ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠤᠨ | ᠨᠠᠶᠢᠳᠠᠪᠤᠷᠢᠵᠢᠭᠤᠯᠵᠤ ᠂ ᠳᠤᠮᠳᠠᠳᠤ ᠶᠢᠨ ᠰᠣᠩᠭᠤᠳᠠᠭ ᠵᠣᠬᠢᠶᠠᠯ ᠢ ᠤᠶᠠᠩᠭᠠᠯᠠᠨ ᠤᠩᠰᠢᠬᠤ ᠢᠨᠵᠧᠨᠧᠷᠢᠩ ᠢ | ᠭᠦᠨᠵᠡᠭᠡᠢ ᠬᠡᠷᠡᠭᠵᠢᠭᠦᠯᠵᠦ ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ | ᠪᠠᠲᠤᠳᠬᠠᠬᠤ ᠪᠠᠷ ᠠᠵᠢᠯ ᠤᠨ ᠭᠤᠣᠯ ᠰᠢᠵᠢᠮ ᠪᠣᠯᠭᠠᠨ ᠂ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ | ᠪᠢᠴᠢᠭ ᠢ ᠳᠡᠯᠭᠡᠷᠡᠭᠦᠯᠬᠦ ᠡᠷᠴᠢᠮ ᠢ ᠴᠢᠩᠭᠠᠷᠠᠭᠤᠯᠵᠤ ᠂ ᠳᠤᠮᠳᠠᠳᠤ ᠶᠢᠨ ᠰᠢᠯᠢᠳᠡᠭ ᠦᠭᠡ ᠬᠡᠯᠡ ᠰᠣᠶᠣᠯ ᠢ | ᠤᠯᠠᠮᠵᠢᠯᠠᠨ ᠪᠠᠳᠠᠷᠠᠭᠤᠯᠬᠤ ᠶᠢᠨ ᠲᠥᠯᠥᠭᠡ ᠂ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ ︽ | 2024 ᠣᠨ ᠤ ᠪᠦᠬᠦ ᠣᠷᠣᠨ ᠤ ᠳᠦᠷᠢᠮᠵᠢᠭᠦᠯᠦᠭᠰᠡᠨ ᠬᠢᠲᠠᠳ ᠦᠰᠦᠭ ᠢ ᠰᠣᠨᠣᠰᠴᠤ ᠪᠢᠴᠢᠬᠦ ᠤᠷᠤᠯᠳᠤᠭᠠᠨ ︾ | ᠢ ᠡᠷᠬᠢᠯᠡᠬᠦ ᠪᠠᠷ ᠪᠣᠢ ᠃ | ᠤᠷᠤᠯᠳᠤᠭᠠᠨ ᠳᠤ ᠣᠷᠣᠯᠴᠠᠬᠤ ᠡᠲᠡᠭᠡᠳ ᠵᠢᠴᠢ ᠳᠤᠭᠤᠶᠢᠯᠠᠩ | ᠤᠷᠤᠯᠳᠤᠭᠠᠨ ᠳᠤ ᠣᠷᠣᠯᠴᠠᠬᠤ ᠡᠲᠡᠭᠡᠳ ᠪᠣᠯ ᠪᠦᠬᠦ ᠣᠷᠣᠨ ᠤ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ | ᠰᠤᠷᠤᠭᠴᠢ ᠪᠠ ᠶᠡᠭᠡ ᠳᠡᠭᠡᠳᠦ ᠰᠤᠷᠭᠠᠭᠤᠯᠢ ᠶᠢᠨ ᠰᠤᠷᠭᠠᠭᠤᠯᠢ ᠳᠤ ᠪᠠᠶᠢᠭ᠎ᠠ ᠰᠤᠷᠤᠭᠴᠢ ᠪᠣᠯᠣᠨ᠎ᠠ ᠃ | ᠤᠷᠤᠯᠳᠤᠭᠠᠨ ᠢ ᠪᠠᠭ᠎ᠠ ᠰᠤᠷᠭᠠᠭᠤᠯᠢ ︵ 4 - 6 ᠣᠨ ︶ ᠶᠢᠨ ᠰᠤᠷᠤᠭᠴᠢ ᠶᠢᠨ ᠳᠤᠭᠤᠶᠢᠯᠠᠩ ᠂ ᠠᠩᠬ᠎ᠠ ᠵᠡᠷᠭᠡ ᠶᠢᠨ | ᠳᠤᠮᠳᠠᠳᠤ ᠰᠤᠷᠭᠠᠭᠤᠯᠢ ᠶᠢᠨ ᠰᠤᠷᠤᠭᠴᠢ ᠶᠢᠨ ᠳᠤᠭᠤᠶᠢᠯᠠᠩ ᠂ ᠡᠩ ᠤᠨ ᠳᠡᠭᠡᠳᠦ ᠵᠡᠷᠭᠡ ᠶᠢᠨ ᠳᠤᠮᠳᠠᠳᠤ | ᠰᠤᠷᠭᠠᠭᠤᠯᠢ ᠶᠢᠨ ᠰᠤᠷᠤᠭᠴᠢ ᠶᠢᠨ ᠳᠤᠭᠤᠶᠢᠯᠠᠩ ᠂ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ | ᠰᠤᠷᠤᠭᠴᠢ ᠶᠢᠨ ᠳᠤᠭᠤᠶᠢᠯᠠᠩ ᠂ ᠳᠡᠭᠡᠳᠦ ᠵᠡᠷᠭᠡ ᠶᠢᠨ ᠠᠵᠢᠯ ᠮᠡᠷᠭᠡᠵᠢᠯ ︵ ᠲᠤᠰᠬᠠᠢ ᠮᠡᠷᠭᠡᠵᠢᠯ ︶ ᠤᠨ | ᠰᠤᠷᠭᠠᠭᠤᠯᠢ ᠶᠢᠨ ᠰᠤᠷᠤᠭᠴᠢ ᠶᠢᠨ ᠳᠤᠭᠤᠶᠢᠯᠠᠩ ᠂ ᠵᠢᠩᠬᠢᠨᠢ ᠠᠩᠭᠢᠲᠤ ᠶᠡᠭᠡ ᠳᠡᠭᠡᠳᠦ ᠰᠤᠷᠭᠠᠭᠤᠯᠢ ᠶᠢᠨ | ᠰᠤᠷᠤᠭᠴᠢ ᠶᠢᠨ ᠳᠤᠭᠤᠶᠢᠯᠠᠩ ᠂ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠳᠤᠭᠤᠶᠢᠯᠠᠩ ᠭᠡᠵᠦ 7 | ᠳᠤᠭᠤᠶᠢᠯᠠᠩ ᠬᠤᠪᠢᠶᠠᠨ᠎ᠠ ᠃ | ᠤᠷᠤᠯᠳᠤᠭᠠᠨ ᠤ ᠬᠡᠯᠪᠡᠷᠢ | ᠤᠷᠤᠯᠳᠤᠭᠠᠨ ᠢ ᠠᠩᠬᠠᠨ ᠤ ᠤᠷᠤᠯᠳᠤᠭᠠᠨ ᠂ ᠬᠤᠶᠠᠳᠠᠭᠢ ᠤᠷᠤᠯᠳᠤᠭᠠᠨ ᠪᠠ ᠰᠢᠢᠳᠪᠦᠷᠢᠲᠦ ᠤᠷᠤᠯᠳᠤᠭᠠᠨ | ᠭᠡᠵᠦ ᠬᠤᠪᠢᠶᠠᠨ᠎ᠠ ᠃ | ᠠᠩᠬᠠᠨ ᠤ ᠤᠷᠤᠯᠳᠤᠭᠠᠨ ᠢ ᠡᠯ᠎ᠡ ᠠᠶᠢᠮᠠᠭ ᠬᠤᠲᠠ ᠪᠠ ᠶᠡᠭᠡ ᠳᠡᠭᠡᠳᠦ ᠰᠤᠷᠭᠠᠭᠤᠯᠢ ᠠᠴᠠ ᠵᠣᠬᠢᠶᠠᠨ | ᠪᠠᠶᠢᠭᠤᠯᠤᠨ ᠥᠷᠨᠢᠭᠦᠯᠵᠦ ᠂ ᠠᠶᠢᠮᠠᠭ ᠬᠤᠲᠠ ᠪᠠ ᠶᠡᠭᠡ ᠳᠡᠭᠡᠳᠦ ᠰᠤᠷᠭᠠᠭᠤᠯᠢ ᠪᠠᠷ ᠨᠢᠭᠡᠴᠢ ᠪᠣᠯᠭᠠᠨ ᠂ | ᠳᠤᠭᠤᠶᠢᠯᠠᠩ ᠬᠤᠪᠢᠶᠠᠨ ᠰᠢᠯᠭᠠᠷᠠᠭᠤᠯᠤᠭᠰᠠᠨ ᠠᠩᠬᠠᠨ ᠤ ᠤᠷᠤᠯᠳᠤᠭᠠᠨ ᠤ ᠰᠢᠯᠢᠳᠡᠭ ᠳᠤᠭᠤᠶᠢᠯᠠᠩ ᠢ ᠥᠪᠡᠷᠲᠡᠭᠡᠨ | ᠵᠠᠰᠠᠬᠤ ᠣᠷᠣᠨ ᠤ ᠰᠢᠢᠳᠪᠦᠷᠢᠲᠦ ᠤᠷᠤᠯᠳᠤᠭᠠᠨ ᠳᠤ ᠣᠷᠣᠯᠴᠠᠭᠤᠯᠤᠨ᠎ᠠ ᠃ ᠳᠤᠭᠤᠶᠢᠯᠠᠩ ᠪᠦᠷᠢ 3 | ᠣᠷᠣᠯᠴᠠᠭᠴᠢ ᠪᠠᠷ ᠪᠦᠷᠢᠯᠳᠦᠨ ᠂ ᠳᠤᠭᠤᠶᠢᠯᠠᠩ ᠪᠦᠷᠢ ᠳᠤ 1 ᠵᠢᠯᠤᠭᠤᠳᠬᠤ ᠪᠠᠭᠰᠢ ᠶᠢ ᠲᠣᠭᠲᠠᠭᠠᠵᠤ ᠂ | ᠰᠤᠷᠭᠠᠭᠤᠯᠢ ᠠᠯᠤᠰᠯᠠᠨ ᠳᠤᠭᠤᠶᠢᠯᠠᠩ ︵ᠳᠡᠭᠡᠳᠦ ᠵᠡᠷᠭᠡ ᠶᠢᠨ ᠠᠵᠢᠯ ᠮᠡᠷᠭᠡᠵᠢᠯ ︵ ᠲᠤᠰᠬᠠᠢ ᠮᠡᠷᠭᠡᠵᠢᠯ ︶ ᠤᠨ | ᠰᠤᠷᠭᠠᠭᠤᠯᠢ ᠶᠢᠨ ᠰᠤᠷᠤᠭᠴᠢ ᠶᠢᠨ ᠳᠤᠭᠤᠶᠢᠯᠠᠩ ᠂ ᠵᠢᠩᠬᠢᠨᠢ ᠠᠩᠭᠢᠲᠤ ᠶᠡᠭᠡ ᠳᠡᠭᠡᠳᠦ ᠰᠤᠷᠭᠠᠭᠤᠯᠢ ᠶᠢᠨ | ᠰᠤᠷᠤᠭᠴᠢ ᠶᠢᠨ ᠳᠤᠭᠤᠶᠢᠯᠠᠩ ᠢ ᠪᠠᠭᠲᠠᠭᠠᠬᠤ ᠦᠭᠡᠢ ︶ ᠵᠣᠬᠢᠶᠠᠨ ᠪᠠᠶᠢᠭᠤᠯᠬᠤ ᠶᠢ ᠵᠥᠪᠰᠢᠶᠡᠷᠡᠨ᠎ᠡ ᠃ ᠠᠩᠬᠠᠨ ᠤ | ᠤᠷᠤᠯᠳᠤᠭᠠᠨ ᠢ 5 ᠰᠠᠷ᠎ᠠ ᠶᠢᠨ 23 ᠤ ᠡᠳᠦᠷ ᠠᠴᠠ ᠡᠮᠦᠨ᠎ᠡ ᠳᠠᠭᠤᠰᠬᠠᠨ᠎ᠠ ᠃ | ᠬᠤᠶᠠᠳᠠᠭᠢ ᠤᠷᠤᠯᠳᠤᠭᠠᠨ ᠪᠠ ᠰᠢᠢᠳᠪᠦᠷᠢᠲᠦ ᠤᠷᠤᠯᠳᠤᠭᠠᠨ ᠢ ᠥᠪᠡᠷᠲᠡᠭᠡᠨ ᠵᠠᠰᠠᠬᠤ ᠣᠷᠣᠨ ᠤ ᠰᠤᠷᠭᠠᠨ | ᠬᠥᠮᠦᠵᠢᠯ ᠤᠨ ᠲᠢᠩᠬᠢᠮ ᠠᠴᠠ ᠵᠣᠬᠢᠶᠠᠨ ᠪᠠᠶᠢᠭᠤᠯᠤᠨ ᠥᠷᠨᠢᠭᠦᠯᠦᠨ᠎ᠡ ᠃ ᠳᠡᠭᠡᠳᠦ ᠵᠡᠷᠭᠡ ᠶᠢᠨ ᠠᠵᠢᠯ ᠮᠡᠷᠭᠡᠵᠢᠯ ︵ | ᠲᠤᠰᠬᠠᠢ ᠮᠡᠷᠭᠡᠵᠢᠯ ︶ ᠤᠨ ᠰᠤᠷᠭᠠᠭᠤᠯᠢ ᠶᠢᠨ ᠰᠤᠷᠤᠭᠴᠢ ᠶᠢᠨ ᠳᠤᠭᠤᠶᠢᠯᠠᠩ ᠂ ᠵᠢᠩᠬᠢᠨᠢ ᠠᠩᠭᠢᠲᠤ ᠶᠡᠭᠡ ᠳᠡᠭᠡᠳᠦ | ᠰᠤᠷᠭᠠᠭᠤᠯᠢ ᠶᠢᠨ ᠰᠤᠷᠤᠭᠴᠢ ᠶᠢᠨ ᠳᠤᠭᠤᠶᠢᠯᠠᠩ ᠤᠨ ᠨᠡᠷ᠎ᠡ ᠮᠡᠳᠡᠭᠦᠯᠦᠭᠰᠡᠨ ᠤᠷᠤᠯᠳᠤᠭᠠᠨ ᠳᠤ ᠣᠷᠣᠯᠴᠠᠬᠤ | ᠳᠤᠭᠤᠶᠢᠯᠠᠩ ᠤᠨ ᠲᠤᠭ᠎ᠠ ᠶᠢ ᠦᠵᠡᠵᠦ ᠬᠤᠶᠠᠳᠠᠭᠢ ᠤᠷᠤᠯᠳᠤᠭᠠᠨ ᠢ ᠵᠣᠬᠢᠶᠠᠨ ᠪᠠᠶᠢᠭᠤᠯᠬᠤ ᠡᠰᠡᠬᠦ ᠶᠢ ᠲᠣᠭᠲᠠᠭᠠᠨ᠎ᠠ ᠂ | ᠤᠷᠤᠯᠳᠤᠭᠠᠨ ᠳᠤ ᠣᠷᠣᠯᠴᠠᠬᠤ ᠳᠤᠭᠤᠶᠢᠯᠠᠩ ᠤᠨ ᠲᠤᠭ᠎ᠠ 12 ᠠᠴᠠ ᠢᠯᠡᠭᠦᠦ ᠦᠶ᠎ᠡ ᠳᠤ ᠂ ᠤᠷᠢᠳ ᠢᠶᠠᠷ | ᠬᠤᠶᠠᠳᠠᠭᠢ ᠤᠷᠤᠯᠳᠤᠭᠠᠨ ᠢ ᠵᠣᠬᠢᠶᠠᠨ ᠪᠠᠶᠢᠭᠤᠯᠤᠨ ᠂ 12 ᠢ ᠰᠢᠯᠭᠠᠷᠠᠭᠤᠯᠵᠤ ᠰᠢᠢᠳᠪᠦᠷᠢᠲᠦ ᠤᠷᠤᠯᠳᠤᠭᠠᠨ ᠳᠤ | ᠣᠷᠣᠯᠴᠠᠭᠤᠯᠵᠤ ᠂ ᠤᠷᠤᠯᠳᠤᠭᠠᠨ ᠳᠤ ᠣᠷᠣᠯᠴᠠᠬᠤ ᠳᠤᠭᠤᠶᠢᠯᠠᠩ ᠤᠨ ᠲᠤᠭ᠎ᠠ 12 ᠠᠴᠠ ᠪᠠᠭ᠎ᠠ ᠦᠶ᠎ᠡ ᠳᠤ | ᠬᠤᠶᠠᠳᠠᠭᠢ ᠤᠷᠤᠯᠳᠤᠭᠠᠨ ᠢ ᠵᠣᠬᠢᠶᠠᠨ ᠪᠠᠶᠢᠭᠤᠯᠬᠤ ᠦᠭᠡᠢ ᠂ ᠰᠢᠢᠳᠪᠦᠷᠢᠲᠦ ᠤᠷᠤᠯᠳᠤᠭᠠᠨ ᠢ ᠰᠢᠭᠤᠳ | ᠶᠠᠪᠤᠭᠳᠠᠭᠤᠯᠤᠨ᠎ᠠ ᠃ ᠪᠤᠰᠤᠳ ᠳᠤᠭᠤᠶᠢᠯᠠᠩ ᠵᠥᠪᠬᠡᠨ ᠰᠢᠢᠳᠪᠦᠷᠢᠲᠦ ᠤᠷᠤᠯᠳᠤᠭᠠᠨ ᠬᠢᠨ᠎ᠡ ᠃ ᠱᠠᠭᠠᠷᠳᠠᠯᠭ᠎ᠠ | ᠶᠣᠰᠣᠭᠠᠷ ᠳᠤᠭᠤᠶᠢᠯᠠᠩ ᠵᠣᠬᠢᠶᠠᠨ ᠪᠠᠶᠢᠭᠤᠯᠤᠭᠰᠠᠨ ᠦᠭᠡᠢ ᠪᠣᠯ ᠬᠤᠶᠠᠳᠠᠭᠢ ᠤᠷᠤᠯᠳᠤᠭᠠᠨ ᠪᠠ ᠰᠢᠢᠳᠪᠦᠷᠢᠲᠦ | ᠤᠷᠤᠯᠳᠤᠭᠠᠨ ᠳᠤ ᠣᠷᠣᠯᠴᠠᠬᠤ ᠬᠢᠷᠢ ᠭᠡᠮ ᠢ ᠬᠦᠴᠦᠨ ᠦᠭᠡᠢ ᠪᠣᠯᠭᠠᠨ᠎ᠠ ᠃ ᠤᠷᠤᠯᠳᠤᠭᠠᠨ ᠢ ᠠᠬᠤᠢ ᠲᠠᠯᠠᠪᠠᠢ ᠳᠤ | ᠬᠤᠪᠢ ᠥᠭᠬᠦ ᠠᠷᠭ᠎ᠠ ᠮᠠᠶ᠋ᠢᠭ ᠢᠶᠠᠷ ᠶᠠᠪᠤᠭᠳᠠᠭᠤᠯᠤᠨ᠎ᠠ ᠃ | ᠬᠤᠶᠠᠳᠠᠭᠢ ᠤᠷᠤᠯᠳᠤᠭᠠᠨ ᠪᠠ ᠰᠢᠢᠳᠪᠦᠷᠢᠲᠦ ᠤᠷᠤᠯᠳᠤᠭᠠᠨ ᠤ ᠪᠣᠳᠠᠲᠠᠢ ᠵᠦᠢᠯ ᠢ ᠠᠰ ᠲᠤ ᠨᠢ ᠮᠡᠳᠡᠭᠳᠡᠨ᠎ᠡ ᠃ | | ᠤᠷᠤᠯᠳᠤᠭᠠᠨ ᠤ ᠳᠦᠷᠢᠮ | ᠤᠷᠤᠯᠳᠤᠭᠠᠨ ᠤ ᠰᠢᠯᠭᠠᠯᠲᠠ ᠶᠢᠨ ᠰᠡᠳᠦᠪ ᠢ 2013 ᠣᠨ ᠳᠤ ᠨᠡᠶᠢᠲᠡᠯᠡᠭᠰᠡᠨ ᠤᠯᠤᠰ ᠤᠨ ︽ ᠨᠡᠶᠢᠳᠡᠮ | ᠬᠡᠷᠡᠭᠯᠡᠬᠦ ᠳᠦᠷᠢᠮᠵᠢᠭᠦᠯᠦᠭᠰᠡᠨ ᠬᠢᠲᠠᠳ ᠦᠰᠦᠭ ᠤᠨ ᠬᠦᠰᠦᠨᠦᠭᠲᠦ ︾ ᠪᠠᠷ ᠰᠠᠭᠤᠷᠢ ᠪᠣᠯᠭᠠᠵᠤ ᠂ ᠳᠤᠮᠳᠠᠳᠤ ᠶᠢᠨ | ᠰᠣᠩᠭᠤᠳᠠᠭ ᠨᠡᠷᠡᠲᠦ ᠵᠣᠬᠢᠶᠠᠯ ᠂ ᠰᠢᠯᠦᠭ ᠳᠠᠭᠤᠯᠠᠯ ᠤᠨ ᠬᠤᠯᠪᠣᠭᠳᠠᠯ ᠪᠦᠬᠦᠢ ᠠᠭᠤᠯᠭ᠎ᠠ ᠲᠠᠢ ᠤᠶᠠᠯᠳᠤᠭᠤᠯᠤᠨ | ᠰᠤᠳᠤᠯᠤᠨ ᠦᠢᠯᠡᠳᠪᠡ ᠃ ᠰᠡᠳᠦᠪ ᠬᠠᠷᠢᠭᠤᠯᠬᠤ ᠬᠡᠯᠪᠡᠷᠢ ᠳᠤ ᠪᠢᠴᠢᠬᠦ ᠪᠠ ᠰᠢᠭᠤᠳ ᠬᠠᠷᠢᠭᠤᠯᠬᠤ ᠶᠢ ᠪᠠᠭᠲᠠᠭᠠᠨ᠎ᠠ ᠃ | ᠪᠢᠴᠢᠬᠦ ᠰᠢᠯᠭᠠᠯᠲᠠ ᠳᠤ ᠬᠠᠪᠲᠠᠭᠠᠢ ᠡᠯᠧᠺᠲᠷᠣᠨ ᠲᠥᠬᠦᠭᠡᠷᠦᠮᠵᠢ ᠶᠢ ᠬᠡᠷᠡᠭᠯᠡᠵᠦ ᠂ ᠤᠷᠤᠯᠳᠤᠭᠠᠨ ᠳᠤ | ᠣᠷᠣᠯᠴᠠᠭᠰᠠᠳ ᠡᠷᠬᠡᠪᠰᠢ ᠳᠦᠷᠢᠮᠵᠢᠭᠦᠯᠦᠭᠰᠡᠨ ᠬᠢᠲᠠᠳ ᠦᠰᠦᠭ ᠢ ᠪᠢᠴᠢᠵᠦ ᠂ ᠵᠢᠷᠤᠯᠭ᠎ᠠ ᠶᠢᠨ ᠳᠡᠰ ᠳᠠᠷᠠᠭᠠᠯᠠᠯ | ᠳᠦᠷᠢᠮᠵᠢᠯ ᠳᠤ ᠨᠡᠶᠢᠴᠡᠵᠦ ᠂ ᠦᠰᠦᠭ ᠤᠨ ᠲᠢᠭ ᠬᠢᠴᠢᠶᠡᠩᠭᠦᠢ ᠦᠰᠦᠭ ᠪᠠᠶᠢᠬᠤ ᠬᠡᠷᠡᠭᠲᠡᠢ ︔ ᠰᠢᠭᠤᠳ | ᠬᠠᠷᠢᠭᠤᠯᠬᠤ ᠰᠡᠳᠦᠪ ᠲᠤ ᠡᠷᠬᠡᠪᠰᠢ ᠨᠡᠶᠢᠲᠡᠯᠢᠭ ᠬᠡᠯᠡ ᠶᠢ ᠬᠡᠷᠡᠭᠯᠡᠵᠦ ᠂ ᠠᠪᠢᠶ᠎ᠠ ᠲᠣᠳᠣᠷᠬᠠᠢ ᠂ ᠳᠦᠷᠢᠮᠵᠢᠯ ᠲᠠᠢ | ᠪᠠᠶᠢᠬᠤ ᠬᠡᠷᠡᠭᠲᠡᠢ ᠃ ᠬᠢᠵᠠᠭᠠᠷᠯᠠᠭᠰᠠᠨ ᠴᠠᠭ ᠤᠨ ᠳᠣᠲᠣᠷ᠎ᠠ ᠂ ᠣᠷᠣᠯᠴᠠᠭᠰᠠᠳ ᠰᠡᠳᠦᠪ ᠤᠨ ᠠᠭᠤᠯᠭ᠎ᠠ ᠳᠤ ᠵᠠᠰᠠᠪᠤᠷᠢ | ᠣᠷᠣᠭᠤᠯᠬᠤ ᠪᠤᠶᠤ ᠳᠠᠬᠢᠨ ᠬᠠᠷᠢᠭᠤᠯᠵᠤ ᠪᠣᠯᠣᠨ᠎ᠠ ᠃ | ᠱᠠᠩᠨᠠᠯ ᠤᠨ ᠲᠣᠬᠢᠷᠠᠭᠤᠯᠤᠯᠲᠠ | ᠡᠯ᠎ᠡ ᠳᠤᠭᠤᠶᠢᠯᠠᠩ ᠤᠨ ᠰᠢᠢᠳᠪᠦᠷᠢᠲᠦ ᠤᠷᠤᠯᠳᠤᠭᠠᠨ ᠤ ᠳᠠᠷᠠᠭ᠎ᠠ ᠂ ᠮᠠᠩᠯᠠᠢ ᠳᠤᠭᠤᠶᠢᠯᠠᠩ 1 ᠂ ᠳᠡᠳ᠋ | ᠳᠤᠭᠤᠶᠢᠯᠠᠩ 2 ᠂ ᠭᠤᠲᠠᠭᠠᠷ ᠳᠤᠭᠤᠶᠢᠯᠠᠩ 3 ᠶᠢ ᠰᠢᠯᠭᠠᠷᠠᠭᠤᠯᠵᠤ ᠂ ᠤᠷᠤᠯᠳᠤᠭᠠᠨ ᠳᠤ ᠣᠷᠣᠯᠴᠠᠭᠰᠠᠨ ᠪᠤᠰᠤᠳ | ᠳᠤᠭᠤᠶᠢᠯᠠᠩ ᠰᠢᠯᠢᠳᠡᠭ ᠱᠠᠩᠨᠠᠯ ᠭᠦᠷᠲᠡᠨ᠎ᠡ ︔ ᠰᠢᠢᠳᠪᠦᠷᠢᠲᠦ ᠤᠷᠤᠯᠳᠤᠭᠠᠨ ᠳᠤ ᠣᠷᠣᠯᠴᠠᠬᠤ ᠳᠤᠭᠤᠶᠢᠯᠠᠩ ᠤᠨ | ᠲᠤᠭ᠎ᠠ 12 ᠬᠦᠷᠬᠦ ᠦᠭᠡᠢ ᠪᠣᠯ ᠂ ᠮᠠᠩᠯᠠᠢ ᠳᠤᠭᠤᠶᠢᠯᠠᠩ 1 ᠶᠢ ᠰᠢᠯᠭᠠᠷᠠᠭᠤᠯᠵᠤ ᠂ ᠳᠡᠳ᠋ ᠳᠤᠭᠤᠶᠢᠯᠠᠩ ᠪᠠ | ᠭᠤᠲᠠᠭᠠᠷ ᠳᠤᠭᠤᠶᠢᠯᠠᠩ ᠢ ᠰᠢᠢᠳᠪᠦᠷᠢᠲᠦ ᠤᠷᠤᠯᠳᠤᠭᠠᠨ ᠳᠤ ᠣᠷᠣᠯᠴᠠᠬᠤ ᠳᠤᠭᠤᠶᠢᠯᠠᠩ ᠤᠨ ᠲᠣᠭᠠᠨ ᠤ | ᠬᠠᠷᠢᠴᠠᠯ ᠤᠨ 20% ᠪᠠ 25% ᠢᠶᠠᠷ ᠰᠢᠯᠭᠠᠷᠠᠭᠤᠯᠤᠨ᠎ᠠ ︵ ᠲᠡᠭᠰᠢ ᠲᠤᠭ᠎ᠠ ᠪᠢᠰᠢ ᠪᠣᠯ ᠳᠥᠷᠪᠡ ᠶᠢ ᠬᠠᠶᠠᠵᠤ | ᠲᠠᠪᠤ ᠶᠢ ᠳᠡᠪᠰᠢᠭᠦᠯᠬᠦ ᠪᠠᠷ ᠪᠦᠲᠦᠨ ᠲᠤᠭ᠎ᠠ ᠶᠢ ᠦᠯᠡᠳᠡᠭᠡᠨ᠎ᠡ ︶ ᠃ ᠤᠷᠤᠯᠳᠤᠭᠠᠨ ᠳᠤ ᠣᠷᠣᠯᠴᠠᠭᠰᠠᠨ | ᠳᠤᠭᠤᠶᠢᠯᠠᠩ ᠤᠨ ᠣᠯᠣᠭᠰᠠᠨ ᠬᠤᠪᠢ ᠶᠢ ᠥᠨᠳᠥᠷ ᠠᠴᠠ ᠳᠣᠣᠷ᠎ᠠ ᠲᠡᠶᠢᠰᠢ ᠵᠢᠭᠰᠠᠭᠠᠵᠤ ᠰᠢᠯᠭᠠᠷᠠᠭᠤᠯᠤᠨ᠎ᠠ ᠃ | ᠮᠠᠩᠯᠠᠶᠢᠯᠠᠭᠰᠠᠨ ᠳᠤᠭᠤᠶᠢᠯᠠᠩ ᠢ ᠵᠢᠯᠣᠭᠤᠳᠤᠭᠰᠠᠨ ᠪᠠᠭᠰᠢ ᠰᠢᠯᠢᠳᠡᠭ ᠵᠢᠯᠣᠭᠤᠳᠤᠭᠰᠠᠨ ᠪᠠᠭᠰᠢ ᠶᠢᠨ ᠱᠠᠩᠨᠠᠯ | ᠭᠦᠷᠲᠡᠨ᠎ᠡ ᠃ | ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ ᠠᠴᠠ ᠱᠠᠩᠨᠠᠯ ᠣᠯᠣᠭᠰᠠᠨ ᠠᠶᠢᠮᠠᠭ | ᠬᠤᠲᠠ ᠂ ᠳᠡᠭᠡᠳᠦ ᠰᠤᠷᠭᠠᠭᠤᠯᠢ ᠵᠢᠴᠢ ᠣᠷᠣᠯᠴᠠᠭᠴᠢ ᠂ ᠵᠢᠯᠣᠭᠤᠳᠤᠭᠰᠠᠨ ᠪᠠᠭᠰᠢ ᠳᠤ ᠱᠠᠩᠨᠠᠯ ᠤᠨ ᠮᠧᠳᠠᠯ ᠪᠠ | ᠦᠨᠡᠮᠯᠡᠯ ᠣᠯᠭᠤᠨ᠎ᠠ ᠃ | ᠠᠵᠢᠯ ᠤᠨ ᠱᠠᠭᠠᠷᠳᠠᠯᠭ᠎ᠠ | ᠡᠨᠡ ᠤᠳᠠᠭᠠᠨ ᠤ ᠰᠣᠨᠣᠰᠴᠤ ᠪᠢᠴᠢᠬᠦ ᠤᠷᠤᠯᠳᠤᠭᠠᠨ ᠢ ᠡᠷᠬᠢᠯᠡᠵᠦ ᠪᠠᠶᠢᠭ᠎ᠠ ᠪᠣᠯ ᠮᠠᠨ ᠤ ᠣᠷᠣᠨ ᠰᠤᠷᠭᠠᠨ | ᠬᠥᠮᠦᠵᠢᠯ ᠤᠨ ᠶᠠᠮᠤᠨ ᠂ ᠤᠯᠤᠰ ᠤᠨ ᠦᠭᠡ ᠬᠡᠯᠡ ᠦᠰᠦᠭ ᠪᠢᠴᠢᠭ ᠤᠨ ᠵᠥᠪᠯᠡᠯ ᠤᠨ ᠳᠠᠷᠤᠮᠠᠯᠯᠠᠨ ᠲᠠᠷᠬᠠᠭᠠᠭᠰᠠᠨ | ︽ ᠳᠤᠮᠳᠠᠳᠤ ᠶᠢᠨ ᠰᠣᠩᠭᠤᠳᠠᠭ ᠵᠣᠬᠢᠶᠠᠯ ᠢ ᠤᠶᠠᠩᠭᠠᠯᠠᠨ ᠤᠩᠰᠢᠬᠤ ᠢᠨᠵᠧᠨᠧᠷᠢᠩ ᠤᠨ ᠬᠡᠷᠡᠭᠵᠢᠭᠦᠯᠬᠦ ᠲᠥᠰᠥᠯ ︾ | ᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠴᠢᠬᠤᠯᠠ ᠠᠷᠭ᠎ᠠ ᠪᠠᠶᠢᠵᠤ ᠂ ᠤᠷᠤᠯᠳᠤᠭᠠᠨ ᠢᠶᠠᠷ ᠰᠤᠷᠤᠯᠴᠠᠯᠭ᠎ᠠ ᠶᠢ | ᠠᠬᠢᠭᠤᠯᠤᠨ ᠂ ᠮᠠᠨ ᠤ ᠣᠷᠣᠨ ᠤ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠭᠤᠯᠢ ᠶᠢᠨ ᠪᠠᠭᠰᠢ ᠰᠤᠷᠤᠭᠴᠢᠳ ᠤᠨ | ᠬᠢᠲᠠᠳ ᠦᠰᠦᠭ ᠢ ᠰᠣᠨᠣᠰᠴᠤ ᠪᠢᠴᠢᠬᠦ ᠴᠢᠳᠠᠪᠤᠷᠢ ᠶᠢ ᠪᠦᠬᠦ ᠲᠠᠯ᠎ᠠ ᠪᠠᠷ ᠳᠡᠭᠡᠭᠰᠢᠯᠡᠭᠦᠯᠦᠨ ᠂ ᠤᠯᠤᠰ ᠤᠨ ᠨᠡᠶᠢᠳᠡᠮ | ᠬᠡᠷᠡᠭᠯᠡᠬᠦ ᠦᠭᠡ ᠬᠡᠯᠡ ᠦᠰᠦᠭ ᠪᠢᠴᠢᠭ ᠢ ᠴᠢᠨᠠᠷᠯᠢᠭ ᠳᠡᠯᠭᠡᠷᠡᠭᠦᠯᠦᠨ ᠲᠦᠭᠡᠮᠡᠯᠵᠢᠭᠦᠯᠵᠦ ᠂ ᠳᠤᠮᠳᠠᠳᠤ ᠶᠢᠨ ᠰᠢᠯᠢᠳᠡᠭ | ᠦᠭᠡ ᠬᠡᠯᠡ ᠰᠣᠶᠣᠯ ᠢ ᠤᠯᠠᠮᠵᠢᠯᠠᠨ ᠵᠠᠯᠭᠠᠮᠵᠢᠯᠠᠬᠤ ᠶᠢᠨ ᠲᠥᠯᠥᠭᠡ ᠶᠤᠮ ᠃ | ᠡᠯ᠎ᠡ ᠭᠠᠵᠠᠷ ᠤᠨ ᠡᠯ᠎ᠡ ᠰᠤᠷᠭᠠᠭᠤᠯᠢ ᠳᠦᠷᠢᠮᠵᠢᠭᠦᠯᠦᠭᠰᠡᠨ ᠬᠢᠲᠠᠳ ᠦᠰᠦᠭ ᠢ ᠰᠣᠨᠣᠰᠴᠤ ᠪᠢᠴᠢᠬᠦ | ᠤᠷᠤᠯᠳᠤᠭᠠᠨ ᠢ ᠥᠷᠨᠢᠭᠦᠯᠬᠦ ᠠᠵᠢᠯᠯᠠᠭ᠎ᠠ ᠪᠣᠯ ᠥᠷᠭᠡᠨ ᠣᠯᠠᠨ ᠪᠠᠭᠰᠢ ᠰᠤᠷᠤᠭᠴᠢ ᠶᠢᠨ ᠤᠯᠤᠰ ᠤᠨ ᠨᠡᠶᠢᠳᠡᠮ | ᠬᠡᠷᠡᠭᠯᠡᠬᠦ ᠦᠭᠡ ᠬᠡᠯᠡ ᠦᠰᠦᠭ ᠪᠢᠴᠢᠭ ᠢ ᠬᠡᠷᠡᠭᠯᠡᠬᠦ ᠴᠢᠳᠠᠪᠤᠷᠢ ᠪᠠ ᠦᠭᠡ ᠬᠡᠯᠡ ᠰᠣᠶᠣᠯ ᠤᠨ ᠬᠡᠪ ᠪᠣᠯᠪᠠᠰᠤᠷᠠᠯ ᠢ | ᠳᠡᠭᠡᠭᠰᠢᠯᠡᠭᠦᠯᠬᠦ ᠳᠤ ᠴᠢᠬᠤᠯᠠ ᠠᠴᠢ ᠬᠤᠯᠪᠣᠭᠳᠠᠯ ᠲᠠᠢ ᠭᠡᠳᠡᠭ ᠢ ᠭᠦᠢᠴᠡᠳ ᠲᠠᠨᠢᠵᠤ ᠂ ᠤᠳᠤᠷᠢᠳᠤᠯᠭ᠎ᠠ ᠪᠠᠨ | ᠴᠢᠩᠭᠠᠳᠬᠠᠨ ᠂ ᠮᠡᠳᠡᠭᠳᠡᠯ ᠤᠨ ᠱᠠᠭᠠᠷᠳᠠᠯᠭ᠎ᠠ ᠶᠣᠰᠣᠭᠠᠷ ᠲᠤᠰ ᠭᠠᠵᠠᠷ ᠣᠷᠣᠨ ᠂ ᠰᠤᠷᠭᠠᠭᠤᠯᠢ ᠶᠢᠨ ᠤᠷᠤᠯᠳᠤᠭᠠᠨ ᠢ | ᠵᠣᠬᠢᠶᠠᠨ ᠪᠠᠶᠢᠭᠤᠯᠬᠤ ᠠᠵᠢᠯ ᠢ ᠨᠠᠷᠢᠨ ᠬᠢᠨᠠᠮᠠᠭᠠᠢ ᠰᠠᠶᠢᠲᠤᠷ ᠬᠢᠬᠦ ᠬᠡᠷᠡᠭᠲᠡᠢ ᠃ ᠤᠷᠤᠯᠳᠤᠭᠠᠨ ᠪᠣᠯᠣᠨ | ᠰᠤᠷᠭᠠᠭᠤᠯᠢ ᠶᠢᠨ ᠰᠤᠷᠭᠠᠨ ᠬᠥᠮᠦᠵᠢᠯ ᠵᠢᠭᠠᠨ ᠰᠤᠷᠭᠠᠯᠲᠠ ᠶᠢ ᠣᠷᠭᠠᠨᠢᠭ ᠢᠶᠠᠷ ᠠᠭᠤᠰᠬᠠᠵᠤ ᠂ ᠬᠠᠷᠢᠯᠴᠠᠨ | ᠠᠬᠢᠭᠤᠯᠬᠤ ᠶᠢ ᠴᠢᠬᠤᠯᠠᠴᠢᠯᠠᠵᠤ ᠂ ᠤᠷᠤᠯᠳᠤᠭᠠᠨ ᠢᠶᠠᠷ ᠳᠠᠮᠵᠢᠭᠤᠯᠤᠨ ᠪᠠᠭᠰᠢ ᠰᠤᠷᠤᠭᠴᠢᠳ ᠤᠨ ᠤᠯᠤᠰ ᠤᠨ | ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ ᠬᠡᠷᠡᠭᠯᠡᠬᠦ ᠰᠠᠨᠠᠭᠠᠴᠢᠯᠠᠭᠠᠲᠤ ᠴᠢᠨᠠᠷ ᠪᠣᠯᠣᠨ ᠢᠳᠡᠪᠬᠢᠵᠢᠯ ᠢ | ᠤᠯᠠᠮ ᠨᠢᠭᠡ ᠠᠯᠬᠤᠮ ᠨᠡᠮᠡᠭᠳᠡᠭᠦᠯᠵᠦ ᠂ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠬᠢᠷᠢ ᠲᠦᠪᠰᠢᠨ ᠢ | ᠲᠠᠰᠤᠷᠠᠯᠲᠠ ᠦᠭᠡᠢ ᠳᠡᠭᠡᠭᠰᠢᠯᠡᠭᠦᠯᠬᠦ ᠶᠢ ᠠᠬᠢᠭᠤᠯᠬᠤ ᠬᠡᠷᠡᠭᠲᠡᠢ ᠃ ᠰᠤᠷᠤᠭᠴᠢᠳ ᠰᠠᠶᠢᠨ ᠳᠤᠷ᠎ᠠ ᠠᠴᠠ ᠪᠠᠨ ᠪᠤᠶᠤ | ᠬᠡᠪ ᠤᠨ ᠰᠤᠷᠤᠯᠭ᠎ᠠ ᠪᠠᠨ ᠨᠥᠯᠥᠭᠡᠯᠡᠬᠦ ᠦᠭᠡᠢ ᠪᠠᠶᠢᠬᠤ ᠤᠷᠢᠲᠠᠯ ᠳᠣᠣᠷ᠎ᠠ ᠠᠩᠬᠠᠨ ᠤ ᠤᠷᠤᠯᠳᠤᠭᠠᠨ ᠢ ᠵᠣᠬᠢᠶᠠᠨ | ᠪᠠᠶᠢᠭᠤᠯᠵᠤ ᠂ ᠬᠢᠴᠢᠶᠡᠯ ᠵᠣᠭᠰᠣᠵᠤ ᠪᠣᠯᠪᠠᠰᠤᠷᠠᠭᠤᠯᠬᠤ ᠪᠠ ᠥᠨᠳᠥᠷ ᠬᠦᠴᠦᠯᠡᠴᠡ ᠲᠠᠢ ᠲᠥᠪᠯᠡᠷᠡᠭᠦᠯᠦᠨ | ᠪᠣᠯᠪᠠᠰᠤᠷᠠᠭᠤᠯᠬᠤ ᠶᠢ ᠴᠢᠩᠭ᠎ᠠ ᠬᠤᠷᠢᠭᠯᠠᠵᠤ ᠂ ᠰᠤᠷᠤᠭᠴᠢᠳ ᠠᠴᠠ ᠶᠠᠮᠠᠷ ᠪᠠ ᠰᠦᠢᠳᠬᠡᠯ ᠬᠤᠷᠢᠶᠠᠬᠤ ᠶᠢ ᠴᠢᠩᠭ᠎ᠠ | ᠬᠤᠷᠢᠭᠯᠠᠬᠤ ᠬᠡᠷᠡᠭᠲᠡᠢ ᠃ ᠤᠷᠤᠯᠳᠤᠭᠠᠨ ᠢ ᠵᠣᠬᠢᠶᠠᠨ ᠪᠠᠶᠢᠭᠤᠯᠬᠤ ᠤᠬᠠᠭᠤᠯᠭ᠎ᠠ ᠶᠢ ᠰᠠᠶᠢᠲᠤᠷ ᠬᠢᠵᠦ ᠂ | ᠤᠷᠤᠯᠳᠤᠭᠠᠨ ᠤ ᠠᠵᠢᠯᠯᠠᠭ᠎ᠠ ᠶᠢᠨ ᠦᠰᠦᠭ ᠪᠢᠴᠢᠭ ᠂ ᠭᠡᠷᠡᠯ ᠵᠢᠷᠤᠭ ᠂ ᠸᠢᠳᠢᠤ᠋ ᠵᠡᠷᠭᠡ ᠮᠠᠲ᠋ᠧᠷᠢᠶᠠᠯ ᠢ | ᠴᠤᠭᠯᠠᠭᠤᠯᠬᠤ ᠶᠢ ᠴᠢᠬᠤᠯᠠᠴᠢᠯᠠᠵᠤ ᠂ ᠬᠤᠯᠪᠣᠭᠳᠠᠯ ᠪᠦᠬᠦᠢ ᠵᠠᠭᠤᠴᠢᠯᠠᠭᠤᠷ ᠲᠠᠢ ᠢᠳᠡᠪᠬᠢᠲᠡᠢ ᠬᠠᠷᠢᠯᠴᠠᠵᠤ | ᠤᠷᠤᠯᠳᠤᠭᠠᠨ ᠤ ᠠᠵᠢᠯᠯᠠᠭ᠎ᠠ ᠶᠢ ᠤᠬᠠᠭᠤᠯᠤᠨ ᠮᠡᠳᠡᠭᠡᠯᠡᠬᠦ ᠠᠵᠢᠯ ᠢ ᠰᠠᠶᠢᠲᠤᠷ ᠬᠢᠵᠦ ᠂ ᠨᠡᠶᠢᠭᠡᠮ ᠤᠨ ᠨᠥᠯᠥᠭᠡᠯᠡᠬᠦ | ᠬᠦᠴᠦᠨ ᠢ ᠥᠷᠭᠡᠳᠬᠡᠬᠦ ᠬᠡᠷᠡᠭᠲᠡᠢ ᠃ | |