᠨ ᠷᠧᠨ ᠫᠧᠩ ᠰᠢᠨ᠎ᠡ ᠡᠨᠧᠷᠭᠢ  ᠶᠢᠨ ᠪᠦᠯᠦᠭᠯᠡᠯ ᠤᠨ ᠬᠢᠵᠠᠭᠠᠷᠲᠤ ᠺᠣᠮᠫᠠᠨᠢ ᠶᠢᠨ ᠳᠠᠭᠠᠭᠠᠮᠠᠯ ᠵᠧᠦ ᠵᠠᠨ ᠫᠢᠩ᠂ ᠰᠦᠨ ᡁᠢ ᠭᠧᠨ ᠨᠠᠷ ᠲᠠᠢ ᠶᠠᠷᠢᠯᠴᠠᠵᠤ᠂ ᠵᠢᠯ ᠳᠤ 2000 ᠲᠣᠨ ᠠᠭ᠎ᠠ ᠠᠯᠳᠧᠭᠢᠳ᠋ ᠤᠨ ᠲᠦᠷᠦᠯ ᠵᠦᠢᠯ ᠤᠨ ᠪᠡᠯᠡ ᠣᠷᠣᠭᠤᠯᠤᠯᠲᠠ ᠶᠢᠨ ᠶᠠᠪᠤᠳᠠᠯ ᠢ ᠭᠤᠣᠯᠳᠠᠯᠭ᠎ᠠ  ᠲᠠᠢ ᠵᠥᠪᠳᠡᠯᠴᠡᠪᠡ᠃ ᠰᠢᠶᠠᠨ ᠤ ᠵᠠᠰᠠᠭ ᠤᠨ ᠣᠷᠳᠣᠨ ᠤ ᠳᠡᠳ᠋ ᠳᠠᠷᠤᠭ᠎ᠠ ᠶᠠᠩ ᠼᠦᠨ ᠰᠢᠤ᠂ ᠲᠦᠩᠯᠢᠶᠣᠤ ᠶᠢᠨ ᠺᠠᠶᠢᠯᠦ ᠶᠢᠨ ᠠᠮᠢᠳᠤ ᠪᠣᠳᠠᠰ ᠤᠨ ᠡᠮ ᠡᠮᠨᠡᠯᠭᠡ ᠶᠢᠨ ᠨᠡᠭᠡᠭᠡᠯᠲᠡ ᠶᠢᠨ ᠲᠣᠭᠤᠷᠢᠭ ᠤᠨ ᠨᠠᠮ  ᠤᠨ ᠠᠵᠢᠯᠯᠠᠬᠤ ᠬᠤᠷᠢᠶ᠎ᠠ ᠶᠢᠨ ᠳᠡᠳ᠋ ᠱᠦᠵᠢ᠂ ᠬᠠᠮᠢᠶᠠᠷᠤᠯᠲᠠ ᠶᠢᠨ ᠵᠥᠪᠯᠡᠯ ᠤᠨ ᠳᠡᠳ᠋ ᠡᠷᠬᠢᠯᠡᠭᠴᠢ ᠮᠠ ᠹᠧᠩ ᠵᠢᠶᠦ᠋ᠨ ᠶᠠᠷᠢᠯᠴᠠᠬᠤ ᠬᠤᠷᠠᠯ ᠳᠤ ᠣᠷᠣᠯᠴᠠᠭᠰᠠᠨ ᠪᠥᠭᠡᠳ ᠰᠢᠨᠵᠢᠯᠡᠨ ᠪᠠᠶᠢᠴᠠᠭᠠᠬᠤ ᠳᠤ ᠣᠷᠣᠯᠴᠠᠪᠠ᠃
be0c5f9226c60b260467dec320d47833_W020250415360586171571.png
      ᠬᠤᠷᠠᠯ ᠳᠡᠭᠡᠷ᠎ᠡ᠂ ᠵᠧᠦ ᠵᠠᠨ ᠫᠢᠩ᠂ ᠰᠦᠨ ᡁᠢ ᠭᠧᠨ ᠲᠤᠰ ᠲᠤᠰ ᠪᠦᠯᠦᠭᠯᠡᠯ ᠺᠣᠮᠫᠠᠨᠢ ᠶᠢᠨ ᠠᠮᠢᠳᠤ ᠪᠣᠳᠠᠰ ᠤᠨ ᠮᠠᠰ ᠡᠨᠧᠷᠭᠢ ᠶᠢᠨ ᠰᠢᠨᠵᠢᠯᠡᠬᠦ ᠤᠬᠠᠭᠠᠨ ᠮᠡᠷᠭᠡᠵᠢᠯ  ᠤᠨ ᠲᠠᠯ᠎ᠠ  ᠪᠠᠷ ᠬᠢ ᠭᠤᠣᠯ ᠡᠵᠡᠩᠨᠡᠯᠲᠡ  ᠶᠢᠨ ᠲᠤᠬᠠᠶᠢᠯᠠᠭᠰᠠᠨ ᠠᠵᠢᠯ᠂ ᠵᠠᠬ᠎ᠠ ᠳᠡᠯᠭᠡᠭᠦᠷ ᠤᠨ ᠪᠠᠶᠢᠷᠢᠰᠢᠭᠤᠯᠤᠯᠲᠠ ᠵᠢᠴᠢ ᠠᠭ᠎ᠠ ᠠᠯᠳᠧᠭᠢᠳ᠋  ᠤᠨ ᠲᠦᠷᠦᠯ ᠵᠦᠢᠯ ᠤᠨ ᠪᠣᠯᠤᠮᠵᠢᠲᠤ ᠰᠤᠳᠤᠯᠭᠠᠨ ᠤ ᠮᠡᠳᠡᠭᠦᠯᠦᠯᠲᠡ ᠶᠢ ᠲᠠᠨᠢᠯᠴᠠᠭᠤᠯᠤᠭᠰᠠᠨ ᠪᠥᠭᠡᠳ ᠺᠠᠶᠢᠯᠦ ᠰᠢᠶᠠᠨ ᠤ ᠠᠵᠤ ᠦᠢᠯᠡᠰ  ᠤᠨ ᠰᠠᠭᠤᠷᠢ᠂ ᠡᠬᠢ ᠪᠠᠶᠠᠯᠢᠭ ᠤᠨ ᠣᠨᠴᠠᠯᠢᠭ ᠪᠣᠯᠤᠨ ᠠᠵᠤ ᠠᠬᠤᠶᠢᠯᠠᠯ ᠤᠨ ᠲᠦᠷᠦᠯ ᠵᠦᠢᠯ ᠤᠨ ᠬᠥᠭᠵᠢᠯᠲᠡ ᠲᠠᠢ ᠵᠣᠬᠢᠴᠠᠯ ᠤᠨ ᠬᠡᠮᠵᠢᠶ᠎ᠡ ᠨᠡᠯᠢᠶᠡᠳ ᠥᠨᠳᠥᠷ ᠪᠠᠶᠢᠵᠤ᠂ ᠲᠦᠷᠦᠯ ᠵᠦᠢᠯ ᠤᠨ ᠪᠦᠳᠦᠭᠡᠨ ᠪᠠᠶᠢᠭᠤᠯᠤᠯᠲᠠ ᠶᠢᠨ ᠱᠠᠭᠠᠷᠳᠠᠯᠭ᠎ᠠ ᠳᠤ ᠨᠡᠶᠢᠴᠡᠨ᠎ᠡ ᠭᠡᠵᠦ ᠢᠯᠡᠳᠬᠡᠪᠡ᠃ ᠬᠤᠶᠠᠷ ᠲᠠᠯ᠎ᠠ ᠪᠠᠷ ᠢᠶᠠᠨ ᠬᠠᠮᠲᠤᠷᠠᠯᠴᠠᠭᠠᠨ ᠤ ᠠᠷᠭ᠎ᠠ ᠬᠡᠯᠪᠡᠷᠢ ᠶᠢᠨ ᠲᠣᠭᠤᠷᠢᠨ ᠳᠤ ᠰᠠᠨᠠᠯ ᠢᠶᠠᠨ ᠭᠦᠨᠵᠡᠭᠡᠶ ᠰᠣᠯᠢᠯᠴᠠᠪᠠ᠃      ᠸᠠᠩ ᠹᠧᠩ ᠰᠧᠨ ᠢᠯᠡᠳᠬᠡᠭᠰᠡᠨ ᠨᠢ᠂ ᠺᠠᠶᠢᠯᠦ ᠰᠢᠶᠠᠨ ᠤ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠤᠨ ᠰᠠᠭᠤᠷᠢ ᠪᠦᠷᠢᠨ ᠲᠡᠭᠦᠯᠳᠡᠷ᠂ ᠠᠮᠢᠳᠤ ᠪᠣᠳᠠᠰ ᠤᠨ ᠡᠬᠢ ᠪᠠᠶᠠᠯᠢᠭ ᠤᠨ ᠬᠠᠩᠭᠠᠯᠭ᠎ᠠ ᠭᠦᠢᠴᠡᠳ ᠪᠠᠶᠢᠵᠤ᠂ ᠨᠡᠯᠢᠶᠡᠳ ᠪᠣᠯᠪᠠᠰᠤᠷᠠᠩᠭᠤᠶ ᠠᠭ᠎ᠠ ᠠᠯᠳᠧᠭᠢᠳ᠋  ᠤᠨ ᠲᠥᠷᠥᠯ ᠵᠦᠢᠯ ᠤᠨ ᠰᠠᠭᠤᠷᠢ  ᠲᠠᠢ ᠪᠠᠶᠢᠵᠤ᠂ ᠠᠭ᠎ᠠ ᠠᠯᠳᠧᠭᠢᠳ᠋ ᠵᠢᠴᠢ ᠪᠤᠰᠤᠳ ᠳᠣᠤᠷᠠᠳᠤ ᠤᠷᠤᠰᠬᠠᠯ ᠤᠨ ᠠᠵᠤ ᠦᠢᠯᠡᠰ ᠤᠨ ᠲᠥᠷᠥᠯ ᠵᠦᠢᠯ ᠢ ᠬᠥᠭᠵᠢᠭᠦᠯᠬᠦ  ᠳᠤ ᠳᠣᠭᠢᠷᠠᠨ᠎ᠠ᠃ ᠡᠯ᠎ᠡ ᠰᠠᠯᠠᠭ᠎ᠠ ᠮᠥᠴᠢᠷ ᠷᠧᠨ ᠫᠧᠩ ᠪᠦᠯᠦᠭᠯᠡᠯ ᠲᠠᠢ ᠬᠠᠮᠵᠢᠯᠴᠠᠨ ᠺᠠᠶᠢᠯᠦ ᠶᠢᠨ ᠠᠮᠢᠳᠤ ᠪᠣᠳᠠᠰ ᠤᠨ ᠮᠠᠰ ᠡᠨᠧᠷᠭᠢ ᠶᠢᠨ ᠲᠦᠷᠦᠯ ᠵᠦᠢᠯ᠂ ᠠᠭ᠎ᠠ ᠠᠯᠳᠧᠭᠢᠳ᠋  ᠤᠨ ᠲᠦᠷᠦᠯ ᠵᠦᠢᠯ  ᠳᠤ ᠪᠡᠯᠡ ᠣᠷᠣᠭᠤᠯᠤᠭᠰᠠᠨ ᠬᠠᠮᠢᠶ᠎ᠠ ᠪᠦᠬᠦᠢ ᠪᠠᠶᠢᠳᠠᠯ ᠢ ᠦᠨᠡᠯᠡᠨ ᠵᠢᠱᠢᠵᠦ᠂ ᠷᠧᠨ ᠫᠧᠩ ᠪᠦᠯᠦᠭᠯᠡᠯ  ᠲᠠᠢ ᠤᠯᠠᠮ ᠴᠢᠨᠠᠭᠰᠢᠳᠠ ᠬᠠᠮᠲᠤᠷᠠᠯᠴᠠᠬᠤ ᠶᠢ ᠬᠦᠰᠡᠵᠦ ᠪᠠᠶᠢᠨ᠎ᠠ ᠃      ᠬᠤᠷᠠᠯ  ᠤᠨ ᠲᠠᠷᠠᠭ᠎ᠠ᠂ ᠠᠵᠤ ᠠᠬᠤᠶᠢᠯᠠᠯ ᠤᠨ ᠰᠢᠨᠵᠢᠯᠡᠨ ᠪᠠᠶᠢᠴᠠᠭᠠᠬᠤ ᠪᠦᠯᠬᠦᠮ ᠴᠧᠨ ᠶᠤᠸᠠᠢ ᠠᠮᠢᠳᠤ ᠪᠣᠳᠠᠰ᠂ ᠰᠢᠨᠬᠤᠸᠠ ᠬᠢᠮᠢ ᠶᠢᠨ ᠠᠵᠤ ᠦᠢᠯᠡᠳᠪᠦᠷᠢ  ᠳᠤ ᠬᠦᠷᠴᠦ ᠲᠤᠬᠠᠢ ᠶᠢᠨ ᠭᠠᠵᠠᠷ ᠲᠤᠨᠢ ᠰᠢᠨᠵᠢᠯᠡᠨ ᠪᠠᠶᠢᠴᠠᠭᠠᠪᠠ᠃      ᠰᠢᠶᠠᠨ  ᠤ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ᠂ ᠠᠵᠤ ᠦᠢᠯᠡᠳᠪᠦᠷᠢ ᠮᠡᠳᠡᠭᠡ ᠵᠠᠩᠭᠢᠵᠢᠯᠲᠠ ᠶᠢᠨ ᠰᠠᠯᠠᠭ᠎ᠠ ᠮᠥᠴᠢᠷ ᠤᠨ ᠲᠣᠪᠴᠢᠶ᠎ᠠ᠂ ᠠᠮᠢ ᠠᠬᠤᠢ ᠣᠷᠴᠢᠨ ᠲᠣᠭᠤᠷᠢᠨ ᠤ ᠲᠣᠪᠴᠢᠶ᠎ᠠ᠂ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ᠂ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ  ᠶᠢᠨ ᠲᠣᠪᠴᠢᠶ᠎ᠠ᠂ ᠣᠷᠣᠨ ᠪᠦᠰᠡ ᠶᠢᠨ ᠠᠵᠤ ᠠᠬᠤᠢ ᠶᠢᠨ ᠬᠠᠮᠲᠤᠷᠠᠯᠴᠠᠭᠠᠨ ᠤ ᠦᠢᠯᠡᠴᠢᠯᠡᠭᠡᠨ ᠤ ᠲᠥᠪ ᠵᠡᠷᠭᠡ ᠰᠠᠯᠠᠭ᠎ᠠ ᠮᠥᠴᠢᠷ ᠤᠨ ᠬᠠᠮᠢᠶ᠎ᠠ ᠪᠦᠬᠦᠢ ᠬᠠᠷᠢᠭᠤᠴᠠᠯᠭᠠᠲᠠᠨ ᠣᠷᠣᠯᠴᠠᠪᠠ᠃     
 
ᠢᠷᠡᠯᠲᠡ᠄ ᠺᠠᠶᠢᠯᠦ ᠰᠢᠶᠠᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号