1 ᠰᠠᠷ᠎ᠠ ᠶᠢᠨ 26 ᠤ ᠡᠳᠦᠷ ᠤᠨ ᠦᠳᠡ ᠶᠢᠨ ᠬᠤᠶᠢᠨ᠎ᠠ ᠂ ᠲᠦᠩᠯᠢᠶᠣᠣ ᠬᠤᠲᠠ ᠶᠢᠨ ᠪᠥᠬᠦ ᠤᠯᠤᠰ ᠤᠨ | ᠠᠵᠢᠯ ᠠᠴᠠ ᠪᠠᠨ ᠠᠮᠠᠷᠠᠭᠰᠠᠨ ᠠᠵᠢᠯ ᠠᠴᠠ ᠪᠠᠨ ᠪᠠᠭᠤᠭᠰᠠᠨ ᠺᠠᠳ᠋ᠷᠴᠤᠳ ᠤᠨ ᠲᠡᠷᠢᠭᠦᠨ ᠤ ᠬᠤᠪᠢ ᠬᠥᠮᠥᠨ ᠤ | ᠦᠶᠯᠡ ᠠᠵᠢᠯᠯᠠᠭ᠎ᠠ ᠶᠢ ᠤᠬᠠᠭᠤᠯᠤᠨ ᠲᠠᠶᠢᠯᠪᠤᠷᠢᠯᠠᠬᠤ ᠮᠡᠳᠡᠭᠦᠯᠦᠯᠲᠡ ᠶᠢᠨ ᠬᠤᠷᠠᠯ ᠰᠢᠶᠠᠨ ᠤ ᠨᠠᠮ ᠵᠠᠰᠠᠭ ᠤᠨ | ᠶᠡᠷᠦᠩᠬᠡᠶᠢᠯᠡᠭᠰᠡᠨ ᠠᠰᠠᠷ ᠤᠨ ᠵᠢᠷᠭᠤᠳᠤᠭᠠᠷ ᠳᠠᠪᠬᠤᠷᠯᠢᠭ ᠤᠨ ᠬᠤᠷᠠᠯ ᠤᠨ ᠭᠡᠷ ᠲᠤ ᠬᠤᠷᠠᠯᠳᠤᠪᠠ᠃ ᠬᠤᠲᠠ ᠶᠢᠨ | ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠤᠨ ᠬᠠᠮᠢᠶ᠎ᠠ ᠪᠦᠬᠦᠢ ᠬᠠᠷᠢᠭᠤᠴᠠᠯᠭᠠᠲᠠᠨ᠂ ᠰᠢᠶᠠᠨ ᠤ | ᠨᠠᠮ ᠤᠨ ᠬᠤᠷᠢᠶᠠᠨ ᠤ ᠱᠦᠵᠢ ᠸᠠᠩ ᠹᠧᠩ ᠰᠧᠨ᠂ ᠰᠢᠶᠠᠨ ᠤ ᠨᠠᠮ ᠤᠨ ᠬᠤᠷᠢᠶᠠᠨ ᠤ ᠳᠡᠳ᠋ ᠱᠦᠵᠢ᠂ ᠰᠢᠶᠠᠨ ᠤ | ᠳᠠᠷᠤᠭ᠎ᠠ ᠯᠢᠦ ᠶᠠᠩ᠂ ᠰᠢᠶᠠᠨ ᠤ ᠤᠯᠤᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠵᠢᠶᠠᠩ ᠵᠢᠩ ᠶᠢᠩ ᠵᠢᠴᠢ | ᠰᠢᠶᠠᠨ ᠤ ᠲᠠᠰ ᠤᠨ ᠤᠳᠤᠷᠢᠳᠤᠯᠭ᠎ᠠ ᠮᠡᠳᠡᠭᠦᠯᠦᠯᠲᠡ ᠶᠢᠨ ᠬᠤᠷᠠᠯ ᠢ ᠰᠣᠨᠣᠰᠴᠤ᠂ ᠰᠢᠶᠠᠨ ᠤ ᠨᠠᠮ ᠤᠨ ᠬᠤᠷᠢᠶᠠᠨ ᠤ | ᠪᠠᠶᠢᠩᠭᠤ ᠶᠢᠨ ᠭᠡᠰᠢᠭᠦᠨ᠂ ᠵᠣᠬᠢᠶᠠᠨ ᠪᠠᠶᠢᠭᠤᠯᠬᠤ ᠬᠡᠯᠲᠡᠰ ᠤᠨ ᠳᠠᠷᠤᠭ᠎ᠠ ᠼᠤᠤ ᠰᠢᠶᠠᠨ ᠵᠢᠩ ᠬᠤᠷᠠᠯ ᠡᠷᠭᠢᠯᠡᠪᠡ᠃ | | | | | | ᠰᠢᠶᠠᠨ ᠤ ᠨᠠᠮ ᠤᠨ ᠬᠤᠷᠢᠶᠠᠨ ᠤ ᠱᠦᠵᠢ ᠸᠠᠩ ᠹᠧᠩ ᠰᠧᠨ ᠬᠤᠷᠠᠯ ᠳᠡᠭᠡᠷ᠎ᠡ ᠺᠠᠶᠢᠯᠤ ᠰᠢᠶᠠᠨ ᠤ ᠠᠬᠠᠮᠠᠳ | ᠺᠠᠳ᠋ᠷᠴᠤᠳ ᠤᠨ ᠠᠵᠢᠯ ᠢ ᠥᠷᠨᠢᠭᠦᠯᠦᠭᠰᠡᠨ ᠪᠠᠶᠢᠳᠠᠯ ᠤᠨ ᠲᠤᠬᠠᠢ ᠰᠣᠯᠢᠯᠴᠠᠭᠠᠨ ᠤ ᠶᠠᠷᠢᠶ᠎ᠠ ᠲᠠᠯᠪᠢᠪᠠ᠃ ᠲᠡᠷᠡ | ᠵᠢᠭᠠᠭᠰᠠᠨ ᠨᠢ᠂ ᠹᠧᠩ ᠵᠠᠨ ᠷᠦᠩ ᠨᠥᠬᠦᠷ ᠡᠭᠡᠯ ᠵᠢᠷ ᠤᠨ ᠠᠵᠢᠯ ᠤᠨ ᠪᠠᠶᠢᠷᠢ ᠳᠡᠭᠡᠷ᠎ᠡ ᠪᠠᠨ ᠬᠤᠪᠢ ᠨᠡᠮᠡᠷᠢ | ᠦᠵᠡᠭᠦᠯᠬᠦ ᠪᠠ ᠬᠠᠷᠢᠭᠤᠴᠠᠯᠭ᠎ᠠ ᠡᠭᠦᠷᠭᠡᠯᠡᠬᠦ ᠶᠢ ᠪᠠᠲᠤ ᠰᠠᠬᠢᠵᠤ ᠂ ᠶᠡᠷᠦ ᠪᠤᠰᠤ ᠶᠢᠨ ᠠᠮᠵᠢᠯᠲᠠ ᠶᠢ ᠡᠭᠦᠳᠴᠦ ᠂ ᠡᠯ᠎ᠡ | ᠱᠠᠲᠤᠨ ᠤ ᠨᠠᠮ ᠤᠨ ᠭᠡᠰᠢᠭᠦᠨ ᠺᠠᠳ᠋ᠷᠴᠤᠳ ᠲᠤ ᠬᠡᠪ ᠳᠠᠭᠤᠷᠢᠶᠠᠯ ᠪᠣᠯᠤᠭᠰᠠᠨ ᠪᠥᠭᠡᠳ ᠪᠦᠬᠦ ᠰᠢᠶᠠᠨ ᠤ ᠠᠬᠠᠮᠠᠳ | ᠺᠠᠳ᠋ᠷᠴᠤᠳ ᠤᠨ ᠠᠵᠢᠯ ᠢ ᠰᠠᠶᠢᠲᠤᠷ ᠬᠢᠬᠦ ᠬᠥᠳᠡᠯᠭᠡᠬᠦ ᠬᠦᠴᠦᠨ ᠪᠣᠯᠣᠨ ᠠᠮᠢᠵᠢᠷᠠᠯ ᠤᠨ ᠬᠦᠴᠦᠨ ᠢ ᠤᠯᠠᠮ | ᠴᠢᠨᠠᠭᠰᠢᠳᠠ ᠬᠥᠭᠵᠢᠭᠡᠪᠡ᠃ | | | | | | ᠸᠠᠩ ᠹᠧᠩ ᠰᠧᠨ ᠬᠡᠯᠡᠭᠰᠡᠨ ᠨᠢ᠂ ᠣᠶᠢᠷ᠎ᠠ ᠶᠢᠨ ᠵᠢᠯ ᠤᠳ ᠲᠤ᠂ ᠮᠠᠨ ᠤ ᠰᠢᠶᠠᠨ ᠨᠠᠮ ᠤᠨ ᠲᠥᠪ | ᠬᠤᠷᠢᠶ᠎ᠠ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠪᠣᠯᠣᠨ ᠬᠤᠲᠠ ᠶᠢᠨ ᠨᠠᠮ ᠤᠨ ᠬᠤᠷᠢᠶ᠎ᠠ ᠶᠢᠨ | ᠠᠬᠠᠮᠠᠳ ᠺᠠᠳ᠋ᠷᠴᠤᠳ ᠤᠨ ᠠᠵᠢᠯ ᠤᠨ ᠲᠤᠬᠠᠢ ᠪᠠᠶᠢᠷᠢᠯᠠᠭᠤᠯᠤᠯᠲᠠ ᠱᠠᠭᠠᠷᠳᠠᠯᠭ᠎ᠠ ᠶᠢ ᠡᠷᠡᠰ ᠲᠤᠭᠤᠰᠢᠯᠠᠭᠤᠯᠤᠨ | ᠨᠠᠶᠢᠳᠠᠪᠤᠷᠢᠵᠢᠭᠤᠯᠵᠤ᠂ ︽ᠨᠠᠮ ᠤᠨ ᠵᠣᠬᠢᠶᠠᠨ ᠪᠠᠶᠢᠭᠤᠯᠤᠯᠲᠠ ᠶᠢ ᠰᠡᠳᠬᠢᠯ ᠬᠠᠨᠤᠮᠵᠢᠲᠠᠶ ᠪᠣᠯᠭᠠᠬᠤ᠂ ᠠᠬᠠᠮᠠᠳ | ᠺᠠᠳ᠋ᠷᠴᠤᠳ ᠢ ᠰᠡᠳᠬᠢᠯ ᠬᠠᠨᠤᠮᠵᠢᠲᠠᠶ ᠪᠣᠯᠭᠠᠬᠤ︾ ᠠᠵᠢᠯ ᠤᠨ ᠬᠠᠷᠠᠯᠲᠠ ᠲᠠᠢ ᠨᠢᠭᠲᠠ ᠤᠶᠠᠯᠳᠤᠭᠤᠯᠤᠨ᠂ ᠵᠣᠬᠢᠶᠠᠨ | ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠬᠤ ᠪᠠᠷ ᠳᠠᠮᠵᠢᠭᠤᠯᠤᠨ᠂ ᠠᠵᠢᠯ ᠤᠨ ︽ᠳᠠᠶᠢᠴᠢᠯᠠᠬᠤ | ᠬᠦᠴᠦᠨ︾ ᠢ ᠴᠢᠩᠭᠠᠳᠬᠠᠵᠤ᠂ ᠤᠯᠤᠰ ᠲᠥᠷᠥ ᠶᠢᠨ ᠵᠢᠯᠣᠭᠤᠳᠤᠯᠭ᠎ᠠ ᠶᠢ ᠭᠦᠨᠵᠡᠭᠡᠶᠢᠷᠡᠭᠦᠯᠦᠨ᠂ ᠦᠵᠡᠯ ᠰᠠᠨᠠᠭᠠᠨ | ᠤ ︽ᠬᠥᠳᠡᠯᠭᠡᠭᠦᠷ︾ ᠢ ᠳᠡᠭᠡᠭᠰᠢᠯᠡᠭᠦᠯᠵᠦ᠂ ᠦᠢᠯᠡᠴᠢᠯᠡᠭᠡᠨ ᠤ ᠪᠠᠲᠤᠯᠠᠭ᠎ᠠ ᠶᠢ ᠰᠢᠯᠢᠳᠡᠭᠵᠢᠭᠦᠯᠵᠦ᠂ ᠬᠠᠷᠠᠭᠠᠯᠵᠠᠯ | ᠤᠨ ︽ᠨᠠᠶᠢᠳᠠᠪᠤᠷᠢᠵᠢᠭᠤᠯᠬᠤ ᠬᠦᠴᠦᠨ︾ ᠢ ᠴᠢᠩᠭᠠᠳᠬᠠᠵᠤ᠂ ᠠᠵᠢᠯᠯᠠᠭ᠎ᠠ ᠶᠢᠨ ᠲᠠᠪᠴᠠᠩ ᠢ ᠪᠠᠶᠢᠭᠤᠯᠬᠤ᠂ | ᠨᠡᠶᠢᠭᠡᠮ ᠤᠨ ︽ᠨᠥᠯᠥᠭᠡᠯᠡᠬᠦ ᠬᠦᠴᠦᠨ︾ ᠢ ᠥᠷᠭᠡᠳᠬᠡᠬᠦ ᠵᠡᠷᠭᠡ ᠣᠯᠠᠨ ᠵᠦᠢᠯ ᠤᠨ ᠠᠷᠭ᠎ᠠ ᠬᠡᠮᠵᠢᠶ᠎ᠡ ᠠᠪᠴᠤ᠂ | ᠠᠬᠠᠮᠠᠳ ᠺᠠᠳ᠋ᠷᠴᠤᠳ ᠤᠨ ᠠᠵᠢᠯ ᠤᠨ ᠴᠢᠨᠠᠷ ᠴᠢᠨᠰᠠᠭ᠎ᠠ ᠦᠷ᠎ᠡ ᠠᠰᠢᠭ ᠢ ᠦᠷᠭᠦᠯᠵᠢᠯᠡᠨ ᠳᠡᠭᠡᠭᠰᠢᠯᠡᠭᠦᠯᠵᠦ ᠂ | ᠠᠬᠠᠮᠠᠳ ᠺᠠᠳ᠋ᠷᠴᠤᠳ ᠤᠨ ᠤᠯᠤᠰ ᠲᠦᠷᠦ ᠶᠢᠨ ᠠᠮᠢᠳᠤᠷᠠᠯ ᠤᠨ ᠬᠠᠷᠠᠭᠠᠯᠵᠠᠯ ᠢ ᠨᠠᠷᠢᠨ ᠬᠢᠨᠠᠮᠠᠭᠠᠢ | ᠨᠠᠶᠢᠳᠠᠪᠤᠷᠢᠵᠢᠭᠤᠯᠵᠤ ᠂ ᠦᠢᠯᠡᠴᠢᠯᠡᠭᠡᠨ ᠤ ᠬᠠᠮᠢᠶᠠᠷᠤᠯᠲᠠ ᠶᠢᠨ ᠴᠢᠳᠠᠪᠤᠷᠢ ᠶᠢ ᠬᠦᠴᠦᠯᠡᠨ ᠳᠡᠭᠡᠭᠰᠢᠯᠡᠭᠦᠯᠵᠦ ᠂ ᠨᠠᠷᠢᠨ | ᠵᠦᠢᠯᠡᠰ ᠨᠢᠭᠡᠪᠦᠷᠢ ᠶᠢ ᠰᠠᠶᠢᠲᠤᠷ ᠰᠢᠢᠳᠪᠦᠷᠢᠯᠡᠵᠦ ᠂ ᠠᠰᠠᠭᠤᠳᠠᠯ ᠨᠢᠭᠡᠪᠦᠷᠢ ᠶᠢ ᠰᠠᠶᠢᠲᠤᠷ ᠰᠢᠢᠳᠪᠦᠷᠢᠯᠡᠵᠦ ᠂ ᠠᠵᠢᠯ | ᠨᠢᠭᠡᠪᠦᠷᠢ ᠶᠢ ᠰᠠᠶᠢᠲᠤᠷ ᠪᠡᠶᠡᠯᠡᠭᠦᠯᠵᠦ ᠂ ᠠᠬᠠᠮᠠᠳ ᠺᠠᠳ᠋ᠷᠴᠤᠳ ᠤᠨ ᠠᠵᠢᠯ ᠢ ᠦᠨᠡᠨ ᠬᠦ ᠨᠠᠷᠢᠯᠢᠭ ᠬᠢᠵᠦ ᠂ ᠪᠣᠳᠠᠲᠠᠢ | ᠬᠢᠵᠦ ᠂ ᠣᠷᠣᠨ ᠪᠠᠶᠢᠷᠢ ᠳᠤᠨᠢ ᠨᠠᠶᠢᠳᠠᠪᠤᠷᠢᠵᠢᠭᠤᠯᠵᠤ ᠂ ᠠᠬᠠᠮᠠᠳ ᠺᠠᠳ᠋ᠷᠴᠤᠳ ᠢ ᠥᠲᠡᠯᠪᠡᠯ ᠲᠦᠰᠢᠭ ᠲᠠᠢ ᠂ | ᠥᠲᠡᠯᠪᠡᠯ ᠴᠡᠩᠭᠡᠯ ᠲᠠᠢ ᠂ ᠥᠲᠡᠯᠪᠡᠯ ᠬᠢᠬᠦ ᠶᠠᠭᠤᠮ᠎ᠠ ᠲᠠᠢ ᠪᠣᠯᠭᠠᠬᠤ ᠬᠡᠷᠡᠭᠲᠡᠢ ᠃ ᠡᠭᠦᠨ ᠤ ᠬᠠᠮᠲᠤ ᠂ ᠥᠷᠭᠡᠨ | ᠤᠯᠠᠨ ᠠᠵᠢᠯ ᠠᠴᠠ ᠪᠠᠨ ᠳᠠᠷᠬᠠᠯᠠᠭᠳᠠᠭᠰᠠᠨ ᠠᠵᠢᠯ ᠠᠴᠠ ᠪᠠᠨ ᠠᠮᠠᠷᠠᠭᠰᠠᠨ ᠺᠠᠳ᠋ᠷᠴᠤᠳ ᠤᠨ ᠵᠢᠱᠢᠶᠡᠴᠢ | ᠳᠠᠭᠠᠭᠤᠯᠬᠤ ᠦᠢᠯᠡᠳᠦᠯ ᠢᠶᠠᠨ ᠭᠦᠢᠴᠡᠳ ᠪᠠᠳᠠᠷᠠᠭᠤᠯᠵᠤ ᠂ ᠥᠩᠭᠡᠷᠡᠭᠰᠡᠨ ᠲᠠᠢ ᠪᠠᠨ ᠠᠳᠠᠯᠢ ᠪᠠᠷ ᠠᠷᠠᠳ ᠤᠨ | ᠲᠥᠯᠥᠭᠡ ᠦᠢᠯᠡᠴᠢᠯᠡᠬᠦ ᠵᠣᠷᠢᠯᠲᠠ ᠪᠠᠨ ᠦᠢᠯᠡᠳᠦᠯᠭᠡᠵᠢᠭᠦᠯᠵᠦ ᠂ ᠤᠯᠠᠨ ᠲᠦᠮᠡᠨ ᠲᠠᠢ ᠨᠢᠭᠲᠠ ᠬᠠᠷᠢᠯᠴᠠᠵᠤ ᠂ | ᠨᠡᠶᠢᠲᠡ ᠶᠢᠨ ᠠᠰᠠᠷᠠᠮᠵᠢ ᠶᠢᠨ ᠦᠢᠯᠡᠰ ᠲᠤ ᠬᠠᠯᠠᠭᠤᠨ ᠰᠡᠳᠬᠢᠯ ᠢᠶᠠᠷ ᠬᠠᠨᠳᠤᠵᠤ ᠂ ᠨᠡᠶᠢᠭᠡᠮ ᠳᠤ ᠦᠨᠡᠨ | ᠰᠡᠳᠬᠢᠯ ᠠᠴᠠ ᠪᠠᠨ ᠬᠤᠪᠢ ᠨᠡᠮᠡᠷᠢ ᠦᠵᠡᠭᠦᠯᠵᠦ ᠂ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠶᠢ | ᠠᠬᠢᠭᠤᠯᠬᠤ ᠳᠤ ᠠᠤᠭ᠎ᠠ ᠶᠡᠭᠡ ᠤᠶᠤᠨ ᠤᠬᠠᠭᠠᠨ ᠪᠠ ᠬᠦᠴᠦᠨ ᠴᠢᠳᠠᠯ ᠢᠶᠠᠨ ᠡᠷᠭᠦᠬᠦ ᠶᠢ ᠬᠦᠰᠡᠵᠦ ᠪᠠᠶᠢᠨ᠎ᠠ ᠃ | ᠪᠥᠬᠦ ᠤᠯᠤᠰ ᠤᠨ ᠠᠵᠢᠯ ᠠᠴᠠ ᠪᠠᠨ ᠳᠠᠷᠬᠠᠯᠠᠭᠳᠠᠭᠰᠠᠨ ᠠᠵᠢᠯ ᠠᠴᠠ ᠪᠠᠨ ᠠᠮᠠᠷᠠᠭᠰᠠᠨ ᠺᠠᠳ᠋ᠷᠴᠤᠳ ᠤᠨ | ᠲᠡᠷᠢᠭᠦᠨ ᠤ ᠬᠤᠪᠢ ᠬᠥᠮᠥᠨ ︱ ᠺᠠᠶᠢᠯᠤ ᠪᠠᠯᠭᠠᠰᠤᠨ ᠤ ᠠᠷᠠᠳᠴᠢᠯᠠᠭᠰᠠᠨ ᠨᠡᠶᠢᠭᠡᠮ ᠲᠣᠭᠤᠷᠢᠭ ᠤᠨ ᠠᠵᠢᠯ | ᠠᠴᠠ ᠪᠠᠨ ᠠᠮᠠᠷᠠᠭᠰᠠᠨ ᠨᠠᠮ ᠤᠨ ᠭᠡᠰᠢᠭᠦᠨ ᠹᠧᠩ ᠵᠠᠨ ᠷᠦᠩ ︽ᠯᠧᠢ ᠹᠧᠩ ᠤᠨ ᠵᠣᠷᠢᠭ ᠰᠠᠨᠠᠭ᠎ᠠ ᠶᠢ ᠤᠯᠠᠮᠵᠢᠯᠠᠨ | ᠵᠠᠯᠭᠠᠮᠵᠢᠯᠠᠵᠤ ᠂ ᠰᠢᠨ᠎ᠡ ᠴᠠᠭ ᠦᠶ᠎ᠡ ᠶᠢᠨ ᠰᠠᠶᠢᠨ ᠳᠤᠷ᠎ᠠ ᠶᠢᠨ ᠠᠵᠢᠯᠯᠠᠭᠴᠢ ᠪᠣᠯᠣᠶ᠎ᠠ︾ ᠭᠡᠬᠦ ᠰᠡᠳᠦᠪ ᠢᠶᠠᠷ | ᠤᠬᠠᠭᠤᠯᠤᠨ ᠲᠠᠶᠢᠯᠪᠤᠷᠢᠯᠠᠵᠤ᠂ ᠲᠡᠭᠦᠨ ᠤ ᠪᠣᠳᠠᠲᠠᠢ ᠦᠶᠯᠡ ᠠᠵᠢᠯᠯᠠᠭ᠎ᠠ ᠪᠠᠷ ᠢᠶᠠᠨ ︽ᠠᠵᠢᠯ ᠠᠴᠠ ᠪᠠᠨ | ᠠᠮᠠᠷᠠᠬᠤ ᠳᠤ ᠥᠩᠭᠡ ᠪᠠᠭᠤᠷᠠᠬᠤ ᠦᠭᠡᠢ᠂ ᠠᠵᠢᠯ ᠤᠨ ᠪᠠᠶᠢᠷᠢ ᠠᠴᠠ ᠪᠠᠨ ᠰᠠᠯᠬᠤ ᠳᠤ ᠨᠠᠮ ᠠᠴᠠ ᠪᠠᠨ ᠰᠠᠯᠬᠤ | ᠦᠭᠡᠢ︾ ᠭᠡᠬᠦ ᠵᠣᠷᠢᠯᠲᠠ ᠢᠲᠡᠭᠡᠯ ᠪᠢᠰᠢᠷᠡᠯ ᠪᠠ ᠬᠡᠳᠦᠨ ᠠᠷᠪᠠᠨ ᠵᠢᠯ ᠤᠨ ᠲᠤᠷᠰᠢᠬᠢ ︽ᠯᠧᠢ ᠹᠧᠩ ᠤᠨ ᠵᠣᠷᠢᠭ | ᠰᠠᠨᠠᠭ᠎ᠠ︾ ᠶᠢ ᠪᠠᠳᠠᠷᠠᠭᠤᠯᠤᠭᠰᠠᠨ ᠬᠥᠮᠥᠰ ᠤᠨ ᠰᠡᠳᠬᠢᠯ ᠢ ᠬᠥᠳᠡᠯᠭᠡᠮ᠎ᠡ ᠦᠶᠯᠡ ᠠᠵᠢᠯᠯᠠᠭ᠎ᠠ ᠪᠠᠨ ᠶᠠᠷᠢᠪᠠ᠃ | | | | | | ᠹᠧᠩ ᠵᠠᠨ ᠷᠦᠩ ᠂ 1949 ᠣᠨ ᠤ 11 ᠰᠠᠷ᠎ᠠ ᠳᠤ ᠲᠥᠷᠥᠪᠡ᠂ 1971 ᠣᠨ ᠤ 1 ᠰᠠᠷ᠎ᠠ ᠳᠤ | ᠠᠵᠢᠯ ᠳᠤ ᠣᠷᠣᠵᠤ ᠂ 1971 ᠣᠨ ᠤ 12 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠣᠪᠠ ᠂ | ᠳᠠᠯᠠᠨ ᠬᠡᠳᠦ ᠲᠠᠢ ᠳᠤ ᠪᠠᠨ ︽ ᠹᠧᠩ ᠠᠨᠢᠶ᠎ᠠ ᠶᠢᠨ ᠬᠠᠶᠢᠷ᠎ᠠ ᠬᠠᠯᠠᠮᠵᠢ ᠶᠢᠨ ᠪᠦᠯᠬᠦᠮ ︾ ᠢ ᠪᠠᠶᠢᠭᠤᠯᠪᠠ ᠃ ᠣᠯᠠᠨ | ᠵᠢᠯ ᠤᠨ ᠲᠤᠷᠰᠢ᠂ ᠭᠤᠣᠨᠢ ᠪᠡᠯᠪᠡᠰᠦᠨ ᠨᠠᠰᠤᠲᠠᠨ᠂ ᠬᠦᠴᠢᠷᠳᠡᠯᠲᠡᠢ ᠬᠡᠦᠬᠡᠳ᠂ ᠪᠠᠭᠤᠷᠠᠢ ᠬᠠᠮᠲᠤ ᠣᠯᠠᠨ ᠢ | ᠬᠠᠷᠢᠭᠤ ᠬᠦᠰᠡᠬᠦ ᠦᠭᠡᠢ ᠪᠠᠷ ᠬᠠᠯᠠᠮᠵᠢᠯᠠᠨ ᠬᠠᠶᠢᠷᠠᠯᠠᠵᠤ᠂ ᠮᠠᠰᠢ ᠣᠯᠠᠨ ᠬᠠᠪᠰᠤᠷᠤᠯᠭ᠎ᠠ ᠴᠢᠬᠤᠯᠠᠲᠠᠢ ᠬᠥᠮᠥᠰ ᠢ | ᠳᠤᠯᠠᠭᠠᠴᠠᠭᠤᠯᠪᠠ᠃ ᠤᠷᠢᠳ ᠬᠤᠵᠢᠳ ᠲᠦᠩᠯᠢᠶᠣᠣ ᠬᠤᠲᠠ ᠶᠢᠨ ᠣᠶᠤᠨ ᠤ ᠪᠣᠯᠪᠠᠰᠤᠨ ᠤ ᠪᠠᠶᠢᠭᠤᠯᠤᠯᠲᠠ ᠶᠢᠨ | ᠵᠥᠪᠯᠡᠯ ᠠᠴᠠ ︽ᠪᠣᠯᠪᠠᠰᠤᠨ ᠬᠤᠲᠠ ᠶᠢᠨ ᠠᠷᠠᠳ︾᠂ ︽ᠲᠦᠩᠯᠢᠶᠣᠣ ᠶᠢᠨ ᠰᠠᠶᠢᠨ ᠬᠥᠮᠥᠨ︾ ᠵᠡᠷᠭᠡ ᠴᠣᠯᠠ | ᠣᠯᠭᠤᠵᠤ᠂ ᠲᠦᠩᠯᠢᠶᠣᠣ ᠬᠤᠳᠠ ᠶᠢᠨ ᠨᠠᠮ ᠤᠨ ᠬᠤᠷᠢᠶ᠎ᠠ ᠳᠤ ︽ ᠲᠦᠩᠯᠢᠶᠣᠣ ᠬᠤᠳᠠ ᠶᠢᠨ ᠰᠢᠯᠢᠳᠡᠭ ᠡᠪ | ᠬᠠᠮᠲᠤ ᠨᠠᠮ ᠤᠨ ᠭᠡᠰᠢᠭᠦᠨ ︾ ᠢᠶᠠᠷ ᠦᠨᠡᠯᠡᠭᠳᠡᠵᠦ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠤᠶᠤᠨ ᠤ ᠪᠣᠯᠪᠠᠰᠤᠨ ᠤ ᠪᠠᠶᠢᠭᠤᠯᠤᠯᠲᠠ ᠶᠢᠨ ᠠᠯᠪᠠᠨ ᠭᠡᠷ ᠲᠤ ︽ ᠡᠶ᠎ᠡ ᠨᠠᠶᠢᠷᠲᠠᠢ ᠨᠥᠬᠦᠷᠰᠡᠭ ᠰᠠᠶᠢᠬᠠᠨ ᠬᠥᠷᠰᠢ | ᠵᠡᠷᠭᠡᠯᠡᠳᠡᠭᠡ ︾ ᠪᠠᠷ ᠦᠨᠡᠯᠡᠭᠳᠡᠵᠦ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠳᠤ | ︽ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠯᠢᠳᠡᠭ ᠡᠪ ᠬᠠᠮᠲᠤ ᠨᠠᠮ ᠤᠨ ᠭᠡᠰᠢᠭᠦᠨ ︾ ᠢᠶᠠᠷ | ᠦᠨᠡᠯᠡᠭᠳᠡᠵᠦ ᠂ 2024 ᠣᠨ ᠤ 12 ᠰᠠᠷ᠎ᠠ ᠳᠤ ᠲᠥᠪ ᠤᠨ ᠵᠣᠬᠢᠶᠠᠨ ᠪᠠᠶᠢᠭᠤᠯᠬᠤ ᠬᠡᠯᠲᠡᠰ ᠲᠤ ︽ ᠪᠦᠬᠦ | ᠤᠯᠤᠰ ᠤᠨ ᠠᠵᠢᠯ ᠠᠴᠠ ᠪᠠᠨ ᠠᠮᠠᠷᠠᠭᠰᠠᠨ ᠠᠵᠢᠯ ᠠᠴᠠ ᠪᠠᠨ ᠪᠠᠭᠤᠭᠰᠠᠨ ᠺᠠᠳ᠋ᠷᠴᠤᠳ ᠤᠨ ᠲᠡᠷᠢᠭᠦᠨ ᠤ ᠬᠤᠪᠢ | ᠬᠥᠮᠥᠨ ︾ ᠵᠡᠷᠭᠡ ᠢᠷᠠᠭᠤ ᠠᠯᠳᠠᠷ ᠣᠯᠭᠤᠪᠠ᠃ | ᠬᠤᠷᠠᠯ ᠳᠡᠭᠡᠷ᠎ᠡ᠂ ᠬᠤᠲᠠ ᠶᠢᠨ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠤᠨ ᠬᠤᠯᠪᠣᠭᠳᠠᠯ | ᠪᠦᠬᠦᠢ ᠬᠠᠷᠢᠭᠤᠴᠠᠯᠭᠠᠲᠠᠨ ᠪᠦᠬᠦ ᠤᠯᠤᠰ ᠤᠨ ᠠᠵᠢᠯ ᠠᠴᠠ ᠪᠠᠨ ᠠᠮᠠᠷᠠᠭᠰᠠᠨ ᠠᠵᠢᠯ ᠠᠴᠠ ᠪᠠᠨ ᠪᠠᠭᠤᠭᠰᠠᠨ | ᠺᠠᠳ᠋ᠷᠴᠤᠳ ᠤᠨ ᠲᠡᠷᠢᠭᠦᠨ ᠤ ᠬᠠᠮᠲᠤ ᠪᠣᠯᠣᠨ ᠲᠡᠷᠢᠭᠦᠨ ᠤ ᠬᠤᠪᠢ ᠬᠥᠮᠥᠨ ᠢ ᠬᠥᠬᠢᠭᠦᠯᠦᠨ ᠰᠠᠶᠢᠰᠢᠶᠠᠬᠤ ᠲᠤᠬᠠᠢ | ᠳᠤᠮᠳᠠᠳᠤ ᠤᠯᠤᠰ ᠤᠨ ᠡᠪ ᠬᠠᠮᠲᠤ ᠨᠠᠮ ᠤᠨ ᠵᠣᠬᠢᠶᠠᠨ ᠪᠠᠶᠢᠭᠤᠯᠬᠤ ᠬᠡᠯᠲᠡᠰ ᠤᠨ ᠰᠢᠢᠳᠪᠦᠷᠢ ᠶᠢ ᠵᠠᠷᠯᠠᠨ | ᠤᠩᠰᠢᠪᠠ︔ ᠸᠠᠩ ᠹᠧᠩ ᠰᠧᠨ᠂ ᠼᠤᠤ ᠰᠢᠶᠠᠨ ᠵᠢᠩ ᠪᠣᠯᠣᠨ ᠬᠤᠲᠠ ᠶᠢᠨ ᠨᠠᠮ ᠤᠨ ᠬᠤᠷᠢᠶᠠᠨ ᠤ ᠵᠣᠬᠢᠶᠠᠨ | ᠪᠠᠶᠢᠭᠤᠯᠬᠤ ᠬᠡᠯᠲᠡᠰ ᠤᠨ ᠬᠤᠯᠪᠣᠭᠳᠠᠯ ᠪᠦᠬᠦᠢ ᠬᠠᠷᠢᠭᠤᠴᠠᠯᠭᠠᠲᠠᠨ ᠬᠠᠮᠲᠤ ᠪᠠᠷ ᠠᠵᠢᠯ ᠠᠴᠠ ᠪᠠᠨ ᠠᠮᠠᠷᠠᠭᠰᠠᠨ | ᠠᠵᠢᠯ ᠠᠴᠠ ᠪᠠᠨ ᠪᠠᠭᠤᠭᠰᠠᠨ ᠺᠠᠳ᠋ᠷᠴᠤᠳ ᠤᠨ ᠲᠡᠷᠢᠭᠦᠨ ᠤ ᠬᠤᠪᠢ ᠬᠥᠮᠥᠨ ᠹᠧᠩ ᠵᠠᠨ ᠷᠦᠩ ᠳᠤ ᠢᠷᠠᠭᠤ | ᠠᠯᠳᠠᠷ ᠤᠨ ᠦᠨᠡᠮᠯᠡᠯ ᠣᠯᠭᠤᠭᠰᠠᠨ ᠪᠥᠭᠡᠳ ᠱᠠᠩᠨᠠᠯ ᠤᠨ ᠮᠥᠩᠭᠦ ᠪᠣᠯᠣᠨ ᠰᠣᠷᠭᠤᠭ ᠴᠡᠴᠡᠭ ᠬᠦᠷᠭᠡᠪᠡ᠃ | ᠰᠢᠶᠠᠨ ᠤ ᠰᠢᠭᠤᠳ ᠬᠠᠷᠢᠶ᠎ᠠ ᠡᠯ᠎ᠡ ᠰᠠᠯᠠᠭ᠎ᠠ ᠮᠥᠴᠢᠷ ᠤᠨ ᠭᠤᠣᠯ ᠬᠠᠷᠢᠭᠤᠴᠠᠯᠭᠠᠲᠠᠨ ᠂ ᠡᠯ᠎ᠡ ᠪᠠᠯᠭᠠᠰᠤ | ᠲᠠᠯᠠᠪᠠᠢ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠨ ᠂ ᠬᠡᠰᠡᠭ ᠠᠵᠢᠯ ᠠᠴᠠ ᠪᠠᠨ ᠠᠮᠠᠷᠠᠭᠰᠠᠨ ᠠᠵᠢᠯ ᠠᠴᠠ ᠪᠠᠨ | ᠪᠠᠭᠤᠭᠰᠠᠨ ᠺᠠᠳ᠋ᠷᠴᠤᠳ ᠤᠨ ᠲᠥᠯᠥᠭᠡᠯᠡᠭᠴᠢ ᠭᠤᠣᠯ ᠬᠤᠷᠠᠯ ᠤᠨ ᠲᠠᠯᠠᠪᠤᠷ ᠲᠤ ᠤᠬᠠᠭᠤᠯᠤᠨ ᠲᠠᠶᠢᠯᠪᠤᠷᠢᠯᠠᠬᠤ ᠶᠢ | ᠰᠣᠨᠣᠰᠪᠠ᠃ ᠪᠥᠬᠦ ᠬᠤᠲᠠ ᠵᠢᠴᠢ ᠡᠯ᠎ᠡ ᠬᠤᠰᠢᠭᠤ ᠰᠢᠶᠠᠨ ᠤ ᠬᠡᠰᠡᠭ ᠠᠵᠢᠯ ᠠᠴᠠ ᠪᠠᠨ ᠳᠠᠷᠬᠠᠯᠠᠭᠳᠠᠭᠰᠠᠨ ᠠᠵᠢᠯ | ᠠᠴᠠ ᠪᠠᠨ ᠠᠮᠠᠷᠠᠭᠰᠠᠨ ᠺᠠᠳ᠋ᠷᠴᠤᠳ ᠤᠨ ᠲᠥᠯᠥᠭᠡᠯᠡᠭᠴᠢ᠂ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠨᠠᠮ | ᠤᠨ ᠬᠤᠷᠢᠶᠠᠨ ᠤ ᠠᠬᠠᠮᠠᠳ ᠺᠠᠳ᠋ᠷᠴᠤᠳ ᠤᠨ ᠲᠣᠪᠴᠢᠶ᠎ᠠ ᠶᠢᠨ ᠬᠠᠮᠢᠶ᠎ᠠ ᠪᠦᠬᠦᠢ ᠠᠵᠢᠯᠲᠠᠳ ᠰᠦᠯᠵᠢᠶᠡᠨ ᠳᠡᠭᠡᠷᠡᠬᠢ | ᠬᠤᠪᠢᠶᠠᠷᠢ ᠬᠤᠷᠠᠯ ᠤᠨ ᠲᠠᠯᠠᠪᠤᠷ ᠲᠤ ᠤᠬᠠᠭᠤᠯᠤᠨ ᠲᠠᠶᠢᠯᠪᠤᠷᠢᠯᠠᠬᠤ ᠶᠢ ᠰᠣᠨᠣᠰᠪᠠ᠃ ︵ ᠯᠢᠦᠢ ᡁᠢ ᠮᠢᠨ᠂ ᠶᠠᠩ | ᠵᠢᠩ ᠰᠢᠨ︶ | |