ᠴᠠᠭᠠᠨ ᠢᠳᠡᠭᠡᠨ ᠤ ᠡᠮᠲᠦ ᠬᠡᠷᠡᠭᠴᠡᠭᠡ
ᠨᠡᠶᠢᠲᠡᠯᠡᠭᠰᠡᠨ ᠴᠠᠭ᠄
2024/12/5
      ᠨᠢᠭᠡ᠂ ᠥᠷᠯᠥᠭᠡ ᠪᠦᠷᠢ ᠪᠣᠰᠣᠭᠰᠠᠨ ᠤ ᠲᠠᠷᠠᠭ᠎ᠠ ᠥᠯᠥᠨ ᠢᠶᠠᠷ 200g ᠰᠦ ᠤᠤᠭᠤᠨ᠎ᠠ᠂ 30 ᠬᠤᠨᠤᠭ ᠢᠩᠭᠢᠵᠦ ᠰᠦ ᠤᠤᠭᠤᠪᠠᠯ ᠬᠥᠮᠥᠨ ᠤ ᠪᠡᠶ᠎ᠡ ᠶᠢᠨ ᠴᠢᠰᠤᠨ ᠤ ᠤᠯᠠᠭᠠᠨ ᠡᠰ ᠤᠨ ᠲᠤᠭ᠎ᠠ ᠨᠡᠮᠡᠭᠳᠡᠵᠦ᠂ ᠴᠢᠰᠤ ᠳᠤᠲᠠᠭᠳᠠᠬᠤ᠂ ᠰᠢᠮ᠎ᠡ ᠲᠡᠵᠢᠭᠡᠯ ᠳᠤᠲᠠᠭᠳᠠᠬᠤ ᠵᠡᠷᠭᠡ ᠡᠪᠡᠳᠴᠢᠨ ᠡᠮᠭᠡᠭ ᠢ ᠵᠠᠰᠠᠨ᠎ᠠ᠃           ᠬᠤᠶᠠᠷ᠂ 250g ᠰᠦᠨ ᠳᠤ 50g ᠯᠣᠬᠠᠱᠧᠩ ᠨᠢᠴᠠᠯᠤᠨ ᠬᠢᠵᠦ ᠪᠤᠴᠠᠯᠭᠠᠭᠠᠳ ᠡᠳᠦᠷ ᠪᠦᠷᠢ ᠪᠠᠯ ᠢᠶᠠᠷ ᠳᠠᠷᠤᠭᠤᠯᠵᠤ ᠤᠤᠭᠤᠨ᠎ᠠ᠃ 30 ᠬᠤᠨᠤᠭ ᠢᠩᠭᠢᠵᠦ ᠤᠤᠭᠤᠪᠠᠯ ᠬᠤᠳᠣᠭᠤᠳᠤᠨ ᠤ ᠰᠢᠩᠭᠡᠭᠡᠯᠲᠡ ᠶᠢ ᠰᠠᠶᠢᠵᠢᠷᠠᠭᠤᠯᠤᠨ᠎ᠠ᠃           ᠭᠤᠷᠪᠠ᠂ 250g ᠰᠢᠨ᠎ᠡ ᠰᠦᠨ ᠳᠤ ᠪᠠᠭ᠎ᠠ ᠬᠡᠮᠵᠢᠶᠡᠨ ᠤ ᠲᠦᠭᠦᠬᠡᠢ ᠭᠠ ᠬᠢᠵᠦ ᠪᠤᠴᠠᠯᠭᠠᠭᠠᠳ ᠡᠳᠦᠷ ᠲᠤ 2 ᠤᠳᠠᠭ᠎ᠠ ᠤᠤᠭᠤᠪᠠᠯ ᠳᠤᠷ᠎ᠠ ᠪᠣᠯᠭᠢᠵᠤ ᠪᠥᠭᠡᠯᠵᠢᠬᠦ ᠶᠢ ᠵᠠᠰᠠᠨ᠎ᠠ᠃           ᠳᠥᠷᠪᠡ᠂ 250g ᠰᠦᠨ ᠳᠤ 1 ᠪᠦᠬᠦᠯᠢ ᠥᠨᠳᠡᠭᠡ ᠶᠢ ᠬᠠᠭᠠᠯᠵᠤ ᠴᠢᠨᠠᠭᠠᠳ ᠥᠷᠯᠥᠭᠡ ᠡᠷᠲᠡ ᠥᠯᠥᠨ ᠢᠶᠠᠷ ᠢᠳᠡᠨ᠎ᠡ᠂ ᠢᠩᠭᠢᠵᠦ ᠨᠡᠯᠢᠶᠡᠳ ᠬᠡᠳᠦᠨ ᠡᠳᠦᠷ ᠵᠠᠯᠭᠠᠵᠤ ᠢᠳᠡᠪᠡᠯ ᠤᠳᠠᠭᠠᠨ ᠴᠢᠨᠠᠷᠲᠠᠢ ᠬᠤᠳᠣᠭᠤᠳᠤᠨ ᠦᠷᠪᠢᠰᠦᠯ ᠢ ᠵᠠᠰᠠᠬᠤ ᠳᠤ ᠰᠠᠶᠢᠨ ᠪᠠᠶᠢᠳᠠᠭ᠃           ᠲᠠᠪᠤ᠂ 250g ᠰᠦ ᠶᠢ ᠪᠤᠴᠠᠯᠭᠠᠭᠠᠳ 50g ᠪᠠᠯ᠂ ᠨᠢᠰᠢᠩᠭᠦ ᠶᠢᠨ ᠲᠠᠯᠬ᠎ᠠ ᠬᠢᠵᠦ ᠤᠤᠭᠤᠪᠠᠯ ᠬᠤᠳᠣᠭᠤᠳᠤᠨ ᠤ ᠰᠢᠷᠬᠠᠯᠠᠭ᠎ᠠ ᠪᠠ ᠨᠤᠭᠤᠯᠤᠭᠤᠷ ᠭᠡᠳᠡᠰᠦᠨ ᠤ ᠰᠢᠷᠬᠠᠯᠠᠭ᠎ᠠ ᠶᠢ ᠵᠠᠰᠠᠬᠤ ᠳᠤ ᠲᠤᠰᠠᠲᠠᠢ᠃           ᠵᠢᠷᠭᠤᠭ᠎ᠠ᠂ 500g ᠰᠦᠨ ᠳᠤ 15g ᠴᠢᠪᠠᠭ᠎ᠠ᠂ 100g ᠲᠤᠲᠤᠷᠭ᠎ᠠ ᠬᠢᠵᠦ ᠴᠢᠨᠠᠭᠠᠳ ᠢᠳᠡᠪᠡᠯ ᠲᠠᠮᠢᠷ ᠮᠠᠭᠤᠳᠠᠬᠤ᠂ ᠴᠢᠰᠤ ᠬᠦᠷᠦᠯᠴᠡᠬᠦ ᠦᠭᠡᠢ᠂ ᠶᠠᠳᠠᠷᠠᠵᠤ ᠲᠠᠮᠢᠷᠳᠠᠬᠤ ᠳᠤ ᠵᠠᠰᠠᠯ ᠪᠣᠯᠣᠨ᠎ᠠ᠃           ᠲᠤᠯᠤᠭ᠎ᠠ᠂ ᠲᠤᠲᠤᠷᠭ᠎ᠠ ᠶᠢᠨ ᠰᠢᠩᠭᠡᠨ ᠪᠤᠳᠠᠭᠠᠨ ᠳᠤ ᠰᠦ ᠬᠢᠵᠦ ᠪᠤᠴᠠᠯᠭᠠᠭᠠᠳ ᠥᠷᠯᠥᠭᠡ᠂ ᠣᠷᠣᠢ ᠳᠠᠭᠠᠨ ᠪᠦᠯᠢᠶᠡᠨ ᠢᠶᠠᠷ ᠢᠳᠡᠪᠡᠯ ᠢᠳᠡᠷᠴᠦᠳ ᠪᠠ ᠨᠠᠰᠤᠲᠠᠶᠢᠴᠤᠳ ᠤᠨ ᠪᠡᠶ᠎ᠡ ᠲᠠᠮᠢᠷ ᠰᠤᠯᠠ ᠲᠤᠷᠤᠢ᠂ ᠲᠠᠮᠢᠷ ᠴᠢᠰᠤ ᠶᠢᠨ ᠬᠤᠷᠣᠭᠳᠠᠯ ᠪᠠ ᠡᠪᠡᠳᠴᠢᠯᠡᠭᠡᠳ ᠡᠴᠡᠵᠦ ᠲᠤᠷᠠᠬᠤ᠂ ᠠᠮᠠ ᠬᠠᠳᠠᠵᠤ ᠤᠮᠳᠠᠭᠠᠰᠬᠤ᠂ ᠬᠤᠳᠣᠭᠤᠳᠤ ᠤᠷᠪᠠᠨ ᠵᠠᠩᠭᠢᠷᠠᠬᠤ᠂ ᠬᠤᠷᠭᠤᠰᠤᠯᠠᠬᠤ ᠵᠡᠷᠭᠡ ᠡᠪᠡᠳᠴᠢᠨ ᠠᠷᠬᠠᠭ ᠢ ᠵᠠᠰᠠᠬᠤ ᠳᠤ ᠲᠤᠰᠠᠲᠠᠢ᠃           ᠨᠠᠢᠮᠠ᠂ 250g ᠰᠦ ᠶᠢ ᠪᠤᠴᠠᠯᠭᠠᠭᠠᠳ 6g ᠪᠤᠭᠤ ᠶᠢᠨ ᠡᠪᠡᠷ ᠤᠨ ᠴᠠᠪᠠᠤ ᠬᠢᠵᠦ ᠬᠠᠶᠢᠯᠤᠭᠤᠯᠤᠨ ᠪᠠᠭ᠎ᠠ ᠪᠠᠯ ᠬᠢᠵᠦ ᠬᠤᠳᠬᠤᠯᠠᠭᠰᠠᠨ ᠤ ᠬᠤᠶᠢᠨ᠎ᠠ ᠡᠳᠦᠷ ᠲᠤ 2 ᠤᠳᠠᠭ᠎ᠠ ᠤᠤᠭᠤᠪᠠᠯ ᠪᠥᠭᠡᠷ᠎ᠡ ᠶᠢᠨ ᠬᠡᠢ ᠪᠠ ᠨᠢᠷᠤᠭᠤ ᠡᠪᠡᠳᠬᠦ᠂ ᠲᠣᠯᠣᠭᠠᠢ ᠡᠷᠬᠢᠨ ᠨᠢᠳᠦ ᠡᠷᠢᠶᠡᠯᠵᠡᠬᠦ᠂ ᠴᠢᠷᠠᠢ ᠬᠤᠵᠶᠢᠬᠤ ᠵᠡᠷᠭᠡ ᠡᠪᠡᠳᠴᠢᠨ ᠠᠷᠬᠠᠭ ᠢ ᠵᠠᠰᠠᠬᠤ ᠳᠤ ᠲᠤᠰᠠᠲᠠᠢ᠃          ᠶᠢᠰᠦ᠂ ᠰᠦ ᠪᠠᠰᠠ ᠵᠠᠷᠢᠮ ᠡᠪᠡᠳᠴᠢᠨ ᠢ ᠰᠡᠷᠭᠡᠶᠢᠯᠡᠬᠦ ᠴᠢᠳᠠᠪᠤᠷᠢ ᠲᠠᠢ ᠶᠤᠮ᠃ ᠰᠦᠨ ᠳᠣᠲᠣᠷ᠎ᠠ ᠶᠡᠭᠡ ᠬᠡᠮᠵᠢᠶᠡᠨ ᠤ ᠤᠭᠤᠷᠠᠭ ᠡᠳ᠋ ᠠᠭᠤᠯᠤᠭᠳᠠᠵᠤ᠂ ᠲᠡᠷᠡ ᠨᠢ ᠬᠥᠮᠥᠨ ᠤ ᠬᠤᠳᠣᠭᠤᠳᠤ ᠭᠡᠳᠡᠰᠦᠨ ᠳᠤ ᠣᠷᠣᠭᠰᠠᠨ ᠲᠤᠭᠤᠯᠭ᠎ᠠ᠂ ᠮᠥᠩᠭᠦᠨ ᠤᠰᠤ ᠵᠡᠷᠭᠡ ᠪᠡᠶᠡᠨ ᠳᠤ ᠬᠤᠣᠷᠲᠠᠢ ᠲᠡᠮᠦᠷᠯᠢᠭ ᠪᠣᠳᠠᠰ ᠲᠠᠢ ᠨᠡᠶᠢᠯᠡᠵᠦ᠂ ᠠᠭᠤᠰᠬᠤ ᠴᠢᠨᠠᠷ ᠢᠶᠠᠷ ᠮᠠᠭᠤ ᠨᠢᠭᠡᠳᠦᠮᠡᠯ ᠪᠣᠳᠠᠰ ᠪᠣᠯᠣᠭᠠᠳ ᠰᠢᠭᠡᠰᠦ ᠪᠠᠷ ᠲᠠᠮᠵᠢᠨ ᠭᠠᠳᠠᠭᠰᠢᠯᠠᠨ᠎ᠠ᠃           ᠠᠷᠪᠠ᠂ ᠰᠦᠨ ᠳᠣᠲᠣᠷ᠎ᠠ ᠲᠣᠭᠲᠠᠭᠰᠠᠨ ᠬᠡᠮᠵᠢᠶᠡᠨ ᠤ ᠬᠡᠦᠬᠡᠳ ᠤᠨ ᠰᠠ ᠡᠪᠡᠳᠴᠢᠨ ᠤ ᠬᠤᠣᠷ᠂ ᠰᠠᠪᠬᠠᠨᠴᠢᠷ ᠪᠠᠺᠲ᠋ᠧᠷᠢ ᠶᠢ ᠡᠰᠡᠷᠭᠦᠴᠡᠬᠦ ᠪᠣᠳᠠᠰ ᠠᠭᠤᠯᠤᠭᠳᠠᠵᠤ ᠪᠠᠶᠢᠬᠤ ᠲᠤᠯᠠ ᠨᠢᠯᠬ᠎ᠠ ᠬᠡᠦᠬᠡᠳ ᠲᠤ ᠰᠦ ᠤᠤᠭᠤᠯᠭᠠᠪᠠᠯ ᠲᠡᠳᠡᠭᠡᠷ ᠪᠠᠺᠲ᠋ᠧᠷᠢ ᠪᠠ ᠡᠪᠡᠳᠴᠢᠨ ᠤ ᠬᠤᠣᠷ ᠢ ᠡᠰᠡᠷᠭᠦᠴᠡᠬᠦ ᠴᠢᠳᠠᠪᠤᠷᠢ ᠶᠢ ᠨᠡᠮᠡᠭᠳᠡᠭᠦᠯᠦᠨ᠎ᠡ᠃           ᠠᠷᠪᠠᠨ ᠨᠢᠭᠡ᠂ ᠰᠠᠶ᠋ᠢ ᠲᠦᠷᠦᠭᠰᠡᠨ ᠨᠢᠷᠠᠢ ᠬᠡᠦᠬᠡᠳ ᠢ ᠬᠥᠬᠦᠭᠦᠯᠬᠦ ᠠᠴᠠ ᠡᠮᠦᠨ᠎ᠡ ᠰᠢᠷ᠎ᠠ ᠲᠣᠰᠣ ᠶᠢ ᠠᠮᠠᠨ  ᠳᠤᠨᠢ ᠬᠢᠵᠦ ᠤᠤᠭᠤᠯᠭᠠᠪᠠᠯ ᠵᠤᠩᠭᠠᠭ ᠢ ᠨᠢ ᠠᠷᠢᠯᠭᠠᠵᠤ᠂ ᠭᠡᠳᠡᠰᠦ ᠶᠢ ᠨᠢ ᠴᠡᠪᠡᠷᠰᠢᠭᠦᠯᠳᠡᠭ᠃           ᠠᠷᠪᠠᠨ ᠬᠤᠶᠠᠷ᠂ ᠰᠠᠯᠬᠢ ᠠᠪᠤᠭᠰᠠᠨ ᠠᠴᠠ ᠪᠣᠯᠵᠤ ᠬᠡᠦᠬᠡᠳ ᠤᠨ ᠭᠡᠳᠡᠰᠦ ᠬᠥᠭᠡᠭᠡᠪᠡᠯ ᠰᠢᠷ᠎ᠠ ᠲᠣᠰᠣ ᠶᠢ ᠬᠠᠶᠢᠯᠤᠭᠤᠯᠤᠭᠠᠳ ᠭᠠᠷ ᠳᠡᠭᠡᠷ᠎ᠡ ᠪᠠᠨ ᠲᠦᠷᠬᠢᠵᠦ ᠭᠡᠳᠡᠰᠦ ᠶᠢ ᠨᠢ ᠢᠯᠢᠪᠡᠯ ᠰᠠᠶᠢᠨ ᠪᠤᠯᠳᠠᠭ᠃           ᠠᠷᠪᠠᠨ ᠭᠤᠷᠪᠠ᠂ ᠰᠢᠷ᠎ᠠ ᠲᠣᠰᠣ ᠶᠢ ᠪᠤᠷᠠᠮ ᠲᠠᠢ ᠬᠤᠯᠢᠵᠤ ᠤᠤᠭᠤᠪᠠᠯ ᠬᠠᠨᠢᠶᠠᠬᠤ ᠶᠢ ᠵᠣᠭᠰᠣᠭᠠᠳᠠᠭ᠃           ᠠᠷᠪᠠᠨ ᠳᠥᠷᠪᠡ᠂ ᠵᠥᠭᠡᠢ᠂ ᠰᠢᠮᠠᠭᠤᠯ ᠳᠤ ᠬᠠᠳᠬᠤᠭᠳᠠᠭᠰᠠᠨ ᠭᠠᠵᠠᠷ ᠲᠤ ᠠᠶᠢᠷᠠᠭ ᠲᠠᠷᠠᠭ ᠲᠦᠷᠬᠢᠪᠡᠯ ᠬᠤᠣᠷ ᠢ ᠨᠢ ᠲᠠᠶᠢᠯᠳᠠᠭ᠃           ᠠᠷᠪᠠᠨ ᠲᠠᠪᠤ᠂ ᠨᠠᠰᠤᠲᠠᠢ ᠬᠥᠮᠥᠨ ᠦᠷᠬᠦᠯᠵᠢ ᠰᠢᠷ᠎ᠠ ᠲᠣᠰᠣ ᠢᠳᠡᠪᠡᠯ ᠭᠡᠳᠡᠰᠦ ᠬᠥᠭᠡᠭᠡᠬᠦ ᠳᠤ ᠰᠠᠶᠢᠨ ᠮᠥᠷᠲᠡᠭᠡᠨ ᠰᠢᠮ᠎ᠡ ᠲᠡᠵᠢᠭᠡᠯ ᠬᠦᠷᠲᠡᠵᠦ᠂ ᠲᠠᠮᠢᠷ ᠲᠡᠩᠬᠡᠭᠡ ᠨᠢ ᠰᠠᠶᠢᠵᠢᠷᠠᠨ᠎ᠠ᠃           ᠠᠷᠪᠠᠨ ᠵᠢᠷᠭᠤᠭ᠎ᠠ᠂ ᠰᠣᠭᠲᠣᠭᠰᠠᠨ ᠪᠤᠶᠤ ᠰᠢᠷᠠᠲᠤᠭᠰᠠᠨ ᠬᠥᠮᠥᠨ ᠠᠶᠢᠷᠠᠭ ᠲᠠᠷᠠᠭ ᠤᠤᠭᠤᠪᠠᠯ ᠠᠮᠠᠷᠬᠠᠨ ᠰᠡᠷᠭᠦᠨ᠎ᠡ᠃           ᠠᠷᠪᠠᠨ ᠲᠤᠯᠤᠭ᠎ᠠ᠂ ᠴᠠᠭᠠᠨ ᠢᠳᠡᠭᠡ ᠢᠯᠡᠭᠦᠬᠡᠨ ᠢᠳᠡᠪᠡᠯ ᠰᠥᠰᠥᠨ ᠤ ᠴᠢᠯᠠᠭᠤᠵᠢᠯ ᠠᠴᠠ ᠰᠡᠷᠭᠡᠶᠢᠯᠡᠵᠦ ᠲᠡᠶᠢᠯᠦᠨ᠎ᠠ᠃           ᠠᠷᠪᠠᠨ ᠨᠠᠢᠮᠠ᠂ ᠡᠮ ᠳᠤ ᠬᠤᠣᠷᠳᠠᠭᠰᠠᠨ ᠬᠥᠮᠥᠨ ᠠᠶᠢᠷᠠᠭ ᠲᠠᠷᠠᠭ ᠤᠤᠭᠤᠪᠠᠯ ᠰᠠᠶᠢᠨ ᠪᠤᠯᠳᠠᠭ᠃      
 
ᠢᠷᠡᠯᠲᠡ᠄ ᠺᠠᠶᠢᠯᠤ ᠰᠢᠶᠠᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号