ᠮᠠᠨ ᠤ ᠰᠢᠶᠠᠨ ︽ᠮᠡᠳᠡᠬᠦᠢ ᠬᠢᠬᠦᠢ ᠶᠢᠨ ᠺᠠᠶᠢᠯᠦ︾ ᠶᠡᠭᠡ ᠬᠢᠴᠢᠶᠡᠯ ᠤᠨ ᠲᠠᠩᠬᠢᠮ ᠵᠢᠴᠢ ᠦᠵᠡᠯ ᠤᠬᠠᠮᠰᠠᠷ ᠤᠨ ᠬᠡᠯᠪᠡᠷᠢ ᠶᠢᠨ ᠠᠵᠢᠯ ᠤᠨ ᠴᠢᠳᠠᠪᠤᠷᠢ ᠶᠢ ᠳᠡᠭᠡᠭᠰᠢᠯᠡᠭᠦᠯᠬᠦ ᠲᠤᠰᠬᠠᠢ ᠰᠡᠳᠦᠪᠲᠦ ᠪᠣᠯᠪᠠᠰᠤᠷᠠᠯ  ᠢ ᠡᠷᠭᠢᠯᠡᠪᠡ
ᠨᠡᠶᠢᠲᠡᠯᠡᠭᠰᠡᠨ ᠴᠠᠭ᠄
2025/3/19
      3 ᠰᠠᠷ᠎ᠠ ᠶᠢᠨ 18 ᠤ ᠡᠳᠦᠷ ᠤᠨ ᠦᠳᠡ ᠶᠢᠨ ᠬᠤᠶᠢᠨ᠎ᠠ᠂ ︽ᠮᠡᠳᠡᠬᠦᠢ ᠬᠢᠬᠦᠢ ᠶᠢᠨ ᠺᠠᠶᠢᠯᠤ︾ ᠶᠡᠭᠡ ᠬᠢᠴᠢᠶᠡᠯ ᠤᠨ ᠲᠠᠩᠬᠢᠮ ᠵᠢᠴᠢ ᠦᠵᠡᠯ ᠤᠬᠠᠮᠰᠠᠷ  ᠤᠨ ᠬᠡᠯᠪᠡᠷᠢ ᠶᠢᠨ ᠠᠵᠢᠯ ᠤᠨ ᠴᠢᠳᠠᠪᠤᠷᠢ ᠶᠢ ᠳᠡᠭᠡᠭᠰᠢᠯᠡᠭᠦᠯᠬᠦ ᠲᠤᠰᠬᠠᠢ ᠰᠡᠳᠦᠪᠲᠦ ᠪᠣᠯᠪᠠᠰᠤᠷᠠᠯ ᠢ ᠰᠢᠶᠠᠨ  ᠤ ᠰᠣᠶᠣᠯ  ᠤᠨ ᠲᠥᠪ  ᠤᠨ ᠶᠣᠰᠣᠯᠠᠯ  ᠤᠨ ᠲᠠᠩᠬᠢᠮ  ᠳᠤ ᠡᠷᠭᠢᠯᠡᠪᠡ᠃ ᠵᠠᠩ ᠸᠧᠨ ᠵᠢᠶᠦ᠋ᠨ᠂ ᠼᠤᠤ ᠰᠢᠶᠠᠨ ᠵᠢᠩ᠂ ᠶᠠᠩ ᠾᠦᠢ ᠮᠢᠨ᠂ ᠾᠧ ᠴᠦᠨ ᠡᠾᠦ᠋ᠩ ᠵᠡᠷᠭᠡ ᠰᠢᠶᠠᠨ ᠤ ᠳᠥᠷᠪᠡᠨ ᠶᠡᠭᠡ ᠪᠠᠭ  ᠤᠨ ᠤᠳᠤᠷᠢᠳᠤᠯᠭ᠎ᠠ ᠠᠵᠢᠯᠯᠠᠭ᠎ᠠ  ᠳᠤ ᠣᠷᠣᠯᠴᠠᠪᠠ᠃ ᠰᠢᠶᠠᠨ  ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ  ᠤᠨ ᠳᠠᠷᠤᠭ᠎ᠠ ᠾᠧ ᠴᠦᠨ ᠡᠾᠦ᠋ᠩ ᠪᠣᠯᠪᠠᠰᠤᠷᠠᠯ ᠤᠨ ᠠᠵᠢᠯᠯᠠᠭ᠎ᠠ ᠶᠢ ᠡᠷᠭᠢᠯᠡᠪᠡ ᠃ ᠰᠢᠶᠠᠨ ᠤ ᠰᠢᠭᠤᠳ ᠬᠠᠷᠢᠶ᠎ᠠ ᠰᠠᠯᠠᠭ᠎ᠠ ᠮᠥᠴᠢᠷ ᠂ ᠡᠯ᠎ᠡ ᠪᠠᠯᠭᠠᠰᠤ ᠲᠠᠯᠠᠪᠠᠢ ᠶᠢᠨ ᠳᠡᠳ᠋ ᠰᠠᠯᠠᠭ᠎ᠠ ᠶᠢᠨ ᠲᠡᠰ ᠠᠴᠠ ᠳᠡᠭᠡᠭᠰᠢᠬᠢ ᠤᠳᠤᠷᠢᠳᠬᠤ ᠺᠠᠳ᠋ᠷ ᠨᠡᠶᠢᠳᠡ 400 ᠭᠠᠷᠤᠢ ᠬᠥᠮᠥᠨ ᠣᠷᠣᠯᠴᠠᠪᠠ ᠃
0fd4eb774dd57dc5c0c7c4b096c3fcb4_W020250319362664504606.png
      ᠲᠤᠰᠬᠠᠢ ᠰᠡᠳᠦᠪᠲᠦ ᠪᠣᠯᠪᠠᠰᠤᠷᠠᠯ ᠮᠦᠭᠳᠡᠨ ᠤ ᠬᠤᠲᠠ  ᠶᠢᠨ ᠳᠡᠭᠡᠳᠦ ᠰᠤᠷᠭᠠᠭᠤᠯᠢ  ᠶᠢᠨ ᠫᠷᠤᠹᠧᠰᠰᠤᠷ᠂ ᠬᠠᠮ ᠵᠠᠭᠤᠴᠢᠯᠠᠭᠤᠷ ᠤᠨ ᠲᠤᠷᠰᠢᠯᠲᠠ  ᠶᠢᠨ ᠲᠠᠰᠤᠭ ᠤᠨ ᠡᠷᠬᠢᠯᠡᠭᠴᠢ ᠮᠠ ᠴᠢᠩ ᠰᠢᠤᠸᠠᠨ ᠫᠷᠤᠹᠧᠰᠰᠤᠷ ᠢ ᠲᠤᠰᠬᠠᠶᠢᠯᠠᠨ ᠤᠷᠢᠵᠤ᠂ ᠰᠦᠯᠵᠢᠶᠡᠨ ᠤ ᠶᠠᠷᠢᠶ᠎ᠠ ᠬᠡᠯᠡᠯᠴᠡᠭᠡᠨ ᠤ ᠪᠠᠶᠢᠳᠠᠯ ᠤᠨ ᠪᠠᠶᠢᠳᠠᠯ ᠵᠢᠴᠢ ᠵᠢᠮ᠎ᠡ ᠶᠣᠰᠣ᠂ ᠥᠨᠳᠥᠷ ᠮᠡᠳᠡᠷᠡᠮᠡᠲᠡᠭᠡᠢ ᠶᠠᠷᠢᠶᠠᠨ ᠤ ᠰᠡᠳᠦᠪ ᠤᠨ ᠶᠠᠷᠢᠶ᠎ᠠ ᠬᠡᠯᠡᠯᠴᠡᠭᠡᠨ ᠤ ᠪᠠᠶᠢᠳᠠᠯ ᠤᠨ ᠲᠥᠷᠥᠯ ᠬᠡᠯᠪᠡᠷᠢ ᠵᠢᠴᠢ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ᠂ ᠶᠠᠷᠢᠶ᠎ᠠ ᠬᠡᠯᠡᠯᠴᠡᠭᠡᠨ ᠤ ᠪᠠᠶᠢᠳᠠᠯ ᠢ ᠵᠠᠳᠠᠯᠵᠤ ᠰᠤᠳᠤᠯᠤᠨ ᠮᠠᠭᠠᠳᠯᠠᠬᠤ ᠪᠣᠳᠠᠲᠤ ᠵᠢᠱᠢᠶ᠎ᠡ ᠶᠢ ᠵᠠᠳᠠᠯᠬᠤ᠂ ᠶᠠᠷᠢᠶ᠎ᠠ ᠬᠡᠯᠡᠯᠴᠡᠭᠡᠨ  ᠤ ᠪᠠᠶᠢᠳᠠᠯ ᠢ ᠠᠷᠭᠠᠴᠠᠬᠤ ᠪᠠ ᠬᠥᠲᠥᠯᠥᠨ ᠵᠢᠯᠤᠭᠤᠳᠬᠤ ᠤᠷ᠎ᠠ ᠮᠡᠷᠭᠡᠵᠢᠯ ᠵᠡᠷᠭᠡ ᠲᠠᠯ᠎ᠠ ᠶᠢᠨ ᠲᠣᠭᠤᠷᠢᠨ ᠳᠤ ᠬᠢᠴᠢᠶᠡᠯ ᠵᠢᠭᠠᠪᠠ᠃ ᠪᠦᠬᠦ᠋ᠢᠯᠡ ᠲᠠᠯᠠᠪᠤᠷ ᠤᠨ ᠪᠣᠯᠪᠠᠰᠤᠷᠠᠯ ᠤᠨ ᠠᠭᠤᠯᠭ᠎ᠠ ᠨᠢ ᠪᠠᠶᠠᠯᠢᠭ᠂ ᠬᠡᠷᠡᠭ ᠤᠨ ᠵᠢᠱᠢᠶ᠎ᠡ ᠶᠢᠨ ᠵᠠᠳᠠᠯᠤᠯᠲᠠ ᠨᠢ ᠨᠡᠪᠲᠡᠷᠬᠡᠢ᠂ ᠮᠠᠰᠢ ᠴᠢᠩᠭ᠎ᠠ ᠣᠨᠣᠯ ᠤᠨ ᠴᠢᠨᠠᠷ ᠂ ᠦᠢᠯᠡᠳᠦᠯᠭᠡ ᠶᠢᠨ ᠴᠢᠨᠠᠷ ᠪᠠ ᠵᠢᠯᠤᠭᠤᠳᠬᠤ ᠠᠴᠢ ᠬᠤᠯᠪᠣᠭᠳᠠᠯ ᠲᠠᠢ ᠶᠤᠮ᠃
cd80ff25c63dda81e5d21208f4433a8a_W020250319362664528927.png
      ᠾᠧ ᠴᠦᠨ ᠡᠾᠦ᠋ᠩ ᠵᠢᠭᠠᠭᠰᠠᠨ ᠨᠢ᠂ ᠡᠯ᠎ᠡ ᠪᠠᠯᠭᠠᠰᠤ ᠲᠠᠯᠠᠪᠠᠶ ᠡᠯ᠎ᠡ ᠰᠠᠯᠠᠭ᠎ᠠ ᠮᠥᠴᠢᠷ ᠨᠢᠭᠡᠴᠢ ᠤᠯᠤᠰ ᠲᠥᠷᠥ ᠶᠢᠨ ᠵᠣᠭᠰᠣᠴᠠ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠲᠤᠰ ᠰᠠᠯᠠᠭ᠎ᠠ ᠮᠥᠴᠢᠷ ᠂ ᠲᠤᠰ ᠨᠢᠭᠡᠴᠢ ᠶᠢᠨ ᠢᠶᠠᠨ ᠪᠣᠳᠠᠲᠤ ᠪᠠᠶᠢᠳᠠᠯ ᠢ ᠦᠨᠳᠦᠰᠦᠯᠡᠵᠦ ᠂ ᠨᠢᠭᠡ ᠠᠴᠠ ᠵᠦᠢᠴᠢᠯᠡᠵᠦ ᠨᠦᠬᠦᠭᠡ ᠶᠢ ᠮᠡᠳᠡᠵᠦ ᠂ ᠲᠤᠷᠰᠢᠯᠭ᠎ᠠ ᠰᠤᠷᠭᠠᠮᠵᠢ ᠪᠠᠨ ᠳ᠋ᠦᠩᠨᠡᠵᠦ ᠂ ᠠᠷᠭ᠎ᠠ ᠮᠡᠷᠭᠡᠵᠢᠯ ᠢᠶᠠᠨ ᠳᠣᠲᠣᠭᠠᠳᠤ ᠳᠠᠭᠠᠨ ᠰᠢᠩᠭᠡᠭᠡᠵᠦ ᠂ ᠳᠡᠭᠡᠳᠦ ᠬᠡᠮᠵᠢᠶᠡᠨ  ᠤ ᠤᠯᠤᠰ ᠲᠦᠷᠦ ᠶᠢᠨ ᠬᠤᠷᠴᠠ ᠰᠡᠷᠭᠡᠭ ᠴᠢᠨᠠᠷ ᠪᠠ ᠤᠯᠤᠰ ᠲᠦᠷᠦ ᠶᠢᠨ ᠢᠯᠭᠠᠨ ᠲᠠᠨᠢᠬᠤ ᠴᠢᠳᠠᠪᠤᠷᠢ ᠪᠠᠷ ᠵᠥᠪ ᠤᠯᠤᠰ ᠲᠦᠷᠦ ᠶᠢᠨ ᠴᠢᠭᠯᠡᠯ ᠂ ᠶᠠᠷᠢᠶ᠎ᠠ ᠬᠡᠯᠡᠯᠴᠡᠭᠡᠨ ᠤ ᠤᠳᠤᠷᠢᠳᠤᠮᠵᠢ ᠂ ᠦᠷᠳᠡᠭ ᠤᠨ ᠬᠠᠨᠳᠤᠰᠢ ᠶᠢ ᠪᠠᠲᠤ ᠡᠵᠡᠮᠳᠡᠵᠦ ᠂ ᠰᠦᠯᠵᠢᠶᠡᠨ ᠤ ᠦᠵᠡᠯ ᠤᠬᠠᠮᠰᠠᠷ ᠤᠨ ᠬᠡᠯᠪᠡᠷᠢ ᠶᠢᠨ ᠠᠮᠤᠷ ᠲᠦᠪᠰᠢᠨ ᠢ ᠡᠷᠡᠰ ᠰᠠᠬᠢᠨ ᠬᠠᠮᠠᠭᠠᠯᠠᠵᠤ ᠂ ᠪᠦᠬᠦ ᠰᠢᠶᠠᠨ ᠤ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠳᠤ ᠰᠦᠯᠵᠢᠶᠡᠨ ᠳᠡᠭᠡᠷᠡᠬᠢ ᠶᠠᠷᠢᠶ᠎ᠠ ᠬᠡᠯᠡᠯᠴᠡᠭᠡᠨ ᠤ ᠰᠠᠶᠢᠨ ᠰᠠᠶᠢᠬᠠᠨ ᠣᠷᠴᠢᠨ ᠲᠣᠭᠤᠷᠢᠨ  ᠢ ᠪᠤᠢ ᠪᠣᠯᠭᠠᠵᠤ ᠥᠭᠬᠦ ᠬᠡᠷᠡᠭᠲᠡᠢ ᠃ ︵ᠦ᠋ ᠶᠤᠸᠠᠢ ᠯᠢ᠂ ᠬᠤ᠋ ᠯᠢ ᠵᠥᠩ︶ 
 
ᠢᠷᠡᠯᠲᠡ᠄ ᠺᠠᠶᠢᠯᠦ ᠰᠢᠶᠠᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号